ᠲᠷᠠᠨᠰᠹᠣᠷᠮᠠᠲ᠋ᠣᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠷᠠᠨᠰᠹᠣᠷᠮᠠᠲ᠋ᠣᠷ
Figure 1:ᠲᠷᠠᠨᠰᠹᠣᠷᠮᠠᠲ᠋ᠣᠷ᠃

ᠲᠷᠠᠨᠰᠹᠣᠷᠮᠠᠲ᠋ᠣᠷ ᠪᠤᠶᠤ ᠬᠤᠪᠢᠰᠬᠠᠭᠤᠷ ᠨᠢ ᠴᠠᠬᠢᠯᠭᠠᠨ ᠡᠨᠧᠷᠭᠢ ᠍ ᠶᠢ ᠨᠢᠭᠡ ᠬᠡᠯᠬᠢᠶᠡᠨ ᠡᠴᠡ ᠨᠥᠭᠥᠭᠡ ᠳᠦ ᠳᠠᠮᠵᠢᠭᠤᠯᠳᠠᠭ ᠲᠥᠬᠥᠭᠡᠷᠦᠮᠵᠢ ᠶᠤᠮ᠃ ᠨᠢᠭᠡ ᠶᠣᠰᠣᠨ ᠳᠤ ᠪᠠᠨ ᠲᠷᠠᠨᠰᠹᠣᠷᠮᠠᠲ᠋ᠣᠷ ᠨᠢ ᠴᠠᠬᠢᠯᠭᠠᠨ ᠡᠨᠧᠷᠭᠢ ᠶᠢ ᠬᠤᠪᠢᠷᠠᠭᠠᠬᠤ ᠵᠣᠷᠢᠭᠤᠯᠤᠯᠲᠠ ᠪᠦᠬᠦᠢ ᠴᠠᠬᠢᠯᠭᠠᠨ ᠰᠣᠷᠢᠨᠵᠢᠨ ᠰᠲ᠋ᠠᠲ᠋ᠢᠭ ᠠᠫᠫᠠᠷᠠᠲ ᠶᠤᠮ᠃

ᠲᠷᠠᠨᠰᠹᠣᠷᠮᠠᠲ᠋ᠣᠷ ᠢ ᠳᠣᠲᠣᠷ᠎ᠠ ᠨᠢ:

  1. ᠬᠦᠴᠦᠨ ᠦ
  2. ᠬᠡᠮᠵᠢᠭᠦᠷ ᠦᠨ
  3. ᠲᠤᠰᠬᠠᠢ ᠵᠣᠷᠢᠭᠤᠯᠤᠯᠲᠠ ᠶᠢᠨ
  4. ᠠᠬᠤᠢ ᠶᠢᠨ ᠭᠡᠵᠦ ᠠᠩᠭᠢᠯᠠᠨ᠎ᠠ᠃

ᠡᠳᠡᠭᠡᠷ ᠡᠴᠡ ᠬᠠᠮᠤᠭ ᠤᠨ ᠶᠡᠬᠡ ᠥᠷᠭᠡᠨ ᠬᠡᠷᠡᠭᠯᠡᠭᠳᠡᠳᠡᠭ ᠨᠢ ᠬᠦᠴᠦᠨ ᠦ ᠲᠷᠠᠨᠰᠹᠣᠷᠮᠠᠲ᠋ᠣᠷ ᠪᠥᠭᠡᠳ ᠡᠨᠡ ᠨᠢ ᠬᠤᠪᠢᠰᠬᠤ ᠴᠠᠬᠢᠯᠭᠠᠨ ᠡᠷᠴᠢᠮ ᠬᠦᠴᠦ ᠶᠢ (ᠡᠨᠧᠷᠭᠢ ᠶᠢ) ᠬᠦᠴᠦᠳᠡᠯ ᠦᠨ (ᠸᠣᠯᠲ᠋) ᠨᠢᠭᠡ ᠲᠦᠪᠰᠢᠨ ᠡᠴᠡ ᠨᠥᠭᠥᠭᠡ ᠲᠦᠪᠰᠢᠨ ᠳᠦ᠂ ᠳᠠᠪᠲᠠᠮᠵᠢ ᠶᠢ ᠨᠢ ᠥᠭᠡᠷᠡᠴᠢᠯᠡᠬᠦ ᠦᠭᠡᠢ ᠪᠡᠷ ᠬᠤᠪᠢᠷᠠᠭᠠᠨ ᠰᠢᠯᠵᠢᠭᠦᠯᠬᠦ ᠵᠣᠷᠢᠭᠤᠯᠤᠯᠲᠠ ᠪᠦᠬᠦᠢ ᠴᠠᠬᠢᠯᠭᠠᠨ ᠮᠠᠰᠢᠨ ᠶᠤᠮ᠃ ᠳᠣᠲᠣᠷ᠎ᠠ ᠨᠢ ᠥᠰᠬᠡᠬᠦ ᠪᠠ ᠪᠠᠭᠤᠷᠠᠭᠤᠯᠬᠤ ᠭᠡᠵᠦ ᠬᠣᠶᠠᠷ ᠠᠩᠭᠢᠯᠠᠨ᠎ᠠ᠃

ᠬᠦᠴᠦᠨ ᠦ ᠲᠷᠠᠨᠰᠹᠣᠷᠮᠠᠲ᠋ᠣᠷ ᠤᠨ ᠦᠨᠳᠦᠰᠦᠨ ᠡᠳ᠋ ᠠᠩᠭᠢ ᠨᠢ ᠰᠣᠷᠢᠨᠵᠢᠨ ᠳᠠᠮᠵᠢᠭᠤᠯᠤᠭᠴᠢ ᠪᠣᠯᠬᠤ ᠵᠢᠷᠦᠬᠡᠪᠴᠢ᠂ ᠴᠠᠬᠢᠯᠭᠠᠨ ᠭᠦᠶᠦᠳᠡᠯ ᠳᠠᠮᠵᠢᠭᠤᠯᠬᠤ ᠡᠭᠦᠷᠭᠡ ᠲᠡᠢ ᠳᠠᠮᠵᠢᠭᠤᠯᠤᠭᠴᠢ ᠤᠲᠠᠰᠤ ᠪᠦᠬᠦᠢ ᠣᠷᠢᠶᠠᠮᠠᠭ ᠤᠳ ᠠᠴᠠ ᠪᠥᠷᠢᠳᠦᠨ᠎ᠡ᠃ ᠲᠷᠠᠨᠰᠹᠣᠷᠮᠠᠲ᠋ᠣᠷ ᠨᠢ ᠪᠦᠲᠦᠴᠡ ᠶᠢᠨ ᠬᠤᠪᠢ ᠳᠤ ᠪᠦᠲᠦᠴᠡ ᠨᠢ ᠰᠣᠷᠢᠨᠵᠢᠨ ᠳᠠᠮᠵᠢᠭᠤᠯᠤᠭᠴᠢ (ᠵᠢᠷᠦᠬᠡᠪᠴᠢ), ᠹᠧᠷᠷᠣᠰᠣᠷᠢᠨᠵᠢᠨ ᠵᠥᠭᠡᠯᠡᠨ ᠰᠣᠷᠢᠨᠵᠢᠨ ᠮᠠᠲ᠋ᠧᠷᠢᠶᠠᠯ ᠳᠤ ᠨᠢᠭᠡ (ᠠᠦ᠋ᠲ᠋ᠣᠲᠷᠠᠨᠰᠹᠣᠷᠮᠠᠲ᠋ᠣᠷ) ᠡᠰᠡᠪᠡᠯ ᠬᠡᠳᠦ ᠬᠡᠳᠦᠨ ᠲᠤᠰᠠᠭᠠᠷᠯᠠᠭᠳᠠᠭᠰᠠᠨ ᠳᠠᠮᠵᠢᠭᠤᠯᠤᠭᠴᠢ ᠤᠲᠠᠰᠤ᠂ ᠡᠰᠡᠪᠡᠯ ᠲᠤᠤᠵᠠᠨ ᠣᠷᠢᠶᠠᠮᠠᠭ ᠤᠳ ᠢ ᠶᠡᠷᠦᠩᠬᠡᠢ ᠰᠣᠷᠢᠨᠵᠢᠨ ᠤᠷᠤᠰᠬᠠᠯ ᠳᠤ ᠬᠠᠮᠤᠷᠤᠭᠤᠯᠤᠨ ᠣᠷᠢᠶᠠᠭᠰᠠᠨ ᠪᠠᠶᠢᠳᠠᠭ᠃ ᠣᠷᠢᠶᠠᠮᠠᠭ ᠢ ᠳᠣᠲᠣᠷ᠎ᠠ ᠨᠢ ᠥᠨᠳᠥᠷ᠂ ᠨᠠᠮ ᠲᠠᠯ᠎ᠠ ᠶᠢᠨ ᠭᠡᠵᠦ ᠠᠩᠭᠢᠯᠠᠨ᠎ᠠ᠃ᠠᠦ᠋ᠲ᠋ᠣᠲᠷᠠᠨᠰᠹᠣᠷᠮᠠᠲ᠋ᠣᠷ ᠨᠢ 110 ᠺᠢᠯᠣᠸᠣᠯᠲ᠋ ᠍ ᠰ ᠳᠡᠭᠡᠭᠰᠢ ᠬᠦᠴᠦᠳᠡᠯ ᠳᠦ ᠠᠵᠢᠯᠯᠠᠳᠠᠭ᠃ ᠲᠷᠠᠨᠰᠹᠣᠷᠮᠠᠲ᠋ᠣᠷ ᠤᠨ ᠪᠦᠲᠦᠴᠡ: 1.ᠪᠠᠺ 2.ᠲᠤᠰᠠᠭᠠᠷᠯᠠᠬᠤ ᠲᠣᠰ 3.1-3 ᠹᠠᠰ ᠤᠨ ᠣᠷᠢᠶᠠᠮᠠᠭ 4.ᠵᠢᠷᠦᠬᠡᠪᠴᠢ 5.ᠢᠯᠡᠭᠦᠳᠡᠯ ᠦᠨ ᠪᠠᠯᠠᠨ 6.ᠬᠥᠷᠥᠭᠡᠬᠦ ᠷᠠᠳᠢᠣᠲ᠋ᠣᠷ

ᠪᠢᠴᠢᠭᠡᠰᠦ