ᠳ᠋ᠠᠪᠠᠨ  ᠤ ᠨᠢᠭᠡᠳᠤᠭᠡᠷ ᠳᠤᠮᠳᠠᠳᠤ ᠰᠤᠷᠭᠠᠭᠤᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳ᠋ᠠᠪᠠᠨ  ᠤ ᠨᠢᠭᠡᠳᠤᠭᠡᠷ ᠳᠤᠮᠳᠠᠳᠤ ᠰᠤᠷᠭᠠᠭᠤᠯᠢ


ᠲᠡᠤᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠋ᠠᠪᠠᠨ ᠨᠢᠭᠡᠳᠦᠭᠡᠷ ᠳᠤᠮᠳᠠᠳᠤ ᠰᠤᠷᠭᠠᠭᠤᠯᠢ ᠨᠢ ᠥᠨᠢ ᠤᠳᠠᠭᠠᠨ ᠲᠡᠦᠬᠡ ᠲᠡᠶ ᠂ ᠭᠡᠷᠡᠯ ᠰᠠᠴᠤᠷᠠᠩᠭᠤᠶ ᠠᠮᠵᠢᠯᠲᠠ ᠲᠡᠶ ᠂ 《 ᠪᠠᠭᠠᠷᠢᠨ ᠰᠣᠶᠣᠯ ᠤᠨ ᠥᠯᠥᠭᠡᠶ 》 ᠭᠡᠰᠡᠨ ᠰᠠᠶᠢᠬᠠᠨ ᠨᠡᠷ᠎ᠡ ᠲᠠᠢ ᠨᠢᠭᠡᠨ ᠮᠤᠨᠭᠭᠤᠯ ᠪᠡᠷ ᠬᠢᠴᠢᠶᠡᠯᠯᠡᠵᠦ ᠪᠠᠢᠭ᠎ᠠ ᠦᠨᠳᠦᠰᠦᠲᠡᠨ ᠦ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠪᠤᠯᠤᠨ ᠠ᠃ ᠳ᠋ᠠᠪᠠᠨ ᠨᠢᠭᠡᠳᠦᠭᠡᠷ ᠳᠤᠮᠳᠠᠳᠤ ᠰᠤᠷᠭᠠᠭᠤᠯᠢ ᠨᠢ 1956 ᠣᠨ ᠳᠤ ᠡᠭᠦᠳᠦᠨ ᠪᠠᠢᠭᠤᠯᠠᠭᠳᠠᠵᠥ᠂ ᠲᠤᠬᠠᠶ ᠶᠢᠨ ᠦᠶ᠎ᠡ ᠳᠦ 《 ᠶᠡᠬᠡ ᠪᠠᠶᠢᠰᠢᠩ ᠳᠤᠮᠳᠠᠳᠤ ᠰᠤᠷᠭᠠᠭᠤᠯᠢ 》ᠭᠡᠳᠡᠭ ᠂ 1958 ᠣᠨ ᠳᠤ ᠨᠡᠷ᠎ᠡ ᠪᠡᠨ 《 ᠳ᠋ᠠᠪᠠᠨ ᠨᠢᠭᠡᠳᠦᠭᠡᠷ ᠳᠤᠮᠳᠠᠳᠤ ᠰᠤᠷᠭᠠᠭᠤᠯᠢ 》 ᠭᠡᠵᠥ ᠬᠠᠯᠠᠵᠠᠢ᠃ 2008 ᠤᠨ  ᠤ 8 ᠰᠠᠷ ᠠ  ᠳᠤ ᠠᠨᠭᠬ ᠠ ᠂ ᠥᠨᠳᠤᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠡᠷᠬᠢᠯᠡᠬᠦ ᠨᠢ ᠰᠠᠯᠵᠤ ᠂ ᠪᠡᠶ᠎ᠡ ᠪᠡᠨ ᠲᠠᠭᠠᠭᠰᠠᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠪᠤᠯᠵᠠᠢ᠃ 2013 ᠣᠨ ᠤ 10 ᠰᠠᠷ᠎ᠠ  ᠳᠤ ᠰᠢᠨ ᠡ ᠰᠤᠷᠭᠠᠭᠤᠯᠢ  ᠶᠢᠨ ᠪᠠᠢᠴᠠ  ᠳᠤ ᠰᠢᠯᠵᠢᠵᠠᠢ᠃

ᠲᠦᠢᠮᠦ ᠪᠠᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠋ᠠᠪᠠᠨ ᠤ᠋ ᠨᠢᠭᠡᠳᠦᠭᠡᠷ ᠳᠤᠮᠳᠠᠳᠤ ᠰᠤᠷᠭᠠᠭᠤᠯᠢ  ᠳᠤ ᠤᠳᠤ ᠬᠤᠷᠢ ᠭᠠᠷᠤᠢ ᠠᠩᠭᠢ ᠲᠠᠢ ᠂ ᠰᠤᠷᠭᠠᠭᠤᠯᠢ ᠳᠤ 1200 ᠢᠯᠡᠬᠥᠤ ᠰᠤᠷᠤᠭᠴᠢ ᠪᠠᠢᠵᠥ᠂ ᠡᠭᠦᠨ ᠦ ᠳᠣᠲᠣᠷ᠎ᠠ ᠤᠯᠠᠨᠭᠬᠢ ᠨᠢ ᠪᠠᠢᠷᠢ  ᠶᠢᠨ ᠰᠤᠷᠤᠭᠴᠢ ᠪᠠᠢᠵᠥ ᠂ ᠠᠵᠢᠯ ᠳᠤ ᠪᠠᠶᠢᠭ᠎ᠠ ᠪᠠᠭᠰᠢ ᠠᠵᠢᠯᠳᠠᠨ ᠨᠢ 160 ᠭᠠᠷᠤᠢ ᠬᠥᠮᠦᠨ ᠪᠠᠢᠨ ᠠ ᠃ ᠠᠵᠢᠯ ᠳᠤ ᠪᠠᠶᠢᠭ᠎ᠠ ᠪᠠᠭᠰᠢ ᠠᠵᠢᠯᠲᠠᠨ ᠠᠵᠢᠯᠴᠢᠨ ᠤ ᠳᠤᠮᠳᠠ ᠂ ᠥᠪᠡᠷᠲᠡᠭᠡᠨ ᠵᠠᠰᠠᠬᠤ ᠣᠷᠣᠨ  ᠤ ᠣᠨᠴᠠ ᠳᠡᠰ ᠤᠨ ᠪᠠᠭᠰᠢ 1 ᠨᠡᠷ᠎ᠡ ᠂ ᠥᠪᠡᠷᠲᠡᠭᠡᠨ ᠵᠠᠰᠠᠬᠤ ᠣᠷᠣᠨ ᠤ ᠪᠠᠭᠰᠢ 1 ᠬᠥᠮᠦᠨ ᠂ ᠤᠯᠠᠭᠠᠨᠬᠠᠳᠠ ᠬᠣᠲᠠ ᠶᠢᠨ ᠪᠠᠭᠰᠢ 1 ᠨᠡᠷ᠎ᠡ ; ᠬᠤᠳᠠ ᠶᠢᠨ ᠱᠠᠲᠤᠨ  ᠤ᠍ ᠡᠷᠳᠡᠮ ᠰᠢᠨᠵᠢᠯᠡᠭᠡᠨ  ᠤ ᠲᠠᠭᠠᠭᠤᠯᠤᠭᠴᠢ ᠶᠢ ᠬᠤᠳᠠ ᠶᠢᠨ ᠲᠡᠰ ᠤᠨ 9 ᠬᠥᠮᠦᠨ ᠂ ᠥᠪᠡᠷᠲᠡᠭᠡᠨ ᠵᠠᠰᠠᠬᠤ ᠣᠷᠣᠨ  ᠤ ᠵᠢᠭᠠᠨ ᠰᠤᠷᠭᠠᠬᠤ ᠴᠢᠳᠠᠪᠤᠷᠢᠲᠠᠨ 5 ᠨᠡᠷᠡᠰ ᠂ ᠬᠤᠳᠠ ᠶᠢᠨ ᠱᠠᠲᠤᠨ ᠤ 12 ᠨᠡᠷ᠎ᠡ ; ᠥᠪᠡᠷᠲᠡᠭᠡᠨ ᠵᠠᠰᠠᠬᠤ ᠣᠷᠣᠨ  ᠤ ᠭᠣᠣᠯᠯᠠᠬᠤ ᠪᠠᠭᠰᠢ 3 ᠨᠡᠷ᠎ᠡ ᠂ ᠬᠣᠲᠠ ᠶᠢᠨ ᠳᠡᠰ ᠤᠨ 33 ᠂ ᠳᠡᠭᠡᠳᠦ ᠵᠡᠷᠭᠡ ᠶᠢᠨ ᠪᠠᠭᠰᠢ ᠶᠢᠨ 64 ᠬᠥᠮᠦᠨ ᠂ ᠳᠤᠮᠳᠠᠳᠤ ᠰᠤᠷᠭᠠᠭᠤᠯᠢ ᠶᠢᠨ ᠨᠢᠭᠡᠳᠦᠭᠡᠷ ᠳᠡᠰ ᠤᠨ ᠪᠠᠭᠰᠢ ᠂ 37 ᠬᠥᠮᠦᠨ ᠂ ᠪᠠᠭᠰᠢ ᠶᠢᠨ ᠰᠤᠷᠤᠯᠭ᠎ᠠ ᠶᠢᠨ ᠨᠠᠮᠲᠠᠷ ᠤᠨ ᠬᠢᠷᠢ ᠳᠦ ᠲᠡᠡᠭᠴᠡᠬᠦ ᠨᠤᠷᠮ᠎ᠠ 90 %  ᠶᠢ ᠡᠵᠡᠯᠡᠪᠡ ᠃ ᠰᠤᠷᠭᠠᠭᠤᠯᠢ ᠶᠢᠨ ᠶᠡᠷᠦᠩᠬᠡᠶ ᠭᠠᠵᠠᠷ  ᠶᠢᠨ ᠲᠠᠯᠠᠪᠠᠢ 73400㎡ ᠂ ᠰᠤᠷᠤᠭᠴᠢᠳ ᠤᠨ ᠬᠥᠳᠡᠯᠮᠦᠷᠢ ᠶᠢᠨ ᠮᠡᠷᠭᠡᠵᠢᠯ ᠬᠢᠴᠢᠶᠡᠯ  ᠶᠢᠨ ᠰᠠᠭᠤᠷᠢᠨ ᠭᠠᠵᠠᠷ  ᠨᠢ 300 ᠮᠥ ᠪᠠᠢᠵᠥ ᠂ ᠰᠤᠷᠭᠠᠭᠤᠯᠢ ᠶᠢᠨ ᠶᠡᠷᠦᠩᠬᠡᠶ ᠪᠠᠷᠢᠯᠭ᠎ᠠ ᠶᠢᠨ ᠲᠠᠯᠠᠪᠠᠢ ᠨᠢ 24423㎡ᠬᠥᠷᠴᠠᠢ᠃

ᠤᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠷᠭᠠᠭᠤᠯᠢ ᠨᠢ ᠦᠨᠳᠦᠰᠦᠲᠡᠨ ᠦ ᠤᠯᠠᠮᠵᠢᠯᠠᠯᠲᠤ ᠰᠤᠶᠤᠯ ᠂ ᠵᠠᠩ ᠳᠠᠳᠬᠠᠯ ᠂ ᠪᠡᠶ᠎ᠡ ᠲᠠᠮᠢᠷ ᠤᠨ ᠤᠷᠤᠯᠳᠤᠭᠠᠨ ᠤ ᠵᠦᠢᠯ ᠪᠣᠯᠭᠠᠨ ᠰᠤᠷᠭᠠᠭᠤᠯᠢ ᠶᠢᠨ ᠬᠦᠷᠢᠶᠡᠨ ᠦ ᠰᠣᠶᠣᠯ ᠤᠨ ᠣᠨᠴᠠᠯᠢᠭ ᠪᠦᠬᠦᠢ ᠪᠡᠷ  ᠡᠶᠡᠨ ᠬᠣᠯᠠ  ᠳᠤ ᠠᠯᠳᠠᠷᠲᠠᠢ ᠃ ᠰᠤᠷᠭᠠᠭᠤᠯᠢ ᠰᠤᠷ ᠬᠠᠷᠪᠤᠬᠤ ᠠᠩᠭᠢ ᠂ ᠪᠥᠬᠡ ᠤᠷᠤᠬᠤ ᠠᠩᠭᠢ ᠂ ᠮᠣᠷᠢᠨ ᠬᠤᠭᠤᠷ ᠤᠨ ᠬᠥᠭᠵᠢᠮ  ᠶᠢᠨ ᠠᠩᠭᠢ ᠂ ᠥᠨᠳᠤᠰᠤᠲᠡᠨ  ᠤ ᠪᠥᠵᠭ᠌  ᠶᠢᠨ ᠠᠩᠭᠢ ᠵᠢᠴᠢ 《 ᠮᠣᠩᠭᠣᠯ ᠤᠨ ᠤᠯᠠᠮᠵᠢᠯᠠᠯᠲᠤ ᠰᠣᠶᠣᠯ ᠵᠠᠩᠰᠢᠯ ᠤᠨ ᠦᠵᠡᠰᠬᠦᠯᠡᠩ 》 ᠂ 《 ᠪᠠᠭᠠᠷᠢᠨ ᠪᠢᠯᠢᠭ᠌ 》 ᠨᠣᠮ ᠤᠨ ᠥᠷᠥᠭᠡ ᠪᠣᠯᠤᠨ ᠬᠠᠷᠭᠤᠭᠤᠯᠤᠭᠰᠠᠨ ᠳᠡᠪᠲᠡᠷ ᠬᠢᠴᠢᠶᠡᠯ ᠦᠨ ᠪᠦᠲᠦᠭᠡᠨ ᠪᠠᠶᠢᠭᠤᠯᠤᠯᠲᠠ ᠵᠡᠷᠭᠡ ᠨᠢ  ᠰᠤᠷᠭᠠᠭᠤᠯᠢ ᠶᠢᠨ ᠬᠦᠷᠢᠶᠡᠨ ᠦ ᠰᠣᠶᠣᠯ ᠤᠨ ᠣᠨᠴᠠᠯᠢᠭ ᠪᠦᠬᠦᠢ ᠣᠷᠴᠢᠨ ᠠᠬᠤᠶ ᠶᠢ ᠨᠡᠩ ᠲᠤᠳᠤᠷᠬᠠᠢ ᠪᠤᠢ ᠪᠤᠯᠭᠠᠵᠠᠢ ᠃ ᠰᠤᠷᠭᠠᠭᠤᠯᠢ  ᠶᠢᠨ ᠰᠤᠷ ᠬᠠᠷᠪᠤᠬᠤ ᠠᠩᠭᠢ ᠤᠯᠠᠨ ᠤᠳᠠᠭ᠎ᠠ ᠳᠡᠯᠡᠬᠡᠶ ᠳᠡᠭᠡᠷ᠎ᠡ ᠂ ᠪᠦᠬᠦ ᠤᠯᠤᠰ ᠤᠨ ᠂ ᠥᠪᠡᠷᠲᠡᠭᠡᠨ ᠵᠠᠰᠠᠬᠤ ᠣᠷᠣᠨ  ᠤ ᠴᠢᠬᠤᠯᠠ ᠶᠡᠬᠡ ᠤᠷᠤᠯᠳᠤᠭᠠᠨ ᠳᠤ ᠰᠠᠢᠢᠨ ᠬᠢᠷᠢ ᠪᠦᠲᠦᠮᠵᠢ ᠣᠯᠵᠤ ᠂ ᠤᠯᠤᠰ ᠤᠨ ᠳᠡᠰ ᠤᠨ ᠠᠪᠤᠷᠭᠤ ᠲᠠᠮᠢᠷᠴᠢᠨ ᠮᠠᠰᠢ ᠤᠯᠠᠨ ᠴᠣᠯᠭᠣᠷᠠᠨ ᠭᠠᠷᠴᠤ ᠂ ᠪᠦᠬᠦ ᠤᠯᠤᠰ ᠤᠨ ᠲᠠᠮᠢᠷ ᠤᠨ ᠴᠤᠭᠯᠠᠭᠠᠨ  ᠤ ᠠᠯᠳᠠ ᠮᠥᠩᠭᠥᠨ ᠮᠧᠳᠠᠯ ᠠᠷᠪᠢᠨ ᠠᠪᠤᠭᠴᠢ ᠃

ᠪᠢᠴᠢᠭᠡᠰᠦ