ᠳᠠᠭᠤᠲᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠠᠭᠤᠲᠤ ᠰᠤᠮᠤ
ᠰᠤᠮᠤ
ᠤᠯᠤᠰ ᠣᠷᠣᠨ Flag of Mongolia.svg ᠮᠣᠩᠭᠣᠯ
ᠠᠶᠢᠮᠠᠭ Mn coa khovd aymag.png ᠬᠣᠪᠳᠣ
ᠰᠤᠮᠤ ᠳᠠᠭᠤᠤ ᠳᠤ
ᠪᠠᠭ (4) ᠰᠢᠪᠡᠷ᠂ ᠬᠥᠬᠡᠪᠡᠯᠴᠢᠷ᠂
ᠴᠠᠭᠠᠨᠪᠤᠷᠭᠠᠰ᠂ ᠪᠣᠰᠬ᠎ᠠ
ᠭᠠᠵᠠᠷ ᠨᠤᠲᠤᠭ 2,146 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 1,287 ᠬᠦᠮᠦᠨ [1]
ᠬᠦᠮᠦᠨ ᠠᠮᠠ (ᠲᠣᠭᠠᠴᠠ᠃) 2011 ᠤᠨ ᠳᠤ 2,041 ᠬᠦᠮᠦᠨ [2]
– ᠲᠥᠪ ᠰᠠᠭᠤᠷᠢᠨ ᠳᠤ 2011 ᠤᠨ ᠳᠤ 1,882 ᠬᠦᠮᠦᠨ
ᠨᠢᠭᠲᠠᠴᠠ ᠰᠡᠶᠢᠷᠡᠭ 2011 ᠤᠨ ᠳᠤ 0.95 ᠬᠦᠮᠦᠨ/км²
ᠨᠤᠲᠤᠭ ᠤᠨ ᠣᠯᠠᠨ ᠳᠠᠭᠤᠲᠤ ᠶᠢᠨ ᠬᠢᠨ
ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃
ᠰᠤᠮᠤ ᠶᠢᠨ 2041 ᠬᠦᠮᠦᠨ ᠦ 159 ᠨᠢ ᠬᠥᠳᠡᠭᠡ᠂ 1882 ᠨᠢ ᠲᠥᠪᠡᠳ ᠪᠠᠶᠢᠨ᠎ᠠ᠃
ᠬᠣᠪᠳᠣ ᠠᠶᠢᠮᠠᠭ ᠳᠠᠬᠢ ᠳᠠᠭᠤᠲᠤ ᠰᠤᠮᠤ᠂ ᠲᠡᠭᠦᠨ ᠦ ᠲᠥᠪ

ᠳᠠᠭᠤᠲᠤ ᠰᠤᠮᠤ ᠨᠢ ᠬᠣᠪᠳᠣ ᠠᠶᠢᠮᠠᠭ ᠤᠨ ᠰᠤᠮᠤ ᠶᠤᠮ᠃ ᠰᠤᠮᠤ ᠶᠢᠨ ᠲᠥᠪ ᠨᠢ 1942 ᠤᠨ ᠳᠤ 《ᠪᠣᠰᠬ᠎ᠠ ᠶᠢᠨ ᠡᠬᠡ》 ᠭᠡᠳᠡᠭ ᠭᠠᠵᠠᠷ ᠪᠠᠶᠢᠭᠤᠯᠤᠭᠳᠠᠭᠰᠠᠨ᠃ ᠳᠠᠯᠠᠢ ᠶᠢᠨ ᠲᠥᠪᠰᠢᠨ ᠡᠴᠡ ᠳᠡᠭᠡᠭᠰᠢ 2400 ᠭᠠᠷᠤᠢ ᠮᠧᠲ᠋ᠷ ᠲᠦ ᠣᠷᠣᠰᠢᠳᠠᠭ᠂ ᠮᠣᠩᠭᠣᠯ ᠍ ᠤᠨ ᠬᠠᠮᠤᠭ ᠤᠨ ᠥᠨᠳᠥᠷ ᠴᠡᠭ ᠲᠦ ᠣᠷᠣᠰᠢᠳᠠᠭ ᠰᠠᠭᠤᠷᠢᠨ ᠭᠠᠵᠠᠷ ᠭᠡᠳᠡᠭ ᠢᠶᠡᠷ ᠢᠶᠡᠨ ᠣᠨᠴᠠᠯᠢᠭ ᠲᠠᠢ᠃ 2076 ᠬᠦᠮᠦᠨ ᠠᠮᠠᠲᠠᠢ ᠶᠢᠨ 80 ᠭᠠᠷᠤᠢ ᠬᠤᠪᠢ ᠨᠢ ᠤᠷᠢᠶᠠᠩᠬᠠᠢ᠂ 10 ᠭᠠᠷᠤᠢ ᠬᠤᠪᠢ ᠶᠢ ᠬᠠᠯᠬ᠎ᠠ᠂ ᠦᠯᠡᠳᠡᠭᠰᠡᠨ ᠴᠥᠭᠡᠨ ᠬᠤᠪᠢ ᠶᠢ ᠪᠤᠰᠤᠳ ᠶᠠᠰᠤᠲᠠᠨ ᠨᠤᠭᠤᠳ ᠡᠵᠡᠯᠡᠳᠡᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠭᠤᠲᠤ ᠰᠤᠮᠤ ᠶᠢᠨ ᠨᠤᠲᠤᠭ ᠤᠨ ᠳᠡᠶᠢᠯᠦᠩᠬᠢ ᠨᠢ ᠮᠣᠩᠭᠣᠯ ᠠᠯᠲᠠᠢ ᠶᠢᠨ ᠨᠢᠷᠤᠭᠤᠵᠢᠨ ᠰᠦᠷᠯᠢᠭ ᠥᠨᠳᠥᠷ ᠠᠭᠤᠯᠠᠰ ᠢ ᠳᠠᠮᠨᠠᠨ ᠣᠷᠣᠰᠢᠳᠠᠭ᠃ ᠪᠦᠷᠦᠭ ᠲᠡᠢ ᠬᠠᠶᠢᠷᠬᠠᠨ᠂ ᠵᠢᠩᠰᠡᠳᠦ᠂ ᠬᠣᠩᠭᠣᠷ᠂ ᠪᠢᠲᠡᠭᠦᠦᠳᠦ᠂ ᠬᠥᠬᠡ ᠬᠠᠪᠴᠢᠯ᠂ ᠮᠠᠰᠢ᠂ ᠤᠯᠠᠭᠠᠨ ᠳᠠᠪᠠᠭ᠎ᠠ ᠵᠡᠷᠭᠡ ᠳᠠᠯᠠᠢ ᠶᠢᠨ ᠲᠥᠪᠰᠢᠨ ᠡᠴᠡ ᠳᠡᠭᠡᠭᠰᠢ 3500 ᠮᠧᠲ᠋ᠷ ᠡᠴᠡ ᠥᠨᠳᠥᠷ ᠡᠷᠭᠦᠭᠳᠡᠭᠰᠡᠨ᠂ ᠠᠯᠲᠠᠢ ᠶᠢᠨ ᠨᠢᠷᠤᠭᠤᠵᠢᠨ ᠰᠦᠷᠯᠢᠭ ᠣᠷᠭᠢᠯ ᠤᠳ ᠲᠤᠰ ᠰᠤᠮᠤ ᠶᠢᠨ ᠨᠤᠲᠤᠭ ᠲᠤ ᠣᠯᠠᠨ ᠪᠤᠢ᠃ ᠮᠥᠨ ᠪᠢᠲᠡᠭᠦᠦᠳᠦ᠂ ᠴᠡᠩᠬᠡᠷ᠂ ᠪᠡᠯᠳᠤ ᠶᠢᠨ ᠲᠦᠷᠭᠡᠨ ᠤᠷᠤᠰᠬᠠᠯᠲᠤ ᠭᠣᠣᠯ ᠤᠳ᠂ ᠠᠭᠤᠯᠠ ᠶᠢᠨ ᠰᠦᠷᠯᠢᠭ ᠬᠠᠪᠴᠢᠯ ᠤᠳ ᠢ ᠲᠤᠰ ᠰᠤᠮᠤ ᠶᠢᠨ ᠨᠤᠲᠤᠭ ᠠᠴᠠ ᠣᠯᠠᠨ ᠢᠶᠠᠷ ᠬᠠᠷᠠᠬᠤ ᠪᠣᠯᠤᠨ᠎ᠠ᠃ ᠲᠤᠰ ᠰᠤᠮᠤ ᠶᠢᠨ ᠨᠤᠲᠤᠭ ᠲᠤ ᠡᠷᠲᠡᠨ ᠦ ᠲᠡᠦᠬᠡ ᠳᠤᠷᠠᠰᠬᠠᠯ ᠪᠣᠯᠬᠤ ᠲᠦᠷᠦᠭ ᠦᠨ ᠦᠶ᠎ᠡ ᠶᠢᠨ ᠬᠠᠳᠠᠨ ᠤ ᠪᠢᠴᠢᠭᠡᠰᠦ᠂ ᠴᠢᠯᠠᠭᠤᠨ ᠬᠥᠰᠢᠶ᠎ᠡ᠂ ᠪᠠᠶᠢᠭᠠᠯᠢ ᠶᠢᠨ ᠰᠣᠨᠢᠨ ᠲᠣᠭᠲᠠᠴᠠ ᠲᠠᠢ᠂ ᠴᠢᠨᠣ᠎ᠠ ᠶᠢᠨ ᠬᠡᠯᠪᠡᠷᠢ ᠲᠡᠢ ᠴᠢᠯᠠᠭᠤ᠂ ᠮᠥᠭᠦᠨ ᠬᠠᠳᠠ᠂ ᠥᠭᠡᠷ᠎ᠡ ᠬᠠᠮᠢᠭ᠎ᠠ ᠴᠤ ᠲᠣᠬᠢᠶᠠᠯᠳᠤᠳᠠᠭ ᠦᠭᠡᠢ ᠪᠥᠭᠡᠷᠡᠩᠬᠡᠢ ᠴᠢᠯᠠᠭᠤ ᠶᠢ ᠬᠠᠷᠠᠵᠤ ᠪᠣᠯᠤᠨ᠎ᠠ᠃ ᠴᠡᠩᠬᠡᠷ ᠦᠨ ᠭᠣᠣᠯ ᠪᠣᠯᠤᠨ ᠬᠣᠶᠢᠳᠤ ᠭᠣᠣᠯ ᠳᠤ ᠪᠠᠶᠢᠭᠠᠯᠢ ᠶᠢᠨ ᠦᠵᠡᠰᠬᠦᠯᠡᠩ ᠬᠣᠣᠰᠯᠠᠭᠰᠠᠨ ᠬᠣᠪᠳᠣ ᠠᠶᠢᠮᠠᠭ ᠲᠤ ᠴᠥᠭᠡᠨ ᠲᠠᠭᠠᠷᠠᠯᠳᠤᠬᠤ ᠲᠥᠷᠥᠯ ᠪᠦᠷᠢ ᠶᠢᠨ ᠮᠣᠳᠣᠨ ᠰᠢᠭᠤᠢ ᠨᠤᠭᠤᠳ ᠲᠠᠢ᠃  ᠪᠡᠷᠭᠡ᠂ ᠬᠠᠷᠠᠯᠠᠭ ᠬᠠᠳᠠ᠂ ᠨᠡᠪᠲᠡ ᠵᠡᠷᠭᠡ ᠳᠡᠭᠡᠷ᠎ᠡ ᠦᠶ ᠡ ᠡᠴᠡ ᠨᠠᠰᠢ ᠨᠤᠲᠤᠭ ᠤᠨ ᠠᠷᠠᠳ ᠢᠷᠭᠡᠳ ᠦᠨ ᠳᠡᠭᠡᠳᠦᠯᠡᠵᠦ᠂ ᠬᠦᠷᠲᠡᠵᠦ ᠢᠷᠡᠭᠰᠡᠨ ᠣᠯᠠᠨ ᠲᠥᠷᠥᠯ ᠦᠨ ᠡᠪᠡᠳᠴᠢᠨ ᠡᠮᠭᠡᠭ ᠢ ᠠᠨᠠᠭᠠᠬᠤ ᠤᠪᠢᠳᠠᠰᠤ ᠲᠠᠢ ᠷᠠᠰᠢᠶᠠᠨ ᠨᠤᠭᠤᠳ ᠲᠤᠰ ᠰᠤᠮᠤ ᠶᠢᠨ ᠨᠤᠲᠤᠭ ᠲᠤ ᠪᠤᠢ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠲ᠃ᠫᠦᠷᠪᠦᠵᠠᠪ - ᠭᠠᠪᠢᠶ᠎ᠠ ᠳᠤ ᠪᠠᠭᠰᠢ᠂ ᠠᠨᠠᠭᠠᠬᠤ ᠤᠬᠠᠭᠠᠨ ᠤ ᠳ᠋ᠣᠺᠲ᠋ᠣᠷ
  • ᠳ᠂ ᠫᠦᠷᠪᠦ - ᠭᠠᠪᠢᠶ᠎ᠠ ᠳᠤ ᠠᠭᠤᠷᠬᠠᠶᠢᠴᠢᠨ
  • ᠫ᠂ ᠴᠢᠯᠬᠠᠵᠠᠪ - ᠤᠷᠠᠯᠢᠭ ᠤᠨ ᠭᠠᠪᠢᠶ᠎ᠠ ᠳᠤ ᠵᠢᠳᠬᠦᠯᠲᠡᠨ᠂ ᠪᠦᠵᠢᠭ ᠳᠢᠭᠯᠡᠭᠡᠴᠢ
  • ᠪ᠂ ᠰᠡᠶᠢᠯᠦᠭᠮᠠ - ᠭᠠᠪᠢᠶᠠᠳᠤ ᠵᠦᠵᠦᠭᠡᠴᠢᠨ᠂ ᠳᠠᠭᠤᠴᠢᠨ
  • ᠤ᠂ ᠤᠷᠠᠩᠴᠢᠮᠡᠭ - ᠭᠠᠪᠢᠶᠠᠳᠤ ᠵᠦᠵᠦᠭᠡᠴᠢᠨ
  • ᠳ᠂ ᠪᠠᠰᠠᠩᠵᠠᠪ - ᠭᠠᠪᠢᠶᠠᠳᠤ ᠡᠮᠴᠢ
  • ᠫ᠂ ᠨᠠᠷᠠᠨᠴᠣᠭᠳᠤ - ᠪᠠᠷᠠᠭᠤᠨ ᠮᠣᠩᠭᠣᠯ ᠤᠨ ᠠᠯᠳᠠᠷᠲᠤ ᠴᠤᠭᠤᠷᠴᠢ

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ