ᠳᠠᠭᠤᠷ ᠶᠠᠰᠤᠲᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠳᠠᠭᠤᠷ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ


ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠳᠠᠭᠤᠷ ᠶᠠᠰᠤᠲᠠᠨ

ᠪᠦᠭᠦᠳᠡ ᠲᠣᠭ᠎ᠠ
132,394 (2000 ᠣᠨ ᠤ ᠲᠣᠭᠠᠯᠠᠯᠭ᠎ᠠ)
ᠲᠥᠪᠯᠡᠷᠡᠭᠰᠡᠨ ᠭᠠᠵᠠᠷ ᠣᠷᠣᠨ
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨᠬᠠᠷᠠᠮᠦ᠋ᠷᠡᠨ ᠮᠤᠵᠢᠰᠢᠨᠵᠢᠶᠠᠩ ᠤᠶᠢᠭᠤᠷ ᠤᠨ ᠥᠪᠡᠷᠲᠡᠭᠡᠨ ᠵᠠᠰᠠᠬᠤ ᠣᠷᠣᠨ
ᠬᠡᠯᠡ ᠠᠶᠠᠯᠭᠤ

1999 ᠣᠨ ᠳᠤ ᠳᠠᠭᠤᠷ ᠬᠡᠯᠡᠲᠡᠨ ᠦ ᠲᠣᠭ᠎ᠠ 96,085 ᠪᠠᠶᠢᠪᠠ᠃[1]

ᠱᠠᠰᠢᠨ ᠰᠢᠲᠦᠯᠭᠡ

ᠪᠤᠳ᠋ᠳ᠋ᠾᠠ ᠶᠢᠨ ᠱᠠᠰᠢᠨᠪᠥᠭᠡ ᠶᠢᠨ ᠱᠠᠰᠢᠨ

ᠲᠥᠷᠥᠯ ᠠᠷᠠᠳ ᠲᠦᠮᠡᠨ

ᠬᠢᠲᠠᠨᠮᠣᠩᠭᠣᠯ

ᠳᠠᠭᠤᠷ (ᠬᠢᠲᠠᠳ ᠢᠶᠠᠷ 达斡尔族 Dáwò'ěr zú) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨᠬᠠᠷᠠᠮᠦ᠋ᠷᠡᠨ ᠮᠤᠵᠢ᠂ ᠰᠢᠨᠵᠢᠶᠠᠩ ᠤᠶᠢᠭᠤᠷ ᠤᠨ ᠥᠪᠡᠷᠲᠡᠭᠡᠨ ᠵᠠᠰᠠᠬᠤ ᠣᠷᠣᠨ ᠍ ᠳᠦ ᠲᠠᠷᠬᠠᠨ ᠰᠠᠭᠤᠷᠢᠰᠢᠭᠰᠠᠨ ᠤᠭᠰᠠᠭᠠᠲᠠᠨ ᠤ ᠨᠡᠶᠢᠲᠡᠯᠢᠭ᠃ ᠳᠤᠮᠳᠠᠳᠤ ᠤᠯᠤᠰ ᠤᠨ ᠵᠠᠰᠠᠭ ᠤᠨ ᠭᠠᠵᠠᠷ ᠠᠴᠠ ᠲᠡᠳᠡᠨ ᠢ ᠮᠣᠩᠭᠣᠯᠴᠤᠳ ᠤᠨ ᠲᠣᠭᠠᠨ ᠳᠤ ᠣᠷᠣᠭᠤᠯᠳᠠᠭ ᠦᠭᠡᠢ᠃ 2000 ᠣᠨ ᠳᠤ 132,394 ᠳᠠᠭᠤᠷ ᠬᠦᠮᠦᠨ ᠲᠣᠭᠠᠯᠠᠭᠳᠠᠭᠰᠠᠨ ᠢᠶᠠᠷ ᠪᠣᠯ ᠳᠤᠮᠳᠠᠳᠤ ᠤᠯᠤᠰ ᠍ ᠤᠨ 56 ᠤᠭᠰᠠᠭᠠᠲᠠᠨ ᠠᠴᠠ ᠲᠣᠭ᠎ᠠ ᠪᠠᠷ ᠢᠶᠠᠨ 34 ᠍ ᠳᠦ ᠣᠷᠣᠨ᠎ᠠ᠃[2]

ᠳᠠᠭᠤᠷ ᠤᠭᠰᠠᠭᠠᠲᠠᠨ ᠥᠨᠥ ᠥᠪᠥᠷ ᠮᠣᠩᠭᠣᠯ ᠤᠨ ᠬᠥᠯᠦᠨ ᠪᠤᠶᠢᠷ ᠤᠨ ᠮᠣᠷᠢᠨᠳᠠᠪᠠᠭ᠋ ᠠ - ᠳᠠᠭᠤᠷ ᠤᠨ ᠥᠪᠡᠷᠲᠡᠭᠡᠨ ᠵᠠᠰᠠᠬᠤ ᠬᠣᠰᠢᠭᠤ ᠨᠤᠭᠤᠳ ᠢᠶᠠᠷ ᠭᠣᠣᠯᠴᠢᠯᠠᠨ ᠰᠠᠭᠤᠳᠠᠭ᠃ 2000 ᠣᠨ ᠳᠤ ᠥᠪᠥᠷ ᠮᠣᠩᠭᠣᠯ ᠳᠤ 77,188 (ᠡᠭᠦᠨ ᠡᠴᠡ ᠬᠥᠯᠦᠨ ᠪᠤᠶᠢᠷ ᠲᠤ 70,287)᠂ ᠬᠠᠷᠠᠮᠦ᠋ᠷᠡᠨ ᠳᠦ 43,608 ᠲᠣᠭ᠎ᠠ ᠲᠠᠢ ᠪᠠᠶᠢᠨ᠎ᠠ᠃ ᠰᠢᠨᠵᠢᠶᠠᠩ  ᠤᠨ ᠲᠠᠷᠪᠠᠭᠠᠲᠠᠢ ᠳᠤ ᠴᠢᠩ ᠤᠯᠤᠰ ᠍ ᠤᠨ ᠦᠶ᠎ᠡ ᠳᠦ ᠣᠴᠢᠭᠰᠠᠨ ᠳᠠᠭᠤᠷ ᠤᠨ ᠬᠣᠶᠢᠴᠢᠰ ᠲᠡᠨᠳᠡᠬᠢ ᠶᠢᠨ ᠮᠣᠩᠭᠣᠯᠴᠤᠳ ᠲᠠᠢ ᠬᠣᠯᠢᠯᠳᠤᠨ ᠨᠡᠯᠢᠶᠡᠳ ᠨᠢ ᠠᠭᠤᠰᠴᠠᠢ᠃

ᠳᠠᠭᠤᠷ ᠤᠳ ᠠᠯᠲᠠᠢ ᠬᠡᠯᠡᠨ ᠦ ᠢᠵᠠᠭᠤᠷ ᠍ ᠤᠨ ᠮᠣᠩᠭᠣᠯ ᠬᠡᠯᠡᠨ ᠦ ᠪᠦᠯᠦᠭ ᠲᠤ ᠬᠠᠷᠢᠶᠠᠯᠠᠭᠳᠠᠳᠠᠭ ᠬᠡᠯᠡ ᠲᠡᠢ᠃ 1999 ᠣᠨ ᠤ ᠨᠢᠭᠡᠨ ᠲᠣᠭᠠᠴᠠᠭ᠎ᠠ ᠪᠠᠷ 96,085 (ᠳᠥᠷᠪᠡᠨ ᠦ ᠭᠤᠷᠪᠠ) ᠨᠢ ᠳᠠᠭᠤᠷ ᠬᠡᠯᠡ ᠶᠢᠡᠷ ᠪᠡᠨ ᠬᠡᠯᠡᠯᠴᠡᠵᠦ ᠴᠢᠳᠠᠳᠠᠭ ᠠᠵᠠᠢ᠃[1]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠳ 14-17 ᠍ᠳ᠋ᠤᠭᠠᠷ ᠵᠠᠭᠤᠨ ᠳᠤ: ᠮᠣᠩᠭᠣᠯ ᠤᠯᠤᠰᠳᠥᠷᠪᠡᠨ ᠣᠶᠢᠷᠠᠳᠮᠣᠭᠣᠯᠢᠰᠲᠠᠨ
Mongolia XVII.png
16 ᠍ᠳ᠋ᠤᠭᠠᠷ ᠵᠠᠭᠤᠨ ᠤ ᠰᠢᠪᠢᠷᠢᠶ ᠠ ᠃ ᠡᠨᠡ ᠵᠢᠷᠤᠭ ᠢ ᠵᠠᠷᠢᠮ ᠨᠢᠭᠡ ᠠᠯᠳᠠᠭ᠎ᠠ ᠲᠠᠢ ᠬᠢᠭᠰᠡᠨ ᠪᠣᠯᠤᠯᠲᠠᠢ᠃ ᠪᠠᠯᠠᠭ᠎ᠠ ᠳᠤ- ᠪᠤᠷᠢᠶᠠᠳ ᠤᠨ ᠨᠢᠭᠡ ᠪᠦᠯᠦᠭ᠃ ᠺᠠᠯᠮᠤᠺᠢ ᠣᠶᠢᠷᠠᠳ ᠤᠳ᠃ 16 ᠍ᠳ᠋ᠤᠭᠠᠷ ᠵᠠᠭᠤᠨ ᠤ ᠰᠡᠭᠦᠯ ᠢᠶᠡᠷ ᠣᠶᠢᠷᠠᠳ ᠤᠳ ᠰᠢᠪᠸᠷᠢᠶ ᠠ ᠤᠷᠦᠭᠤ ᠭᠠᠵᠠᠷ ᠢᠶᠠᠨ ᠲᠡᠯᠡᠵᠦ ᠬᠠᠯᠢᠮᠠᠭ ᠤᠳ ᠨᠡᠭᠦᠵᠦ ᠡᠬᠢᠯᠡᠵᠡᠢ᠃ ᠲᠧᠯᠧᠰ᠂ ᠲᠧᠯᠧᠦ᠋ᠲ ᠨᠢ ᠠᠯᠲᠠᠶᠢᠴᠤᠳ ᠲᠠᠢ ᠣᠶᠢᠷ᠎ᠠ ᠲᠥᠷᠥᠯ ᠤᠭᠰᠠᠭᠠᠲᠠᠨ᠃ ᠲᠡᠷᠡ ᠦᠶ᠎ᠡ ᠳᠦ ᠺᠢᠷᠭᠢᠽᠢ ᠨᠦᠭᠦᠳ ᠲᠩᠷᠢ ᠠᠭᠤᠯᠠ ᠶᠢᠨ᠂ ᠰᠢᠪᠸᠷᠢᠶ ᠠ ᠶᠢᠨ ᠺᠢᠷᠭᠢᠽ ᠭᠡᠰᠡᠨ 2 ᠬᠡᠰᠡᠭ ᠲᠦ ᠬᠤᠪᠢᠶᠠᠭᠳᠠᠵᠤ ᠪᠠᠶᠢᠪᠠ᠃ ᠵᠠᠷᠢᠮ ᠮᠣᠩᠭᠣᠯᠴᠤᠳ ᠢ ᠯᠧᠨᠠ ᠮᠥᠷᠡᠨ ᠦ ᠳᠤᠮᠳᠠ ᠤᠷᠤᠰᠬᠠᠯ ᠬᠠᠪᠢ ᠪᠡᠷ ᠪᠠᠶᠢᠭᠰᠠᠨ ᠭᠡᠵᠦ ᠲᠡᠮᠳᠡᠭᠯᠡᠵᠡᠢ᠃ ᠵᠢᠷᠤᠭ ᠤᠨ ᠳᠡᠭᠡᠷᠡᠬᠢ ᠪᠠᠶᠢᠷᠢᠰᠢᠯ ᠢᠶᠠᠷ ᠳᠠᠭᠠᠭᠤᠷᠴᠤᠳ (ᠳᠠᠦ᠋ᠷ ᠤ) ᠣᠨᠣᠨ ᠮᠥᠷᠡᠨ ᠦ ᠳᠤᠮᠳᠠ ᠤᠷᠤᠰᠬᠠᠯ ᠠᠴᠠ ᠠᠮᠤᠷ ᠮᠥᠷᠡᠨ ᠦ ᠤᠷᠢᠳᠤ ᠡᠷᠭᠢ᠂ ᠨᠣᠨᠰᠤᠩᠭᠠᠷᠢ ᠮᠥᠷᠡᠨ ᠦ ᠰᠠᠪᠠ ᠭᠠᠵᠠᠷ ᠢ ᠪᠦᠬᠦᠯᠢ ᠳᠦ ᠨᠢ ᠬᠠᠮᠤᠷᠤᠨ ᠨᠣᠮᠣᠬᠠᠨ ᠳᠠᠯᠠᠢ ᠬᠦᠷᠲᠡᠯ᠎ᠡ ᠲᠠᠷᠬᠠᠭᠰᠠᠨ ᠪᠠᠶᠢᠨ᠎ᠠ᠃ 1900 ᠣᠨ ᠳᠤ ᠬᠢᠭᠰᠡᠨ ᠵᠢᠷᠤᠭ
Daguur.jpg

ᠬᠢᠳᠠᠨ ᠤ ᠳᠠᠭᠡ ᠣᠪᠤᠭ ᠳᠠᠭᠤᠷ ᠪᠣᠯᠤᠭᠰᠠᠨ ᠭᠡᠵᠦ ᠲᠡᠦᠬᠡᠨ ᠳᠦ ᠲᠡᠮᠳᠡᠭᠯᠡᠭᠳᠡᠨ ᠦᠯᠡᠳᠡᠭᠰᠡᠨ ᠪᠠᠶᠢᠳᠠᠭ᠃ ᠳᠠᠭᠠᠭᠤᠷᠴᠤᠳ ᠨᠢ ᠵᠢᠵᠢᠭ ᠠᠷᠠᠳ ᠲᠦᠮᠡᠨ ᠪᠠᠶᠢᠭᠰᠠᠨ ᠪᠣᠯᠪᠠᠴᠤ ᠪᠠᠷᠭᠤᠴᠤᠳ ᠪᠠᠶᠢᠭᠠᠯ ᠬᠠᠪᠢ ᠪᠡᠷ ᠪᠠᠶᠢᠬᠤ ᠦᠶ᠎ᠡ ᠳᠦ ᠲᠡᠳᠡᠨ ᠢ ᠵᠠᠬᠢᠷᠠᠵᠤ ᠪᠠᠶᠢᠪᠠ᠃ ᠪᠠᠷᠭᠤᠴᠤᠳ ᠬᠣᠵᠢᠮ ᠨᠢ ᠳᠠᠭᠠᠭᠤᠷᠴᠤᠳ ᠤᠨ ᠵᠠᠬᠢᠷᠭᠠᠨ ᠠᠴᠠ ᠭᠠᠷᠴᠤ ᠣᠳᠣ ᠶᠢᠨ ᠨᠤᠲᠤᠭ ᠪᠣᠯᠬᠤ ᠬᠥᠯᠦᠨ ᠪᠤᠶᠢᠷ ᠲᠤ ᠨᠡᠭᠦᠨ ᠢᠷᠡᠭᠰᠡᠨ ᠪᠠ ᠪᠠᠷᠭᠤ ᠨᠢ ᠪᠤᠷᠢᠶᠠᠳ ᠲᠠᠢ ᠭᠠᠷᠤᠯ ᠨᠢᠭᠡ ᠤᠴᠢᠷ ᠬᠡᠯᠡ ᠶᠠᠷᠢᠶ᠎ᠠ᠂ ᠶᠣᠰᠣ ᠵᠠᠩᠰᠢᠯ ᠣᠶᠢᠷ᠎ᠠ ᠪᠠᠶᠢᠭᠰᠠᠨ ᠴᠤ ᠪᠤᠷᠢᠶᠠᠳ ᠠᠴᠠ ᠬᠣᠯᠠᠳᠠᠵᠤ ᠥᠪᠦᠷ ᠮᠣᠩᠭᠣᠯ᠂ ᠬᠠᠯᠬ᠎ᠠ ᠲᠠᠢ ᠬᠠᠮᠲᠤ ᠤᠳᠠᠭᠠᠨ ᠰᠠᠭᠤᠭᠰᠠᠨ ᠠᠴᠠ ᠬᠡᠯᠡ ᠠᠶᠠᠯᠭ᠎ᠠ ᠨᠢ ᠬᠠᠯᠬ᠎ᠠ᠂ ᠥᠪᠦᠷ ᠮᠣᠩᠭᠣᠯ᠂ ᠪᠤᠷᠢᠶᠠᠳ ᠤᠨ ᠵᠠᠪᠰᠠᠷ ᠤᠨ ᠰᠢᠨᠵᠢᠲᠡᠢ ᠪᠣᠯᠵᠠᠢ᠃

ᠳᠠᠭᠠᠭᠤᠷᠴᠤᠳ 17 ᠍ᠳ᠋ᠤᠭᠠᠷ ᠵᠠᠭᠤᠨ ᠳᠤ ᠠᠭ ᠤᠨ ᠪᠤᠷᠢᠶᠠᠳ ᠤᠨ ᠲᠣᠭᠣᠷᠢᠭ ᠠᠴᠠ ᠠᠮᠤᠷ ᠮᠥᠷᠡᠨ ᠦ 2 ᠡᠷᠭᠢ ᠶᠢᠨ ᠳᠠᠭᠠᠤ ᠲᠡᠭᠦᠨ ᠦ ᠳᠤᠮᠳᠠ ᠤᠷᠤᠰᠬᠠᠯ ᠬᠦᠷᠲᠡᠯ᠎ᠡ ᠨᠤᠲᠤᠭᠯᠠᠵᠤ ᠪᠠᠶᠢᠪᠠ᠃ ᠨᠤᠲᠤᠭ ᠤᠨ ᠬᠢ ᠨᠢ ᠵᠡᠭᠦᠨ ᠵᠠᠬ᠎ᠠ ᠨᠢ ᠠᠮᠤᠷ ᠮᠥᠷᠡᠨ ᠳᠦ ᠂ ᠬᠣᠶᠢᠳᠤ ᠲᠠᠯ᠎ᠠ ᠠᠴᠠ ᠨᠢ ᠴᠢᠳᠬᠤᠳᠠᠭ ᠽᠧᠶ᠎ᠠᠪᠤᠷᠧᠶ᠎ᠠ ᠭᠡᠰᠡᠨ 2 ᠭᠣᠣᠯ ᠤᠨ ᠳᠤᠮᠳᠠ ᠤᠷᠤᠰᠬᠠᠯ ᠳᠤ ᠬᠦᠷᠴᠦ ᠪᠠᠶᠢᠵᠠᠢ᠃ ᠣᠷᠣᠰ 17 ᠍ᠳ᠋ᠤᠭᠠᠷ ᠵᠠᠭᠤᠨ ᠤ ᠡᠬᠢ ᠪᠡᠷ ᠪᠤᠷᠢᠶᠠᠳ ᠢ ᠳᠣᠪᠲᠣᠯᠤᠭᠰᠠᠨ ᠤ ᠳᠠᠷᠠᠭ᠎ᠠ ᠳᠠᠭᠤᠷ ᠤᠨ ᠨᠤᠲᠤᠭ ᠢ ᠡᠵᠡᠯᠡᠵᠦ ᠡᠬᠢᠯᠡᠵᠡᠢ᠃ ᠴᠥᠭᠡᠬᠡᠨ ᠬᠦᠮᠦᠨ ᠲᠡᠢ ᠳᠠᠭᠠᠭᠤᠷᠴᠤᠳ ᠣᠷᠣᠰ ᠲᠠᠢ ᠤᠳᠠᠭ᠎ᠠ ᠳᠠᠷᠠᠭ᠎ᠠ ᠬᠦᠴᠦ ᠲᠡᠩᠴᠡᠪᠦᠷᠢ ᠦᠭᠡᠢ ᠲᠤᠯᠤᠯᠳᠤᠭᠠᠨ ᠬᠢᠵᠦ᠂ ᠡᠩ ᠦᠨ ᠨᠣᠮᠣᠬᠠᠨ ᠣᠯᠠᠨ ᠢᠷᠭᠡᠨ ᠢᠶᠡᠨ ᠠᠯᠳᠠᠨ ᠂ ᠤᠷᠤᠭᠰᠢ ᠠᠮᠤᠷ ᠮᠥᠷᠡᠨ ᠭᠠᠲᠤᠯᠤᠨ ᠨᠣᠨ ᠮᠥᠷᠡᠨ ᠦ ᠳᠠᠭᠠᠤ ᠬᠢ ᠥᠪᠥᠷ ᠮᠣᠩᠭᠣᠯ ᠤᠨ ᠨᠤᠲᠤᠭ ᠲᠤ ᠨᠡᠭᠦᠨ ᠢᠷᠡᠵᠦ ᠮᠠᠨᠵᠤ ᠶᠢᠨ ᠵᠠᠬᠢᠷᠭᠠᠨ ᠳᠤ ᠣᠷᠣᠵᠠᠢ᠃ ᠠᠮᠤᠷ ᠮᠥᠷᠡᠨ ᠦ ᠬᠣᠶᠢᠳᠤ ᠡᠷᠭᠢ ᠳᠡᠭᠡᠷᠡᠬᠢ ᠠᠯᠪᠠᠽᠢᠨ ᠪᠣᠯ ᠳᠠᠭᠠᠭᠤᠷᠴᠤᠳ ᠤᠨ ᠬᠣᠲᠠ ᠪᠠᠶᠢᠭᠰᠠᠨ ᠪᠠ 1651 ᠣᠨ ᠳᠤ ᠣᠷᠣᠰ ᠲᠤ ᠡᠵᠡᠯᠡᠭᠳᠡᠵᠡᠢ᠃ ᠣᠷᠣᠰ ᠲᠡᠳᠡᠨ ᠢ ᠠᠯᠪᠠ ᠲᠥᠯᠥᠬᠦ ᠶᠢ ᠱᠠᠭᠠᠷᠳᠠᠬᠤ ᠳᠤ ᠪᠢᠳᠡ ᠬᠡᠳᠦᠶᠢᠨ ᠮᠠᠨᠵᠤ ᠶᠢᠨ ᠠᠯᠪᠠᠲᠤ ᠪᠣᠯᠤᠭᠰᠠᠨ ᠲᠤᠯᠠ ᠥᠭᠡᠷ᠎ᠡ ᠤᠯᠤᠰ ᠲᠤ ᠠᠯᠪᠠ ᠲᠥᠯᠥᠬᠦ ᠦᠭᠡᠢ ᠭᠡᠵᠦ ᠮᠡᠳᠡᠭᠳᠡᠵᠡᠢ᠃ ᠲᠡᠳᠡ 20 ᠍ᠳ᠋ᠤᠭᠠᠷ ᠵᠠᠭᠤᠨ ᠬᠦᠷᠲᠡᠯ᠎ᠡ ᠤᠯᠠᠮᠵᠢᠯᠠᠯᠲᠤ ᠰᠤᠶᠤᠯ ᠠᠬᠤᠢ ᠶᠢ ᠪᠠᠨ ᠰᠠᠶᠢᠲᠤᠷ ᠬᠠᠳᠠᠭᠠᠯᠠᠭᠰᠠᠨ ᠬᠡᠪ ᠢᠶᠡᠷ ᠪᠠᠶᠢᠵᠠᠢ᠃

ᠪᠥᠭᠡ ᠶᠢᠨ ᠪᠣᠯᠤᠨ ᠪᠤᠳ᠋ᠳ᠋ᠾᠠ ᠶᠢᠨ ᠱᠠᠰᠢᠨ ᠰᠢᠲᠦᠳᠡᠭ᠃ ᠰᠠᠶ᠋ᠢᠬᠠᠨ ᠳᠠᠭᠤᠷ ᠢ ᠡᠪᠦᠭᠡ ᠮᠣᠩᠭᠣᠯ ᠬᠡᠯᠡᠳᠦ ᠬᠢᠲᠠᠨ  ᠤ ᠬᠠᠮᠤᠭ ᠤᠨ ᠣᠶᠢᠷ᠎ᠠ ᠤᠭᠰᠠᠭᠠᠨ ᠤ ᠬᠣᠶᠢᠴᠢᠰ ᠭᠡᠵᠦ ᠦᠵᠡᠬᠦ ᠭᠧᠨᠧᠲ᠋ᠢᠭ ᠤᠨ ᠰᠤᠳᠤᠯᠭ᠎ᠠ ᠬᠢᠭᠳᠡᠵᠡᠢ᠃[3] ᠮᠣᠩᠭᠣᠯ ᠤᠭᠰᠠᠭᠠᠲᠠᠨ ᠲᠠᠢ ᠬᠠᠮᠤᠭ ᠠᠴᠠ ᠣᠶᠢᠷ᠎ᠠ ᠲᠥᠷᠥᠯ᠂ ᠮᠣᠩᠭᠣᠯ ᠤᠨ ᠳᠣᠲᠣᠷ᠎ᠠ ᠪᠠᠭᠲᠠᠬᠤ ᠤᠴᠢᠷᠲᠠᠢ ᠭᠡᠳᠡᠭ ᠡᠴᠡ ᠪᠠᠰᠠ ᠳᠠᠭᠤᠷ ᠮᠣᠩᠭᠣᠯ ᠭᠡᠵᠦ ᠨᠡᠷᠡᠯᠡᠭᠳᠡᠳᠡᠭ᠃

ᠬᠣᠷᠯᠤ᠎ᠠ ᠶᠢᠨ ᠴᠣᠶᠢᠪᠠᠯᠰᠠᠩ ᠭᠤᠸᠠᠢ ᠶᠢᠨ ᠡᠴᠢᠭᠡ ᠶᠢ ᠳᠠᠭᠤᠷ ᠤᠨ ᠮᠣᠩᠭᠣᠯ ᠬᠦᠮᠦᠨ ᠪᠠᠶᠢᠭᠰᠠᠨ ᠭᠡᠰᠡᠨ ᠨᠤᠲᠤᠭ ᠤᠨ ᠴᠤᠤ ᠶᠠᠷᠢᠶ᠎ᠠ ᠪᠠᠶᠢᠳᠠᠭ᠃ ᠮᠠᠨᠵᠤ ᠴᠢᠩ ᠦᠨ ᠰᠡᠭᠦᠯᠴᠢ ᠶᠢᠨ ᠬᠠᠭᠠᠨ ᠫᠦ᠋ ᠢ ᠍ ᠶᠢᠨ ᠶᠡᠬᠡ ᠬᠠᠲᠤᠨ ᠨᠢ ᠭᠣᠪᠤᠯ ᠸᠠᠩᠷᠣᠨ ᠭᠡᠭᠴᠢ ᠳᠠᠭᠤᠷ ᠮᠣᠩᠭᠣᠯ ᠤᠨ ᠭᠦᠩᠵᠦ ᠪᠠᠶᠢᠭᠰᠠᠨ ᠪᠠ ᠠᠪᠤ ᠨᠢ ᠴᠢᠩ ᠭᠦᠷᠦᠨ ᠦ ᠳᠣᠲᠣᠭᠠᠳᠤ ᠶᠢᠨ ᠬᠡᠷᠡᠭ ᠡᠷᠬᠢᠯᠡᠬᠦ ᠰᠠᠶᠢᠳ ᠪᠠᠶᠢᠵᠠᠢ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠭᠤᠷ ᠤᠨ ᠮᠣᠩᠭᠣᠯᠴᠤᠳ ᠤᠨ ᠨᠡᠷ᠎ᠡ ᠨᠢ ᠬᠢᠳᠠᠨ ᠤ ᠳᠠᠭᠡ ᠣᠪᠤᠭ ᠠᠴᠠ ᠭᠠᠷᠤᠯᠲᠠᠢ᠃ ᠳᠠᠭᠠᠭᠤᠷᠴᠤᠳ ᠤᠨ ᠨᠡᠷ᠎ᠡ ᠪᠡᠷ ᠨᠢ ᠣᠳᠣ ᠶᠢᠨ ᠣᠷᠣᠰ ᠤᠨ ᠲᠷᠠᠨᠰᠪᠠᠶᠢᠺᠠᠯ (ᠣᠳᠣ ᠶᠢᠨ ᠥᠪᠥᠷᠪᠠᠶᠢᠭᠠᠯ ᠮᠤᠵᠢ᠂ ᠠᠮᠤᠷ ᠮᠥᠷᠡᠨ ᠦ ᠳᠠᠭᠠᠤ ᠬᠢ ᠨᠤᠲᠤᠭ) ᠮᠤᠵᠢ ᠪᠣᠯᠤᠨ ᠣᠶᠢᠷ᠎ᠠ ᠬᠠᠪᠢ  ᠶᠢᠨ ᠭᠠᠵᠠᠷ ᠢ ᠨᠡᠷᠡᠯᠡᠵᠡᠢ᠃ ᠣᠷᠴᠢᠨ ᠦᠶ᠎ᠡ ᠳᠦ ᠳᠠᠭᠤᠷ ᠤᠨ ᠲᠠᠯ᠎ᠠ ᠬᠡᠭᠡᠷ᠎ᠡ ᠨᠢ ᠮᠣᠩᠭᠣᠯ ᠳᠠᠭᠤᠷ᠂ ᠣᠷᠣᠰ ᠳᠠᠭᠤᠷ ᠬᠡᠮᠡᠨ ᠨᠡᠷᠡᠯᠡᠭᠳᠡᠬᠦ ᠨᠢ ᠪᠤᠢ᠃ ᠮᠥᠨ ᠡᠨᠡ ᠨᠤᠲᠤᠭ ᠠᠴᠠ ᠭᠠᠷᠤᠯᠲᠠᠢ ᠠᠮᠢᠲᠠᠳ ᠨᠢ 《ᠳᠠᠭᠤᠷ》 ᠭᠡᠰᠡᠨ ᠲᠣᠳᠣᠳᠬᠠᠯ ᠲᠠᠢ ᠪᠠᠶᠢᠬᠤ ᠨᠢ ᠪᠤᠢ᠃ ᠳᠠᠭᠤᠷ ᠢ ᠬᠢᠲᠠᠳ ᠤᠳ 《ᠪᠤᠳᠬᠤᠨ》 ᠳᠠᠭᠤᠷ ᠭᠡᠵᠦ ᠨᠡᠷᠡᠯᠡᠳᠡᠭ᠃

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠭᠤᠷ ᠬᠡᠯᠡ ᠨᠢ ᠠᠯᠲᠠᠢ ᠢᠵᠠᠭᠤᠷ ᠬᠡᠯᠡᠨ  ᠤ ᠮᠤᠩᠭᠤᠯ ᠲᠥᠷᠥᠯ ᠬᠡᠯᠡ  ᠳᠤ ᠬᠠᠷᠢᠶᠠᠯᠠᠭᠳᠠᠵᠤ ᠂ ᠳᠤᠲᠤᠷ ᠠ ᠪᠠᠨ ᠴᠢᠴᠢᠬᠠᠷ  ᠤᠨ ᠠᠮᠠᠨ ᠠᠶᠠᠯᠭᠤ ᠪᠤᠯᠤᠨ ᠪᠤᠳᠬ ᠠ ᠵᠢᠨ ᠠᠮᠠᠨ ᠠᠶᠠᠯᠭᠤ ᠭᠡᠵᠦ ᠬᠤᠪᠢᠶᠠᠭᠳᠠᠨ᠎ᠠ᠃

ᠪᠢᠴᠢᠭ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠤᠭᠰᠠᠭᠠᠲᠠᠨ ᠤ ᠪᠦᠯᠦᠭ ᠨᠢ ᠥᠪᠡᠷ ᠦᠨ ᠪᠢᠴᠢᠭ ᠦᠰᠦᠭ ᠦᠭᠡᠢ ᠪᠥᠭᠡᠳ ᠬᠦᠮᠦᠨ ᠠᠮᠠ ᠨᠢ ᠶᠡᠬᠡᠪᠴᠢᠯᠡᠨ ᠬᠢᠲᠠᠳ ᠦᠰᠦᠭ ᠬᠡᠷᠡᠭᠯᠡᠵᠦ᠂ ᠴᠥᠭᠡᠨ ᠬᠦᠮᠦᠰ ᠮᠠᠨᠵᠤ᠂ ᠮᠣᠩᠭᠣᠯ᠂ ᠬᠠᠰᠠᠭ ᠪᠢᠴᠢᠭ ᠦᠰᠦᠭ ᠲᠡᠢ᠃

ᠠᠬᠤᠢ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠭᠤᠷ ᠤᠨ ᠠᠷᠠᠳ ᠲᠦᠮᠡᠨ ᠭᠣᠣᠯᠳᠠᠭᠤ ᠬᠥᠳᠡᠭᠡ ᠠᠵᠤ ᠠᠬᠤᠢ ᠳᠤ ᠠᠵᠢᠯᠯᠠᠳᠠᠭ᠂ ᠮᠥᠨ ᠮᠠᠯ ᠠᠵᠤ ᠠᠬᠤᠢ᠂ ᠠᠩ ᠠᠩᠨᠠᠭᠤᠷ᠂ ᠵᠢᠭᠠᠰᠤ ᠠᠩᠨᠠᠭᠤᠷ ᠢ ᠨᠢᠭᠡᠨ ᠵᠡᠷᠭᠡ ᠡᠷᠬᠢᠯᠡᠳᠡᠭ᠃ ᠲᠡᠳᠡᠨ ᠦ ᠬᠦᠨᠡᠰᠦᠨ ᠦ ᠭᠣᠣᠯ ᠪᠦᠲᠦᠭᠡᠭᠳᠡᠬᠦᠨ ᠳᠦ ᠰᠢᠷ᠎ᠠ ᠪᠤᠳᠠᠭ᠎ᠠ᠂ ᠰᠠᠭᠠᠭ᠂ ᠮᠢᠬᠠᠨ ᠤ ᠦᠨᠳᠦᠰᠦᠨ ᠲᠥᠷᠥᠯ ᠳᠦ ᠠᠩ  ᠤᠨ ᠮᠢᠬ᠎ᠠ ᠣᠷᠣᠳᠠᠭ ᠪᠠᠶᠢᠭᠰᠠᠨ ᠪᠣᠯ ᠣᠳᠣ ᠭᠣᠣᠯᠳᠠᠭᠤ ᠭᠡᠷ ᠦᠨ ᠲᠡᠵᠢᠭᠡᠪᠦᠷᠢ ᠠᠮᠢᠲᠠᠳ ᠤᠨ ᠮᠢᠬ᠎ᠠ ᠪᠤᠶᠤ ᠭᠠᠬᠠᠢ᠂ ᠦᠬᠡᠷ᠂ ᠬᠣᠨᠢ᠂ ᠲᠠᠬᠢᠶᠠᠨ ᠤ ᠮᠢᠬ᠎ᠠ ᠵᠣᠬᠢᠶᠠᠯᠠᠬᠤ ᠪᠣᠯᠵᠠᠢ᠃ ᠬᠣᠺᠺᠧᠢ ᠪᠣᠯ ᠳᠠᠭᠤᠷ ᠤᠨ ᠬᠠᠮᠤᠭ ᠤᠨ ᠡᠷᠲᠡᠨ ᠦ ᠤᠯᠠᠮᠵᠢᠯᠠᠯᠲᠤ ᠰᠫᠣᠷᠲ ᠶᠤᠮ᠃

ᠳᠠᠭᠤᠷ ᠮᠣᠩᠭᠣᠯᠴᠤᠳ ᠨᠢ ᠮᠣᠩᠭᠣᠯ ᠬᠡᠯᠡ ᠨᠢᠭᠡ ᠲᠥᠷᠥᠯ ᠪᠣᠯᠬᠤ ᠳᠠᠭᠤᠷ ᠬᠡᠯᠡ ᠶᠢᠡᠷ ᠶᠠᠷᠢᠨ᠎ᠠ᠃ ᠳᠠᠭᠤᠷ ᠬᠡᠯᠡ ᠨᠢ ᠪᠤᠳᠬ ᠠ[4]ᠬᠠᠶᠢᠯᠠᠷᠴᠢᠴᠢᠬᠠᠷ ᠭᠡᠰᠡᠨ ᠠᠶᠠᠯᠭᠤᠨ ᠨᠤᠭᠤᠳ ᠲᠠᠢ ᠪᠣᠯᠤᠨ᠎ᠠ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡ ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ