ᠳ᠋ᠡᠷᠧᠽᠡᠳᠧᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳ᠋ᠡᠷᠧᠽᠡᠳᠧᠨ
ᠬᠣᠲᠠ
ᠴᠠᠭ ᠤᠨ ᠵᠡᠭᠦᠨ ᠦ ᠳᠠᠭᠠᠤ: ᠰᠥᠨᠢ ᠶᠢᠨ ᠳᠷᠧᠽᠳᠧᠨ᠂ ᠳ᠋ᠡᠷᠧᠽᠡᠳᠧᠨ ᠡᠮᠡᠭᠲᠡᠶᠢᠴᠦᠳ ᠦᠨ ᠰᠦᠮ᠎ᠡᠫᠢᠯᠨᠢᠲ᠋ᠴᠡ ᠶᠢᠨ ᠣᠷᠳᠣᠨᠳ᠋ᠡᠷᠧᠽᠡᠳᠧᠨ ᠦ ᠣᠷᠳᠣᠨᠴᠸᠢᠩ ᠢᠶᠧᠷ (ᠳ᠋ᠡᠷᠧᠽᠡᠳᠧᠨ.

ᠰᠦᠯᠳᠡ ᠲᠡᠮᠳᠡᠭ

ᠳ᠋ᠡᠷᠧᠽᠡᠳᠧᠨ
ᠳ᠋ᠡᠷᠧᠽᠡᠳᠧᠨ ᠬᠣᠲᠠ ᠶᠢᠨ ᠪᠠᠶᠢᠷᠢᠰᠢᠯ᠂ ᠭᠧᠷᠮᠠᠨ ᠤ ᠭᠠᠵᠠᠷ ᠤᠨ ᠵᠢᠷᠤᠭ ᠳᠡᠭᠡᠷ᠎ᠡ
ᠤᠯᠤᠰ ᠣᠷᠣᠨ Flag of Germany.svg ᠭᠧᠷᠮᠠᠨ
ᠮᠤᠵᠢ ᠤᠯᠤᠰ ᠰᠠᠺᠰᠣᠨ
ᠬᠣᠲᠠ ᠳ᠋ᠡᠷᠧᠽᠡᠳᠧᠨ
ᠭᠠᠵᠠᠷ ᠨᠤᠲᠤᠭ 328.31 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 112 ᠮ
ᠬᠦᠮᠦᠨ ᠠᠮᠠ 530.754 ᠬᠦᠮᠦᠨ (2013.12.31 ᠪᠠᠶᠢᠳᠠᠯ ᠢᠶᠠᠷ)
ᠨᠢᠭᠲᠠᠴᠠ ᠰᠡᠶᠢᠷᠡᠭ 1617 ᠬᠦᠮᠦᠨ/км²
ᠬᠣᠲᠠ ᠶᠢᠨ ᠳᠠᠷᠤᠭ᠎ᠠ ᠳ᠋ᠢᠷᠺ ᠬᠢᠯᠢᠪᠧᠷᠲ
ᠴᠠᠭ ᠤᠨ ᠪᠥᠰᠡ ᠲᠥᠪ ᠧᠦ᠋ᠷᠣᠫᠠ ᠶᠢᠨ ᠴᠠᠭ (ГЦ+1)
ᠤᠲᠠᠰᠤᠨ ᠳ᠋ᠣᠭᠠᠷ +49 (0)351,
+49 (0)35201(ᠯᠠᠩᠭᠧᠪᠡᠷᠺ)
ᠰᠢᠤᠳᠠᠨ ᠳᠤᠭᠠᠷ 01067-01328,
01465 (ᠯᠠᠩᠭᠧᠪᠡᠷᠺ᠂ ᠱᠶᠣᠨᠪᠤᠷᠢᠨ)
ᠮᠠᠰᠢᠨ ᠤ ᠳ᠋ᠣᠭᠠᠷ DD
ᠴᠠᠬᠢᠮ ᠭᠠᠵᠠᠷ www.dresden.de (ᠭᠧᠷᠮᠠᠨ ᠢᠶᠠᠷ)
TyDresden20050921i0636.jpg
ᠳ᠋ᠡᠷᠧᠽᠡᠳᠧᠨ (
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 ᠬᠡᠯᠡᠯᠭᠡ, ᠬᠠᠭᠤᠴᠢᠨ ᠤ ᠰᠣᠷᠪ ᠬᠡᠯᠡ ᠪᠡᠷ „ᠨᠠᠮᠤᠭ-《 ᠡᠰᠡᠪᠡᠯ „ᠠᠤᠪᠠᠯ ᠳᠤ ᠍ ᠣᠷᠣᠰᠢᠨ ᠰᠠᠭᠤᠭᠴᠢᠳ《)[1] ᠪᠣᠯ ᠴᠢᠯᠦᠭᠡᠲᠦ ᠤᠯᠤᠰ ᠰᠠᠺᠰᠣᠨ ᠮᠤᠵᠢ ᠶᠢᠨ ᠨᠡᠶᠢᠰᠯᠡᠯ ᠶᠤᠮ᠃ ᠳ᠋ᠡᠷᠧᠽᠡᠳᠧᠨ ᠨᠢ ᠡᠯᠪᠡ ᠮᠥᠷᠡᠨ ᠦ ᠳᠡᠷᠭᠡᠳᠡ ᠣᠷᠣᠰᠢᠳᠠᠭ᠃ ᠠᠯᠪᠠᠨ ᠶᠣᠰᠣᠨ ᠤ ᠪᠦᠷᠢᠳᠬᠡᠯ 2014 ᠣᠨ ᠤ ᠠᠷᠪᠠᠨ ᠬᠣᠶᠠᠳᠤᠭᠠᠷ ᠰᠠᠷ᠎ᠠ ᠶᠢᠨ 31 ᠍ ᠳᠦ ᠬᠢᠭᠳᠡᠭᠰᠡᠨ ᠪᠠ ᠲᠡᠭᠦᠨ ᠳᠦ ᠨᠡᠶᠢᠲᠡ 541.304 ᠬᠦᠮᠦᠨ ᠠᠮᠠ ᠪᠦᠷᠢᠳᠬᠡᠭᠳᠡᠭᠰᠡᠨ ᠪᠥᠭᠡᠳ ᠡᠨᠡ ᠲᠣᠭ᠎ᠠ ᠪᠠᠷ ᠢᠶᠠᠨ ᠭᠧᠷᠮᠠᠨ ᠤᠯᠤᠰ ᠲᠤ ᠪᠠᠨ 12 ᠍ ᠳᠦᠭᠡᠷ ᠲᠣᠮᠣ ᠬᠣᠲᠠ ᠶᠢᠨ ᠲᠣᠭᠠᠨ ᠳᠤ ᠣᠷᠣᠵᠤ ᠶᠠᠪᠤᠳᠠᠭ᠃ ᠮᠥᠨ ᠡᠨᠡ ᠲᠣᠭ᠎ᠠ ᠨᠢ ᠯᠠᠶᠢᠫᠼᠢᠭ ᠬᠣᠲᠠ ᠶᠢᠨ ᠬᠦᠮᠦᠨ ᠠᠮᠠ ᠶᠢᠨ ᠲᠣᠭ᠎ᠠ ᠲᠠᠢ ᠣᠶᠢᠷᠠᠯᠴᠠᠭ᠎ᠠ ᠲᠤᠯᠠ ᠲᠣᠮᠣ ᠬᠣᠲᠠ ᠨᠤᠭᠤᠳ ᠤᠨ ᠳᠡᠰ ᠳᠠᠷᠠᠭᠠᠯᠠᠯ ᠳᠤ ᠡᠨᠡ ᠬᠣᠶᠠᠷ ᠬᠣᠲᠠ ᠶᠢᠨ ᠪᠠᠶᠢᠷᠢ ᠪᠠᠶᠢᠩᠭᠤ ᠰᠣᠯᠢᠭᠳᠠᠵᠤ ᠪᠠᠶᠢᠳᠠᠭ᠃[2]

ᠠᠷᠬᠧᠣᠯᠣᠭᠢ ᠶᠢᠨ ᠣᠯᠳᠠᠪᠤᠷᠢ ᠨᠤᠭᠤᠳ ᠠᠴᠠ ᠬᠠᠷᠠᠵᠤ ᠪᠠᠶᠢᠬᠤ ᠳᠤ ᠡᠨᠡ ᠬᠣᠲᠠ ᠶᠢᠨ ᠭᠠᠵᠠᠷ ᠨᠤᠲᠤᠭ ᠲᠤ ᠴᠢᠯᠠᠭᠤᠨ ᠵᠡᠪᠰᠡᠭ ᠦᠨ ᠦᠶ᠎ᠡ ᠳᠤ ᠬᠦᠮᠦᠰ ᠣᠷᠣᠰᠢᠨ ᠰᠠᠭᠤᠵᠤ ᠪᠠᠶᠢᠭᠰᠠᠨ ᠨᠢ ᠲᠣᠳᠣᠷᠬᠠᠢ ᠪᠠᠶᠢᠳᠠᠭ᠃ ᠠᠩᠬᠠᠨ ᠤ ᠨᠣᠲᠠᠯᠠᠭᠳᠠᠭᠰᠠᠨ ᠪᠠᠷᠢᠮᠲᠠ ᠨᠢ 1206 ᠣᠨ ᠳᠤ ᠪᠢᠴᠢᠭᠳᠡᠭᠰᠡᠨ ᠭᠡᠷᠡᠴᠢᠯᠡᠭᠡ ᠪᠠᠶᠢᠳᠠᠭ ᠪᠠ ᠡᠭᠦᠨ ᠳᠦ ᠰᠠᠺᠰᠣᠨ ᠤ ᠪᠦᠭᠦᠳᠡ ᠨᠠᠶᠢᠷᠠᠮᠳᠠᠬᠤ ᠤᠯᠤᠰ ᠤᠨ ᠨᠡᠶᠢᠰᠯᠡᠯ ᠬᠣᠲᠠ ᠬᠡᠮᠡᠨ ᠪᠢᠴᠢᠭᠳᠡᠭᠰᠡᠨ ᠪᠠᠶᠢᠳᠠᠭ᠃

ᠳ᠋ᠡᠷᠧᠽᠡᠳᠧᠨ ᠨᠢ ᠮᠤᠵᠢ ᠤᠯᠤᠰ ᠤᠨ ᠨᠡᠶᠢᠰᠯᠡᠯ ᠤᠴᠢᠷ ᠰᠠᠺᠰᠣᠨ ᠤ ᠤᠯᠤᠰ ᠲᠥᠷᠥ ᠶᠢᠨ ᠲᠥᠪ; ᠰᠠᠺᠰᠣᠨ ᠤ ᠴᠢᠯᠦᠭᠡᠲᠦ ᠤᠯᠤᠰ ᠨᠢ ᠡᠨᠳᠡ ᠤᠯᠤᠰ ᠤᠨ ᠢᠶᠠᠨ ᠪᠣᠯᠪᠠᠰᠤᠷᠠᠯ ᠤᠨ ᠲᠥᠪ ᠦᠳ ᠪᠣᠯᠤᠨ ᠰᠤᠶᠤᠯ ᠤᠷᠠᠯᠢᠭ ᠤᠨ ᠲᠥᠪ ᠦᠳ ᠢ ᠳᠷᠧᠽᠳᠧᠨᠳ ᠲᠥᠪᠯᠡᠷᠡᠭᠦᠯᠦᠭᠰᠡᠨ ᠪᠠᠶᠢᠳᠠᠭ᠃ ᠶᠠᠮᠠᠷ ᠨᠢᠭᠡ ᠲᠣᠭᠣᠷᠢᠭ ᠬᠣᠳᠠ ᠳᠤ ᠬᠠᠷᠢᠶᠠᠯᠠᠭᠳᠠᠳᠠᠭ ᠦᠭᠡᠢ ᠳ᠋ᠡᠷᠧᠽᠡᠳᠧᠨ ᠨᠢ ᠲᠡᠭᠦᠨ ᠢ ᠲᠣᠭᠣᠷᠢᠭᠰᠠᠨ ᠬᠣᠲᠠ ᠨᠤᠭᠤᠳ ᠲᠤ ᠵᠠᠮ ᠲᠡᠭᠡᠭᠡᠪᠦᠷᠢ ᠶᠢᠨ ᠵᠠᠩᠭᠢᠯᠠᠭ᠎ᠠ ᠴᠡᠭ ᠪᠣᠯᠤᠨ ᠡᠳ᠋ ᠍ ᠦᠨ ᠵᠠᠰᠠᠭ ᠤᠨ ᠲᠥᠪ ᠪᠣᠯᠵᠤ ᠥᠭᠳᠡᠭ᠃ ᠳ᠋ᠡᠷᠧᠽᠡᠳᠧᠨ ᠢ ᠡᠯᠪᠹᠯᠣᠷᠧᠨ᠋ᠽ ᠭᠡᠵᠦ ᠦᠶ᠎ᠡ ᠦᠶ᠎ᠡ ᠨᠡᠷᠡᠯᠡᠬᠦ ᠪᠠ ᠡᠨᠡ ᠲᠡᠭᠦᠨ ᠦ ᠰᠤᠶᠤᠯ ᠤᠨ ᠥᠪ ᠪᠣᠯᠤᠨ ᠤᠷᠠᠨ ᠪᠠᠷᠢᠯᠭ᠎ᠠ ᠠᠷᠬᠢᠲ᠋ᠧᠺᠲ᠋ᠣᠷ ᠤᠨ ᠲᠠᠯ᠎ᠠ ᠠᠴᠠ ᠪᠠᠨ ᠴᠤ ᠲᠡᠷᠡ ᠡᠯᠪᠡ ᠮᠥᠷᠡᠨ ᠦ ᠳᠡᠷᠭᠡᠳᠡᠬᠢ ᠦᠵᠡᠰᠬᠦᠯᠡᠩᠲᠦ ᠪᠠᠶᠢᠭᠠᠯᠢ ᠪᠠᠷ ᠢᠶᠠᠨ ᠴᠤ ᠲᠡᠷᠡ ᠢᠩᠭᠢᠵᠦ ᠨᠡᠷᠡᠯᠡᠭᠳᠡᠬᠦ ᠳᠦ ᠬᠦᠷᠭᠡᠳᠡᠭ ᠪᠠᠶᠢᠨ᠎ᠠ᠃ ᠤᠷᠠᠨ ᠪᠠᠷᠢᠯᠭ᠎ᠠ ᠶᠢᠨ ᠬᠠᠮᠤᠭ ᠯᠠ ᠰᠢᠯᠢᠳᠡᠭ ᠦᠳ ᠢ ᠨᠢ ᠳᠡᠯᠡᠬᠡᠢ ᠶᠢᠨ 2 ᠍ ᠳᠦᠭᠡᠷ ᠳᠠᠶᠢᠨ ᠤᠰᠠᠳᠬᠠᠵᠤ ᠦᠭᠡᠢ ᠪᠣᠯᠭᠠᠭᠰᠠᠨ ᠪᠠᠶᠢᠨ᠎ᠠ᠃[3]

ᠸᠪ ᠬᠠᠭᠤᠳᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Ernst Eichler und Hans Walther: Sachsen. Alle Städtenamen und deren Geschichte, Faber und Faber Verlag, Leipzig 2007, ISBN 978-3-86730-038-4, S.54f.
  2. http://www.statistik.sachsen.de/download/010_GB-Bev/Bev_Z_Kreis_akt.pdf auf www.statistik.sachsen.de 11. April 2014
  3. z. B. Eberhard Straub: Die Schönste im ganzen Land. Warum Dresden München den Rang abläuft. FAZ, 21. März 2007, abgerufen am 25. Juli 2014

ᠪᠢᠴᠢᠭᠡᠰᠦ