ᠲᠦᠷᠺ ᠬᠡᠯᠡ ᠪᠢᠴᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠲᠦᠷᠺ ᠬᠡᠯᠡ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠲᠦᠷᠺ ᠬᠡᠯᠡ
ᠣᠷᠴᠢᠨ ᠴᠠᠭ ᠤᠨ ᠲᠦᠷᠺ ᠬᠡᠯᠡ
ᠭᠠᠵᠠᠷ ᠣᠷᠣᠨᠲᠦᠷᠺᠭᠧᠷᠮᠠᠨᠪᠣᠯᠭᠠᠷᠢᠶ᠎ᠠᠮᠠᠺᠧᠳᠠᠨ
ᠭᠷᠧᠺᠠᠽᠧᠷᠪᠠᠶᠢᠵᠠᠨᠤᠮᠠᠷ᠎ᠠ ᠺᠠᠫᠷᠤᠰ,
ᠺᠣᠰᠪᠣ, ᠷᠤᠮᠠᠨᠢᠶ ᠠ ᠮᠡᠲᠦ ᠶᠢᠨ ᠤᠯᠤᠰ ᠣᠷᠣᠨ
ᠡᠵᠡᠮᠨᠡᠭᠴᠢ63 ᠰᠠᠶ᠎ᠠ ᠬᠦᠮᠦᠨ (2007)[1]
ᠬᠡᠯᠡᠲᠡᠨᠲᠦᠷᠺ ᠦᠨᠳᠦᠰᠦᠲᠡᠨ
ᠲᠥᠷᠥᠯ ᠵᠦᠢ
ᠠᠯᠲᠠᠢ ᠢᠵᠠᠭᠤᠷ
ᠵᠠᠯᠭᠠᠮᠵᠢᠯᠠᠯ
ᠲᠦᠷᠺ ᠬᠡᠯᠡ (11–15 ᠍ ᠳᠦᠭᠡᠷ ᠵᠠᠭᠤᠨ)
  • ᠣᠰᠠᠮᠠᠨ ᠤ ᠲᠦᠷᠺ ᠬᠡᠯᠡ (–1928)
    • ᠣᠷᠴᠢᠨ ᠴᠠᠭ ᠤᠨ ᠲᠦᠷᠺ ᠬᠡᠯᠡ
ᠪᠢᠴᠢᠭ ᠦᠰᠦᠭᠲᠦᠷᠺ ᠯᠠᠲ᠋ᠢᠨ ᠦᠰᠦᠭ (1928 ᠣᠨ ᠠᠴᠠ ᠬᠣᠶᠢᠰᠢ)
ᠠᠯᠪᠠᠨ ᠶᠣᠰᠣᠭᠠᠷ ᠬᠡᠷᠡᠭᠯᠡᠳᠡᠭ ᠭᠠᠵᠠᠷ ᠣᠷᠣᠨ
ᠦᠨᠳᠦᠰᠦᠨ ᠨᠢᠭᠡᠲᠦᠷᠺ ᠲᠦᠷᠺ (БНТУ)
ᠬᠣᠶᠢᠳᠤ ᠺᠠᠫᠷᠤᠰ ᠤᠮᠠᠷ᠎ᠠ ᠺᠠᠫᠷᠤᠰ (БНУКТҮ)
ᠬᠣᠶᠠᠷ ᠤᠨ ᠨᠢᠭᠡᠺᠠᠫᠷᠤᠰ ᠺᠠᠫᠷᠤᠰ (БНКипУ)
ᠲᠣᠬᠢᠷᠠᠭᠤᠯᠤᠭᠴᠢᠲᠦᠷᠺ ᠬᠡᠯᠡᠨ ᠦ ᠨᠡᠶᠢᠭᠡᠮᠯᠢᠭ (1932-)
ᠣᠯᠠᠨ ᠤᠯᠤᠰ ᠤᠨ ᠲᠣᠮᠢᠶᠠᠯᠠᠪᠤᠷᠢ  (ᠠᠩᠭᠯ᠃)
ISO 639-1tr
ISO 639-2tur
ISO 639-3tur
MapOfTurkishSpeakers.png
ᠭᠠᠵᠠᠷ ᠤᠨ ᠵᠢᠷᠤᠭ ᠲᠤ ᠲᠦᠷᠺ ᠬᠡᠯᠡ ᠳᠡᠯᠭᠡᠷᠡᠭᠰᠡᠨ ᠣᠷᠣᠨ ᠨᠤᠭᠤᠳ ᠢ ᠲᠣᠳᠣᠷᠠᠭᠤᠯᠵᠠᠢ
ᠲᠦᠷᠺ ᠦᠨᠳᠦᠰᠦᠲᠡᠨ ᠦ ᠡᠬᠡ ᠬᠡᠯᠡ ᠶᠢ ᠲᠦᠷᠺ ᠬᠡᠯᠡ ᠪᠤᠶᠤ ᠲᠦᠷᠺ ᠬᠡᠯᠡ (ᠲᠦᠷᠺ ᠢᠶᠡᠷ Türk dili, ᠶᠡᠬᠡᠪᠴᠢᠯᠡᠨ ᠲᠣᠪᠴᠢᠯᠠᠭᠠᠳ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 Türkçe, ᠠᠩᠭᠯᠢ ᠪᠠᠷ Turkish language, ᠪᠤᠰᠤᠳ «ᠲᠦᠷᠺ» ᠬᠤᠪᠢᠯᠪᠤᠷᠢ (1,2,3) ᠨᠡᠷᠡᠰ ᠡᠴᠡ ᠢᠯᠭᠠᠭᠳᠠᠭᠰᠠᠨ ᠲᠣᠬᠢᠶᠠᠯᠳᠤᠯ ᠳᠤ ᠵᠦᠭᠡᠷ ᠯᠠ ᠲᠦᠷᠺ᠂ ᠲᠦᠺ᠂ ᠲᠦᠷᠦᠭ᠂ ᠬᠤᠳᠤᠮ ᠮᠣᠩᠭᠣᠯ ᠢᠶᠠᠷ ᠲᠦᠷᠺ ᠪᠤᠶᠤ ᠲᠦᠷᠦᠭᠦᠭ ᠬᠡᠯᠡ) ᠭᠡᠨ᠎ᠡ᠃ ᠬᠡᠯᠡ ᠰᠢᠨᠵᠢᠯᠡᠯ ᠦᠨ ᠡᠭᠦᠳᠡᠨ ᠡᠴᠡ ᠲᠦᠷᠺ ᠬᠡᠯᠡ ᠪᠣᠯ ᠠᠯᠲᠠᠢ ᠢᠵᠠᠭᠤᠷ ᠍ ᠤᠨ ᠲᠦᠷᠦᠭ ᠰᠠᠯᠪᠤᠷᠢ ᠍ ᠤᠨ ᠨᠢᠭᠡᠨ ᠭᠡᠰᠢᠭᠦᠨ ᠪᠣᠯᠤᠨ᠎ᠠ᠃ ᠪᠦᠬᠦ ᠲᠦᠷᠦᠭ ᠬᠡᠯᠡᠲᠡᠨ ᠦ 43% ᠲᠦᠷᠺ ᠬᠡᠯᠡᠲᠡᠨ ᠪᠠᠶᠢᠭ ᠠᠴᠠ ᠲᠦᠷᠺ ᠬᠡᠯᠡ ᠨᠢ ᠲᠦᠷᠦᠭ ᠰᠠᠯᠪᠤᠷᠢ ᠶᠢ ᠲᠥᠯᠥᠭᠡᠯᠡᠬᠦ᠂ ᠪᠤᠰᠤᠳ ᠲᠤ ᠪᠠᠨ ᠨᠦᠯᠦᠭᠡᠯᠡᠬᠦ ᠴᠢᠨᠠᠷᠲᠠᠢ ᠪᠣᠯᠴᠢᠬᠠᠭᠠᠳ ᠪᠠᠶᠢᠭ᠎ᠠ᠃ ᠢᠣᠬᠠᠩᠰᠠᠨ ᠮᠡᠲᠦ ᠶᠢᠨ ᠳᠡᠶᠢᠯᠦᠩᠬᠢ ᠬᠡᠯᠡ ᠰᠢᠨᠵᠢᠭᠡᠴᠢᠳ ᠲᠦᠷᠦᠭ ᠳᠣᠲᠣᠷ᠎ᠠ ᠨᠢ ᠠᠽᠧᠷᠪᠠᠶᠢᠵᠠᠨᠭᠠᠭᠠᠦ᠋ᠽ ᠵᠡᠷᠭᠡ ᠬᠡᠯᠡᠨ ᠦ ᠬᠠᠮᠲᠤ ᠪᠠᠷ ᠣᠭᠤᠵᠠ ᠪᠤᠶᠤ ᠪᠠᠷᠠᠭᠤᠨ ᠡᠮᠦᠨᠡᠲᠦ ᠪᠦᠯᠦᠭ ᠲᠦ ᠠᠩᠭᠢᠯᠠᠵᠠᠢ᠃

ᠲᠦᠷᠺ ᠬᠡᠯᠡ ᠲᠦᠷᠺ ᠦᠨᠳᠦᠰᠦᠲᠡᠨ ᠦ ᠦᠨᠳᠦᠰᠦᠨ ᠨᠤᠲᠤᠭ ᠪᠣᠯᠤᠭᠰᠠᠨ ᠲᠦᠷᠺ ᠣᠷᠣᠨ ᠤ ᠪᠦᠬᠦ ᠬᠦᠮᠦᠨ ᠠᠷᠠᠳ ᠤᠨ 80% ᠍ ᠶᠢᠨ (60 ᠭᠠᠷᠤᠢ ᠰᠠᠶ᠎ᠠ) ᠲᠥᠷᠥᠯᠬᠢ ᠬᠡᠯᠡ ᠶᠤᠮ᠃ ᠲᠡᠶᠢᠮᠦ ᠳᠦ ᠪᠡᠨ ᠴᠤ ᠲᠦᠷᠺ ᠤᠯᠤᠰ ᠍ ᠤᠨ ᠭᠠᠭᠴᠠ ᠠᠯᠪᠠᠨ ᠶᠣᠰᠣᠨ ᠤ ᠬᠡᠯᠡ ᠪᠣᠯᠤᠭᠰᠠᠨ᠃ ᠲᠡᠨᠳᠡ ᠡᠴᠡ ᠬᠣᠯᠠ ᠦᠭᠡᠢ ᠺᠠᠫᠷᠤᠰ᠂ ᠲᠡᠷᠡ ᠳᠣᠲᠣᠷ᠎ᠠ ᠪᠠᠨ ᠭᠷᠧᠺᠴᠦᠳᠡ ᠡᠴᠡ ᠰᠠᠯᠠᠩ ᠲᠤᠰᠠᠭᠠᠷᠯᠠᠵᠤ ᠥᠪᠡᠷᠲᠡᠭᠡᠨ ᠡᠵᠡᠨ ᠮᠡᠳᠡᠵᠦ ᠪᠠᠶᠢᠭ᠎ᠠ ᠤᠮᠠᠷ᠎ᠠ ᠺᠠᠫᠷᠤᠰ ᠣᠷᠣᠨ ᠳᠤ ᠮᠥᠨ ᠳᠠᠩ ᠢᠶᠠᠷ (2 ᠪᠤᠮ ᠣᠷᠴᠢᠮ) ᠬᠡᠷᠡᠭᠯᠡᠭᠳᠡᠵᠦ ᠪᠠᠶᠢᠨ᠎ᠠ᠃ ᠬᠠᠤᠯᠢ ᠶᠣᠰᠣᠭᠠᠷ ᠤᠮᠠᠷ᠎ᠠ ᠺᠢᠫᠡᠷ ᠢ ᠳᠣᠲᠣᠷ᠎ᠠ ᠪᠠᠨ ᠪᠠᠭᠲᠠᠭᠠᠭᠰᠠᠭᠠᠷ ᠪᠤᠢ ᠺᠠᠫᠷᠤᠰ ᠤᠯᠤᠰ ᠲᠦᠷᠺ ᠬᠡᠯᠡ ᠶᠢ ᠭᠷᠧᠺ ᠬᠡᠯᠡᠨᠢᠭᠢ ᠠᠳᠠᠯᠢ ᠪᠠᠷ ᠠᠯᠪᠠᠨ ᠶᠣᠰᠣᠨ ᠤ ᠭᠡᠵᠦ ᠵᠥᠪᠰᠢᠶᠡᠷᠡᠭᠰᠡᠨ ᠪᠠᠶᠢᠳᠠᠭ᠃ ᠡᠳᠡᠭᠡᠷ ᠡᠴᠡ ᠭᠠᠳᠠᠨ᠎ᠠ ᠭᠧᠷᠮᠠᠨ (2.8 ᠰᠠᠶ᠎ᠠ), ᠭᠷᠧᠺ (128 ᠮᠢᠩᠭ᠎ᠠ), ᠪᠣᠯᠭᠠᠷᠢᠶ᠎ᠠ (740 ᠮᠢᠩᠭ᠎ᠠ), ᠠᠦᠢᠰᠲᠷᠶ᠎ᠠ (170 ᠮᠢᠩᠭ᠎ᠠ) ᠭᠡᠬᠦ ᠮᠡᠲᠦ ᠳᠡᠯᠡᠬᠡᠢ ᠶᠢᠨ ᠣᠯᠠᠨ ᠣᠷᠣᠨ ᠳᠤ ᠲᠦᠷᠺ ᠬᠦᠮᠦᠰ ᠲᠠᠷᠬᠠᠨ ᠰᠠᠭᠤᠭᠰᠠᠨ ᠳᠣᠲᠣᠷ᠎ᠠ ᠲᠦᠷᠺ ᠢᠶᠡᠷ ᠬᠥᠭᠡᠷᠦᠯᠳᠦᠭᠰᠡᠳ ᠪᠤᠢ᠃

1926 ᠣᠨ ᠳᠤ ᠪᠠᠺᠦ᠋ ᠳᠤ ᠪᠣᠯᠤᠭᠰᠠᠨ ᠲᠦᠷᠦᠭ ᠵᠦᠢᠴᠢᠳ ᠦᠨ ᠬᠤᠷᠠᠯᠳᠤᠭᠠᠨ ᠳᠤ ᠲᠦᠷᠺ ᠤᠨ ᠶᠡᠷᠦᠩᠬᠡᠶᠢᠯᠡᠭᠴᠢ ᠮᠦᠰᠲ᠋ᠠᠹᠠ ᠺᠧᠮᠠᠯ ᠠᠲ᠋ᠠᠲ᠋ᠶᠤᠶᠢᠷᠺ ᠲᠦᠷᠺ ᠬᠡᠯᠡ ᠪᠡᠨ ᠠᠷᠠᠪ ᠦᠰᠦᠭ ᠢᠶᠡᠷ ᠪᠢᠰᠢ ᠯᠠᠲ᠋ᠢᠨ ᠦᠰᠦᠭ ᠢᠶᠡᠷ ᠪᠢᠴᠢᠬᠦ ᠪᠣᠯᠤᠭᠰᠠᠨ ᠢᠶᠠᠨ ᠵᠠᠷᠯᠠᠵᠠᠢ᠃ ᠢᠩᠭᠢᠭᠡᠳ 1928 ᠣᠨ ᠠᠴᠠ 8 (a, ı᠂ u, o, e, i, ü᠂ ö) ᠡᠭᠡᠰᠢᠭ᠂ 21 (p, b, f, v, t, d, s, ş, z, j, ç᠂ c, m, n, l, r, y, k, g, h, ğ) ᠭᠡᠶᠢᠭᠦᠯᠦᠭᠴᠢ᠂ ᠪᠦᠭᠦᠳᠡ 29 ᠦᠰᠦᠭ ᠲᠡᠢ ᠯᠠᠲ᠋ᠢᠨ ᠴᠠᠭᠠᠨ ᠲᠣᠯᠣᠭᠠᠢ ᠬᠡᠷᠡᠭᠯᠡᠳᠡᠭ ᠪᠣᠯᠵᠠᠢ᠃ ᠣᠳᠣ ᠴᠠᠭ ᠲᠤ ᠶᠠᠮᠠᠷ ᠴᠤ ᠭᠠᠵᠠᠷ ᠲᠤ ᠲᠦᠷᠺ ᠬᠡᠯᠡ ᠶᠢ ᠲᠡᠷᠬᠡᠦ ᠯᠠᠲ᠋ᠢᠨ ᠦᠰᠦᠭ ᠲᠦ ᠲᠦᠷᠺ ᠪᠢᠴᠢᠭ ᠦᠨ ᠳᠦᠷᠢᠮ ᠢ ᠪᠠᠷᠢᠮᠲᠠᠯᠠᠨ ᠲᠡᠮᠳᠡᠭᠯᠡᠳᠡᠭ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Världens 100 största språk 2007"

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ