ᠳ᠋ᠦᠩᠰᠢᠶᠠᠩ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳ᠋ᠦᠩᠰᠢᠶᠠᠩ ᠬᠡᠯᠡ
ᠣᠷᠴᠢᠨ ᠴᠠᠭ ᠤᠨ ᠳ᠋ᠦᠩᠰᠢᠶᠠᠩ ᠬᠡᠯᠡ
ᠨᠤᠲᠤᠭ ᠣᠷᠣᠨᠬᠢᠲᠠᠳ ᠤᠯᠤᠰ ᠤᠨ ᠭᠠᠨᠰᠤ ᠮᠤᠵᠢ᠂ ᠲᠡᠷᠡ
ᠳᠣᠲᠣᠷ᠎ᠠ ᠪᠠᠨ ᠯᠢᠨᠱᠢᠶᠠ ᠲᠣᠭᠣᠷᠢᠭ᠂ ᠮᠥᠨ ᠤᠯᠤᠰ ᠤᠨ
ᠰᠢᠨᠵᠢᠶᠠᠩ ᠣᠷᠣᠨ ᠤ ᠢᠯᠢ ᠲᠣᠭᠣᠷᠢᠭ ᠪᠣᠯᠤᠨ
ᠬᠥᠬᠡᠨᠠᠭᠤᠷ ᠮᠤᠵᠢ᠂ ᠨᠢᠩᠱᠢᠶᠠ ᠣᠷᠣᠨ
ᠡᠵᠡᠮᠨᠡᠭᠴᠢ250,000 ᠬᠦᠮᠦᠨ (1999)
ᠬᠡᠯᠡᠲᠡᠨᠳ᠋ᠦᠩᠰᠢᠶᠠᠩ ᠶᠠᠰᠤᠲᠠᠨ
ᠲᠥᠷᠥᠯ ᠵᠦᠢ
ᠠᠯᠲᠠᠢ ᠢᠵᠠᠭᠤᠷ
ᠪᠢᠴᠢᠭ ᠦᠰᠦᠭᠠᠷᠠᠪ᠂ ᠯᠠᠲ᠋ᠢᠨ ᠦᠰᠦᠭ ᠢᠶᠡᠷ ᠪᠢᠴᠢᠬᠦ ᠳᠦᠷᠢᠮ ᠲᠡᠢ ᠴᠤ
ᠬᠡᠷᠡᠭᠵᠢᠳᠡᠭ ᠦᠭᠡᠢ ᠪᠠᠶᠢᠵᠤ ᠮᠠᠭᠠᠳ ᠦᠭᠡᠢ ᠪᠠᠶᠢᠨ᠎ᠠ᠃
ᠣᠯᠠᠨ ᠤᠯᠤᠰ ᠤᠨ ᠲᠣᠮᠢᠶᠠᠯᠠᠪᠤᠷᠢ  (ᠠᠩᠭᠯ᠃)
ISO 639-3sce

ᠳ᠋ᠦᠩᠰᠢᠶᠠᠩ ᠶᠠᠰᠤᠲᠠᠨ ᠤ ᠬᠡᠯᠡ ᠶᠠᠷᠢᠭ᠎ᠠ ᠶᠢ ᠳ᠋ᠦᠩᠰᠢᠶᠠᠩ ᠬᠡᠯᠡ (ᠬᠢᠲᠠᠳ ᠢᠶᠠᠷ 东乡语᠂ ᠠᠩᠭᠯᠢ ᠪᠠᠷ Santa language, Dongxiang language, ᠣᠷᠣᠰ ᠢᠶᠠᠷ Дунсянский язык᠂ ᠳ᠋ᠦᠩᠰᠢᠶᠠᠩ ᠢᠶᠠᠷ dungshiang kielien) ᠭᠡᠨ᠎ᠡ᠃ ᠠᠩᠭᠯᠢ Santa ᠭᠡᠳᠡᠭ ᠨᠢ ᠳ᠋ᠦᠩᠰᠢᠶᠠᠩᠴᠤᠳ ᠥᠪᠡᠷᠰᠡᠳ ᠢ ᠪᠡᠨ ᠰᠠᠨᠲ᠋ᠠ(ᠰᠠᠷᠲᠠ᠂ ᠰᠠᠷᠲᠠᠭᠤᠯ ᠭᠡᠰᠡᠨ ᠦᠭᠡ ᠲᠠᠢ ᠭᠠᠷᠤᠯ ᠨᠢᠭᠡ ᠲᠡᠢ᠂ ᠮᠦᠰᠯᠢᠮ ᠪᠤᠶᠤ ᠬᠣᠲᠣᠩ ᠬᠦᠮᠦᠰ ᠢ ᠴᠤ ᠵᠢᠭᠠᠳᠠᠭ) ᠭᠡᠵᠦ ᠬᠡᠯᠡᠵᠦ ᠪᠢᠴᠢᠳᠡᠭ ᠡᠴᠡ ᠡᠭᠦᠰᠦᠭᠰᠡᠨ ᠪᠠᠶᠢᠬᠤ ᠶᠢ ᠦᠭᠡᠶᠢᠰᠬᠡᠬᠦ ᠦᠭᠡᠢ᠃ ᠮᠣᠩᠭᠣᠯ ᠤᠯᠤᠰ ᠲᠤ ᠡᠨᠡ ᠲᠠᠯ᠎ᠠ ᠪᠠᠷ ᠰᠤᠳᠤᠯᠵᠤ ᠤᠳᠬ᠎ᠠ ᠶᠢ ᠨᠢ ᠲᠠᠶᠢᠯᠵᠤ ᠵᠥᠪᠲᠦᠭᠡᠪᠡᠯ ᠰᠠᠨᠳᠤ ᠬᠡᠯᠡ ᠭᠡᠵᠦ ᠨᠡᠷᠡᠶᠢᠳᠬᠦ ᠪᠣᠯᠤᠮᠵᠢ ᠲᠠᠢ᠃ ᠬᠡᠯᠡ ᠰᠢᠨᠵᠢᠭᠡᠴᠢᠳ ᠲᠥᠷᠥᠯ ᠭᠠᠷᠤᠯ ᠢᠶᠠᠷ ᠨᠢ ᠡᠨᠡ ᠳ᠋ᠦᠩᠰᠢᠶᠠᠩ ᠬᠡᠯᠡ ᠶᠢ ᠠᠯᠲᠠᠢ ᠢᠵᠠᠭᠤᠷ ᠤᠨ ᠮᠣᠩᠭᠣᠯ ᠪᠦᠯᠦᠭ ᠲᠦ ᠬᠠᠮᠢᠶᠠᠷᠤᠭᠤᠯᠳᠠᠭ᠃ ᠪᠤᠰᠤᠳ ᠮᠣᠩᠭᠣᠯ ᠲᠥᠷᠥᠯ ᠦᠨ ᠬᠡᠯᠡᠨ ᠦ ᠠᠳᠠᠯᠢ ᠪᠠᠷ ᠥᠭᠦᠯᠡᠭᠳᠡᠬᠦᠨ ᠲᠤᠰᠤᠭᠳᠠᠬᠤᠨ ᠥᠭᠦᠯᠡᠬᠦᠨ ᠭᠡᠬᠦ ᠥᠭᠦᠯᠡᠪᠦᠷᠢ ᠶᠢᠨ ᠪᠦᠲᠦᠴᠡ ᠲᠡᠢ ᠪᠠᠶᠢᠳᠠᠭ ᠴᠤ ᠬᠢᠲᠠᠳ ᠬᠡᠯᠡ ᠤ ᠦᠢᠯᠡᠴᠢᠯᠡᠯ ᠳᠦ ᠣᠷᠣᠭᠠᠳ ᠥᠭᠦᠯᠡᠬᠦᠨ᠂ ᠲᠤᠰᠤᠭᠳᠠᠬᠤᠨ ᠬᠣᠶᠠᠷ ᠤᠨ ᠪᠠᠶᠢᠷᠢ ᠰᠣᠯᠢᠭᠳᠠᠵᠤ ᠪᠠᠶᠢᠭ᠎ᠠ ᠶᠢ ᠪᠣᠣ ᠰᠠᠷᠠᠨ ᠭᠡᠬᠦ ᠡᠷᠳᠡᠮᠲᠡᠨ ᠠᠵᠢᠭᠯᠠᠭᠰᠠᠨ ᠪᠠᠶᠢᠨ᠎ᠠ᠃[1] ᠳ᠋ᠦᠩᠰᠢᠶᠠᠩ ᠬᠦᠮᠦᠰ ᠠᠷᠠᠪ ᠦᠰᠦᠭ ᠮᠡᠳᠡᠳᠡᠭ ᠪᠥᠭᠡᠳ ᠲᠡᠭᠦᠪᠡᠷ ᠢᠶᠡᠨ ᠬᠡᠯᠡ ᠪᠡᠨ ᠲᠡᠮᠳᠡᠭᠯᠡᠳᠡᠭ ᠪᠠᠶᠢᠵᠤ ᠪᠣᠯᠬᠤ ᠶᠤᠮ᠃ ᠭᠡᠪᠡᠴᠦ ᠡᠨᠡ ᠲᠠᠯ᠎ᠠ ᠪᠠᠷ ᠰᠤᠳᠤᠯᠤᠭᠰᠠᠨ ᠪᠠᠷᠢᠮᠲᠠ ᠪᠠᠷᠤᠭ ᠣᠯᠳᠠᠳᠠᠭ ᠦᠭᠡᠢ᠃ 2003 ᠤᠨ ᠳᠤ ᠪᠠᠰᠠ ᠨᠢᠭᠡᠨ ᠲᠥᠷᠥᠯ ᠬᠡᠯᠡᠲᠡᠨ ᠦ ᠪᠤᠶᠤ ᠮᠣᠩᠭᠣᠷ ᠯᠠᠲ᠋ᠢᠨ ᠦᠰᠦᠭ ᠢ ᠳ᠋ᠦᠩᠰᠢᠶᠠᠩ ᠬᠡᠯᠡ ᠶᠢ ᠲᠡᠮᠳᠡᠭᠯᠡᠬᠦ ᠳᠦ ᠠᠰᠢᠭᠯᠠᠬᠤ ᠶᠢ ᠵᠢᠭᠠᠭᠰᠠᠨ ᠴᠤ ᠭᠡᠰᠡᠨ ᠬᠡᠷᠡᠭᠵᠢᠬᠦ ᠦᠭᠡᠢ ᠯᠠ ᠪᠠᠶᠢᠭᠰᠠᠭᠠᠷ ᠭᠡᠵᠦ ᠠᠮᠧᠷᠢᠺᠠ ᠶᠢᠨ ᠡᠷᠳᠡᠮᠲᠡᠨ ᠺᠢᠮ ᠪᠢᠴᠢᠭᠰᠡᠨ ᠪᠠᠶᠢᠨ᠎ᠠ᠃[2]


ᠤᠩᠰᠢᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 包萨仁/Bao Saren (2006), "从语言接触看东乡语和临夏话的语序变化 /
    Sequential Changes in Dongxiang Language and Linxia Dialects from the View of Linguistic Contact"
  2. Kim, Stephen S. (2003), "Santa", in Janhunen, Juha, The Mongolic Languages, pp. 346–363

ᠪᠢᠴᠢᠭᠡᠰᠦ