ᠲᠧᠯᠸᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
1954 ᠤᠨ ᠳᠤ ᠦᠢᠯᠡᠳᠪᠦᠷᠢᠯᠡᠭᠳᠡᠭᠰᠡᠨ ᠲᠧᠯᠸᠢᠰ ᠤᠨ ᠦᠨᠳᠦᠰᠦᠨ ᠵᠠᠭᠪᠤᠷ

ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠶ᠎ᠡ ᠦᠶ᠎ᠡ ᠶᠢᠨ ᠣᠯᠠᠨ ᠡᠷᠳᠡᠮᠲᠡᠳ ᠦᠨ ᠬᠥᠳᠡᠯᠮᠦᠷᠢ ᠵᠢᠳᠬᠦᠯ ᠦᠨ ᠦᠷ᠎ᠡ ᠳ᠋ᠦᠩ ᠳᠦ ᠲᠧᠯᠸᠢᠰ ᠪᠤᠢ ᠪᠣᠯᠤᠭᠰᠠᠨ ᠭᠡᠳᠡᠭ ᠢ ᠵᠠᠪᠠᠯ ᠣᠨᠴᠠᠯᠠᠨ ᠲᠡᠮᠳᠡᠭᠯᠡᠬᠦ ᠬᠡᠷᠡᠭᠲᠡᠢ᠃ ᠠᠩᠭᠯᠢ ᠶᠢᠨ ᠡᠷᠳᠡᠮᠲᠡᠨ ᠵᠧᠮᠰ ᠺᠯᠧᠷᠺ ᠮᠠᠺᠰᠸᠧᠯᠯ (James Clerk Maxwell᠂1831-1879 ᠤᠨ) ᠨᠢ ᠪᠠᠶᠢᠭᠠᠯᠢ ᠳᠤ ᠴᠠᠬᠢᠯᠭᠠᠨ ᠰᠣᠷᠢᠨᠵᠢᠨ ᠳᠤᠯᠭᠢᠶᠠᠨ ᠣᠷᠣᠰᠢᠳᠠᠭ ᠲᠤᠬᠠᠢ ᠲᠠᠭᠠᠮᠠᠭᠯᠠᠯ ᠢ ᠠᠩᠬ᠎ᠠ ᠳᠡᠪᠰᠢᠭᠦᠯᠵᠡᠢ᠃ ᠴᠠᠬᠢᠯᠭᠠᠨ ᠰᠣᠷᠢᠨᠵᠢᠨ ᠣᠷᠣᠨ ᠨᠢ ᠦᠨᠡᠬᠡᠷ ᠪᠣᠳᠠᠲᠠᠢ ᠣᠷᠣᠰᠢᠵᠤ ᠪᠠᠶᠢᠭ᠎ᠠ ᠶᠢ ᠭᠧᠷᠮᠠᠨ ᠤ ᠡᠷᠳᠡᠮᠲᠡᠨ ᠾᠧᠶᠢᠨᠷᠢᠺ ᠾᠧᠷᠼ (Heinrich Rudolf Hertz᠂ 1857-1894 ᠤᠨ) ᠲᠤᠷᠰᠢᠯᠲᠠ ᠪᠠᠷ ᠪᠠᠲᠤᠯᠠᠭᠰᠠᠨ ᠶᠤᠮ᠃ ᠴᠠᠬᠢᠯᠭᠠᠨ ᠰᠣᠷᠢᠨᠵᠢᠨ ᠤ ᠲᠠᠷᠬᠠᠬᠤ ᠬᠤᠷᠳᠤᠴᠠ᠂ ᠲᠡᠭᠦᠨ ᠦ ᠹᠢᠽᠢᠺ ᠤᠨ ᠰᠢᠨᠵᠢ ᠴᠢᠨᠠᠷ ᠢ ᠴᠤ ᠾᠧᠷᠼ ᠨᠠᠷᠢᠪᠴᠢᠯᠠᠨ ᠰᠤᠳᠤᠯᠤᠭᠰᠠᠨ ᠪᠠᠶᠢᠨ᠎ᠠ᠃ ᠣᠷᠣᠰ ᠤᠨ ᠡᠷᠳᠡᠮᠲᠡᠨ ᠠᠯᠧᠺᠰᠠᠨᠳᠠᠷ ᠰᠲ᠋ᠧᠫᠠᠨᠨᠣᠸᠢᠴ ᠫᠣᠫᠣᠸ(Popov Alexander Stepanovich᠂1859-1905 ᠤᠨ)᠂ ᠢᠲ᠋ᠠᠯᠢ ᠶᠢᠨ ᠡᠷᠳᠡᠮᠲᠡᠨ ᠭᠤᠯᠧᠯᠮᠣ ᠮᠠᠷᠺᠣᠨᠢ (Marconi Guglielmo᠂1874-1937 ᠤᠨ) ᠨᠠᠷ ᠴᠠᠬᠢᠯᠭᠠᠨ ᠰᠣᠷᠢᠨᠵᠢᠨ ᠳᠤᠯᠭᠢᠶᠠᠨ ᠢ ᠠᠰᠢᠭᠯᠠᠨ ᠠᠭᠠᠷ ᠤᠨ ᠣᠷᠣᠨ ᠵᠠᠢ ᠶᠢ ᠠᠰᠢᠭᠯᠠᠵᠤ ᠶᠠᠮᠠᠷ ᠨᠢᠭᠡᠨ ᠳᠣᠬᠢᠶ᠎ᠠ ᠳᠠᠮᠵᠢᠭᠤᠯᠬᠤ ᠠᠷᠭ᠎ᠠ ᠪᠣᠳᠣᠵᠤ ᠣᠯᠵᠠᠢ᠃ ᠲᠡᠳᠡᠨ ᠢ ᠠᠩᠬ᠎ᠠ ᠷᠠᠳᠢᠣ᠋ ᠵᠣᠬᠢᠶᠠᠨ ᠪᠦᠲᠦᠭᠡᠭᠰᠡᠨ ᠡᠷᠳᠡᠮᠲᠡᠳ ᠭᠡᠵᠦ ᠦᠵᠡᠳᠡᠭ᠃ 1880 ᠤᠨ ᠳᠤ ᠫ᠂ ᠢ᠂ ᠪᠠᠬᠠᠮᠸᠲᠸ ᠳᠦᠷᠰᠦ ᠶᠢ ᠠᠯᠤᠰ ᠲᠤ ᠳᠠᠮᠵᠢᠭᠤᠯᠬᠤ ᠶᠢᠨ ᠲᠤᠯᠠᠳᠠ ᠡᠬᠢᠯᠡᠭᠡᠳ ᠴᠠᠬᠢᠯᠭᠠᠨ ᠰᠣᠷᠢᠨᠵᠢᠨ ᠣᠷᠣᠨ ᠪᠣᠯᠭᠠᠵᠤ ᠵᠠᠳᠠᠯᠤᠭᠠᠳ᠂ ᠳᠠᠷᠠᠭ᠎ᠠ ᠨᠢ ᠬᠦᠯᠢᠶᠡᠨ ᠠᠪᠤᠭᠴᠢ ᠪᠠᠷ ᠡᠷᠭᠢᠵᠦ ᠴᠤᠭᠯᠠᠭᠤᠯᠬᠤ ᠬᠡᠷᠡᠭᠲᠡᠢ ᠭᠡᠳᠡᠭ ᠰᠠᠨᠠᠭ᠎ᠠ ᠶᠢ ᠳᠡᠪᠰᠢᠭᠦᠯᠦᠭᠰᠡᠨ ᠪᠠᠶᠢᠨ᠎ᠠ᠃ ᠡᠭᠦᠨ ᠦ ᠳᠠᠷᠠᠭ᠎ᠠ᠂ 1884 ᠤᠨ ᠳᠤ ᠭᠧᠷᠮᠠᠨ ᠤ ᠡᠷᠳᠡᠮᠲᠡᠨ ᠫᠠᠦ᠋ᠯ ᠨᠢᠫᠾᠣᠸ (Paul Niphow) ᠳᠦᠷᠰᠦ ᠶᠢ ᠠᠯᠤᠰ ᠬᠣᠯᠠ ᠶᠢᠨ ᠣᠷᠣᠨ ᠵᠠᠢ ᠳᠤ ᠳᠠᠮᠵᠢᠭᠤᠯᠬᠤ ᠠᠩᠬᠠᠨ ᠤ ᠰᠢᠢᠳᠦᠯ ᠢ ᠣᠯᠵᠠᠢ᠃ ᠨᠢᠫᠾᠸᠦ᠋ ᠤᠨ ᠰᠠᠨᠠᠭᠠᠴᠢᠯᠠᠭᠰᠠᠨ ᠡᠨᠡ ᠠᠷᠭ᠎ᠠ ᠳᠡᠭᠡᠷ᠎ᠡ ᠲᠤᠯᠭᠠᠭᠤᠷᠢᠯᠠᠨ᠂ 1920 ᠤᠨ ᠳᠤ ᠠᠩᠭᠯᠢ ᠶᠢᠨ ᠵᠣᠬᠢᠶᠠᠨ ᠪᠦᠲᠦᠭᠡᠭᠴᠢ ᠵᠤᠨ ᠪᠸᠳ᠋ᠹᠤᠷᠳ᠋ (John Bedford᠂1888-1946 ᠤᠨ) ᠮᠧᠬᠠᠨᠢᠭ ᠲᠧᠯᠸᠢᠰ ᠢ ᠪᠦᠲᠦᠭᠡᠭᠰᠡᠨ ᠶᠤᠮ᠃

1900 ᠤᠨ ᠤ 8 ᠰᠠᠷ᠎ᠠ ᠶᠢᠨ 25 ᠍ ᠳᠤ ᠹᠷᠠᠨᠼᠢ ᠶᠢᠨ ᠨᠡᠶᠢᠰᠯᠡᠯ ᠫᠠᠷᠢᠰ ᠬᠣᠳᠠ ᠳᠤ ᠣᠯᠠᠨ ᠤᠯᠤᠰ ᠤᠨ ᠴᠠᠬᠢᠯᠭᠠᠨ ᠬᠣᠯᠪᠣᠭᠠᠨ ᠤ ᠪᠠᠭ᠎ᠠ ᠬᠤᠷᠠᠯ ᠵᠣᠬᠢᠶᠠᠨ ᠪᠠᠶᠢᠭᠤᠯᠤᠭᠳᠠᠪᠠ᠃ ᠡᠨᠡ ᠬᠤᠷᠠᠯ ᠳᠤ ᠣᠷᠣᠯᠴᠠᠭᠰᠠᠨ ᠣᠷᠣᠰ ᠤᠨ ᠢᠨᠵᠧᠨᠧᠷ ᠺᠣᠨᠰᠲ᠋ᠠᠨᠲ᠋ᠢᠨ ᠫᠧᠷᠰᠺᠦ《 television》ᠭᠡᠳᠡᠭ ᠨᠡᠷ᠎ᠡ ᠲᠡᠢ ᠢᠯᠡᠳᠬᠡᠯ ᠲᠠᠯᠪᠢᠵᠠᠢ᠃ ᠢᠩᠭᠢᠭᠰᠡᠨ ᠢᠶᠡᠷ ᠲᠧᠯᠸᠢᠰ ᠭᠡᠳᠡᠭ ᠨᠡᠷ᠎ᠡ ᠲᠣᠮᠢᠶ᠎ᠠ ᠶᠢ ᠬᠦᠮᠦᠨ ᠲᠥᠷᠦᠯᠬᠢᠲᠡᠨ ᠬᠡᠷᠡᠭᠯᠡᠬᠦ ᠪᠣᠯᠤᠭᠰᠠᠨ ᠶᠤᠮ᠃ Tele - ᠠᠯᠤᠰ ᠬᠣᠯᠠ᠂ vision - ᠦᠵᠡᠭᠳᠡᠬᠦ᠂ ᠬᠠᠷᠠᠭᠳᠠᠬᠤ ᠭᠡᠰᠡᠨ ᠤᠳᠬ᠎ᠠ ᠲᠠᠢ ᠦᠭᠡ ᠶᠤᠮ᠃ ᠮᠣᠩᠭᠣᠯᠴᠤᠳ ᠡᠨᠡ ᠦᠭᠡ ᠶᠢ ᠵᠢᠷᠤᠭᠲᠤ ᠭᠡᠵᠦ ᠣᠷᠴᠢᠭᠤᠯᠠᠵᠠᠢ᠃ ᠭᠠᠳᠠᠨ᠎ᠠ ᠶᠢᠨ ᠹᠣᠲ᠋ᠣ᠋ ᠦᠵᠡᠭᠳᠡᠯ ᠢ ᠠᠰᠢᠭᠯᠠᠨ ᠫᠧᠲ᠋ᠧᠷᠪᠦᠷᠢᠭ ᠬᠣᠲᠠ ᠶᠢᠨ ᠲᠧᠭᠨᠣᠯᠣᠭᠢ ᠶᠢᠨ ᠶᠡᠬᠡ ᠰᠤᠷᠭᠠᠭᠤᠯᠢ ᠶᠢᠨ ᠪᠠᠭᠰᠢ ᠪ᠂ᠯ᠂ ᠷᠣᠽᠢᠨᠢ 1907ᠤᠨ ᠳᠤ ᠥᠨᠥ ᠶᠢᠨ ᠵᠢᠷᠤᠭᠲᠤ ᠠᠵᠢᠯᠯᠠᠬᠤ ᠦᠨᠳᠦᠰᠦᠨ ᠵᠠᠷᠴᠢᠮ ᠢ ᠪᠣᠯᠪᠠᠰᠤᠷᠠᠭᠤᠯᠵᠠᠢ᠃ ᠲᠧᠯᠸᠢᠰ ᠦᠨ ᠴᠢᠨᠠᠭᠰᠢᠳᠠ ᠶᠢᠨ ᠬᠥᠭᠵᠢᠯ᠋ ᠳᠦ ᠪ᠂ ᠫ᠂ ᠭᠷᠠᠪᠦᠢᠰᠺᠦ᠂ ᠰ᠂ ᠢ᠂ ᠺᠠᠲ᠋ᠠᠸ᠂ ᠫ᠂ ᠸ᠂ ᠱᠮᠠᠲ᠋ᠺᠣᠸ᠂ ᠸ᠂ ᠺ᠂ ᠵᠠᠪᠤᠷᠤᠬᠢᠨ ᠵᠡᠷᠭᠡ ᠣᠯᠠᠨ ᠡᠷᠳᠡᠮᠲᠡᠳ ᠦᠨᠡᠲᠡᠢ ᠬᠤᠪᠢ ᠨᠡᠮᠡᠷᠢ ᠣᠷᠣᠭᠤᠯᠤᠭᠰᠠᠨ ᠶᠤᠮ᠃ ᠶᠡᠷᠦ ᠨᠢ ᠲᠧᠯᠸᠢᠰ ᠭᠡᠳᠡᠭ ᠪᠣᠯ ᠣᠯᠠᠨ ᠬᠦᠮᠦᠨ ᠦ ᠬᠠᠮᠲᠤ ᠶᠢᠨ ᠬᠥᠳᠡᠯᠮᠦᠷᠢ ᠶᠢᠨ ᠦᠷ᠎ᠡ ᠳ᠋ᠦᠩ ᠳᠦ ᠪᠤᠢ ᠪᠣᠯᠤᠭᠰᠠᠨ ᠬᠠᠮᠲᠤ ᠶᠢᠨ ᠪᠦᠲᠦᠭᠡᠯ ᠶᠤᠮ᠃ ᠣᠳᠣ ᠴᠤ ᠲᠧᠯᠸᠢᠰ ᠦᠨ ᠮᠠᠲ᠋ᠧᠷᠢᠶᠠᠯ᠂ ᠲᠧᠭᠨᠢᠭ ᠦᠨ ᠪᠠᠭᠠᠵᠢ ᠰᠢᠨᠡᠴᠢᠯᠡᠭᠳᠡᠭᠰᠡᠭᠡᠷ ᠪᠠᠶᠢᠨ᠎ᠠ᠃

ᠠᠩᠬᠠᠨ ᠤ ᠲᠧᠯᠸᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠤᠯᠤᠰ ᠣᠷᠣᠨ ᠨᠤᠭᠤᠳ ᠤᠨ ᠲᠤᠭᠤᠯᠵᠤ ᠥᠩᠭᠡᠷᠡᠭᠦᠯᠦᠭᠰᠡᠨ ᠲᠡᠦᠬᠡ ᠡᠴᠡ ᠨᠢ ᠬᠠᠮᠢᠶᠠᠷᠴᠤ᠂ ᠲᠧᠯᠸᠢᠰ ᠦᠨ ᠬᠥᠭᠵᠢᠯ ᠦᠨ ᠦᠶ᠎ᠡ ᠱᠠᠲᠤ ᠬᠠᠷᠢᠯᠴᠠᠨ ᠠᠳᠠᠯᠢ ᠦᠭᠡᠢ ᠪᠠᠶᠢᠨ᠎ᠠ᠃ ᠤᠯᠤᠰ ᠪᠦᠷᠢ ᠳᠦ ᠲᠧᠯᠸᠢᠰ ᠪᠠᠶᠢᠭᠤᠯᠤᠭᠳᠠᠭᠰᠠᠨ ᠴᠠᠭ ᠦᠶ᠎ᠡ ᠬᠠᠷᠢᠯᠴᠠᠨ ᠠᠳᠠᠯᠢ ᠦᠭᠡᠢ ᠪᠣᠯᠪᠠᠴᠤ 《ᠲᠤᠷᠰᠢᠯᠲᠠ ᠶᠢᠨ ᠨᠡᠪᠲᠡᠷᠡᠭᠦᠯᠭᠡ》ᠶᠠᠪᠤᠭᠤᠯᠵᠤ ᠪᠠᠶᠢᠭᠰᠠᠨ ᠵᠤᠷᠪᠤᠰ ᠦᠶ᠎ᠡ ᠵᠠᠪᠠᠯ ᠪᠠᠶᠢᠳᠠᠭ᠃ ᠣᠷᠣᠰ ᠲᠤ ᠲᠧᠯᠸᠢᠰ ᠦᠨ ᠲᠤᠷᠰᠢᠯᠲᠠ ᠶᠢᠨ ᠨᠡᠪᠲᠡᠷᠡᠭᠦᠯᠭᠡ ᠶᠢ 1931ᠣᠨ ᠤ 5 ᠰᠠᠷ᠎ᠠ ᠶᠢᠨ 1 ᠳᠤ ᠬᠢᠭᠰᠡᠨ ᠪᠠᠶᠢᠨ᠎ᠠ᠃ ᠡᠭᠦᠨ ᠡᠴᠡ ᠨᠢᠭᠡ ᠡᠳᠦᠷ ᠦᠨ ᠡᠮᠦᠨ᠎ᠡ《ᠫᠷᠠᠪᠳᠠ》ᠰᠣᠨᠢᠨ ᠳᠤ ᠡᠨᠡ ᠲᠤᠬᠠᠢ ᠮᠡᠳᠡᠭᠡᠯᠡᠯ ᠬᠡᠪᠯᠡᠭᠳᠡᠵᠡᠢ᠃ 5 ᠰᠠᠷ᠎ᠠ ᠶᠢᠨ 1 ᠍ ᠳᠤ ᠣᠷᠣᠰ ᠤᠨ ᠢᠨᠵᠧᠨᠧᠷ ᠦᠳ ᠬᠡᠳᠦ ᠬᠡᠳᠦᠨ ᠭᠡᠷᠡᠯ ᠵᠢᠷᠤᠭ ᠢ ᠳᠠᠭᠤ ᠦᠭᠡᠢ ᠪᠡᠷ ᠠᠯᠤᠰ ᠤᠨ ᠣᠷᠣᠨ ᠵᠠᠢ ᠳᠤ ᠳᠠᠮᠵᠢᠭᠤᠯᠤᠭᠰᠠᠨ ᠨᠢ ᠠᠮᠵᠢᠯᠲᠠ ᠲᠠᠢ ᠪᠣᠯᠵᠠᠢ᠃ ᠲᠡᠭᠡᠪᠡᠯ ᠭᠧᠷᠮᠠᠨ ᠳᠤ 1928ᠤᠨ ᠳᠤ ᠲᠧᠯᠸᠢᠰ ᠦᠨ ᠲᠤᠷᠰᠢᠯᠲᠠ ᠶᠢᠨ ᠨᠡᠪᠲᠡᠷᠡᠭᠦᠯᠭᠡ ᠬᠢᠵᠦ ᠪᠠᠶᠢᠭᠰᠠᠨ ᠲᠤᠬᠠᠢ ᠪᠠᠷᠢᠮᠲᠠ ᠪᠠᠶᠢᠳᠠᠭ᠃ ᠲᠧᠯᠸᠢᠰ ᠦᠨ ᠨᠡᠪᠲᠡᠷᠡᠭᠦᠯᠭᠡ ᠶᠢ ᠲᠣᠭᠲᠠᠮᠠᠯ ᠶᠠᠪᠤᠭᠤᠯᠵᠤ ᠡᠬᠢᠯᠡᠭᠰᠡᠨ ᠳᠡᠯᠡᠬᠡᠢ ᠶᠢᠨ ᠠᠩᠬᠠᠨ ᠤ ᠤᠯᠤᠰ ᠪᠣᠯ ᠶᠡᠬᠡ ᠪᠷᠢᠲ᠋ᠠᠨ(ᠠᠩᠭᠯᠢ) ᠶᠤᠮ᠃ 1936ᠤᠨ ᠳᠤ ᠶᠡᠬᠡ ᠪᠷᠢᠲ᠋ᠠᠨ ᠦ ᠨᠡᠶᠢᠰᠯᠡᠯ ᠯᠣᠨᠳᠣᠨ ᠬᠣᠳᠠ ᠳᠤ 《London Television Service》ᠺᠣᠮᠫᠠᠨᠢ ᠲᠣᠭᠲᠠᠮᠠᠯ ᠨᠡᠪᠲᠡᠷᠡᠭᠦᠯᠭᠡ ᠶᠠᠪᠤᠭᠤᠯᠬᠤ ᠪᠣᠯᠵᠠᠢ᠃ ᠬᠠᠷᠢᠨ ᠣᠷᠣᠰ ᠲᠤ 1939ᠤᠨ ᠤ 3 ᠰᠠᠷ᠎ᠠ ᠶᠢᠨ 10 ᠠᠴᠠ ᠲᠧᠯᠸᠢᠰ ᠦᠨ ᠨᠡᠪᠲᠡᠷᠡᠭᠦᠯᠭᠡ ᠲᠣᠭᠲᠠᠮᠠᠯ ᠶᠠᠪᠤᠬᠤ ᠪᠣᠯᠵᠠᠢ᠃ ᠮᠥᠨ 1939ᠤᠨ ᠠᠴᠠ ᠠᠮᠧᠷᠢᠺᠠ ᠶᠢᠨ ᠲᠧᠯᠸᠢᠰ ᠦᠨ ᠲᠡᠦᠬᠡ ᠡᠬᠢᠯᠡᠳᠡᠭ᠃ ᠠᠮᠧᠷᠢᠺᠠ ᠶᠢᠨ ᠷᠠᠳᠢᠣ᠋ ᠺᠣᠷᠫᠣᠷᠠᠼᠢ ᠶᠢᠨ ᠶᠡᠷᠦᠩᠬᠡᠶᠢᠯᠡᠭᠴᠢ ᠳᠡᠪ ᠲᠦ ᠰᠠᠷᠨᠠᠪ: ᠣᠳᠣ ᠪᠢᠳᠡ ᠳᠠᠭᠤᠨ ᠳᠤ ᠳᠦᠷᠰᠦ ᠨᠡᠮᠡᠵᠦ ᠴᠢᠳᠠᠬᠤ ᠪᠣᠯᠤᠯ᠎ᠠ ᠭᠡᠵᠦ ᠮᠡᠳᠡᠭᠳᠡᠵᠦ ᠲᠧᠯᠸᠢᠰ ᠬᠤᠷᠢᠶ ᠠ ᠪᠠᠶᠢᠭᠤᠯᠤᠭᠳᠠᠵᠤ ᠪᠠᠶᠢᠭ᠎ᠠ ᠶᠢ ᠲᠤᠩᠬᠠᠭᠯᠠᠭᠰᠠᠨ ᠪᠠᠶᠢᠨ᠎ᠠ᠃ 1939ᠤᠨ ᠤ 4 ᠰᠠᠷ᠎ᠠ ᠶᠢᠨ 30 ᠍ ᠳᠦ ᠠᠮᠧᠷᠢᠺᠠ ᠶᠢᠨ ᠶᠡᠷᠦᠩᠬᠡᠶᠢᠯᠡᠭᠴᠢ ᠹᠷᠠᠨᠺᠯᠢᠨ ᠷᠦᠽᠸᠧᠯᠲᠦ ᠶᠢᠨ ᠶᠠᠷᠢᠢ ᠠ ᠶᠢ ᠳᠠᠮᠵᠢᠭᠤᠯᠤᠭᠰᠠᠨ ᠢᠶᠠᠷ ᠠᠮᠧᠷᠢᠺᠠ ᠶᠢᠨ ᠨᠢᠭᠡᠳᠦᠭᠰᠡᠨ ᠤᠯᠤᠰ ᠳᠦ ᠲᠧᠯᠸᠢᠰ ᠦᠨ ᠥᠷᠭᠡᠨ ᠨᠡᠪᠲᠡᠷᠡᠭᠦᠯᠭᠡ ᠶᠢᠨ ᠨᠡᠭᠡᠭᠡᠯᠲᠡ ᠪᠣᠯᠵᠠᠢ᠃ ᠳᠡᠯᠡᠬᠡᠢ ᠶᠢᠨ 2 ᠳ᠋ᠤᠭᠠᠷ ᠳᠠᠶᠢᠨ ᠤ ᠳᠠᠷᠠᠭ᠎ᠠ ᠲᠧᠯᠸᠢᠰ ᠦᠨ ᠬᠥᠭᠵᠢᠯ ᠦᠨ ᠠᠯᠲᠠᠨ ᠦᠶ᠎ᠡ ᠢᠷᠡᠭᠰᠡᠨ ᠶᠤᠮ᠃ ᠠᠽᠢᠶ᠎ᠠ᠂ ᠧᠦ᠋ᠷᠣᠫᠠ᠂ ᠯᠠᠲ᠋ᠢᠨ ᠠᠮᠧᠷᠢᠺᠠ᠂ ᠠᠹᠷᠢᠺᠠ ᠶᠢᠨ ᠣᠷᠣᠨ ᠨᠤᠭᠤᠳ 1950ᠤᠨ ᠠᠴᠠ ᠬᠣᠶᠢᠰᠢ ᠲᠧᠯᠸᠢᠰ ᠪᠠᠶᠢᠭᠤᠯᠵᠠᠢ᠃ ᠠᠽᠢᠶ᠎ᠠ ᠲᠢᠪ ᠲᠦ ᠲᠧᠯᠸᠢᠰ ᠪᠠᠶᠢᠭᠤᠯᠤᠭᠰᠠᠨ ᠬᠠᠮᠤᠭ ᠤᠨ ᠠᠩᠬᠠᠨ ᠤ ᠣᠷᠣᠨ ᠨᠢ ᠢᠷᠡᠨ᠂ ᠹᠢᠯᠢᠫᠢᠨ ᠶᠤᠮ᠃ 1953ᠤᠨ ᠳᠤ ᠹᠢᠯᠢᠫᠢᠨ ᠳᠤ ᠨᠢᠭᠡᠨ ᠵᠡᠷᠭᠡ ᠬᠣᠶᠠᠷ ᠲᠧᠯᠸᠢᠰ ᠪᠠᠶᠢᠭᠤᠯᠤᠭᠳᠠᠵᠠᠢ᠃ ᠲᠠᠶᠢᠯᠠᠨᠳ᠋ ᠤᠯᠤᠰ ᠲᠤ 1955 ᠤᠨ ᠳᠤ᠂ ᠡᠨᠡᠳᠬᠡᠭ ᠲᠦ 1959ᠤᠨ ᠳᠤ᠂ ᠮᠠᠯᠠᠢ᠋ᠰᠢᠶ᠎ᠠ ᠳᠤ 1963ᠤᠨ ᠳᠤ᠂ ᠫᠠᠺᠢᠰᠲᠠᠨ ᠳᠤ 1964ᠤᠨ ᠳᠤ᠂ ᠲᠦᠷᠺ ᠲᠤ 1968ᠤᠨ ᠳᠤ᠂ ᠳᠤᠮᠳᠠᠳᠤ ᠤᠯᠤᠰ ᠲᠦ 1958ᠤᠨ ᠳᠤ᠂ БНСУ 1956ᠤᠨ ᠳᠤ᠂ ᠶᠠᠫᠣᠨ 1953ᠤᠨ ᠳᠤ ᠲᠧᠯᠸᠢᠰ ᠲᠡᠢ ᠪᠣᠯᠵᠠᠢ᠃ 1970ᠤᠨ ᠠᠴᠠ ᠲᠧᠯᠸᠢᠰ ᠪᠣᠯ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠶᠢᠨ ᠨᠢᠭᠡ ᠴᠢᠬᠤᠯᠠ ᠰᠤᠪᠠᠭ ᠮᠥᠨ ᠭᠡᠳᠡᠭ ᠢ ᠬᠦᠯᠢᠶᠡᠨ ᠵᠥᠪᠰᠢᠶᠡᠷᠡᠭᠰᠡᠨ ᠶᠤᠮ᠃

ᠣᠷᠴᠢᠨ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠨᠲ᠋ᠧᠷᠨᠡᠲ(ᠰᠦᠯᠵᠢᠶᠡᠨ) ᠲᠦᠭᠡᠮᠡᠯ ᠲᠠᠷᠬᠠᠬᠤ ᠬᠦᠷᠲᠡᠯ᠎ᠡ ᠲᠧᠯᠸᠢᠰ ᠨᠢ ᠬᠠᠮᠤᠭ ᠤᠨ ᠰᠢᠭᠤᠷᠬᠠᠢ ᠮᠡᠳᠡᠭᠡᠯᠡᠯ ᠦᠨ ᠬᠡᠷᠡᠭᠰᠡᠯ ᠭᠡᠰᠡᠨ ᠪᠠᠶᠢᠷᠢ ᠰᠠᠭᠤᠷᠢ ᠪᠠᠨ ᠬᠠᠳᠠᠭᠠᠯᠠᠵᠤ ᠢᠷᠡᠭᠰᠡᠨ ᠪᠢᠯᠡ᠃ ᠬᠠᠮᠤᠭ ᠤᠨ ᠠᠩᠬ᠎ᠠ 1947ᠤᠨ ᠳᠤ ᠠᠮᠧᠷᠢᠺᠠ ᠶᠢᠨ ᠨᠢᠭᠡᠳᠦᠭᠰᠡᠨ ᠤᠯᠤᠰ ᠲᠤ ᠺᠠᠪᠧᠯ ᠤᠨ ᠲᠧᠯᠸᠢᠰ ᠪᠠᠶᠢᠭᠤᠯᠤᠭᠳᠠᠭᠰᠠᠨ ᠶᠤᠮ᠃ 1970 ᠍ ᠊ᠭᠠᠳ ᠤᠨ ᠤ ᠰᠡᠭᠦᠯ ᠦᠶᠡᠰ ᠺᠠᠪᠧᠯ ᠤᠨ ᠰᠦᠯᠵᠢᠶ᠎ᠡ ᠠᠰᠢᠭᠯᠠᠨ ᠨᠡᠪᠲᠡᠷᠡᠭᠦᠯᠭᠡ ᠳᠠᠮᠵᠢᠭᠤᠯᠬᠤ ᠨᠢ ᠤᠯᠠᠮ ᠶᠡᠬᠡᠰᠦᠭᠰᠡᠨ ᠶᠤᠮ᠃ ᠬᠠᠷᠢᠨ 1990ᠤᠨ ᠠᠴᠠ ᠬᠣᠶᠢᠰᠢ ᠫᠣᠰᠲ ᠡᠪ ᠬᠠᠮᠳᠣ ᠣᠷᠣᠨ ᠨᠤᠭᠤᠳ ᠲᠤ ᠺᠠᠪᠧᠯ ᠤᠨ ᠲᠧᠯᠸᠢᠰ ᠰᠣᠩᠭᠣᠳᠠᠭ ᠤᠳᠬ᠎ᠠ ᠪᠠᠷ ᠢᠶᠠᠨ ᠬᠥᠭᠵᠢᠵᠦ ᠡᠬᠢᠯᠡᠵᠡᠢ᠃ ᠢᠩᠭᠢᠭᠰᠡᠨ ᠢᠶᠡᠷ ᠲᠧᠯᠸᠢᠰ ᠦᠨ ᠰᠤᠪᠠᠭ ᠤᠨ ᠲᠣᠭ᠎ᠠ ᠴᠤ ᠨᠡᠮᠡᠭᠳᠡᠭᠰᠡᠨ ᠪᠠᠶᠢᠨ᠎ᠠ᠃ 1976ᠤᠨ ᠳᠤ ᠬᠢᠮᠡᠯ ᠳᠠᠭᠠᠭᠤᠯᠢ ᠤᠳᠤᠨ ᠤ ᠲᠧᠯᠸᠢᠰ ᠪᠤᠢ ᠪᠣᠯᠪᠠ᠃

ᠣᠷᠴᠢᠨ ᠦᠶ᠎ᠡ ᠳᠦ ᠬᠢᠮᠡᠯ ᠳᠠᠭᠠᠭᠤᠯᠢ ᠤᠳᠤᠨ ᠤ ᠲᠧᠯᠸᠢᠰ ᠨᠢ ᠲᠣᠭᠠᠨ ᠰᠢᠰᠲ᠋ᠧᠮ ᠠᠰᠢᠭᠯᠠᠨ ᠳᠠᠭᠤᠤ ᠳᠦᠷᠰᠦᠨ ᠦ ᠥᠨᠳᠥᠷ ᠴᠢᠨᠠᠷᠲᠠᠢ ᠨᠡᠪᠲᠡᠷᠡᠭᠦᠯᠭᠡ ᠶᠢ ᠦᠵᠡᠭᠴᠢᠳ ᠲᠦ ᠬᠦᠷᠭᠡᠵᠦ ᠪᠠᠶᠢᠨ᠎ᠠ᠃ ᠮᠡᠳᠡᠭᠡᠯᠡᠯ ᠦᠨ ᠲᠧᠭᠨᠣᠯᠣᠭᠢ ᠶᠢᠨ ᠬᠥᠭᠵᠢᠯ ᠦᠨ ᠦᠷ᠎ᠡ ᠰᠢᠮ᠎ᠡ ᠪᠡᠷ IPTV Internet Protocol Television ᠪᠤᠢ ᠪᠣᠯᠤᠯ᠎ᠠ᠃ IPTV ᠬᠠᠮᠤᠭ ᠤᠨ ᠭᠣᠣᠯ ᠳᠠᠪᠠᠭᠤ ᠲᠠᠯ᠎ᠠ ᠨᠢ ᠳᠦᠷᠰᠦ ᠪᠢᠴᠢᠯᠭᠡ ᠶᠢ ᠦᠵᠡᠭᠡᠳ ᠵᠣᠭᠰᠣᠬᠤ ᠦᠭᠡᠢ ᠲᠡᠭᠦᠨ ᠲᠡᠢ ᠬᠣᠯᠪᠣᠭᠠᠲᠠᠢ ᠪᠤᠰᠤᠳ ᠨᠡᠮᠡᠯᠲᠡ ᠮᠡᠳᠡᠭᠡᠯᠡᠯ ᠠᠪᠬᠤ᠂ ᠨᠡᠪᠲᠡᠷᠡᠭᠦᠯᠭᠡ ᠳᠦ ᠰᠢᠭᠤᠳ ᠤᠷᠤᠯᠴᠠᠬᠤ ᠪᠣᠯᠤᠮᠵᠢ ᠲᠠᠢ᠃ ᠮᠥᠨ ᠬᠡᠷᠡᠭᠯᠡᠭᠴᠢ ᠬᠦᠰᠡᠭᠰᠡᠨ ᠨᠡᠪᠲᠡᠷᠡᠭᠦᠯᠭᠡ ᠪᠡᠨ ᠥᠪᠡᠷᠲᠡᠭᠡᠨ ᠲᠣᠬᠢᠷᠠᠮᠵᠢᠲᠠᠢ ᠴᠠᠭ ᠦᠶ᠎ᠡ ᠳᠦ ᠦᠵᠡᠬᠦ ᠪᠣᠯᠤᠮᠵᠢ ᠨᠡᠭᠡᠭᠡᠵᠦ ᠥᠭᠳᠡᠭ᠃

ᠮᠣᠩᠭᠣᠯ ᠤᠯᠤᠰ ᠲᠤ ᠲᠧᠯᠸᠢᠰ ᠡᠭᠦᠰᠴᠦ ᠬᠥᠭᠵᠢᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ ᠲᠧᠯᠸᠢᠰ ᠪᠠᠶᠢᠭᠤᠯᠬᠤ ᠲᠤᠬᠠᠢ ᠠᠩᠬ᠎ᠠ 1964ᠤᠨ ᠤ 4 ᠰᠠᠷ᠎ᠠ ᠳᠤ ᠤᠯᠤᠰ ᠤᠨ ᠲᠥᠯᠦᠪᠯᠡᠭᠡᠨ ᠦ ᠬᠣᠷᠢᠶᠠᠨ ᠤ ᠬᠤᠷᠠᠯᠳᠤᠭᠠᠨ ᠢᠶᠠᠷ ᠶᠠᠷᠢᠭᠳᠠᠵᠠᠢ᠃ 1965ᠤᠨ ᠤ 10 ᠰᠠᠷ᠎ᠠ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠵᠠᠰᠠᠭ ᠤᠨ ᠭᠠᠵᠠᠷ ᠲᠧᠯᠸᠢᠰ ᠲᠦ ᠠᠵᠢᠯᠯᠠᠬᠤ ᠮᠡᠷᠭᠡᠵᠢᠯᠲᠡᠨ ᠨᠦᠭᠦᠳ ᠢ ᠵᠥᠪᠯᠡᠯᠲᠦ ᠬᠣᠯᠪᠣᠭᠠᠲᠤ ᠤᠯᠤᠰ ᠳᠦ ᠰᠤᠷᠭᠠᠬᠤ ᠲᠤᠬᠠᠢ ᠲᠣᠭᠲᠠᠭᠠᠯ ᠭᠠᠷᠭᠠᠵᠠᠢ᠃ ᠡᠭᠦᠨ ᠦ ᠳᠠᠭᠠᠤ ᠲᠧᠯᠸᠢᠰ ᠦᠨ ᠲᠧᠭᠨᠢᠭ ᠦᠨ ᠮᠡᠷᠭᠡᠵᠢᠯ ᠢᠶᠡᠷ 40 ᠬᠦᠮᠦᠨ ᠢ ᠵᠥᠪᠯᠡᠯᠲᠦ ᠬᠣᠯᠪᠣᠭᠠᠲᠤ ᠤᠯᠤᠰ ᠤᠷᠤᠭᠤ ᠢᠯᠡᠭᠡᠭᠰᠡᠨ ᠪᠠᠶᠢᠨ᠎ᠠ᠃ 1966ᠤᠨ ᠤ 3 ᠰᠠᠷ᠎ᠠ ᠶᠢᠨ 29 ᠳᠤ ᠮᠣᠩᠭᠣᠯ ᠲᠧᠯᠸᠢᠰ ᠦᠨ ᠲᠧᠭᠨᠢᠭ ᠦᠨ ᠲᠥᠪ ᠦᠨ ᠱᠠᠪ ᠢ ᠲᠠᠯᠪᠢᠬᠤ ᠶᠣᠰᠣᠯᠠᠯ ᠪᠣᠯᠵᠠᠢ᠃ 1966ᠤᠨ ᠤ 5 ᠰᠠᠷ᠎ᠠ ᠶᠢᠨ 16 ᠍ ᠳᠤ ᠲᠧᠯᠸᠢᠰ ᠲᠦ ᠠᠵᠢᠯᠯᠠᠬᠤ ᠵᠠᠯᠠᠭᠤᠰ ᠤᠨ ᠬᠣᠶᠠᠳᠤᠭᠠᠷ ᠡᠭᠡᠯᠵᠢ ᠶᠢ ᠵᠥᠪᠯᠡᠯᠲᠦ ᠬᠣᠯᠪᠣᠭᠠᠲᠤ ᠤᠯᠤᠰ ᠤᠷᠤᠭᠤ ᠶᠠᠪᠤᠭᠤᠯᠤᠭᠰᠠᠨ ᠶᠤᠮ᠃

1967ᠤᠨ ᠳᠤ ᠮᠣᠩᠭᠣᠯ ᠤᠨ ᠲᠧᠯᠸᠢᠰ ᠪᠠᠶᠢᠭᠤᠯᠤᠭᠳᠠᠬᠤ ᠳᠤ ᠪᠠᠷᠢᠵᠤ ᠪᠠᠶᠢᠭᠤᠯᠤᠭᠰᠠᠨ ᠲᠧᠯᠧᠰ ᠴᠠᠮᠬᠠᠭ ᠨᠢ 193 ᠮᠧᠲ᠋ᠷ ᠥᠨᠳᠦᠷ ᠪᠠᠶᠢᠵᠠᠢ᠃ 1967ᠤᠨ ᠤ 7 ᠰᠠᠷ᠎ᠠ ᠶᠢᠨ 9 ᠍ ᠦ ᠡᠳᠦᠷ ᠦᠨ《ᠦᠨᠡᠨ》ᠰᠣᠨᠢᠨ ᠳᠤ ᠮᠣᠩᠭᠣᠯ ᠤᠨ ᠲᠧᠯᠸᠢᠰ ᠦᠨ ᠲᠥᠪ ᠦᠨ ᠶᠡᠷᠦᠩᠬᠡᠢ ᠢᠨᠵᠧᠨᠧᠷ ᠸ᠂ᠢ᠂ᠠᠤᠷᠱᠢᠺᠣᠸ ᠤᠨ ᠥᠭᠭᠦᠭᠰᠡᠨ ᠶᠠᠷᠢᠯᠴᠠᠯᠭ᠎ᠠ ᠬᠡᠪᠯᠡᠭᠳᠡᠵᠡᠢ᠃ ᠲᠡᠷᠡᠪᠡᠷ ᠡᠨᠡ ᠶᠠᠷᠢᠯᠴᠠᠯᠭ᠎ᠠ ᠳᠤ ᠪᠠᠨ ᠲᠧᠯᠸᠢᠰ ᠦᠨ ᠲᠥᠪ ᠨᠡᠪᠲᠡᠷᠡᠭᠦᠯᠭᠡ ᠳᠠᠮᠵᠢᠭᠤᠯᠬᠤ ᠳᠤ ᠪᠡᠯᠡᠨ ᠭᠡᠵᠦ ᠮᠡᠳᠡᠭᠳᠡᠵᠡᠢ᠃ ᠢᠩᠭᠢᠭᠡᠳ 1967ᠤᠨ ᠤ 7 ᠰᠠᠷ᠎ᠠ ᠶᠢᠨ 11 ᠳᠤ ᠮᠣᠩᠭᠣᠯ ᠤᠯᠤᠰ ᠲᠦ ᠠᠩᠬ᠎ᠠ ᠤᠳᠠᠭ᠎ᠠ ᠲᠤᠷᠰᠢᠯᠲᠠ ᠶᠢᠨ ᠨᠡᠪᠲᠡᠷᠡᠭᠦᠯᠭᠡ ᠬᠢᠪᠡ᠃ ᠠᠷᠠᠳ ᠤᠨ ᠬᠤᠪᠢᠰᠬᠠᠯ ᠤᠨ 46 ᠵᠢᠯ ᠦᠨ ᠣᠢ ᠳᠤ ᠵᠣᠷᠢᠭᠤᠯᠤᠭᠰᠠᠨ ᠲᠤᠭᠯᠠᠯᠲᠠ᠂ ᠬᠦᠨᠳᠦᠳᠬᠡᠯ ᠦᠨ ᠠᠷᠭ᠎ᠠ ᠬᠡᠮᠵᠢᠶ᠎ᠡ ᠶᠢ ᠲᠧᠯᠸᠢᠰ ᠢᠶᠡᠷ ᠳᠠᠮᠵᠢᠭᠤᠯᠵᠠᠢ᠃ ᠳᠠᠷᠠᠭ᠎ᠠ ᠨᠢ 1967ᠤᠨ ᠤ 8 ᠰᠠᠷ᠎ᠠ ᠶᠢᠨ 15 ᠳᠤ ᠬᠣᠶᠠᠷ ᠳ᠋ᠠᠬᠢ ᠤᠳᠠᠭ᠎ᠠ ᠶᠢᠨ ᠲᠤᠷᠰᠢᠯᠲᠠ ᠶᠢᠨ ᠨᠡᠪᠲᠡᠷᠡᠭᠦᠯᠭᠡ ᠬᠢᠪᠡ᠃ ᠲᠤᠷᠰᠢᠯᠲᠠ ᠠᠮᠵᠢᠯᠲᠠ ᠲᠠᠢ ᠪᠣᠯᠣᠭᠰᠠᠨ ᠤ ᠳᠠᠷᠠᠭ᠎ᠠ᠂ ᠲᠣᠭᠲᠠᠮᠠᠯ ᠨᠡᠪᠲᠡᠷᠡᠭᠦᠯᠭᠡ ᠶᠠᠪᠤᠭᠤᠯᠬᠤ ᠲᠤᠬᠠᠢ ᠰᠢᠢᠳᠪᠦᠷᠢ ᠭᠠᠷᠭᠠᠭᠰᠠᠨ ᠪᠠᠶᠢᠨ᠎ᠠ᠃ ᠷᠠᠳᠢᠣ᠋ ᠲᠧᠯᠸᠢᠰ ᠦᠨ ᠤᠯᠤᠰ ᠤᠨ ᠬᠣᠷᠢᠶᠠᠨ ᠤ ᠳᠠᠷᠤᠭ᠎ᠠ ᠪᠠᠷ ᠵᠠᠯᠠᠩ-ᠠᠭᠠᠵᠢᠪᠠ᠂ ᠣᠷᠣᠯᠠᠭᠴᠢ ᠪᠠᠷ ᠨᠢ ᠰᠤᠮᠢᠶ᠎ᠠ ᠲᠣᠮᠢᠯᠠᠭᠳᠠᠵᠠᠢ᠃ 1967ᠤᠨ ᠤ 9 ᠰᠠᠷ᠎ᠠ ᠶᠢᠨ 27 ᠍ᠤᠨ ᠡᠴᠡ ᠡᠬᠢᠯᠡᠨ ᠮᠣᠩᠭᠣᠯ ᠲᠧᠯᠸᠢᠰ ᠲᠣᠭᠲᠠᠮᠠᠯ ᠨᠡᠪᠲᠡᠷᠡᠭᠦᠯᠭᠡ ᠪᠡᠨ ᠶᠠᠪᠤᠭᠤᠯᠬᠤ ᠪᠣᠯᠵᠠᠢ᠃ ᠮᠣᠩᠭᠣᠯ ᠲᠧᠯᠸᠢᠰ ᠠᠩᠬ᠎ᠠ ᠪᠠᠶᠢᠭᠤᠯᠤᠭᠳᠠᠭᠠᠳ ᠳ᠋ᠸᠠ ᠫᠦᠷᠪᠦ᠂ ᠪᠢᠮᠪᠠ᠂ ᠨᠢᠮ᠎ᠠ ᠭᠠᠷᠠᠭ ᠲᠤ ᠨᠡᠪᠲᠡᠷᠡᠭᠦᠯᠭᠡ ᠳᠠᠮᠵᠢᠭᠤᠯᠳᠠᠭ ᠪᠠᠶᠢᠪᠠ᠃

ᠮᠣᠩᠭᠣᠯ ᠲᠧᠯᠸᠢᠰ ᠦᠨ ᠲᠥᠯᠦᠪᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1972ᠤᠨ ᠳᠤ ᠮᠣᠩᠭᠣᠯ ᠲᠧᠯᠸᠢᠰ ᠨᠢ《ᠢᠨᠲ᠋ᠧᠷᠸᠢᠳᠢᠨᠧ》ᠣᠯᠠᠨ ᠤᠯᠤᠰ ᠤᠨ ᠲᠧᠯᠸᠢᠰ ᠦᠨ ᠪᠠᠶᠢᠭᠤᠯᠤᠯᠭ᠎ᠠ ᠶᠢᠨ ᠭᠡᠰᠢᠭᠦᠨ ᠪᠣᠯᠤᠭᠰᠠᠨ ᠶᠤᠮ᠃ 1980ᠤᠨ ᠳᠤ ᠮᠣᠩᠭᠣᠯ ᠲᠧᠯᠸᠢᠰ ᠲᠧᠭᠨᠢᠭ ᠦᠨ ᠰᠢᠨᠡᠴᠢᠯᠡᠯ ᠬᠢᠭᠰᠡᠨ ᠪᠠᠶᠢᠨ᠎ᠠ᠃ ᠬᠠᠭᠤᠴᠢᠷᠠᠭᠰᠠᠨ ᠲᠣᠨᠣᠭ ᠲᠥᠬᠦᠭᠡᠷᠦᠮᠵᠢ ᠶᠢ ᠰᠢᠨᠡᠴᠢᠯᠡᠵᠦ ᠥᠩᠭᠡᠲᠦ ᠪᠡᠷ ᠨᠡᠪᠲᠡᠷᠡᠭᠦᠯᠭᠡ ᠳᠠᠮᠵᠢᠭᠤᠯᠬᠤ ᠪᠣᠯᠵᠠᠢ᠃ 1980ᠤᠨ ᠤ ᠣᠯᠢᠮᠫᠢᠺ ᠤᠨ ᠨᠠᠭᠠᠳᠤᠮ᠂ 1981ᠤᠨ ᠤ 3 ᠰᠠᠷ᠎ᠠ ᠶᠢᠨ 22 ᠡᠴᠡ 30 ᠍ ᠦ ᠬᠣᠭᠣᠷᠣᠨᠳᠣ ᠵ᠃ᠭᠦᠷᠦᠷᠠᠭᠴᠠ ᠰᠠᠨᠰᠠᠷ ᠲᠤ ᠨᠢᠰᠦᠭᠰᠡᠨ ᠲᠤᠬᠠᠢ ᠰᠢᠭᠤᠳ ᠳᠠᠮᠵᠢᠭᠤᠯᠤᠨ ᠦᠵᠡᠭᠦᠯᠵᠦ ᠪᠠᠶᠢᠯ᠎ᠠ᠃ 1971ᠤᠨ ᠳᠤ《ᠢᠨᠲ᠋ᠧᠷᠰᠫᠦ᠋ᠲᠨᠢᠺ》ᠬᠢᠮᠡᠯ ᠳᠠᠭᠠᠭᠤᠯᠢ ᠶᠢᠨ ᠲᠤᠰᠠᠯᠠᠮᠵᠢ ᠲᠠᠢ ᠪᠠᠷ ᠷᠠᠳᠢᠣ᠋᠂ ᠷᠧᠯᠧᠢᠨ ᠦ ᠱᠤᠭᠤᠮ ᠢᠶᠠᠷ ᠣᠷᠣᠨ ᠳᠠᠶᠠᠭᠠᠷ ᠨᠡᠪᠲᠡᠷᠡᠭᠦᠯᠭᠡ ᠳᠠᠮᠵᠢᠭᠤᠯᠬᠤ ᠪᠣᠯᠤᠭᠰᠠᠨ ᠶᠤᠮ᠃ 1980ᠤᠨ ᠠᠴᠠ ᠡᠹᠢᠷ ᠦᠨ ᠴᠠᠭ ᠢᠶᠠᠨ ᠨᠡᠮᠡᠭᠳᠡᠭᠦᠯᠵᠦ ᠳᠣᠯᠣᠭ᠎ᠠ ᠬᠣᠨᠣᠭ ᠲᠤ 6 ᠡᠳᠦᠷ ᠡᠹᠢᠷ ᠲᠡᠢ ᠪᠣᠯᠵᠠᠢ᠃ ᠡᠨᠡ ᠦᠶᠡᠰ《ᠣᠳᠣᠳ ᠤᠨ ᠠᠬᠠᠨ ᠳᠡᠭᠦᠦᠰ》᠂《ᠣᠨᠣᠭ᠎ᠠ ᠬᠤᠷᠳᠤ ᠬᠣᠷᠣᠮ》᠂《ᠪᠢᠳᠡ ᠠᠷᠲ᠋ᠧᠺ ᠶᠠᠪᠤᠨ᠎ᠠ》ᠵᠡᠷᠭᠡ ᠰᠢᠨ᠎ᠡ ᠨᠡᠪᠲᠡᠷᠡᠭᠦᠯᠭᠡ ᠭᠠᠷᠬᠤ ᠪᠣᠯᠤᠭᠰᠠᠨ ᠶᠤᠮ᠃ 1972ᠤᠨ ᠳᠤ ᠮᠣᠩᠭᠣᠯ ᠲᠧᠯᠸᠢᠰ ᠦᠨ ᠳᠡᠷᠭᠡᠳᠡ《ᠲᠧᠯᠧᠺᠢᠨᠣ᠋》ᠦᠢᠯᠡᠳᠪᠦᠷᠢ ᠪᠠᠶᠢᠭᠤᠯᠤᠭᠳᠠᠵᠠᠢ᠃ ᠤᠷᠭᠤᠴᠠ ᠶᠢᠨ ᠳᠠᠯᠠᠢ ᠨᠡᠪᠲᠡᠷᠡᠭᠦᠯᠭᠡ ᠷᠠᠳᠢᠣ᠋ ᠍ ᠠᠴᠠ ᠲᠧᠯᠸᠢᠰ ᠦᠨ ᠬᠤᠪᠢᠯᠪᠤᠷᠢ ᠳᠤ ᠰᠢᠯᠵᠢᠭᠰᠡᠨ ᠪᠠᠶᠢᠨ᠎ᠠ᠃ 1990ᠤᠨ ᠳᠤ ASIASAT-1 ᠬᠢᠮᠡᠯ ᠳᠠᠭᠠᠭᠤᠯᠢ ᠪᠠᠷ ᠨᠡᠪᠲᠡᠷᠡᠭᠦᠯᠭᠡ ᠪᠡᠨ ᠳᠠᠮᠵᠢᠭᠤᠯᠬᠤ ᠪᠣᠯᠤᠭᠰᠠᠨ ᠶᠤᠮ᠃ 1991ᠤᠨ ᠤ 1 ᠰᠠᠷ᠎ᠠ ᠶᠢᠨ 1 ᠍ ᠡᠴᠡ ᠮᠣᠩᠭᠣᠯ ᠲᠧᠯᠸᠢᠰ ᠦᠨ ᠰᠤᠪᠠᠭ ᠢᠶᠠᠷ ᠠᠮᠧᠷᠢᠺᠠ ᠶᠢᠨ ᠲᠧᠯᠸᠢᠰ ᠦᠨ ᠨᠡᠪᠲᠡᠷᠡᠭᠦᠯᠭᠡ ᠶᠢ ᠦᠵᠡᠭᠦᠯᠳᠡᠭ ᠪᠣᠯᠵᠠᠢ᠃ 1992ᠤᠨ ᠳᠤ ᠮᠣᠩᠭᠣᠯ ᠲᠧᠯᠸᠢᠰ ᠪᠦᠲᠦᠴᠡ ᠵᠣᠬᠢᠶᠠᠨ ᠪᠠᠶᠢᠭᠤᠯᠤᠯᠲᠠ ᠶᠢᠨ ᠥᠭᠡᠷᠡᠴᠢᠯᠡᠯᠲᠡᠨ ᠳᠦ ᠣᠷᠣᠵᠤ ᠪᠡᠶ᠎ᠡ ᠳᠠᠭᠠᠭᠰᠠᠨ ᠰᠲ᠋ᠦ᠋ᠳᠢ ᠪᠠᠶᠢᠭᠤᠯᠤᠭᠳᠠᠵᠠᠢ᠃ 1992ᠤᠨ ᠤ 4 ᠰᠠᠷ᠎ᠠ ᠶᠢᠨ 25 ᠍ ᠳᠤ ᠰᠡᠳᠬᠦᠯᠴᠢ ᠴ᠂ᠨᠠᠷᠮᠠᠨᠳᠠᠬᠤ《ᠴᠢᠯᠦᠭᠡᠲᠦ ᠲᠧᠯᠸᠢᠰ》᠂ ᠳ᠂ ᠭᠠᠷᠠᠮ-ᠣᠴᠢᠷ《ᠮᠡᠳᠡᠭᠡᠯᠡᠯ ᠠᠷᠠᠯᠵᠢᠶᠠᠨ ᠤ ᠴᠢᠯᠦᠭᠡᠲᠦ ᠰᠤᠪᠠᠭ》 ᠪᠠᠶᠢᠭᠤᠯᠵᠠᠢ᠃ ᠮᠥᠨ ᠤᠷᠠᠨ ᠪᠦᠲᠦᠭᠡᠯ ᠦᠨ《ᠵᠣᠯ ᠢᠶᠠᠨ》ᠨᠢᠭᠡᠳᠦᠯ ᠡᠭᠦᠰᠦᠭᠰᠡᠨ ᠶᠤᠮ᠃ ᠡᠨᠡ ᠪᠣᠯ ᠬᠤᠪᠢ ᠶᠢᠨ ᠠᠷᠠᠯᠵᠢᠶᠠᠨ ᠤ ᠲᠧᠯᠸᠢᠰ ᠪᠠᠶᠢᠭᠤᠯᠬᠤ ᠭᠡᠰᠡᠨ ᠠᠩᠬᠠᠨ ᠤ ᠣᠷᠣᠯᠳᠤᠯᠭ᠎ᠠ ᠭᠡᠵᠦ ᠬᠡᠯᠡᠵᠦ ᠪᠣᠯᠤᠨ᠎ᠠ᠃ 1997ᠤᠨ ᠳᠤ ᠮᠣᠩᠭᠣᠯ ᠲᠧᠯᠸᠢᠰ《ᠬᠠᠨᠢᠯᠠᠭ》᠂《ᠠᠯᠤᠰᠯᠠᠯ》᠂《ACD》ᠵᠡᠷᠭᠡ 20 ᠭᠠᠷᠤᠢ ᠰᠲ᠋ᠦ᠋ᠳᠢ ᠪᠣᠯᠵᠤ ᠪᠦᠲᠦᠴᠡ ᠶᠢᠨ ᠥᠭᠡᠷᠡᠴᠢᠯᠡᠯᠲᠡ ᠬᠢᠪᠡ᠃ ᠭᠡᠪᠡᠴᠦ ᠲᠤᠩ ᠤᠳᠠᠯ ᠦᠭᠡᠢ ᠳᠠᠬᠢᠨ ᠷᠧᠳᠠᠺᠼᠢ ᠶᠢᠨ ᠪᠦᠲᠦᠴᠡ ᠵᠣᠬᠢᠶᠠᠨ ᠪᠠᠶᠢᠭᠤᠯᠤᠯᠲᠠ ᠳᠤ ᠪᠠᠨ ᠣᠷᠣᠵᠠᠢ᠃ 1998ᠤᠨ ᠳᠤ ᠮᠣᠩᠭᠣᠯ ᠲᠧᠯᠸᠢᠰ ᠶᠠᠫᠣᠨ ᠤ ᠵᠠᠰᠠᠭ ᠤᠨ ᠭᠠᠵᠠᠷ ᠤᠨ ᠲᠤᠰᠠᠯᠠᠮᠵᠢ ᠲᠠᠢ ᠪᠠᠷ ᠲᠧᠭᠨᠢᠭ ᠦᠨ ᠰᠢᠨᠡᠴᠢᠯᠡᠯ ᠬᠡᠰᠡᠭᠴᠢᠯᠡᠵᠦ ᠬᠢᠪᠡ᠃ 1998ᠤᠨ ᠠᠴᠠ ᠮᠣᠩᠭᠣᠯ ᠲᠧᠯᠸᠢᠰ ᠡᠳᠦᠷ ᠪᠦᠷᠢ ᠨᠡᠪᠲᠡᠷᠡᠭᠦᠯᠭᠡ ᠳᠠᠮᠵᠢᠭᠤᠯᠬᠤ ᠪᠣᠯᠵᠤ᠂ ᠥᠷᠯᠥᠭᠡᠨ ᠦ ᠬᠥᠲᠥᠯᠪᠦᠷᠢ ᠨᠡᠭᠡᠭᠡᠭᠰᠡᠨ ᠶᠤᠮ᠃ 1998ᠤᠨ ᠳᠤ ᠮᠣᠩᠭᠣᠯ ᠤᠯᠤᠰ ᠤᠨ ᠫᠠᠷᠯᠠᠮᠧᠨᠲ《ᠬᠡᠪᠯᠡᠯ ᠦᠨ ᠡᠷᠬᠡ ᠴᠢᠯᠦᠭᠡᠨ ᠦ ᠲᠤᠬᠠᠢ》ᠬᠠᠤᠯᠢ ᠪᠠᠲᠤᠯᠠᠪᠠ᠃ ᠢᠩᠭᠢᠭᠰᠡᠨ ᠢᠶᠡᠷ ᠮᠣᠩᠭᠣᠯ ᠲᠧᠯᠸᠢᠰ ᠨᠢ《МҮТВ》ᠬᠡᠮᠡᠨ ᠨᠡᠷ᠎ᠡ ᠪᠡᠨ ᠥᠭᠡᠷᠡᠴᠢᠯᠡᠵᠡᠢ᠃ 2005ᠤᠨ ᠳᠤ ᠣᠯᠠᠨ ᠨᠡᠶᠢᠲᠡ ᠶᠢᠨ ᠷᠠᠳᠢᠣ᠋ ᠲᠧᠯᠸᠢᠰ ᠦᠨ ᠲᠤᠬᠠᠢ ᠬᠠᠤᠯᠢ ᠪᠠᠲᠤᠯᠠᠭᠳᠠᠵᠠᠢ᠃ ᠠᠩᠬ᠎ᠠ ᠪᠠᠶᠢᠭᠤᠯᠤᠭᠳᠠᠭᠰᠠᠨ ᠠᠴᠠ ᠪᠠᠨ ᠬᠣᠶᠢᠰᠢ ᠲᠥᠷᠥ ᠶᠢᠨ ᠮᠡᠳᠡᠯ ᠳᠦ ᠪᠠᠶᠢᠵᠤ᠂ ᠡᠷᠬᠡ ᠪᠠᠷᠢᠭᠴᠢᠳ ᠤᠨ ᠳᠠᠭᠤᠤ ᠬᠣᠭᠣᠯᠠᠢ ᠪᠣᠯᠵᠤ ᠪᠠᠶᠢᠭᠰᠠᠨ МҮТВ ᠨᠢ ᠣᠯᠠᠨ ᠨᠡᠶᠢᠲᠡ ᠶᠢᠨ ᠰᠲ᠋ᠠᠲ᠋ᠦ᠋ᠰ ᠲᠠᠢ ᠲᠧᠯᠸᠢᠰ ᠪᠣᠯᠪᠠ᠃

ᠮᠣᠩᠭᠣᠯ ᠤᠯᠤᠰ ᠤᠨ ᠠᠷᠠᠯᠵᠢᠶᠠᠨ ᠤ ᠲᠧᠯᠸᠢᠰ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1972ᠤᠨ ᠳᠤ ᠪᠠᠶᠢᠭᠤᠯᠤᠭᠳᠠᠭᠰᠠᠨ《ᠲᠧᠯᠧᠺᠢᠨᠣ᠋》ᠦᠢᠯᠡᠳᠪᠦᠷᠢ ᠶᠢᠨ ᠪᠠᠭᠠᠵᠢ ᠰᠠᠭᠤᠷᠢᠨ ᠳᠤ ᠲᠦᠰᠢᠭᠯᠡᠨ ᠨᠡᠶᠢᠰᠯᠡᠯ ᠬᠣᠲᠠ ᠶᠢᠨ ᠵᠠᠬᠢᠷᠭᠠᠨ ᠤ ᠮᠡᠳᠡᠯ ᠦᠨ《ᠤᠯᠠᠭᠠᠨᠪᠠᠭᠠᠲᠤᠷ》ᠲᠧᠯᠸᠢᠰ ᠢ ᠪᠠᠶᠢᠭᠤᠯᠵᠠᠢ᠃ ᠲᠤᠰ ᠲᠧᠯᠸᠢᠰ ᠠᠩᠬᠠᠨ ᠤ ᠨᠡᠪᠲᠡᠷᠡᠭᠦᠯᠭᠡ ᠪᠡᠨ 1992ᠤᠨ ᠤ 9 ᠰᠠᠷ᠎ᠠ ᠶᠢᠨ 15 ᠍ ᠳᠤ ᠦᠵᠡᠭᠴᠢᠳ ᠲᠦ ᠬᠦᠷᠭᠡᠭᠰᠡᠨ ᠪᠠᠶᠢᠨ᠎ᠠ᠃ ᠤᠯᠠᠭᠠᠨᠪᠠᠭᠠᠲᠤᠷ ᠲᠧᠯᠸᠢᠰ ᠨᠢ ᠬᠣᠲᠠ ᠶᠢᠨ ᠵᠠᠬᠢᠷᠭᠠᠨ ᠠᠴᠠ ᠰᠠᠩᠬᠦᠵᠢᠵᠦ᠂ ᠮᠣᠩᠭᠣᠯ ᠲᠧᠯᠸᠢᠰ ᠦᠨ ᠰᠤᠪᠠᠭ ᠢᠶᠠᠷ ᠳᠣᠯᠣᠭ᠎ᠠ ᠬᠣᠨᠣᠭ ᠲᠤ ᠨᠢᠭᠡ ᠤᠳᠠᠭ᠎ᠠ ᠨᠡᠪᠲᠡᠷᠡᠭᠦᠯᠭᠡ ᠳᠠᠮᠵᠢᠭᠤᠯᠳᠠᠭ ᠪᠠᠶᠢᠯ᠎ᠠ᠃ 1995 ᠤᠨ ᠠᠴᠠ《ᠥᠷᠯᠥᠭᠡᠨ ᠦ ᠮᠡᠨᠳᠦ》ᠬᠥᠲᠦᠯᠪᠦᠷᠢ ᠶᠢ ᠳᠠᠮᠵᠢᠭᠤᠯᠳᠠᠭ ᠪᠣᠯᠤᠭᠰᠠᠨ ᠶᠤᠮ᠃ 1998ᠤᠨ ᠡᠴᠡ《UBSTV》ᠬᠡᠮᠡᠨ ᠨᠡᠷ᠎ᠡ ᠪᠡᠨ ᠥᠭᠡᠷᠡᠴᠢᠯᠡᠵᠡᠢ᠃ ᠲᠤᠰ ᠲᠧᠯᠸᠢᠰ ᠨᠢ 1997ᠤᠨ ᠠᠴᠠ ᠳᠠᠭᠤᠤ ᠬᠥᠭᠵᠢᠮ᠂ ᠺᠢᠨᠣ᠋᠂ ᠲᠠᠨᠢᠵᠤ ᠮᠡᠳᠡᠬᠦᠢ ᠶᠢᠨ ᠨᠡᠪᠲᠡᠷᠡᠭᠦᠯᠭᠡ ᠳᠠᠩᠨᠠᠨ ᠪᠡᠯᠡᠳᠬᠡᠵᠦ ᠨᠢᠭᠡ ᠡᠳᠦᠷ ᠦᠨ ᠡᠹᠢᠷ ᠢᠶᠡᠨ ᠵᠣᠷᠢᠭᠤᠯᠵᠤ ᠪᠠᠶᠢᠯ᠎ᠠ᠃ ᠣᠷᠣᠰ ᠤᠨ ᠬᠣᠯᠪᠣᠭᠠᠨ ᠤ ᠤᠯᠤᠰ᠂ ᠶᠠᠫᠣᠨ᠂ БНСУ ᠤᠨ ᠲᠧᠯᠸᠢᠰ ᠦᠳ ᠲᠡᠢ ᠬᠠᠮᠲᠤᠷᠠᠨ ᠠᠵᠢᠯᠯᠠᠵᠤ《ᠵᠢᠭᠠᠰᠤᠨ ᠨᠢᠳᠦ》ᠣᠯᠠᠨ ᠤᠯᠤᠰ ᠤᠨ ᠲᠧᠯᠧ ᠨᠠᠭᠠᠳᠤᠮ ᠢ ᠵᠣᠬᠢᠶᠠᠨ ᠪᠠᠶᠢᠭᠤᠯᠵᠤ ᠪᠠᠶᠢᠭᠰᠠᠨ ᠶᠤᠮ᠃ 1996ᠤᠨ ᠤ 9 ᠰᠠᠷ᠎ᠠ ᠶᠢᠨ 27 ᠍ ᠳᠦ ᠮᠣᠩᠭᠣᠯ ᠤᠨ ᠠᠩᠬᠠᠨ ᠤ ᠠᠷᠠᠯᠵᠢᠶᠠᠨ ᠤ ᠲᠧᠯᠸᠢᠰ《25 ᠳ᠋ᠤᠭᠠᠷ ᠰᠤᠪᠠᠭ》ᠪᠠᠶᠢᠭᠤᠯᠤᠭᠳᠠᠭᠰᠠᠨ ᠪᠢᠯᠡ᠃ ᠮᠥᠨ ᠤᠨ ᠳᠤ ᠠᠮᠧᠷᠢᠺᠠ ᠶᠢᠨ ᠬᠥᠷᠥᠩᠭᠡ ᠣᠷᠣᠭᠤᠯᠤᠯᠲᠠ ᠲᠠᠢ ᠮᠡᠳᠡᠭᠡᠯᠡᠯ ᠦᠨ《EAGLE》ᠲᠧᠯᠸᠢᠰ ᠦᠢᠯᠡ ᠠᠵᠢᠯᠯᠠᠭ᠎ᠠ ᠶᠢ ᠪᠠᠨ ᠡᠬᠢᠯᠡᠵᠡᠢ᠃ 1998ᠤᠨ ᠠᠴᠠ ᠡᠬᠢᠯᠡᠨ ᠮᠣᠩᠭᠣᠯ ᠤᠨ ᠦᠨᠳᠦᠰᠦᠨ ᠦ ᠲᠧᠯᠸᠢᠰ PAL ᠰᠢᠰᠲ᠋ᠧᠮ ᠢᠶᠡᠷ ᠨᠡᠪᠲᠡᠷᠡᠭᠦᠯᠭᠡ ᠪᠡᠨ ᠰᠠᠴᠤᠬᠤ ᠪᠣᠯᠵᠠᠢ᠃ ᠡᠭᠦᠨ ᠡᠴᠡ ᠡᠮᠦᠨ᠎ᠡ SECAM ᠰᠢᠰᠲ᠋ᠧᠮ ᠢᠶᠡᠷ ᠨᠡᠪᠲᠡᠷᠡᠭᠦᠯᠭᠡ ᠪᠡᠨ ᠳᠠᠮᠵᠢᠭᠤᠯᠳᠠᠭ ᠪᠠᠶᠢᠯ᠎ᠠ᠃ EAGLE ᠲᠧᠯᠸᠢᠰ 2003ᠤᠨ ᠳᠤ ᠲᠦᠷ ᠬᠠᠭᠠᠭᠳᠠᠭᠠᠳ 2005ᠤᠨ ᠠᠴᠠ ᠨᠡᠪᠲᠡᠷᠡᠭᠦᠯᠭᠡ ᠪᠡᠨ ᠰᠡᠷᠭᠦᠭᠡᠵᠡᠢ᠃ 2003ᠤᠨ ᠳᠤ TV5᠂ TV9 ᠭᠡᠰᠡᠨ ᠬᠣᠶᠠᠷ ᠴᠤ ᠠᠷᠠᠯᠵᠢᠶᠠᠨ ᠤ ᠲᠧᠯᠸᠢᠰ ᠰᠢᠨ᠎ᠡ ᠪᠡᠷ ᠨᠡᠭᠡᠭᠡᠭᠳᠡᠵᠡᠢ᠃ 1995ᠤᠨ ᠠᠴᠠ ᠮᠣᠩᠭᠣᠯ ᠳᠤ ᠭᠠᠳᠠᠭᠠᠳᠤ ᠶᠢᠨ ᠪᠣᠯᠤᠨ ᠳᠣᠲᠣᠭᠠᠳᠤ ᠶᠢᠨ ᠲᠧᠯᠸᠢᠰ ᠦᠳ ᠦᠨ ᠨᠡᠪᠲᠡᠷᠡᠭᠦᠯᠭᠡ ᠶᠢ ᠳᠠᠬᠢᠨ ᠳᠠᠮᠵᠢᠭᠤᠯᠬᠤ ᠦᠢᠯᠡ ᠠᠵᠢᠯᠯᠠᠭ᠎ᠠ ᠶᠠᠪᠤᠭᠤᠯᠳᠠᠭ ᠺᠠᠪᠧᠯ ᠤᠨ ᠰᠦᠯᠵᠢᠶ᠎ᠡ ᠪᠤᠢ ᠪᠣᠯᠪᠠ᠃ ᠬᠠᠮᠤᠭ ᠤᠨ ᠣᠯᠠᠨ ᠬᠡᠷᠡᠭᠯᠡᠭᠴᠢ ᠲᠡᠢ ᠨᠢ ᠮᠣᠩᠭᠣᠯ-ᠳᠤᠮᠳᠠᠳᠤ ᠶᠢᠨ ᠬᠠᠮᠲᠤᠷᠠᠭᠰᠠᠨ《ᠰᠠᠨᠰᠠᠷ》ᠺᠠᠪᠧᠯ ᠤᠨ ᠲᠧᠯᠸᠢᠰ ᠶᠤᠮ᠃ ᠭᠠᠳᠠᠭᠠᠳᠤ ᠳᠣᠲᠣᠭᠠᠳᠤ ᠶᠢᠨ ᠲᠧᠯᠸᠢᠰ ᠦᠨ ᠰᠤᠪᠠᠭ ᠤᠳ ᠢ ᠳᠠᠬᠢᠨ ᠳᠠᠮᠵᠢᠭᠤᠯᠬᠤ ᠠᠴᠠ ᠭᠠᠳᠠᠨ᠎ᠠ ᠰᠠᠨᠰᠠᠷ ᠺᠠᠪᠧᠯ ᠤᠨ ᠲᠧᠯᠸᠢᠰ ᠨᠢ ᠥᠪᠡᠷ ᠦᠨ ᠭᠡᠰᠡᠨ 4 ᠰᠤᠪᠠᠭ ᠨᠡᠭᠡᠭᠡᠭᠰᠡᠨ ᠶᠤᠮ᠃ 2010ᠤᠨ ᠤ ᠪᠠᠶᠢᠳᠠᠯ ᠢᠶᠠᠷ ᠵᠥᠪᠬᠡᠨ УБ ᠬᠣᠳᠠ ᠳᠤ 20 ᠭᠠᠷᠤᠢ ᠲᠧᠯᠸᠢᠰ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠪᠠ᠃ ᠬᠠᠷᠢᠨ 2014ᠤᠨ ᠤ ᠪᠠᠶᠢᠳᠠᠯ ᠢᠶᠠᠷ ᠮᠣᠩᠭᠣᠯ ᠤᠯᠤᠰ ᠲᠤ 160 ᠭᠠᠷᠤᠢ ᠲᠧᠯᠸᠢᠰ ᠦᠨ ᠺᠣᠮᠫᠠᠨᠢ ᠠᠵᠢᠯᠯᠠᠵᠤ ᠪᠠᠶᠢᠭ᠎ᠠ ᠠᠴᠠ 90 ᠭᠠᠷᠤᠢ ᠨᠢ ᠤᠯᠠᠭᠠᠨᠪᠠᠭᠠᠲᠤᠷ ᠬᠣᠲᠠ ᠠᠴᠠ ᠨᠡᠪᠲᠡᠷᠡᠭᠦᠯᠭᠡ ᠪᠡᠨ ᠳᠠᠮᠵᠢᠭᠤᠯᠵᠤ ᠪᠠᠶᠢᠨ᠎ᠠ᠃ ᠮᠣᠩᠭᠣᠯ ᠤᠨ ᠲᠧᠯᠸᠢᠰ ᠦᠳ ᠦᠨ ᠬᠣᠯᠪᠣᠭ᠎ᠠ 2005ᠤᠨ ᠳᠤ ᠪᠠᠶᠢᠭᠤᠯᠤᠭᠳᠠᠭᠰᠠᠨ ᠶᠤᠮ᠃ ᠲᠤᠰ ᠬᠣᠯᠪᠣᠭ᠎ᠠ ᠨᠢ ᠵᠢᠯ ᠪᠦᠷᠢ《ᠠᠯᠲᠠᠨ ᠱᠣᠩᠬᠣᠷ》ᠲᠧᠯᠧ ᠨᠠᠭᠠᠳᠤᠮ ᠢ ᠵᠣᠬᠢᠶᠠᠨ ᠪᠠᠶᠢᠭᠤᠯᠳᠠᠭ᠃

ᠳᠡᠯᠡᠬᠡᠢ ᠶᠢᠨ ᠲᠧᠯᠸᠢᠰ ᠦᠨ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

1996 ᠤᠨ ᠠᠴᠠ ᠡᠬᠢᠯᠡᠨ ᠵᠢᠯ ᠪᠦᠷᠢ ᠶᠢᠨ 11 ᠰᠠᠷ᠎ᠠ ᠶᠢᠨ 21 ᠳᠦ ᠳᠡᠯᠡᠬᠡᠢ ᠶᠢᠨ ᠲᠧᠯᠸᠢᠰ ᠦᠨ ᠡᠳᠦᠷ ᠢ ᠲᠡᠮᠳᠡᠭᠯᠡᠳᠡᠭ ᠪᠣᠯᠤᠭᠰᠠᠨ ᠶᠤᠮ᠃ ᠡᠶᠢᠮᠦ ᠡᠳᠦᠷ ᠢ ᠲᠡᠮᠳᠡᠭᠯᠡᠬᠦ ᠶᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠲᠤᠰᠬᠠᠢ ᠲᠣᠭᠲᠠᠭᠠᠯ ᠭᠠᠷᠭᠠᠵᠤ ᠰᠢᠢᠳᠡᠭᠰᠡᠨ ᠪᠠᠶᠢᠨ᠎ᠠ᠃ ᠲᠧᠯᠸᠢᠰ ᠦᠨ ᠰᠡᠳᠬᠦᠯ ᠵᠦᠢ ᠶᠢᠨ ᠲᠤᠬᠠᠢ ᠨᠣᠮ ᠤᠨ ᠵᠢᠭᠰᠠᠭᠠᠯᠳᠠ 1.ᠵᠢᠷᠤᠭᠲᠤ ᠵᠤᠯᠠ ᠶᠢᠨ ᠬᠣᠶᠢᠮᠣᠷ ᠲᠤ ᠵᠠᠯᠠᠷᠠᠭᠰᠠᠨ ᠨᠢ᠃ 1997 2.ᠳ᠂ᠠᠮᠪᠠᠰᠡᠯᠮ᠎ᠠ ᠮᠢᠩᠭ᠎ᠠ ᠰᠣᠨᠣᠰᠬᠤ ᠠᠴᠠ ᠨᠢᠭᠡ ᠦᠵᠡᠬᠦᠢ УБ᠃ 2003 3.ᠳ᠂ᠠᠮᠪᠠᠰᠡᠯᠮ᠎ᠠ ᠪᠠᠶᠠᠷ ᠲᠠᠢ ᠭᠤᠨᠢᠭ ᠲᠠᠢ ᠪᠣᠷᠣᠬᠠᠨ ᠡᠳᠦᠷ ᠦᠳ ᠮᠢᠨᠢ УБ᠃2003 4.ᠮᠣᠩᠭᠣᠯ ᠤᠨ ᠲᠧᠯᠧᠲᠢᠶᠠᠲ᠋ᠷ᠃ УБ 2000 /ᠡᠮᠬᠢᠳᠬᠡᠭᠰᠡᠨ ᠴᠤ᠂ ᠮᠥᠩᠬᠡᠵᠤᠯ/ 5.ᠭ᠂ ᠵᠣᠯ ᠵᠢᠷᠭᠠᠯ ᠬᠣᠯᠠ ᠠᠴᠠ ᠲᠡᠭᠡᠭᠡᠭᠰᠡᠨ ᠪᠣᠳᠣᠯ УБ᠃ 2002 6.ᠰ᠂ ᠵᠢᠷᠭᠠᠯ ᠰᠣᠶᠣᠯ ᠤᠨ ᠬᠥᠭᠵᠢᠯᠳᠦ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠤᠨ ᠭᠦᠢᠴᠡᠳᠭᠡᠬᠦ ᠡᠭᠦᠷᠭᠡ УБ᠃ 2002 7.ᠰ᠂ ᠵᠢᠷᠭᠠᠯ ᠨᠡᠶᠢᠲᠡ ᠶᠢᠨ ᠬᠥᠭᠵᠢᠯ ᠪᠠ ᠮᠣᠩᠭᠣᠯ ᠤᠨ ᠦᠨᠳᠦᠰᠦᠨ ᠦ ᠲᠧᠯᠸᠢᠰ᠃ УБ᠃ 2004 8.ᠬ᠂ ᠨᠠᠷᠠᠨᠵᠢᠷᠭᠠᠯ ᠲᠧᠯᠸᠢᠰ ᠦᠨ ᠰᠡᠳᠬᠦᠯ ᠵᠦᠢ УБ᠃ 2006 9.ᠯ᠂ ᠨᠣᠷᠪᠤᠰᠦ᠋ᠷᠦᠩ ᠮᠣᠩᠭᠣᠯ ᠤᠨ ᠰᠡᠳᠬᠦᠯ ᠵᠦᠢ ᠶᠢᠨ ᠲᠡᠦᠬᠡ УБ᠃ 2001 10.ᠬᠡᠰᠢᠭ ᠢᠶᠡᠨ ᠮᠢᠺᠷᠣᠹᠣᠨ ᠲᠠᠢ ᠬᠠᠷᠢᠴᠠᠬᠤ ᠳᠤ УБ᠃ 1998 11.ᠶᠤ᠋᠂ ᠡᠷᠳᠡᠨᠢᠲᠤᠶᠠᠭ᠎ᠠ ᠮᠣᠩᠭᠣᠯ ᠤᠨ ᠲᠧᠯᠧᠸᠢᠰ ᠦᠨ ᠥᠨᠥ ᠶᠢᠨ ᠪᠠᠶᠢᠳᠠᠯ᠃ ᠬᠡᠪᠯᠡᠯ ᠦᠨ ᠬᠦᠷᠢᠶᠡᠯᠡᠩ ᠡᠴᠡ ᠭᠠᠷᠭᠠᠭᠰᠠᠨ ᠴᠢᠯᠦᠭᠡᠲᠦ ᠬᠡᠪᠯᠡᠯ ᠴᠤᠪᠤᠷᠠᠯ ᠡᠮᠬᠢᠳᠬᠡᠯ УБ᠃ 2007 12. ᠮ᠂ ᠵᠤᠯᠺᠠᠹᠢᠯ᠃ ᠰᠡᠳᠬᠦᠯ ᠵᠦᠢ ᠶᠢᠨ ᠲᠠᠶᠢᠯᠪᠤᠷᠢ ᠲᠣᠯᠢ᠃ УБ

http://wiki.uhaan.com/index.php?title=ᠲᠧᠯᠸᠢᠰ&oldid=478709》 ᠍  ᠡᠴᠡ ᠠᠪᠤᠭᠰᠠᠨ

ᠪᠢᠴᠢᠭᠡᠰᠦ