ᠳᠠᠮᠪᠠᠳᠣᠨᠳᠣᠭᠣ ᠶᠢᠨ ᠪᠠᠭᠠᠲᠤᠷᠵᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠠᠮᠪᠠᠳᠣᠨᠳᠣᠭᠣ ᠶᠢᠨ ᠪᠠᠭᠠᠲᠤᠷᠵᠠᠪ
ᠡᠷᠡᠭᠲᠡᠶᠢᠴᠦᠳ ᠦᠨ ᠪᠠᠶᠢᠲᠤ ᠬᠠᠷᠪᠤᠭ᠎ᠠ
ᠲᠥᠯᠦᠭᠡᠯᠡᠳᠡᠭ ᠤᠯᠠᠰ: {{{ᠤᠯᠠᠰ}}}
ᠬᠤᠪᠢ ᠤᠨ ᠮᠡᠳᠡᠭᠡᠯᠡᠯ
ᠪᠦᠲᠦᠨ ᠨᠡᠷ᠎ᠡ ᠳᠠᠮᠪᠠᠳᠣᠨᠳᠣᠭᠣ ᠶᠢᠨ ᠪᠠᠭᠠᠲᠤᠷᠵᠠᠪ
ᠲᠦᠷᠦᠭᠰᠡᠨ ᠣᠩᠨᠠᠭ᠎ᠠ 1961 ᠣᠨ ᠤ 6 ᠰᠠᠷ᠎ᠠ ᠶᠢᠨ 2
ᠲᠦᠷᠦᠭᠰᠡᠨ ᠭᠠᠵᠠᠷ ᠮᠣᠩᠭᠣᠯ ᠤᠯᠤᠰᠳᠣᠷᠣᠨᠠᠲᠤ ᠠᠶᠢᠮᠠᠭᠳᠠᠰᠢᠪᠠᠯᠪᠠᠷ ᠰᠤᠮᠤ
 
ᠮᠧᠳᠠᠯ ᠤᠳ
ᠵᠤᠨ ᠤ ᠫᠠᠷᠠᠯᠢᠮᠫ
ᠠᠯᠲᠠ ᠪᠡᠭᠡᠵᠢᠩ ᠦᠨ ᠫᠠᠷᠠᠯᠢᠮᠫ ᠪᠠᠶᠢᠲᠤ ᠬᠠᠷᠪᠤᠭ᠎ᠠ

ᠳᠠᠮᠪᠠᠳᠣᠨᠳᠣᠭᠣ ᠶᠢᠨ ᠪᠠᠭᠠᠲᠤᠷᠵᠠᠪ (1961 ᠣᠨ ᠤ ᠵᠢᠷᠭᠤᠳᠤᠭᠠᠷ ᠰᠠᠷ᠎ᠠ ᠶᠢᠨ 2 ᠍ ᠳᠦ ᠲᠦᠷᠦᠭᠰᠡᠨ) — ᠮᠣᠩᠭᠣᠯ ᠤᠯᠤᠰ ᠤᠨ ᠲᠡᠦᠬᠡᠨ ᠳᠦ ᠠᠩᠬ᠎ᠠ ᠤᠳᠠᠭ᠎ᠠ ᠫᠠᠷᠠᠯᠢᠩᠫᠠ ᠠᠴᠠ ᠠᠯᠲᠠᠨ ᠮᠧᠳᠠᠯ ᠠᠪᠤᠭᠰᠠᠨ ᠪᠠᠶᠢᠲᠤ ᠬᠠᠷᠪᠤᠭᠠᠨ ᠤ ᠲᠠᠮᠢᠷᠴᠢᠨ᠃ ᠠᠪᠤ ᠳᠠᠮᠪᠠᠳᠣᠨᠳᠣᠭ ᠨᠢ ᠮᠣᠩᠭᠣᠯ ᠤᠯᠤᠰ ᠤᠨ ᠨᠠᠴᠢᠨ ᠴᠣᠯᠠ ᠲᠠᠢ ᠪᠥᠬᠡ ᠬᠦᠮᠦᠨ ᠪᠠᠶᠢᠪᠠ᠃

ᠲᠡᠷᠡᠪᠡᠷ 1989 ᠣᠨ ᠠᠴᠠ ᠪᠠᠶᠢᠲᠤ ᠬᠠᠷᠪᠤᠭᠠᠨ ᠤ ᠰᠫᠣᠷᠲ­ᠣᠣᠷ ᠬᠢᠴᠢᠶᠡᠯᠯᠡᠵᠦ ᠡᠬᠢᠯᠡᠭᠰᠡᠨ ᠪᠥᠭᠡᠳ ᠤᠯᠤᠰ ᠤᠨ ᠠᠪᠤᠷᠭᠤ ᠱᠠᠯ­ᠭᠠᠷᠤ­ᠯᠠᠬ᠎ᠠ ᠲᠡᠮᠡᠴᠡᠭᠡᠨ ᠡᠴᠡ ᠬᠣᠶᠠᠷ ᠠᠯᠲᠠ᠂ ᠳᠥᠷᠪᠡᠨ ᠮᠥᠩᠭᠥ᠂ ᠳᠥᠷᠪᠡᠨ ᠬᠦᠷᠡᠯ ᠮᠧᠳᠠᠯ ᠬᠦᠷᠲᠡᠵᠦ ᠪᠠᠶᠢᠭᠰᠠᠨ᠃

ᠮєᠨ 2000 ᠣᠨ ᠳᠤ ᠠᠦᠢᠰᠲ᠋ᠷᠯᠢᠶ᠎ᠠ ᠤᠯᠤᠰ ᠤᠨ ᠰᠢᠳᠡᠨᠢ ᠬᠣᠲᠣᠩ ᠢᠶᠠᠨ ᠪᠣᠯᠤᠭᠰᠠᠨ ᠫᠠᠷᠠᠯᠢᠩᠫᠠ ᠠᠴᠠ ᠱᠠᠩᠨᠠᠯᠲᠤ ᠲᠠᠪᠤ­ᠳ᠋ᠤᠭᠠᠷ ᠪᠠᠶᠢᠷᠢ᠂ 2001 ᠣᠨ ᠳᠤ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠍ ᠤᠨ ᠸᠣᠩᠵᠤ ᠬᠣᠲᠣᠩ ᠢᠶᠠᠨ ᠪᠣᠯᠤᠭᠰᠠᠨ ᠨᠣᠮᠣᠬᠠᠨ ᠳᠠᠯᠠᠢ ᠶᠢᠨ ᠨᠠᠭᠠᠳᠤᠮ ᠤᠨ ᠱᠠᠩᠨᠠᠯᠲᠤ ᠳᠥᠷᠪᠡ­ᠳᠦᠭᠡᠷ ᠪᠠᠶᠢᠷᠢ᠂ 2004 ᠭᠷᠧᠺᠡᠶᠢᠨ ᠠᠹᠢᠨ ᠬᠣᠲᠣᠩ ᠢᠶᠠᠨ ᠪᠣᠯᠤᠭᠰᠠᠨ ᠫᠠᠷᠠᠯᠢᠮᠫ ᠤᠨ ᠨᠠᠭᠠᠳᠤᠮ ᠤᠨ ᠲᠠᠪᠤ­ᠳ᠋ᠤᠭᠠᠷ ᠪᠠᠶᠢᠷᠢ ᠶᠢ ᠲᠤᠰ ᠲᠤᠰ ᠬᠦᠷᠢᠲᠦᠵᠦ ᠪᠠᠶᠢᠴᠠᠢ᠃ 2006 ᠣᠨ ᠤ ᠠᠽᠢᠶ᠎ᠠ ᠶᠢᠨ ᠨᠠᠭᠠᠳᠤᠮ ᠳᠤ ᠪᠠᠶᠢᠲᠤ ᠬᠠᠷᠪᠤᠭᠠᠨ ᠤ ᠲᠥᠷᠥᠯ ᠢᠶᠡᠷ ᠤᠯᠤᠰ ᠢᠶᠠᠨ ᠲᠥᠯᠥᠭᠡᠯᠡᠨ ᠣᠷᠣᠯᠴᠠᠵᠤ ᠪᠠᠶᠢᠭᠰᠠᠨ᠃

2008 ᠣᠨ ᠤ ᠪᠡᠭᠡᠵᠢᠩ ᠦᠨ ᠫᠠᠷᠠᠯᠢᠮᠫ ᠤᠨ ᠨᠠᠭᠠᠳᠤᠮ ᠳᠤ ᠮᠥᠨ ᠪᠠᠶᠢᠲᠤ ᠬᠠᠷᠪᠤᠭᠠᠨ ᠤ ᠲᠥᠷᠥᠯ ᠢᠶᠡᠷ ᠣᠷᠣᠯᠴᠠᠵᠤ ᠠᠯᠲᠠᠨ ᠮᠧᠳᠠᠯ ᠠᠪᠤᠭᠰᠠᠨ᠃ 2008 ᠣᠨ ᠤ ᠶᠢᠰᠦᠳᠦᠭᠡᠷ ᠰᠠᠷ᠎ᠠ ᠶᠢᠨ 19 ᠍ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠳᠠᠮᠪᠠᠳᠣᠨᠳᠣᠭᠣ ᠶᠢᠨ ᠪᠠᠭᠠᠲᠤᠷᠵᠠᠪ ᠢ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠮᠣᠩᠭᠣᠯ ᠤᠯᠤᠰ ᠤᠨ ᠭᠠᠪᠢᠶ᠎ᠠ ᠳᠤ ᠲᠠᠮᠢᠷᠴᠢᠨ ᠴᠣᠯᠠ ᠪᠠᠷ ᠱᠠᠩᠨᠠᠵᠠᠢ᠃

ᠪᠢᠴᠢᠭᠡᠰᠦ