ᠲᠦᠷᠦᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠦᠷᠦᠭ ᠤᠭᠰᠠᠭᠠᠲᠠᠨ
Map-TurkicLanguages.png
ᠲᠦᠷᠦᠭ ᠦᠳ ᠦᠨ ᠣᠨᠴᠠᠯᠠᠨ ᠠᠩᠬᠠᠷᠤᠮᠠᠷ ᠰᠠᠭᠤᠷᠢᠰᠢᠭᠰᠠᠨ ᠭᠠᠵᠠᠷ ᠣᠷᠣᠨ
ᠪᠦᠭᠦᠳᠡ ᠲᠣᠭ᠎ᠠ
ᠲᠦᠷᠦᠭ ᠬᠡᠯᠡᠲᠡᠨ ᠦ ᠲᠣᠭ᠎ᠠ 150-200 ᠰᠠᠶ᠎ᠠ[1][2]
ᠲᠥᠪᠯᠡᠷᠡᠭᠰᠡᠨ ᠭᠠᠵᠠᠷ ᠣᠷᠣᠨ
ᠲᠦᠷᠺ ᠲᠦᠷᠺ 55-60 ᠰᠠᠶ᠎ᠠ[3]
ᠦᠽᠡᠪᠸᠺᠢᠰᠲᠠᠨ ᠤᠯᠤᠰ ᠦᠽᠡᠪᠸᠺᠢᠰᠲ᠋ᠠᠨ 26 ᠰᠠᠶ᠋᠎ᠠ
ᠢᠷᠡᠨ ᠢᠷᠡᠨ 13 ᠰᠠᠶ᠋᠎ᠠ[4]
ᠬᠠᠰᠠᠭ ᠬᠠᠰᠠᠭ ᠤᠯᠤᠰ 12 ᠰᠠᠶ᠎ᠠ
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠬᠢᠲᠠᠳ 11,647,000
ᠣᠷᠣᠰ ᠣᠷᠣᠰ 12,009,969[5]
ᠠᠽᠧᠷᠪᠠᠶᠢᠵᠠᠨ ᠠᠽᠧᠷᠪᠠᠶᠢᠵᠠᠨ 9,047,000
ᠲᠦᠺᠮᠧᠨᠢᠰᠲᠠᠨ ᠲᠦᠷᠺᠮᠧᠨ 4,500,000[6]
Flag of Kyrgyzstan.svg ᠬᠢᠷᠭᠢᠰ ᠤᠯᠤᠰ 4,500,000
ᠧᠦ᠋ᠷᠣᠫᠠ ᠶᠢᠨ ᠬᠣᠯᠪᠣᠭ᠎ᠠ ᠧᠦ᠋ᠷᠣᠫᠠ ᠶᠢᠨ ᠬᠣᠯᠪᠣᠭ᠎ᠠ 5,210,000
ᠠᠹᠬᠠᠨᠨᠢᠰᠲᠠᠨ ᠠᠹᠬᠠᠨᠨ 3,500,000[7]
ᠲᠠᠵᠢᠺᠢᠰᠲ᠋ᠠᠨ ᠲᠠᠵᠢᠺᠢᠰᠲ᠋ᠠᠨ 1,200,000
ᠢᠷᠠᠺ ᠢᠷᠠᠺ 1,500,000
ᠠᠮᠧᠷᠢᠺᠠ ᠠᠮᠧᠷᠢᠺᠠ ᠶᠢᠨ ᠨᠢᠭᠡᠳᠦᠭᠰᠡᠨ ᠤᠯᠤᠰ 923,000
ᠪᠣᠯᠭᠠᠷᠢᠶ᠎ᠠ ᠪᠣᠯᠭᠠᠷᠢᠶ᠎ᠠ 600,000-800,000
ᠬᠣᠶᠢᠳᠤ ᠺᠠᠫᠷᠤᠰ ᠤᠮᠠᠷ᠎ᠠ ᠺᠠᠫᠷᠤᠰ 298,862
ᠠᠦᠢᠰᠲᠷᠠᠯ ᠠᠦ᠋ᠰᠲ᠋ᠷᠠᠯᠢᠶ᠎ᠠ 293,500
ᠦᠺᠷᠠᠶᠢᠨ ᠦᠺᠷᠠᠶᠢᠨ 275,300[8]
ᠵᠠᠭᠪᠤᠷ:Country data ᠰᠠᠦ᠋ᠳᠢ ᠠᠷᠠᠪ 224,460
ᠵᠠᠭᠪᠤᠷ:Country data ᠭᠷᠧᠭ 178,000 h
ᠵᠠᠭᠪᠤᠷ:Country data ᠮᠣᠯᠳᠤᠸᠠ 158,300
2009 ᠤᠨ ᠳᠤ ᠰᠲ᠋ᠠᠮᠪᠤᠯ ᠳᠤ ᠪᠣᠯᠤᠭᠰᠠᠨ ᠨᠠᠷᠮᠠᠢ ᠲᠦᠷᠦᠭ ᠦᠨ ᠴᠤᠭᠯᠠᠭᠠᠨ

ᠲᠦᠷᠦᠭ ᠤᠭᠰᠠᠭᠠᠲᠠᠨ ᠨᠢ ᠠᠯᠲᠠᠢ ᠢᠵᠠᠭᠤᠷ ᠤᠨ ᠲᠦᠷᠦᠭ ᠬᠡᠯᠡᠨ ᠦ ᠪᠦᠯᠦᠭ ᠦᠨ ᠬᠡᠯᠡ ᠲᠡᠢ ᠠᠷᠠᠳ ᠲᠦᠮᠡᠨ 160-170 ᠰᠠᠶ᠎ᠠ ᠬᠦᠮᠦᠨ ᠲᠡᠢ ᠤᠭᠰᠠᠭᠠᠲᠠᠨ ᠶᠤᠮ᠃ ᠲᠡᠳᠡ ᠠᠽᠧᠷᠪᠠᠶᠢᠵᠠᠨᠲᠦᠷᠺᠲᠦᠷᠺᠮᠧᠨᠦᠽᠡᠪᠸᠺᠢᠰᠲ᠋ᠠᠨᠬᠠᠰᠠᠭᠬᠢᠷᠭᠢᠰ ᠵᠢᠷᠭᠤᠭᠠᠨ ᠤᠯᠤᠰ ᠤᠨ ᠦᠨᠳᠦᠰᠦᠨ ᠬᠦᠮᠦᠨ ᠠᠮᠠ ᠶᠢ ᠪᠦᠷᠢᠳᠦᠭᠦᠯᠳᠡᠭ᠃ ᠮᠥᠨ ᠣᠷᠣᠰᠬᠢᠲᠠᠳᠢᠷᠡᠨᠠᠹᠬᠠᠨᠨᠲᠠᠵᠢᠺᠢᠰᠲ᠋ᠠᠨᠢᠷᠠᠺᠠᠮᠧᠷᠢᠺᠠ ᠶᠢᠨ ᠨᠢᠭᠡᠳᠦᠭᠰᠡᠨ ᠤᠯᠤᠰ ᠭᠡᠬᠦ ᠮᠡᠲᠦ ᠪᠤᠰᠤᠳ ᠤᠯᠤᠰ ᠣᠷᠣᠨ ᠳᠤ ᠲᠠᠷᠬᠠᠨ ᠰᠠᠭᠤᠷᠢᠰᠢᠵᠠᠢ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠪᠢᠴᠢᠭ ᠦᠨ ᠲᠦᠷᠦᠭ (ᠺᠢᠷᠢᠯ ᠮᠣᠩᠭᠣᠯ ᠳᠤ Түрэг), ᠲᠦᠷᠦᠭ ᠪᠢᠴᠢᠭ ᠦᠨ türük ᠬᠣᠶᠠᠷ ᠨᠢᠭᠡ ᠦᠭᠡ᠃ ᠤᠭ ᠠᠴᠠ ᠪᠠᠨ ᠲᠦᠷᠦᠭ ᠦᠭᠡ ᠶᠢᠨ ᠠᠳᠠᠭ ᠤᠨ қ (ᠺ) ᠮᠣᠩᠭᠣᠯ ᠳᠤ , ᠮᠣᠩᠭᠣᠯ ᠦᠭᠡ ᠶᠢᠨ ᠠᠳᠠᠭ ᠤᠨ ᠲᠦᠷᠦᠭ ᠲᠦ қ (ᠺ) ᠭᠡᠵᠦ ᠲᠣᠭᠲᠠᠭᠰᠠᠨ ᠦᠭᠡ ᠮᠠᠰᠢ ᠣᠯᠠᠨ᠃ ᠣᠯᠠᠨ ᠲᠣᠭᠠᠨ ᠳᠤ ᠲᠦᠷᠦᠭᠦᠳ ᠪᠤᠶᠤ ᠲᠦᠷᠦᠭ ᠦᠳ (ᠣᠨᠣᠭᠠᠭᠰᠠᠨ ᠨᠡᠷ᠎ᠡ ᠶᠢᠨ ᠳᠦᠷᠢᠮ ᠢᠶᠡᠷ ᠲᠦᠷᠦᠭ ᠦᠳ ᠭᠡᠬᠦ ᠨᠢ ᠪᠤᠢ) ᠭᠡᠵᠦ ᠪᠢᠴᠢᠨ᠎ᠡ᠃ ᠬᠠᠮᠤᠭ ᠤᠨ ᠡᠷᠲᠡᠨ ᠦ ᠦᠶ᠎ᠡ ᠳᠦ ᠬᠣᠯᠪᠣᠭᠳᠠᠬᠤ᠂ ᠮᠣᠩᠭᠣᠯ ᠠᠴᠠ ᠣᠯᠳᠠᠭᠰᠠᠨ ᠲᠦᠷᠦᠭ ᠤᠯᠤᠰ ᠍ ᠤᠨ ᠦᠶ᠎ᠡ ᠶᠢᠨ ᠬᠥᠰᠢᠶᠡᠳ ᠲᠦ Old Turkic letter UK.svgOld Turkic letter R2.svgOld Turkic letter U.svgOld Turkic letter T2.svg[9][10], Old Turkic letter K.svgOld Turkic letter R2.svgOld Turkic letter U.svgOld Turkic letter T2.svg[11] ᠪᠤᠶᠤ türük ᠭᠡᠵᠦ ᠪᠢᠴᠢᠭᠰᠡᠨ ᠪᠠᠶᠢᠨ᠎ᠠ ᠭᠡᠵᠦ ᠲᠦᠷᠦᠭᠴᠢ ᠡᠷᠳᠡᠮᠲᠡᠳ ᠲᠠᠶᠢᠯᠵᠤ ᠤᠩᠰᠢᠵᠠᠢ᠃ ᠦᠭᠡ ᠶᠢᠨ ᠤᠳᠬ᠎ᠠ ᠲᠣᠳᠣᠷᠬᠠᠢ ᠪᠤᠰᠤ᠂ ᠭᠡᠬᠦ ᠳᠦ ᠪᠡᠨ ᠲᠦᠷᠦᠭᠴᠢ ᠨᠠᠷ ᠠᠴᠠ «ᠲᠦᠷᠦᠭᠰᠡᠨ»᠂ «ᠡᠭᠦᠰᠦᠭᠰᠡᠨ» ᠭᠡᠬᠦ ᠤᠳᠬ᠎ᠠ ᠳᠡᠪᠰᠢᠭᠦᠯᠦᠭᠰᠡᠨ ᠨᠢ ᠪᠠᠶᠢᠳᠠᠭ᠃[12] ᠬᠤᠳᠤᠮ ᠮᠣᠩᠭᠣᠯ ᠪᠢᠴᠢᠭ ᠢᠶᠡᠷ ᠪᠣᠯ ᠲᠥᠷᠥ ᠤᠯᠤᠰ ᠤᠨ «ᠲᠥᠷᠥ»᠂ ᠲᠥᠷᠥᠬᠦ᠂ ᠭᠠᠷᠬᠤ ᠶᠢᠨ «ᠲᠥᠷᠥ» ᠭᠡᠰᠡᠨ ᠮᠣᠩᠭᠣᠯ ᠦᠭᠡᠰ ᠲᠡᠢ ᠢᠵᠢᠯ ᠢᠵᠠᠭᠤᠷ ᠪᠣᠯᠤᠭᠠᠳ ᠪᠢᠴᠢᠯᠭᠡ ᠲᠡᠢ᠃ ᠪᠢᠴᠢᠭ, ᠠᠵᠢᠭ, ᠴᠢᠮᠡᠭ ᠭᠡᠳᠡᠭᠴᠢᠯᠡᠨ ᠦᠢᠯᠡ ᠡᠴᠡ ᠨᠡᠷ᠎ᠡ ᠦᠭᠡ ᠡᠭᠦᠰᠭᠡᠬᠦ –ᠭ ᠳᠠᠭᠠᠪᠤᠷᠢ ᠵᠠᠯᠭᠠᠬᠤ ᠳᠤ «ᠲᠦᠷᠦᠭᠰᠡᠨ ᠶᠤᠮ»᠂ «ᠲᠦᠷᠦᠭᠰᠡᠨ ᠵᠦᠢᠯ» ᠭᠡᠰᠡᠨ ᠤᠳᠬ᠎ᠠ ᠲᠠᠢ «ᠲᠥᠷᠥᠭ» ᠭᠡᠬᠦ ᠦᠭᠡ ᠪᠣᠯᠤᠨ᠎ᠠ᠃ ᠬᠡᠷᠪᠡ ᠡᠶᠢᠮᠦ ᠦᠭᠡ ᠮᠣᠩᠭᠣᠯ ᠬᠡᠯᠡᠨ᠎ᠡ ᠪᠠᠶᠢᠭᠰᠠᠨ ᠪᠣᠯ ᠲᠦᠷᠦᠭ ᠭᠡᠳᠡᠭ ᠲᠡᠢ ᠶᠠᠭ ᠠᠳᠠᠯᠢ ᠪᠢᠴᠢᠭᠳᠡᠬᠦ ᠪᠠᠶᠢᠯ᠎ᠠ᠃

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠦᠳ ᠨᠢ ᠭᠠᠷᠤᠯ ᠡᠭᠦᠰᠦᠯ ᠦᠨ ᠬᠣᠯᠪᠣᠭ᠎ᠠ ᠦᠭᠡᠢ᠂ ᠥᠪᠡᠷ ᠥᠪᠡᠷ ᠠᠷᠠᠰᠤᠲᠠᠨ ᠳᠤ ᠬᠠᠮᠢᠶᠠᠷᠤᠭᠳᠠᠳᠠᠭ ᠣᠯᠠᠨ ᠠᠷᠠᠳ ᠲᠦᠮᠡᠨ ᠨᠦᠭᠦᠳ ᠡᠴᠡ ᠪᠦᠷᠢᠳᠳᠡᠭ ᠪᠠ ᠲᠦᠷᠦᠭ ᠬᠡᠯᠡ ᠡᠳᠡᠭᠡᠷ ᠠᠷᠠᠳ ᠲᠦᠮᠡᠨ ᠢ ᠬᠣᠯᠪᠣᠳᠠᠭ᠃[13] ᠲᠦᠷᠦᠭ ᠦᠳ ᠦᠨ ᠨᠡᠯᠢᠶᠡᠳ ᠬᠡᠰᠡᠭ ᠨᠢ ᠤᠤᠯ ᠠᠴᠠ ᠪᠠᠨ ᠲᠦᠷᠦᠭ ᠪᠤᠰᠤ ᠭᠠᠷᠤᠯ ᠲᠠᠢ᠂ ᠲᠦᠷᠢᠭᠵᠢᠭᠰᠡᠨ ᠬᠦᠮᠦᠰ ᠪᠠ ᠦᠯᠡᠳᠡᠭᠰᠡᠨ ᠬᠡᠰᠡᠭ ᠨᠢ ᠥᠭᠡᠷ᠎ᠡ ᠠᠷᠠᠳ ᠲᠦᠮᠡᠨ ᠨᠦᠭᠦᠳ ᠲᠡᠢ ᠶᠡᠬᠡᠬᠡᠨ ᠬᠣᠯᠢᠯᠳᠤᠭᠰᠠᠨ ᠤᠴᠢᠷ ᠬᠡᠯᠡ᠂ ᠭᠧᠨᠠᠨᠲ᠋ᠷᠣᠫᠣᠯᠣᠭᠢ ᠍ ᠶᠢᠨ ᠬᠤᠪᠢ ᠳᠤ ᠴᠡᠪᠡᠷ ᠲᠦᠷᠦᠭ ᠤᠭᠰᠠᠭᠠᠲᠠᠨ ᠪᠠᠶᠢᠬᠤ ᠦᠭᠡᠢ᠃[14] ᠮᠣᠩᠭᠣᠯᠴᠤᠳ ᠮᠣᠩᠭᠣᠯᠣᠶᠢᠳ᠋ ᠲᠥᠷᠬᠦᠲᠡᠨ ᠦ ᠲᠥᠪ ᠠᠽᠢᠶ᠎ᠠ ᠶᠢᠨ ᠠᠷᠠᠰᠤᠲᠠᠨ ᠤ ᠪᠦᠯᠦᠭ ᠲᠦ ᠬᠠᠮᠢᠶᠠᠷᠤᠭᠳᠠᠳᠠᠭ᠃ ᠬᠠᠷᠢᠨ ᠡᠷᠲᠡᠨ ᠦ ᠲᠦᠷᠦᠭ ᠦᠳ ᠮᠣᠩᠭᠣᠯᠣᠶᠢᠳ᠋ ᠲᠥᠷᠬᠦᠲᠡᠨ ᠦ ᠤᠷᠠᠯ ᠤᠨ ᠪᠦᠯᠦᠭ ᠲᠦ ᠬᠠᠮᠢᠶᠠᠷᠤᠭᠳᠠᠵᠤ ᠪᠠᠶᠢᠭᠰᠠᠨ ᠪᠠᠶᠢᠵᠤ ᠪᠣᠯᠬᠤ ᠪᠥᠭᠡᠳ ᠤᠷᠠᠯ ᠤᠨ ᠨᠢᠷᠤᠭᠤ᠂ ᠪᠠᠷᠠᠭᠤᠨ ᠰᠢᠪᠢᠷᠢ᠂ ᠬᠣᠶᠢᠳᠤ ᠬᠠᠰᠠᠭᠰᠲ᠋ᠠᠨ᠂ ᠰᠠᠶᠠᠨ ᠤ ᠨᠢᠷᠤᠭᠤ ᠬᠠᠪᠢ ᠳᠤ ᠤᠷᠠᠯ ᠤᠨ ᠠᠷᠠᠰᠤᠲᠠᠨ ᠤ ᠲᠥᠷᠬᠥ ᠲᠡᠢ ᠬᠦᠮᠦᠰ᠂ ᠲᠤᠬᠠᠶᠢᠯᠠᠪᠠᠯ ᠤᠷᠠᠯ ᠬᠡᠯᠡᠨ ᠦ ᠢᠵᠠᠭᠤᠷ ᠤᠨ ᠬᠡᠯᠡ ᠲᠡᠢ ᠹᠢᠨ ᠤᠭᠣᠷ ᠤᠳ᠂ ᠰᠠᠮᠣᠳᠢᠴᠤᠳ  ᠠᠮᠢᠳᠤᠷᠠᠵᠤ ᠪᠠᠶᠢᠪᠠ᠃[15] ᠯᠸ ᠭᠤᠮᠢᠯᠶᠣᠪ ᠪᠠᠷᠠᠭᠤᠨ ᠲᠦᠷᠦᠭ ᠦᠨ ᠬᠠᠭᠠᠨᠲᠤ ᠤᠯᠤᠰ ᠍ ᠢ ᠦᠨᠳᠦᠰᠦᠯᠡᠭᠴᠢ ᠨᠢ ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠍ ᠦᠨ ᠬᠣᠶᠢᠳᠤ ᠬᠡᠰᠡᠭ ᠢᠶᠡᠷ ᠪᠠᠶᠢᠭᠰᠠᠨ ᠤᠭᠤᠷᠴᠤᠳ ᠪᠥᠭᠡᠳ ᠢᠰᠲ᠋ᠧᠮᠢ ᠬᠠᠭᠠᠨ ᠤ ᠨᠡᠷ᠎ᠡ ᠤᠭᠣᠷ ᠭᠠᠷᠤᠯᠲᠠᠢ ᠭᠡᠰᠡᠨ ᠲᠠᠭᠠᠮᠠᠭ ᠳᠡᠪᠰᠢᠭᠦᠯᠵᠡᠢ᠃[16]

ᠵᠠᠷᠢᠮ ᠡᠷᠳᠡᠮᠲᠡᠨ ᠲᠡᠭᠦᠨ ᠦ ᠳᠣᠲᠣᠷ ᠵᠠᠷᠢᠮ ᠲᠦᠷᠦᠭ ᠰᠤᠳᠤᠯᠤᠭᠠᠴᠢᠳ ᠡᠷᠲᠡ ᠴᠠᠭ ᠲᠤ ᠠᠯᠲᠠᠢ ᠬᠡᠯᠡᠨ ᠦ ᠢᠵᠠᠭᠤᠷ ᠤᠨ ᠬᠡᠯᠡ ᠪᠡᠷ ᠵᠥᠪᠬᠡᠨ ᠮᠣᠩᠭᠣᠯ᠂ ᠲ᠋ᠦ᠋ᠩᠬᠦᠰ 2 ᠦᠨᠳᠦᠰᠦᠲᠡᠨ ᠶᠠᠷᠢᠳᠠᠭ ᠪᠠᠶᠢᠭᠰᠠᠨ᠂ ᠲᠦᠷᠦᠭ ᠦᠳ ᠲᠡᠩᠳᠦᠩ ᠲᠡᠢᠠᠳᠠᠯᠢ ᠮᠣᠩᠭᠣᠯᠣᠶᠢᠳ᠋ ᠠᠷᠠᠰᠤᠲᠠᠨ ᠪᠠᠶᠢᠭᠰᠠᠨ ᠴᠤ ᠠᠯᠲᠠᠢ ᠬᠡᠯᠡᠨ ᠦ ᠢᠵᠠᠭᠤᠷ ᠤᠨ ᠬᠡᠯᠡᠲᠡᠨ ᠦᠳ ᠲᠡᠢ ᠰᠡᠭᠦᠯ ᠳᠦ ᠨᠢᠭᠡᠳᠦᠭᠰᠡᠨ ᠭᠡᠰᠡᠨ ᠣᠨᠣᠯ ᠢ ᠳᠡᠮᠵᠢᠳᠡᠭ᠃ ᠮᠥᠨ ᠮᠣᠩᠭᠣᠯ᠂ ᠲᠦᠷᠦᠭ᠂ ᠲ᠋ᠦ᠋ᠩᠬᠦᠰ ᠬᠡᠯᠡ ᠤᠤᠯ ᠠᠴᠠ ᠪᠠᠨ ᠰᠠᠯᠤᠩᠭᠢ ᠲᠤᠰ ᠲᠤ ᠪᠠᠨ ᠪᠠᠶᠢᠭᠰᠠᠨ ᠴᠤ ᠡᠳᠡᠭᠡᠷ ᠠᠷᠠᠳ ᠲᠦᠮᠡᠨ ᠨᠦᠭᠦᠳ ᠤᠳᠠᠭᠠᠨ ᠬᠤᠭᠤᠴᠠᠭᠠᠨ ᠳᠤ ᠣᠶᠢᠷ᠎ᠠ ᠬᠥᠷᠰᠢ ᠰᠠᠭᠤᠭᠰᠠᠨ ᠠᠴᠠ ᠬᠡᠯᠡ ᠨᠢ ᠲᠥᠰᠲᠡᠢ ᠪᠣᠯᠤᠭᠰᠠᠨ ᠲᠤᠯᠠ ᠠᠯᠲᠠᠢ ᠬᠡᠯᠡᠨ ᠦ ᠢᠵᠠᠭᠤᠷ ᠭᠡᠰᠡᠨ ᠪᠡᠶ᠎ᠡ ᠳᠠᠭᠠᠭᠰᠠᠨ ᠬᠡᠯᠡᠨ ᠦ ᠠᠩᠬᠢᠯᠠᠯ ᠪᠠᠶᠢᠬᠤ ᠱᠠᠭᠠᠷᠳᠠᠯᠭ᠎ᠠ ᠦᠭᠡᠢ ᠭᠡᠰᠡᠨ ᠥᠭᠡᠷ᠎ᠡ ᠨᠢᠭᠡ ᠣᠨᠣᠯ ᠢ ᠵᠠᠷᠢᠮ ᠰᠤᠳᠤᠯᠤᠭᠠᠴᠢᠳ ᠳᠡᠪᠰᠢᠭᠦᠯᠵᠡᠢ᠃

ᠠᠩᠬ᠎ᠠ ᠪᠠᠶᠢᠭᠰᠠᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠺᠢᠪ ᠤᠨ ᠨᠤᠲᠤᠭ ᠪᠠ ᠡᠪᠦᠭᠡ ᠲᠦᠷᠦᠭ ᠦᠳ᠂ ᠮᠠᠨ ᠤ ᠡᠷᠡᠨ ᠦ ᠡᠮᠦᠨ᠎ᠡ 100 ᠤᠨ
 ᠶᠡᠬᠡᠩᠬᠢ ᠰᠤᠳᠤᠯᠤᠭᠠᠴᠢᠳ ᠤᠨ ᠦᠵᠡᠵᠦ ᠪᠤᠢ ᠪᠠᠷ ᠲᠦᠷᠦᠭ ᠦᠳ ᠡᠷᠲᠡ ᠦᠶ᠎ᠡ ᠳᠦ ᠬᠠᠰᠠᠭᠰᠲ᠋ᠠᠨ ᠠᠴᠠ ᠬᠣᠶᠢᠳᠤ ᠵᠦᠭ ᠲᠤ ᠪᠠᠷᠠᠭᠤᠨ ᠰᠢᠪᠸᠷᠢᠶ ᠠ ᠲᠤ ᠰᠠᠭᠤᠷᠢᠰᠢᠵᠤ ᠪᠠᠶᠢᠵᠠᠢ᠃ ᠲᠦᠷᠦᠭ ᠦᠳ ᠦᠨ ᠭᠠᠷᠤᠯ᠂ ᠠᠩᠬ᠎ᠠ ᠪᠠᠶᠢᠭᠰᠠᠨ ᠨᠤᠲᠤᠭ ᠤᠨ ᠬᠢ ᠲᠤᠬᠠᠢ ᠰᠤᠳᠤᠯᠭ᠎ᠠ ᠠᠯᠲᠠᠢ ᠬᠡᠯᠡᠨ ᠦ ᠢᠵᠠᠭᠤᠷᠲᠠᠢ ᠬᠣᠯᠪᠣᠭᠳᠠᠨ᠎ᠠ᠃

"ᠲᠦᠷᠦᠭ ᠦᠳ ᠬᠠᠮᠢᠭ᠎ᠠ ᠡᠭᠦᠰᠦᠭᠰᠡᠨ ᠪᠤᠢ? ᠲᠦᠷᠦᠭ ᠦᠳ ᠮᠣᠩᠭᠣᠯ ᠳᠤ ᠠᠩᠬᠠᠨ ᠠᠴᠠ ᠪᠠᠨ ᠪᠠᠶᠢᠭ᠎ᠠ ᠦᠭᠡᠢ ᠤᠴᠢᠷ ᠮᠣᠩᠭᠣᠯ ᠤᠨ ᠤᠤᠭᠠᠯ ᠬᠦᠮᠦᠰ ᠪᠢᠰᠢ᠃ ᠡᠭᠦᠨ ᠢ ᠠᠷᠬᠧᠣᠯᠣᠭᠢᠴᠢᠳ ᠬᠡᠳᠦᠶᠢᠨ᠎ᠡ ᠮᠡᠳᠡᠨ᠎ᠡ᠃ ᠲᠡᠭᠡᠪᠡᠯ ᠮᠣᠩᠭᠣᠯ ᠳᠤ ᠬᠠᠮᠢᠭ᠎ᠠ ᠠᠴᠠ ᠢᠷᠡᠪᠡ? ᠠᠯᠲᠠᠢ ᠶᠢᠨ ᠨᠢᠷᠤᠭᠤᠨ ᠠᠴᠠ  ᠤᠤ? ᠭᠡᠲᠡᠯ᠎ᠡ ᠠᠯᠲᠠᠢ ᠶᠢᠨ ᠨᠢᠷᠤᠭᠤᠨ ᠳᠤ ᠲᠦᠷᠦᠭ ᠦᠳ ᠮᠥᠨ ᠯᠠ ᠠᠩᠬᠠᠨ ᠠᠴᠠ ᠪᠠᠨ ᠪᠠᠶᠢᠭ᠎ᠠ ᠦᠭᠡᠢ" ᠭᠡᠵᠦ ᠬᠠᠰᠠᠭ ᠤᠨ ᠵᠣᠬᠢᠶᠠᠯᠴᠢ ᠣᠯᠵᠢᠰ ᠰᠤᠯᠠᠶᠢᠮᠧᠨᠠᠪ ᠪᠢᠴᠢᠵᠡᠢ᠃[17]

ᠲᠦᠷᠦᠭ ᠦᠨ ᠰᠤᠳᠤᠯᠤᠭᠠᠴᠢ᠎ ᠠ‍ ᠬᠠᠯᠢᠺᠣᠸ ᠮᠣᠩᠭᠣᠯᠴᠤᠳ ᠪᠠᠶᠢᠭᠠᠯᠢ ᠨᠠᠭᠤᠷ ᠠᠴᠠ ᠤᠷᠤᠭᠰᠢ᠂ ᠲ᠋ᠦ᠋ᠩᠬᠦᠰ ᠤᠳ ᠪᠠᠶᠢᠭᠠᠯᠢ ᠨᠠᠭᠤᠷ ᠠᠴᠠ ᠬᠣᠶᠢᠳᠤ ᠪᠣᠯᠤᠨ ᠵᠡᠭᠦᠨ ᠵᠦᠭ ᠲᠤ᠂ ᠲᠦᠷᠦᠭ ᠦᠳ ᠠᠯᠲᠠᠢ ᠠᠴᠠ ᠪᠠᠷᠠᠭᠤᠨ ᠵᠦᠭ ᠲᠤ ᠪᠠᠶᠢᠭᠰᠠᠨ ᠭᠡᠵᠦ ᠦᠵᠡᠵᠡᠢ᠃[18]

ᠲᠦᠷᠦᠭ ᠰᠤᠳᠤᠯᠤᠭᠠᠴᠢᠳ ᠲᠦᠷᠦᠭ ᠦᠳ ᠦᠨ ᠠᠩᠬ᠎ᠠ ᠪᠠᠶᠢᠭᠰᠠᠨ ᠭᠠᠵᠠᠷ ᠤᠨ ᠲᠠᠯ᠎ᠠ ᠪᠠᠷ ᠣᠯᠠᠨ ᠶᠠᠩᠵᠤ ᠶᠢᠨ ᠬᠤᠪᠢᠯᠪᠤᠷᠢ ᠳᠡᠪᠰᠢᠭᠦᠯᠳᠡᠭ ᠪᠥᠭᠡᠳ ᠬᠠᠮᠤᠭ ᠤᠨ ᠲᠠᠷᠬᠠᠭᠰᠠᠨ ᠬᠤᠪᠢᠯᠪᠤᠷᠢ ᠨᠢ ᠲᠦᠷᠦᠭ ᠦᠳ ᠦᠨ ᠠᠩᠬ᠎ᠠ ᠪᠠᠶᠢᠭᠰᠠᠨ ᠭᠠᠵᠠᠷ ᠨᠢ ᠠᠯᠲᠠᠢ ᠠᠴᠠ ᠤᠷᠠᠯ ᠤᠨ ᠨᠢᠷᠤᠭᠤᠢᠵᠢᠯ ᠮᠥᠷᠡᠨ ᠬᠦᠷᠲᠡᠯᠡᠬᠢ ᠥᠷᠭᠡᠨ ᠠᠭᠤᠳᠠᠮ ᠨᠤᠲᠤᠭ ᠭᠡᠰᠡᠨ ᠦᠵᠡᠯ ᠶᠤᠮ᠃ ᠭᠡᠪᠡᠴᠦ ᠠᠷᠬᠧᠣᠯᠣᠭᠢ ᠶᠢᠨ ᠪᠣᠯᠤᠨ ᠪᠤᠰᠤᠳ ᠰᠤᠳᠤᠯᠭᠠᠨ ᠨᠤᠭᠤᠳ ᠣᠳᠣ ᠠᠴᠠ ᠬᠡᠳᠦᠨ ᠮᠢᠩᠭᠠᠨ ᠵᠢᠯ ᠦᠨ ᠡᠮᠦᠨ᠎ᠡ ᠲᠦᠷᠦᠭ ᠦᠳ ᠤᠷᠠᠯ ᠤᠨ ᠨᠢᠷᠤᠭᠤ᠂ ᠢᠵᠢᠯ ᠬᠠᠪᠢ ᠳᠤ ᠪᠠᠶᠢᠭᠰᠠᠨ ᠭᠡᠬᠦ ᠬᠠᠩᠭᠠᠯᠲᠠᠲᠠᠢ ᠨᠣᠲᠠᠯᠠᠭ᠎ᠠ ᠣᠯᠤᠭ᠎ᠠ ᠦᠭᠡᠢ ᠪᠥᠭᠡᠳ ᠬᠠᠷᠢᠨ ᠤᠷᠠᠯ ᠤᠨ ᠨᠢᠷᠤᠭᠤᠨ ᠠᠴᠠ ᠨᠡᠯᠢᠶᠡᠨ ᠵᠡᠭᠦᠨ ᠲᠡᠰᠢ᠂ ᠬᠠᠰᠠᠭᠰᠲ᠋ᠠᠨ ᠠᠴᠠ ᠬᠣᠶᠢᠰᠢ ᠪᠠᠶᠢᠭᠰᠠᠨ ᠪᠣᠯᠤᠯᠲᠠᠢ᠃ ᠳᠡᠯᠡᠬᠡᠢ ᠶᠢᠨ ᠡᠷᠳᠡᠮᠲᠡᠳ ᠲᠡᠷᠡ ᠦᠶ᠎ᠡ ᠳᠦ ᠠᠯᠲᠠᠢ ᠶᠢᠨ ᠬᠢᠵᠠᠭᠠᠷᠠᠯᠲᠠᠢ ᠶᠢᠨ ᠪᠦᠭᠦᠳᠡ ᠨᠠᠶᠢᠷᠠᠮᠳᠠᠬᠤ ᠤᠯᠤᠰᠲᠤᠸᠠ ᠤᠯᠤᠰ ᠰᠢᠨᠵᠢᠶᠠᠩᠳᠤᠮᠳᠠᠳᠤ ᠠᠽᠢᠶ᠎ᠠ᠂ ᠮᠣᠩᠭᠣᠯ ᠤᠨ ᠪᠠᠷᠠᠭᠤᠨ ᠬᠡᠰᠡᠭ ᠢᠶᠡᠷ ᠧᠦ᠋ᠷᠣᠫᠠ ᠭᠠᠷᠤᠯᠲᠠᠢ ᠰᠺᠢᠹᠶᠡᠵᠢᠲᠣᠬᠠᠷᠴᠤᠳ ᠪᠠᠶᠢᠭᠰᠠᠨ ᠤᠴᠢᠷ ᠡᠳᠡᠭᠡᠷ ᠨᠤᠲᠤᠭ ᠤᠳ ᠲᠤ ᠲᠦᠷᠦᠭ ᠦᠳ ᠣᠳᠣ ᠠᠴᠠ ᠬᠡᠳᠦᠨ ᠮᠢᠩᠭᠠᠨ ᠵᠢᠯ ᠦᠨ ᠡᠮᠦᠨ᠎ᠡ ᠪᠠᠶᠢᠭ᠎ᠠ ᠦᠭᠡᠢ ᠭᠡᠵᠦ ᠦᠵᠡᠳᠡᠭ᠃

ᠲᠦᠷᠦᠭ ᠦᠳ ᠮᠠᠨ ᠤ ᠡᠷᠡᠨ ᠦ 1 ᠍ ᠳᠦᠭᠡᠷ ᠮᠢᠩᠭᠠᠨ ᠵᠢᠯ ᠦᠨ ᠳᠤᠮᠳᠠ ᠠᠴᠠ 7-8 ᠍ ᠳᠦᠭᠡᠷ ᠵᠠᠭᠤᠨ ᠬᠦᠷᠲᠡᠯᠡᠬᠢ ᠬᠤᠭᠤᠴᠠᠭᠠᠨ ᠳᠤ ᠤᠷᠠᠯᠢᠵᠢᠯ ᠮᠥᠷᠡᠨ ᠦ ᠣᠷᠴᠢᠮ ᠤᠨ ᠨᠤᠲᠤᠭ ᠲᠤ ᠵᠥᠪᠬᠡᠨ ᠴᠥᠭᠡᠨ ᠲᠣᠭᠠᠨ ᠤ ᠬᠡᠰᠡᠭ ᠪᠦᠯᠦᠭ ᠢᠶᠡᠷ ᠢᠶᠡᠨ ᠣᠴᠢᠭᠰᠠᠨ ᠪᠠᠶᠢᠵᠤ ᠪᠣᠯᠬᠤ ᠶᠢ ᠠᠷᠬᠧᠣᠯᠣᠭᠢ ᠶᠢᠨ ᠰᠤᠳᠤᠯᠭ᠎ᠠ ᠬᠠᠷᠠᠭᠤᠯᠵᠤ ᠪᠠᠶᠢᠨ᠎ᠠ᠃[18]

4 ᠍ ᠳᠦᠭᠡᠷ ᠵᠠᠭᠤᠨ ᠢ ᠬᠦᠷᠲᠡᠯ᠎ᠡ ᠪᠠᠱᠺᠢᠷ ᠍ ᠤᠨ ᠪᠠᠷᠠᠭᠤᠨ ᠬᠣᠶᠢᠳᠤ ᠬᠡᠰᠡᠭ ᠲᠦ ᠹᠢᠨ ᠤᠭᠤᠷ ᠤᠳ᠂ ᠡᠮᠦᠨᠡᠲᠦ ᠬᠡᠰᠡᠭ ᠲᠦ ᠢᠷᠠᠨᠴᠤᠤᠳ ᠪᠠᠶᠢᠭᠰᠠᠨ ᠪᠠ 9-12 ᠍ ᠳᠦᠭᠡᠷ ᠵᠠᠭᠤᠨ ᠳᠤ ᠲᠡᠨᠳᠡᠬᠢ ᠶᠢᠨ ᠤᠤᠭᠠᠯ ᠬᠦᠮᠦᠨ ᠠᠮᠠ ᠪᠦᠷᠢᠨ ᠲᠦᠷᠢᠭᠵᠢᠭᠰᠡᠨ ᠪᠠᠶᠢᠬᠤ ᠮᠠᠭᠠᠳᠯᠠᠯ ᠲᠠᠢ᠃[19] ᠡᠶᠢᠨᠬᠦᠦ ᠲᠦᠷᠦᠭ ᠦᠳ ᠢ ᠢᠷᠡᠬᠦ ᠬᠦᠷᠲᠡᠯ᠎ᠡ ᠤᠷᠠᠯ᠂ ᠢᠵᠢᠯ ᠬᠠᠪ ᠤᠨ ᠨᠤᠲᠤᠭ ᠤᠨ ᠲᠠᠯ᠎ᠠ ᠬᠡᠭᠡᠷ᠎ᠡ ᠶᠢᠨ ᠬᠡᠰᠡᠭ ᠲᠦ ᠨᠢ ᠢᠷᠡᠨ ᠬᠡᠯᠡᠳᠦ ᠰᠺᠢᠹ ᠦᠳ᠂ ᠣᠢ ᠶᠢᠨ ᠪᠥᠰᠡ ᠳᠦ ᠨᠢ ᠹᠢᠨ ᠤᠭᠤᠷ ᠤᠳ ᠠᠮᠢᠳᠤᠷᠠᠵᠤ ᠪᠠᠶᠢᠪᠠ᠃

ᠵᠠᠷᠢᠮ ᠲᠦᠷᠦᠭ ᠰᠤᠳᠤᠯᠤᠭᠠᠴᠢᠳ ᠪᠣᠯᠤᠨ ᠪᠤᠰᠤᠳ ᠡᠷᠳᠡᠮᠲᠡᠳ ᠲᠦᠷᠦᠭ ᠦᠳ ᠠᠯᠲᠠᠢ ᠬᠡᠯᠡᠨ ᠦ ᠢᠵᠠᠭᠤᠷ ᠤᠨ ᠠᠷᠠᠳ ᠲᠦᠮᠡᠨ ᠨᠦᠭᠦᠳ ᠲᠡᠢ ᠠᠩᠬᠠᠨ ᠠᠴᠠ ᠪᠠᠨ ᠬᠣᠯᠪᠣᠭ᠎ᠠ ᠦᠭᠡᠢ᠂ ᠧᠦᠢᠷᠣᠫᠣᠶᠢᠳ᠋ ᠲᠥᠷᠬᠥ ᠲᠡᠢ ᠪᠠᠶᠢᠭᠰᠠᠨ ᠲᠦᠷᠦᠭ ᠦᠳ ᠺᠠᠤᠺᠠᠰ ᠍ ᠤᠨ ᠨᠢᠷᠤᠭᠤ᠂ ᠪᠠᠷᠠᠭᠤᠨ ᠠᠽᠢᠶ᠎ᠠ ᠠᠴᠠ ᠨᠡᠭᠦᠨ ᠢᠷᠡᠵᠦ ᠲᠥᠪ ᠠᠽᠢᠶ᠎ᠠ ᠍ ᠶᠢᠨ ᠮᠣᠩᠭᠣᠯᠣᠶᠢᠳ᠋ ᠲᠥᠷᠬᠦᠲᠡᠨ ᠨᠦᠭᠦᠳ ᠲᠡᠢ ᠬᠣᠯᠢᠯᠳᠤᠭᠰᠠᠨ ᠢᠶᠠᠷ ᠮᠣᠩᠭᠣᠯᠣᠶᠢᠳ᠋, ᠧᠦᠢᠷᠣᠫᠧᠣᠶᠢᠳ᠋ ᠵᠠᠪᠰᠠᠷ ᠤᠨ ᠲᠥᠷᠬᠥ ᠲᠡᠢ ᠤᠭᠰᠠᠭᠠᠲᠠᠨ ᠪᠣᠯᠤᠭᠰᠠᠨ᠂ ᠮᠣᠩᠭᠣᠯ᠂ ᠲ᠋ᠦ᠋ᠩᠬᠦᠰ ᠠᠷᠠᠳ ᠲᠦᠮᠡᠨ ᠨᠦᠭᠦᠳ ᠲᠡᠢ ᠤᠳᠠᠭᠠᠨ ᠬᠤᠭᠤᠴᠠᠭᠠᠨ ᠳᠤ ᠬᠢᠯᠢ ᠵᠠᠯᠭᠠᠨ ᠰᠠᠭᠤᠭᠰᠠᠨ ᠤ ᠨᠥᠯᠥᠭᠡ ᠪᠡᠷ ᠠᠯᠲᠠᠢ ᠬᠡᠯᠡᠨ ᠦ ᠢᠵᠠᠭᠤᠷ ᠤᠨ ᠬᠡᠯᠡ ᠲᠡᠢ ᠪᠣᠯᠤᠭᠰᠠᠨ ᠭᠡᠰᠡᠨ ᠲᠠᠭᠠᠮᠠᠭ ᠳᠡᠪᠰᠢᠭᠦᠯᠳᠡᠭ ᠴᠤ ᠲᠡᠳᠦᠶᠢᠯᠡᠨ ᠳᠡᠮᠵᠢᠯᠭᠡ ᠬᠦᠯᠢᠶᠡᠳᠡᠭ ᠦᠭᠡᠢ᠃ ᠲᠦᠷᠦᠭ ᠦᠳ ᠦᠨ ᠨᠡᠭᠦᠳᠡᠯ᠂ ᠪᠠᠶᠢᠯᠳᠤᠨ ᠳᠠᠭᠠᠭᠤᠯᠤᠯ ᠤᠨ ᠦᠶ᠎ᠡ ᠳᠦ ᠥᠭᠡᠷ᠎ᠡ ᠭᠠᠷᠤᠯ ᠲᠠᠢ᠂ ᠧᠦᠢᠷᠣᠫᠣᠶᠢᠳ᠋ ᠲᠥᠷᠬᠥ ᠲᠡᠢ ᠺᠠᠤᠺᠠᠰ᠂ ᠠᠨᠠᠲ᠋ᠣᠯ ᠤᠨ ᠬᠣᠶᠢᠭ᠂ ᠳᠤᠮᠳᠠᠳᠤ ᠠᠽᠢᠶ᠎ᠠ ᠶᠢᠨ ᠣᠯᠠᠨ ᠠᠷᠠᠳ ᠲᠦᠮᠡᠨ ᠲᠦᠷᠢᠭᠵᠢᠭᠰᠡᠨ ᠪᠠᠶᠢᠳᠠᠭ ᠤᠴᠢᠷ ᠧᠦᠢᠷᠣᠫᠣᠶᠢᠳ᠋ ᠲᠥᠷᠬᠥ ᠲᠡᠢ ᠡᠳᠡᠭᠡᠷ ᠲᠦᠷᠦᠭ ᠦᠳ ᠭᠠᠷᠤᠯ ᠡᠭᠦᠰᠦᠯ ᠢᠶᠡᠨ ᠲᠦᠷᠦᠭ ᠲᠡᠢ ᠬᠤᠯᠪᠤᠬᠤ᠂ ᠪᠤᠰᠤᠳ ᠲᠦᠷᠦᠭ ᠦᠳ ᠡᠴᠡ ᠠᠷᠠᠰᠤᠲᠠᠨ ᠤ ᠢᠯᠭᠠᠭ᠎ᠠ ᠲᠠᠢ ᠪᠠᠶᠢᠳᠠᠯ ᠢᠶᠠᠨ ᠲᠠᠶᠢᠯᠪᠤᠷᠢᠯᠠᠬᠤ ᠡᠭᠦᠳᠡᠨ ᠡᠴᠡ ᠡᠶᠢᠮᠦᠷᠬᠡᠦ ᠲᠠᠭᠠᠮᠠᠭ ᠳᠡᠪᠰᠢᠭᠦᠯᠳᠡᠭ ᠪᠣᠯᠤᠯᠲᠠᠢ᠃ ᠲᠦᠷᠦᠭ ᠰᠤᠳᠤᠯᠤᠭᠠᠴᠢ ᠭᠠᠬᠠᠷᠠᠮᠠᠨ ᠭᠤᠮᠪᠠᠲᠠᠪᠠ ᠲᠦᠷᠦᠭ᠂ ᠮᠣᠩᠭᠣᠯ ᠬᠡᠯᠡ ᠪᠣᠯᠤᠨ ᠬᠣᠶᠠᠷ ᠮᠥᠷᠡᠨ ᠳᠤ ᠪᠠᠶᠢᠭᠰᠠᠨ ᠰᠢᠮᠧᠷᠴᠤᠳ ᠤᠨ ᠬᠡᠯᠡᠨ ᠳᠦ ᠢᠵᠢᠯᠢ ᠲᠥᠰᠦᠲᠡᠢ ᠵᠠᠷᠢᠮ ᠦᠭᠡ ᠪᠠᠶᠢᠳᠠᠭ ᠲᠤ ᠦᠨᠳᠦᠰᠦᠯᠡᠨ ᠮᠣᠩᠭᠣᠯ᠂ ᠲᠦᠷᠦᠭ᠂ ᠲ᠋ᠦ᠋ᠩᠬᠦᠰ ᠵᠡᠷᠭᠡ ᠠᠯᠲᠠᠢ ᠬᠡᠯᠡᠨ ᠦ ᠢᠵᠠᠭᠤᠷ ᠤᠨ ᠠᠷᠠᠳ ᠲᠦᠮᠡᠨ ᠨᠦᠭᠦᠳ ᠡᠷᠲᠡ ᠴᠠᠭ ᠲᠤ ᠪᠠᠷᠠᠭᠤᠨ ᠠᠽᠢᠶ᠎ᠠ᠂ ᠳᠤᠮᠳᠠᠳᠤ ᠠᠽᠢᠶ᠎ᠠ ᠳᠤ ᠪᠠᠶᠢᠭᠰᠠᠨ᠂ ᠡᠷᠲᠡᠨ ᠦ ᠲᠦᠷᠦᠭ ᠦᠳ ᠦᠨ ᠭᠣᠣᠯᠯᠠᠬᠤ ᠭᠧᠨ ᠦ ᠭᠠᠫᠯᠣᠭᠷᠦᠶᠢᠫ ᠨᠢ ᠧᠦᠢᠷᠣᠫᠠᠴᠤᠳ ᠲᠤ ᠪᠠᠶᠢᠳᠠᠭ R1a1 ᠪᠠᠶᠢᠭᠰᠠᠨ ᠭᠡᠬᠦ ᠲᠠᠭᠠᠮᠠᠭ ᠳᠡᠪᠰᠢᠭᠦᠯᠵᠡᠢ᠃[20] ᠰᠢᠮᠧᠷ ᠬᠡᠯᠡᠨ ᠳᠦ ᠪᠤᠷᠬᠠᠨ ᠭᠡᠬᠦ ᠶᠢ "ᠳ᠋ᠢᠩᠭᠢᠷ", ᠮᠣᠩᠭᠣᠯ ᠬᠡᠯᠡᠨ ᠳᠦ "ᠲᠩᠷᠢ", ᠲᠦᠷᠦᠭ ᠬᠡᠯᠡᠨ ᠳᠦ ᠲᠧᠩᠷᠢ ᠭᠡᠳᠡᠭ᠃[20]

ᠣᠷᠣᠰ ᠤᠨ ᠰᠤᠳᠤᠯᠤᠭᠠᠴᠢ ᠯᠠ᠃ᠳᠮᠢᠲᠷᠶᠧᠸ ᠲᠦᠷᠦᠭ ᠬᠡᠯᠡᠨ ᠳᠦ ᠬᠢ ᠤᠷᠭᠤᠮᠠᠯ ᠤᠨ ᠬᠣᠯᠪᠣᠭᠳᠠᠯ ᠲᠠᠢ ᠨᠡᠷᠡᠰ ᠢ ᠰᠤᠳᠤᠯᠤᠭᠠᠳ ᠲᠦᠷᠦᠭ ᠦᠳ ᠡᠮᠦᠨᠡᠲᠦ ᠺᠠᠤᠺᠠᠰ ᠠᠴᠠ ᠢᠷᠡᠭᠰᠡᠨ ᠭᠡᠵᠦ ᠳ᠋ᠦᠩᠨᠡᠵᠡᠢ᠃[21]

ᠨᠡᠭᠦᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠦᠳ ᠦᠨ ᠨᠡᠭᠦᠳᠡᠯ ᠨᠢ ᠠᠽᠢᠶ᠎ᠠ᠂ ᠵᠡᠭᠦᠨ ᠧᠦ᠋ᠷᠣᠫᠠ ᠶᠢᠨ ᠤᠭᠰᠠᠭᠠᠲᠠᠨ ᠤ ᠪᠦᠲᠦᠴᠡ ᠳᠦ ᠬᠦᠴᠦᠲᠡᠢ ᠨᠥᠯᠥᠭᠡ ᠦᠵᠡᠭᠦᠯᠦᠭᠰᠡᠨ ᠪᠥᠭᠡᠳ ᠲᠦᠷᠦᠭ ᠦᠳ ᠦᠨ ᠨᠡᠭᠦᠳᠡᠯ ᠦᠨ ᠶᠠᠪᠤᠴᠠ ᠳᠤ ᠣᠯᠠᠨ ᠲᠣᠭᠠᠨ ᠤ ᠠᠷᠠᠳ ᠲᠦᠮᠡᠨ ᠲᠦᠷᠦᠭ ᠬᠡᠯᠡ᠂ ᠰᠤᠶᠤᠯ ᠳᠤ ᠠᠭᠤᠰᠤᠨ ᠲᠦᠷᠦᠭᠵᠢᠭᠰᠡᠨ ᠪᠠᠶᠢᠨ᠎ᠠ᠃ ᠲᠦᠷᠦᠭ ᠦᠳ ᠲᠦᠷᠦᠭ ᠦᠨ ᠬᠠᠭᠠᠨᠲᠤ ᠤᠯᠤᠰ ᠤᠨ ᠪᠠᠶᠢᠯᠳᠤᠨ ᠳᠠᠭᠠᠭᠤᠯᠤᠯ ᠤᠨ ᠦᠶᠡᠰ ᠪᠤᠶᠤ 6 ᠳ᠋ᠤᠭᠠᠷ ᠵᠠᠭᠤᠨ ᠤ ᠦᠶᠡᠰ ᠪᠠᠷᠠᠭᠤᠨ ᠲᠡᠰᠢ ᠲᠠᠷᠬᠠᠨ ᠨᠡᠭᠦᠵᠦ ᠡᠬᠢᠯᠡᠭᠰᠡᠨ ᠪᠠ ᠡᠭᠦᠨ ᠡᠴᠡ ᠡᠮᠦᠨ᠎ᠡ ᠮᠥᠨ ᠨᠡᠭᠦᠳᠡᠯ ᠬᠢᠵᠦ ᠪᠠᠶᠢᠪᠠ᠃

ᠲᠥᠪ ᠠᠽᠢᠶ᠎ᠠ ᠳᠠᠬᠢ ᠨᠡᠭᠦᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠦᠩᠨᠦ ᠤᠯᠤᠰ ᠪᠠᠶᠢᠭᠤᠯᠤᠭᠳᠠᠰᠤᠨ ᠢᠶᠠᠷ ᠣᠷᠳᠣᠰ ᠬᠠᠪᠢ ᠢᠶᠠᠷ ᠪᠠᠶᠢᠭᠰᠠᠨ ᠾᠦᠩᠨᠦ ᠨᠠᠷ ᠮᠣᠩᠭᠣᠯ ᠤᠨ ᠪᠠᠷᠠᠭᠤᠨ ᠬᠡᠰᠡᠭ᠂ ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ᠂ ᠲᠤᠸᠠ ᠬᠦᠷᠲᠡᠯ᠎ᠡ ᠲᠠᠷᠬᠠᠨ ᠰᠠᠭᠤᠷᠢᠰᠢᠵᠤ ᠲᠡᠨᠳᠡ ᠪᠠᠶᠢᠭᠰᠠᠨ ᠢᠨᠳᠣ ᠠᠷᠢ ᠠᠶᠢᠮᠠᠭ ᠤᠳ ᠢ ᠵᠠᠬᠢᠷᠭᠠᠨ ᠳᠤ ᠪᠠᠨ ᠣᠷᠣᠭᠤᠯᠰᠤᠨ ᠢᠶᠠᠷ ᠢᠨᠳᠣ ᠠᠷᠠᠴᠤᠳ ᠤᠨ ᠵᠠᠷᠢᠮ ᠨᠢ ᠾᠦᠩᠨᠦ ᠳᠦ ᠠᠭᠤᠰᠴᠠᠢ᠃ ᠾᠦᠩᠨᠦ ᠤᠯᠤᠰ ᠮᠠᠨ ᠤ ᠡᠷᠡᠨ ᠦ ᠡᠮᠦᠨ᠎ᠡ 177 ᠤᠨ ᠳᠤ ᠭᠠᠨᠰᠤ ᠮᠤᠵᠢ ᠳᠠᠬᠢ ᠶᠡᠵᠢ ᠶᠢᠨ ᠨᠤᠲᠤᠭ ᠲᠤ ᠴᠥᠮᠥᠷᠡᠨ ᠣᠷᠣᠵᠤ ᠡᠵᠡᠯᠡᠬᠦ ᠳᠦ ᠶᠡᠬᠡᠩᠬᠢ ᠶᠡᠵᠢ ᠪᠠᠷᠠᠭᠤᠨ ᠲᠡᠰᠢ ᠲᠩᠷᠢ ᠠᠭᠤᠯᠠᠢᠯᠢ ᠮᠥᠷᠡᠨ ᠤᠷᠤᠭᠤ ᠳᠦᠷᠪᠡᠵᠦ ᠲᠡᠨᠳᠡ ᠪᠠᠶᠢᠭᠰᠠᠨ ᠰᠺᠢᠹ ᠦᠳ ᠢ ᠳᠣᠪᠲᠣᠯᠤᠨ ᠲᠡᠨᠳᠡ ᠰᠠᠭᠤᠷᠢᠰᠢᠵᠠᠢ᠃ ᠵᠠᠷᠢᠮ ᠶᠡᠵᠢ ᠨᠠᠷ ᠴᠢᠩᠬᠠᠢ ᠮᠤᠵᠢ ᠳᠠᠬᠢ ᠬᠥᠬᠡ ᠨᠠᠭᠤᠷ ᠍ ᠤᠨ ᠪᠠᠷᠠᠭᠤᠨ ᠲᠠᠯ᠎ᠠ ᠳᠤ ᠣᠴᠢᠨ ᠪᠠᠭ᠎ᠠ ᠶᠡᠵᠢ ᠭᠡᠵᠦ ᠨᠡᠷᠡᠯᠡᠭᠳᠡᠬᠦ ᠪᠣᠯᠤᠭᠰᠠᠨ ᠪᠥᠭᠡᠳ ᠲᠡᠨᠳᠡ ᠪᠡᠨ ᠠᠭᠠᠵᠢᠮ ᠢᠶᠠᠷ ᠠᠭᠤᠰᠤᠨ ᠠᠯᠠᠭ᠎ᠠ ᠪᠣᠯᠵᠠᠢ᠃ ᠮᠠᠨ ᠤ ᠡᠷᠡᠨ ᠦ ᠡᠮᠦᠨ᠎ᠡ 155 ᠤᠨ ᠳᠤ ᠾᠦᠩᠨᠦ ᠪᠣᠯᠤᠨ ᠢᠨᠳᠣ ᠠᠷᠢ ᠤᠭᠰᠠᠭᠠᠨ ᠤ ᠤᠰᠤᠨᠢ ᠠᠶᠢᠮᠠᠭ ᠬᠠᠮᠲᠤᠷᠠᠨ ᠶᠡᠵᠢ ᠳᠦ ᠳᠠᠬᠢᠨ ᠬᠦᠴᠦᠲᠡᠢ ᠴᠣᠬᠢᠯᠲᠠ ᠥᠭᠭᠥᠭᠰᠡᠨ ᠢᠶᠡᠷ ᠲᠡᠳᠡ ᠪᠠᠷᠠᠭᠤᠨ ᠤᠷᠤᠭᠰᠢ ᠠᠹᠭᠠᠨᠢᠰᠲ᠋ᠠᠨᠤᠷᠤᠭᠤ ᠨᠡᠭᠦᠨ ᠣᠴᠢᠵᠤ ᠲᠡᠨᠳᠡ ᠪᠠᠶᠢᠭᠰᠠᠨ ᠭᠷᠧᠺ ᠪᠠᠺᠲ᠋ᠷ ᠦᠨ ᠤᠭᠰᠠᠭᠠᠨ ᠤ ᠬᠢᠨ ᠳᠤ ᠴᠣᠬᠢᠯᠲᠠ ᠥᠭᠴᠦ ᠺᠦᠱᠠᠨ ᠦ ᠤᠯᠤᠰ ᠍ ᠢ (30–375 ᠤᠨ) ᠪᠠᠶᠢᠭᠤᠯᠵᠠᠢ᠃ ᠦᠰᠦᠨᠴᠤᠳ ᠭᠠᠨᠰᠤ ᠳᠤ ᠶᠡᠵᠢ ᠲᠡᠢ ᠬᠥᠷᠰᠢ ᠠᠮᠢᠳᠤᠷᠠᠵᠤ ᠪᠠᠶᠢᠭᠰᠠᠨ ᠴᠤ ᠲᠡᠳᠡᠨ ᠲᠡᠢ ᠵᠥᠷᠢᠴᠡᠯᠳᠦᠭᠰᠡᠨ ᠦ ᠤᠯᠠᠮ ᠠᠴᠠ ᠮᠠᠨ ᠤ ᠡᠷᠡᠨ ᠦ ᠡᠮᠦᠨ᠎ᠡ 160 ᠤᠨ ᠳᠤ ᠬᠠᠰᠠᠭᠰᠲ᠋ᠠᠨ ᠤ ᠵᠡᠭᠦᠨ ᠡᠮᠦᠨᠡᠲᠦ ᠨᠤᠲᠤᠭ ᠪᠤᠶᠤ ᠳᠣᠯᠣᠭᠠᠨ ᠤᠰᠤ ᠳᠤ ᠣᠴᠢᠵᠤ ᠰᠠᠭᠤᠷᠢᠰᠢᠭᠰᠠᠨ ᠪᠠᠶᠢᠨ᠎ᠠ᠃ ᠲᠡᠷᠡ ᠦᠶ᠎ᠡ ᠳᠦ ᠳᠣᠯᠣᠭᠠᠨ ᠤᠰᠤᠨ ᠳᠤ ᠰᠺᠢᠹ ᠦᠳ ᠠᠮᠢᠳᠤᠷᠠᠵᠤ ᠪᠠᠶᠢᠪᠠ᠃ ᠡᠶᠢᠨᠬᠦᠦ ᠾᠦᠩᠨᠦᠴᠦᠳ ᠦᠨ ᠤᠳᠠᠭ᠎ᠠ ᠳᠠᠷᠠᠭ᠎ᠠ ᠶᠢᠨ ᠪᠠᠶᠢᠯᠳᠤᠨ ᠳᠠᠭᠠᠭᠤᠯᠤᠯ᠂ ᠬᠦᠴᠦᠲᠡᠢ ᠴᠣᠬᠢᠯᠲᠠ ᠨᠤᠭᠤᠳ ᠤᠨ ᠦᠷ᠎ᠡ ᠳ᠋ᠦᠩ ᠳᠦ ᠮᠣᠩᠭᠣᠯ ᠤᠨ ᠪᠠᠷᠠᠭᠤᠨ ᠡᠮᠦᠨᠡᠲᠦ᠂ ᠪᠠᠷᠠᠭᠤᠨ᠂ ᠪᠠᠷᠠᠭᠤᠨ ᠬᠣᠶᠢᠳᠤ ᠲᠠᠯ᠎ᠠ ᠪᠠᠷ ᠪᠠᠶᠢᠭᠰᠠᠨ ᠧᠦ᠋ᠷᠣᠫᠠ ᠠᠶᠢᠮᠠᠭ ᠤᠳ ᠶᠡᠬᠡᠬᠡᠨ ᠰᠤᠯᠠᠷᠠᠵᠤ ᠵᠠᠷᠢᠮ ᠬᠡᠰᠡᠭ ᠨᠢ ᠾᠦᠩᠨᠦ ᠲᠡᠢ ᠬᠣᠯᠢᠯᠳᠤᠨ ᠠᠭᠤᠰᠴᠤ ᠨᠡᠯᠢᠶᠡᠳ ᠬᠡᠰᠡᠭ ᠨᠢ ᠪᠠᠷᠠᠭᠤᠨ ᠲᠡᠰᠢ ᠨᠡᠭᠦᠭᠰᠡᠨ ᠢᠶᠡᠷ ᠪᠠᠷᠠᠭᠤᠨ ᠰᠢᠪᠸᠷᠢᠶ ᠠ ᠳᠦ ᠪᠠᠶᠢᠭᠰᠠᠨ ᠲᠦᠷᠦᠭ ᠦᠳ ᠤᠷᠤᠭᠰᠢ ᠨᠡᠭᠦᠵᠦ ᠬᠥᠷᠰᠢ ᠵᠡᠷᠭᠡᠯᠳᠦᠭᠡᠬᠢ ᠦᠨᠳᠦᠰᠦᠲᠡᠨ ᠨᠦᠭᠦᠳ ᠦᠨ ᠨᠤᠲᠤᠭ ᠲᠤ ᠣᠷᠣᠵᠤ ᠢᠷᠡᠨ ᠲᠡᠳᠡᠨ ᠢ ᠠᠭᠤᠰᠬᠠᠨ ᠠᠭᠠᠵᠢᠮ ᠢᠶᠠᠷ ᠭᠠᠵᠠᠷ ᠨᠤᠲᠤᠭ ᠢᠶᠠᠨ ᠲᠡᠯᠡᠵᠦ ᠡᠬᠢᠯᠡᠵᠡᠢ᠃ ᠮᠥᠨ ᠡᠷᠲᠡ ᠦᠶ᠎ᠡ ᠳᠦ ᠲᠦᠷᠦᠭ ᠦᠳ ᠳᠥᠷᠪᠡᠯᠵᠢᠨ ᠪᠤᠯᠠᠰᠢ ᠶᠢᠨ ᠰᠤᠶᠤᠯ ᠤᠨ ᠬᠦᠮᠦᠰ ᠦᠨ ᠪᠠᠷᠠᠭᠤᠨ ᠬᠡᠰᠡᠭ ᠢ ᠨᠢ ᠠᠭᠤᠰᠬᠠᠭᠰᠠᠨ ᠭᠡᠵᠦ ᠵᠠᠷᠢᠮ ᠡᠷᠳᠡᠮᠲᠡᠳ ᠦᠵᠡᠳᠡᠭ ᠪᠥᠭᠡᠳ ᠰᠤᠳᠤᠯᠤᠭᠠᠴᠢ ᠷᠠᠬᠠᠮᠧᠲ᠋ᠯᠠᠯ ᠪᠠᠶᠢᠲᠠᠰᠤᠪᠠ ᠳᠥᠷᠪᠡᠯᠵᠢᠨ ᠪᠤᠯᠠᠰᠢᠨ ᠤ ᠬᠦᠮᠦᠰ ᠲᠦᠷᠦᠭ ᠬᠡᠯᠡᠨ ᠳᠦ ᠨᠥᠯᠦᠭᠡᠯᠡᠭᠰᠡᠨ ᠪᠠᠶᠢᠵᠤ ᠪᠣᠯᠬᠤ ᠶᠤᠮ ᠭᠡᠵᠦ ᠦᠵᠡᠵᠡᠢ᠃[22]

ᠬᠡᠯᠡ ᠰᠤᠳᠤᠯᠤᠯ ᠤᠨ ᠡᠷᠳᠡᠮᠲᠡᠳ ᠮᠣᠩᠭᠣᠯ ᠬᠡᠯᠡ ᠡᠷᠲᠡ ᠦᠶ᠎ᠡ ᠳᠦ ᠲᠦᠷᠦᠭ ᠬᠡᠯᠡᠨ ᠳᠦ ᠨᠥᠯᠦᠭᠡᠯᠡᠭᠰᠡᠨ ᠪᠣᠯ ᠲᠦᠷᠦᠭ ᠬᠡᠯᠡ ᠲᠡᠭᠦᠨ ᠡᠴᠡ ᠠᠷᠠᠢ ᠬᠣᠵᠢᠭᠤ ᠦᠶ᠎ᠡ ᠳᠦ ᠮᠣᠩᠭᠣᠯ ᠬᠡᠯᠡᠨ ᠳᠦ ᠨᠥᠯᠦᠭᠡᠯᠡᠭᠰᠡᠨ ᠭᠡᠵᠦ ᠦᠵᠡᠳᠡᠭ᠃

ᠮᠠᠨ ᠤ ᠡᠷᠡᠨ ᠦ 3 ᠳ᠋ᠦᠭᠡᠷ ᠵᠠᠭᠤᠨ ᠳᠤ ᠭᠠᠨᠰᠤ ᠣᠷᠴᠢᠮ ᠲᠦᠷᠦᠭ ᠦᠳ ᠦᠨ ᠵᠠᠷᠢᠮ ᠨᠢ ᠨᠡᠭᠦᠨ ᠢᠷᠡᠵᠦ ᠲᠡᠨᠳᠡᠬᠢ ᠶᠢᠨ ᠢᠷᠡᠨ ᠪᠣᠯᠤᠨ ᠲᠣᠬᠠᠷ ᠬᠡᠯᠡᠳᠦ ᠠᠶᠢᠮᠠᠭ ᠤᠳ ᠢ ᠠᠭᠤᠰᠬᠠᠭᠰᠠᠨ ᠪᠠ ᠲᠡᠳᠡᠨ ᠢ ᠬᠢᠲᠠᠳ ᠰᠤᠷᠪᠤᠯᠵᠢ ᠳᠤ "ᠬᠣᠯᠢᠮᠠᠭ ᠭᠠᠷᠤᠯ ᠲᠠᠢ ᠬᠤ ᠨᠠᠷ" ᠪᠤᠶᠤ "ᠬᠣᠯᠢᠮᠠᠭ ᠭᠠᠷᠤᠯ ᠲᠠᠢ ᠨᠡᠭᠦᠳᠡᠯᠴᠢᠳ" ᠭᠡᠵᠦ ᠨᠡᠷᠡᠯᠡᠵᠡᠢ᠃[23] 5 ᠍ ᠳ᠋ᠤᠭᠠᠷ ᠵᠠᠭᠤᠨ ᠳᠤ ᠠᠰᠢᠨ᠎ᠠ ᠣᠪᠤᠭ ᠤᠨ ᠬᠢᠨ ᠣᠳᠣ ᠶᠢᠨ ᠲᠦᠷᠹᠠᠨ ᠬᠣᠲᠠ ᠍ ᠤᠨ ᠣᠷᠴᠢᠮ ᠪᠠᠶᠢᠭᠰᠠᠨ ᠭᠠᠴᠢᠨ ᠳᠤ ᠨᠡᠭᠦᠨ ᠣᠴᠢᠭᠰᠠᠨ ᠪᠠ ᠲᠡᠨᠳᠡ ᠧᠦ᠋ᠷᠣᠫᠠ ᠠᠶᠢᠮᠠᠭ ᠤᠳ ᠪᠠᠶᠢᠪᠠ᠃ ᠠᠱᠢᠨᠠᠴᠤᠳ ᠨᠢᠷᠤᠨ ᠤᠯᠤᠰ ᠤᠨ ᠵᠠᠬᠢᠷᠭᠠᠨ ᠳᠤ ᠪᠠᠶᠢᠪᠠ᠃

ᠮᠠᠨ ᠤ ᠡᠷᠡᠨ ᠦ ᠡᠮᠦᠨ᠎ᠡ 2,000-1,000 ᠵᠢᠯ ᠦᠨ ᠦᠶ᠎ᠡ ᠳᠦ ᠬᠠᠰᠠᠭᠰᠲ᠋ᠠᠨ ᠳᠤ ᠥᠭᠡᠷ᠎ᠡ ᠥᠭᠡᠷ᠎ᠡ ᠣᠪᠤᠭ ᠠᠶᠢᠮᠠᠭ ᠤᠳ ᠣᠷᠣᠰᠢᠨ ᠠᠮᠢᠳᠤᠷᠠᠵᠤ ᠪᠠᠶᠢᠭᠰᠠᠨ ᠢ ᠠᠷᠬᠧᠣᠯᠣᠭᠢᠴᠢᠳ ᠲᠣᠭᠲᠠᠭᠠᠵᠠᠢ᠃[24] ᠬᠣᠶᠢᠳᠤ ᠬᠠᠰᠠᠭᠰᠲ᠋ᠠᠨ ᠳᠤ ᠤᠭᠣᠷ ᠬᠡᠯᠡ ᠳᠦ ᠵᠡᠭᠦᠨ ᠴᠤᠳᠢ᠂ ᠡᠮᠦᠨᠡᠲᠦ ᠬᠡᠰᠡᠭ ᠲᠦ ᠨᠢ ᠰᠺᠢᠹ ᠦᠳ ᠪᠠᠶᠢᠪᠠ᠃[24][25]

ᠬᠠᠰᠠᠭᠰᠲ᠋ᠠᠨ ᠤ ᠨᠤᠲᠤᠭ ᠲᠤ ᠦᠰᠦᠨᠴᠤᠳ 2000 ᠵᠢᠯ ᠦᠨ ᠡᠮᠦᠨ᠎ᠡ᠂ ᠲᠦᠷᠦᠭ ᠦᠳ 6-8ᠳ᠋ᠤᠭᠠᠷ ᠵᠠᠭᠤᠨ ᠳᠤ᠂ ᠠᠷᠠᠪ ᠦᠳ 8-9 ᠍ ᠳᠦᠭᠡᠷ ᠵᠠᠭᠤᠨ ᠳᠤ᠂ ᠣᠭᠤᠰ ᠦᠳ 10-11 ᠍ ᠳᠦᠭᠡᠷ ᠵᠠᠭᠤᠨ ᠳᠤ᠂ ᠮᠣᠩᠭᠣᠯᠴᠤᠳ 13-14 ᠵᠠᠭᠤᠨ ᠳᠤ ᠨᠡᠭᠦᠨ ᠣᠴᠢᠵᠤ ᠪᠠᠶᠢᠭᠰᠠᠨ ᠪᠠ ᠨᠡᠭᠦᠨ ᠣᠴᠢᠭᠰᠠᠨ ᠠᠷᠠᠳ ᠲᠦᠮᠡᠨ ᠨᠦᠭᠦᠳ ᠬᠠᠰᠠᠭ ᠬᠡᠯᠡ᠂ ᠭᠧᠨ᠂ ᠤᠭᠰᠠᠭᠠᠲᠠᠨ ᠤ ᠪᠦᠲᠦᠴᠡ ᠳᠦ ᠥᠪᠡᠷ ᠥᠪᠡᠷ ᠦᠨ ᠨᠥᠯᠥᠭᠡ ᠶᠢ ᠦᠯᠡᠳᠡᠭᠡᠵᠡᠢ᠃[24].

ᠳᠤᠮᠳᠠᠳᠤ ᠠᠽᠢᠶ᠎ᠠ ᠳᠤ ᠪᠠᠶᠢᠭᠰᠠᠨ ᠰᠺᠢᠹ ᠦᠳ ᠢ ᠰᠠᠺ ᠤᠳ ᠭᠡᠳᠡᠭ ᠪᠠ ᠲᠡᠳᠡ ᠵᠡᠭᠦᠨ ᠢᠷᠡᠨ ᠤᠭᠰᠠᠭᠠᠨ ᠤ ᠠᠶᠢᠮᠠᠭ ᠶᠤᠮ᠃[26][27] ᠣᠳᠣ ᠠᠴᠠ 2000 ᠵᠢᠯ ᠦᠨ ᠡᠮᠦᠨ᠎ᠡ ᠬᠠᠰᠠᠭᠰᠲ᠋ᠠᠨ ᠳᠤ ᠲᠤᠷᠠ᠂ ᠳᠠᠬ᠎ᠠ᠂ ᠰᠠᠺᠠ᠂ ᠰᠠᠺᠠᠲ᠋ᠢᠭᠷᠠᠬᠠᠤᠳᠠ᠂ en:ᠮᠠᠰᠰᠠᠭᠧᠲᠰᠠᠪᠷᠣᠮᠠᠲ᠂ ᠳᠧᠷᠢᠪᠠᠳ᠂ ᠰᠠᠷᠠᠮ ᠤᠳᠠᠯᠠᠨᠠᠷᠰᠢᠰᠰᠧᠳᠠᠨᠦᠰᠦᠨ ᠵᠡᠷᠭᠡ ᠣᠯᠠᠨ ᠲᠣᠭᠠᠨ ᠤ ᠧᠦ᠋ᠷᠣᠫᠠ ᠠᠶᠢᠮᠠᠭ ᠤᠳ ᠠᠮᠢᠳᠤᠷᠠᠵᠤ ᠪᠠᠶᠢᠪᠠ᠃[26]

ᠵᠥᠪᠯᠡᠯᠲᠦ ᠶᠢᠨ ᠲᠦᠷᠦᠭ ᠰᠤᠳᠤᠯᠤᠭᠠᠴᠢ ᠡᠷᠳᠡᠮᠲᠡᠨ ᠸ᠃ᠪᠠᠷᠲ᠋ᠣᠯᠳ᠋ 6ᠳ᠋ᠤᠭᠠᠷ ᠵᠠᠭᠤᠨ ᠤ ᠦᠶ᠎ᠡ ᠳᠦ ᠣᠯᠠᠨ ᠲᠣᠭᠠᠨ ᠤ ᠲᠦᠷᠦᠭ ᠦᠳ ᠬᠣᠶᠢᠳᠤ ᠰᠢᠨᠵᠢᠶᠠᠩ ᠳᠤ ᠰᠠᠭᠤᠷᠢᠰᠢᠭᠰᠠᠨ ᠪᠠᠶᠢᠭᠰᠠᠨ ᠭᠡᠵᠦ ᠪᠢᠴᠢᠵᠡᠢ᠃[28] ᠭᠡᠪᠡᠴᠦ ᠬᠣᠶᠢᠳᠤ ᠰᠢᠨᠵᠢᠶᠠᠩ ᠳᠤ ᠧᠦ᠋ᠷᠣᠫᠠ ᠠᠶᠢᠮᠠᠭ ᠤᠳ ᠪᠠᠶᠢᠭᠰᠠᠭᠠᠷ ᠪᠠᠶᠢᠪᠠ᠃ 8 ᠍ ᠳᠦᠭᠡᠷ ᠵᠠᠭᠤᠨ ᠳᠤ ᠲᠦᠷᠦᠭ ᠦᠨ en:ᠬᠠᠷᠯᠤᠭ ᠠᠶᠢᠮᠠᠭ ᠳᠣᠯᠣᠭᠠᠨ ᠤᠰᠤᠵᠦᠩᠭᠠᠷ ᠲᠤ ᠳᠦᠷᠪᠡᠨ ᠣᠴᠢᠵᠤ ᠪᠠᠷᠠᠭᠤᠨ ᠲᠦᠷᠦᠭ ᠦᠨ ᠣᠪᠤᠭ ᠠᠶᠢᠮᠠᠭ ᠤᠳ ᠤᠨ ᠳᠤᠮᠳᠠ ᠲᠡᠷᠢᠭᠦᠯᠡᠬᠦ ᠪᠠᠶᠢᠷᠢ ᠰᠠᠭᠤᠷᠢ ᠶᠢ ᠡᠵᠡᠯᠡᠵᠡᠢ᠃[29]

ᠾᠦᠩᠨᠦ ᠤᠯᠤᠰ ᠤᠨ ᠦᠶ᠎ᠡ ᠳᠦ ᠮᠣᠩᠭᠣᠯ ᠤᠨ ᠪᠠᠷᠠᠭᠤᠨ ᠬᠣᠶᠢᠳᠤ ᠲᠠᠯ᠎ᠠ ᠪᠠᠷ ᠪᠠᠶᠢᠭᠰᠠᠨ ᠳ᠋ᠢᠩᠯᠢᠩ ᠠᠶᠢᠮᠠᠭ ᠢ ᠵᠠᠷᠢᠮ ᠡᠷᠳᠡᠮᠲᠡᠳ ᠲᠦᠷᠦᠭ ᠭᠡᠵᠦ ᠦᠵᠡᠳᠡᠭ ᠪᠣᠯ ᠵᠠᠷᠢᠮ ᠡᠷᠳᠡᠮᠲᠡᠳ ᠭᠠᠷᠤᠯ ᠤᠭᠰᠠᠭ᠎ᠠ ᠲᠣᠳᠣᠷᠬᠠᠢ ᠦᠭᠡᠢ ᠭᠡᠵᠦ ᠦᠵᠡᠳᠡᠭ᠃ ᠳ᠋ᠢᠩᠯᠢᠩ ᠨᠠᠷ ᠠᠩᠬ᠎ᠠ ᠶᠧᠨᠢᠰᠧᠢ ᠡᠴᠡ ᠪᠠᠷᠠᠭᠤᠨ ᠵᠦᠭ ᠲᠤ ᠪᠠᠶᠢᠭᠰᠠᠨ ᠪᠣᠯᠤᠯᠲᠠᠢ ᠪᠥᠭᠡᠳ ᠠᠭᠠᠵᠢᠮ ᠢᠶᠠᠷ ᠵᠡᠭᠦᠨ ᠲᠡᠶᠢᠰᠢ ᠨᠡᠭᠦᠵᠦ ᠮᠣᠩᠭᠣᠯ ᠤᠨ ᠪᠠᠷᠠᠭᠤᠨ ᠬᠣᠶᠢᠭᠤᠷ ᠰᠠᠭᠤᠭᠰᠠᠨ ᠪᠠᠶᠢᠨ᠎ᠠ᠃ ᠰᠢᠶᠠᠨᠪᠢ ᠤᠯᠤᠰ ᠤᠨ ᠦᠶ᠎ᠡ ᠳᠦ ᠵᠠᠷᠢᠮ ᠨᠢ ᠮᠣᠩᠭᠣᠯ ᠤᠨ ᠪᠠᠷᠠᠭᠤᠨ ᠬᠡᠰᠡᠭ ᠢᠶᠡᠷ ᠨᠡᠭᠦᠨ ᠣᠷᠣᠵᠤ ᠢᠷᠡᠵᠦ ᠰᠢᠶᠠᠨᠪᠢ ᠳᠤ ᠠᠭᠤᠰᠤᠭᠰᠠᠨ ᠪᠣᠯ ᠵᠠᠷᠢᠮ ᠨᠢ ᠬᠢᠲᠠᠳ ᠤᠨ ᠭᠦᠨ ᠳᠦ ᠣᠴᠢᠵᠤ ᠸᠧᠢ ᠤᠯᠤᠰ ᠢ ᠪᠠᠶᠢᠭᠤᠯᠵᠠᠢ᠃ ᠳ᠋ᠢᠩᠯᠢᠩ ᠦᠨ ᠸᠧᠢ ᠤᠯᠤᠰ᠂ ᠬᠢᠲᠠᠳ ᠤᠨ ᠸᠧᠢ ᠤᠯᠤᠰ᠂ ᠲᠣᠪᠠ ᠸᠧᠢ ᠤᠯᠤᠰ ᠤᠳ ᠨᠢ ᠢᠵᠢᠯ ᠨᠡᠷ᠎ᠡ ᠲᠡᠢ ᠥᠭᠡᠷ᠎ᠡ ᠤᠭᠰᠠᠭᠠᠨ ᠤ ᠤᠯᠤᠰ ᠤᠳ ᠶᠤᠮ᠃ ᠳ᠋ᠢᠩᠯᠢᠩ ᠡᠴᠡ ᠭᠠᠴᠡ ᠪᠤᠶᠤ ᠲᠧᠯᠧ ᠠᠶᠢᠮᠠᠭ ᠡᠭᠦᠰᠦᠭᠰᠡᠨ ᠨᠢ ᠲᠠᠯ᠎ᠠ ᠲᠠᠯ᠎ᠠ ᠲᠡᠰᠢ ᠨᠡᠭᠦᠨ ᠣᠴᠢᠵᠤ ᠰᠠᠭᠤᠭᠰᠠᠨ ᠪᠠ ᠨᠢᠷᠤᠨ ᠤᠯᠤᠰ ᠤᠨ ᠦᠶ᠎ᠡ ᠳᠦ ᠮᠣᠩᠭᠣᠯ ᠤᠨ ᠪᠠᠷᠠᠭᠤᠨ ᠬᠡᠰᠡᠭ᠂ ᠬᠣᠶᠢᠳᠤ ᠰᠢᠨᠵᠢᠶᠠᠩ ᠳᠤ ᠭᠠᠴᠡ ᠨᠠᠷ ᠪᠠᠶᠢᠪᠠ᠃ᠵᠠᠷᠢᠮ ᠭᠠᠴᠡ ᠨᠠᠷ ᠨᠢᠷᠤᠨ ᠤ ᠵᠠᠬᠢᠷᠭᠠᠨ ᠠᠴᠠ ᠭᠠᠷᠬᠤ ᠪᠠᠷ ᠬᠠᠰᠠᠭᠰᠲ᠋ᠠᠨ ᠤ ᠵᠡᠭᠦᠨ ᠬᠡᠰᠡᠭ ᠲᠦ ᠣᠴᠢᠨ ᠾᠦᠩᠨᠦ ᠶᠢᠨ ᠶᠢᠪᠠᠨᠢ ᠤᠯᠤᠰ ᠢ ᠪᠤᠲᠠ ᠴᠣᠬᠢᠨ ᠥᠪᠡᠷ ᠦᠨ ᠤᠯᠤᠰ ᠢ 490 ᠤᠨ ᠳᠤ ᠪᠠᠶᠢᠭᠤᠯᠤᠭᠰᠠᠨ ᠴᠤ ᠡᠮᠦᠨᠡᠲᠦ ᠬᠡᠰᠡᠭ ᠨᠢ 496 ᠤᠨ ᠳᠤ᠂ ᠬᠣᠶᠢᠳᠤ ᠬᠡᠰᠡᠭ ᠨᠢ 540 ᠨᠢᠷᠤᠨ ᠳᠤ ᠡᠵᠡᠯᠡᠭᠳᠡᠵᠡᠢ᠃ ᠭᠠᠣᠽᠧ᠂ ᠲᠧᠯᠧ ᠠᠶᠢᠮᠠᠭ ᠤᠳ ᠢ ᠤᠶᠢᠭᠤᠷ ᠤᠨ ᠡᠪᠦᠭᠡ ᠭᠡᠵᠦ ᠦᠵᠡᠳᠡᠭ᠃ ᠤᠶᠢᠭᠤᠷ ᠤᠯᠤᠰ 840 ᠤᠨ ᠳᠤ ᠤᠨᠠᠭᠰᠠᠨ ᠤ ᠳᠠᠷᠠᠭ᠎ᠠ ᠬᠢᠷᠭᠢᠰ ᠤᠨ ᠴᠡᠷᠢᠭ ᠲᠦ ᠬᠥᠭᠡᠭᠡᠭᠳᠡᠭᠰᠡᠨ ᠤᠶᠢᠭᠤᠷ ᠤᠳ ᠰᠢᠨᠵᠢᠶᠠᠩ᠂ ᠪᠠᠷᠠᠭᠤᠨ ᠭᠠᠨᠰᠤ ᠳᠤ ᠨᠡᠭᠦᠨ ᠢᠷᠡᠵᠦ ᠭᠠᠨᠵᠧᠦ ᠶᠢᠨ ᠤᠶᠢᠭᠤᠷ ᠤᠨ ᠤᠯᠤᠰ᠂ ᠢᠳᠢᠭᠦᠳ ᠤᠨ ᠤᠯᠤᠰ ᠭᠡᠰᠡᠨ 2 ᠤᠯᠤᠰ ᠪᠠᠶᠢᠭᠤᠯᠵᠠᠢ᠃ ᠭᠠᠨᠵᠧᠦ ᠶᠢᠨ ᠤᠶᠢᠭᠤᠷ ᠤᠨ ᠤᠯᠤᠰ ᠬᠣᠵᠢᠮ ᠲᠠᠩᠭᠣᠳ ᠤᠯᠤᠰ ᠲᠤ ᠡᠵᠡᠯᠡᠭᠳᠡᠭᠰᠡᠨ ᠪᠠ ᠲᠡᠳᠡᠨ ᠦ ᠬᠣᠶᠢᠴᠢᠰ ᠨᠢ ᠰᠢᠷ᠎ᠠ ᠶᠣᠭᠤᠷ ᠭᠡᠳᠡᠭ᠃ 13ᠳ᠋ᠤᠭᠠᠷ ᠵᠠᠭᠤᠨ ᠳᠤ ᠢᠳᠢᠭᠦᠳ ᠤᠨ ᠤᠯᠤᠰ ᠴᠢᠩᠭᠢᠰ ᠬᠠᠭᠠᠨ ᠳᠤ ᠳᠠᠭᠠᠷ᠎ᠠ ᠣᠷᠣᠵᠠᠢ᠃ ᠨᠡᠭᠦᠨ ᠢᠷᠡᠭᠰᠡᠨ ᠤᠶᠢᠭᠤᠷᠴᠤᠳ ᠲᠡᠨᠳᠡ ᠪᠠᠶᠢᠭᠰᠠᠨ ᠢᠷᠡᠨ ᠪᠣᠯᠤᠨ ᠲᠣᠬᠠᠷ ᠬᠡᠯᠡᠳᠦ ᠧᠦ᠋ᠷᠣᠫᠠ ᠠᠶᠢᠮᠠᠭ ᠤᠳ ᠢ ᠥᠪᠡᠷᠲᠡᠭᠡᠨ ᠪᠦᠷᠢᠮᠦᠰᠦᠨ ᠠᠭᠤᠰᠬᠠᠭᠰᠠᠨ ᠢᠶᠠᠷ ᠮᠣᠩᠭᠣᠯ ᠳᠤ ᠪᠠᠶᠢᠭᠰᠠᠨ ᠠᠴᠠ ᠪᠠᠨ ᠢᠯᠡᠭᠦᠦ ᠧᠦᠢᠷᠣᠫᠧᠣᠶᠢᠳ᠋ ᠲᠥᠷᠬᠥ ᠲᠡᠢ ᠪᠣᠯᠤᠭᠰᠠᠨ ᠪᠠᠶᠢᠨ᠎ᠠ᠃ ᠰᠢᠨᠵᠢᠶᠠᠩ ᠤᠨ ᠧᠦ᠋ᠷᠣᠫᠠ ᠠᠶᠢᠮᠠᠭ ᠤᠳ ᠤᠶᠢᠭᠤᠷ ᠤᠳ ᠢ ᠢᠷᠡᠭᠰᠡᠨ ᠳᠠᠷᠤᠢ ᠳᠤ ᠠᠭᠤᠰᠤᠨ ᠠᠯᠠᠭ᠎ᠠ ᠪᠣᠯᠤᠭ᠎ᠠ ᠦᠭᠡᠢ ᠪᠠ 11 ᠍ ᠳᠦᠭᠡᠷ ᠵᠠᠭᠤᠨ ᠤ ᠦᠶ᠎ᠡ ᠳᠦ ᠲᠤᠬᠤᠷᠴᠤᠳ ᠲᠡᠨᠳᠡ ᠪᠠᠶᠢᠭᠰᠠᠭᠠᠷ ᠪᠠᠶᠢᠭᠰᠠᠨ ᠲᠤᠬᠠᠢ ᠮᠡᠳᠡᠭᠡ ᠦᠯᠡᠳᠡᠵᠡᠢ᠃  ᠨ᠃ᠮᠠᠵᠠᠲᠤᠪ᠂᠎ᠠ᠃ᠰᠤᠯᠲᠠᠨᠨᠣᠸᠠ ᠨᠠᠷ ᠲᠦᠷᠦᠭ ᠦᠨ ᠬᠠᠭᠠᠨᠲᠤ ᠤᠯᠤᠰ ᠤᠨ ᠪᠦᠷᠢᠯᠳᠦᠬᠦᠨ ᠳᠦ ᠡᠮᠦᠨᠡᠲᠦ ᠤᠷᠠᠯ ᠪᠦᠬᠦᠯᠢ ᠳᠦ ᠪᠡᠨ ᠪᠠᠶᠢᠭ᠎ᠠ ᠦᠭᠡᠢ[30] ᠭᠡᠵᠦ ᠦᠵᠡᠭᠰᠡᠨ ᠪᠣᠯ ᠭ᠃ᠭᠠᠷᠤᠰᠳᠠᠪᠢᠴ᠂ ᠸ᠃ᠢᠸᠠᠨᠨᠣᠸ ᠨᠠᠷ ᠡᠮᠦᠨᠡᠲᠦ ᠰᠢᠪᠢᠷᠢ᠂ ᠠᠯᠲᠠᠢ᠂ ᠵᠡᠭᠦᠨ ᠬᠠᠰᠠᠭᠰᠲ᠋ᠠᠨ ᠳᠠᠬᠢ ᠡᠷᠲᠡᠨ ᠦ ᠲᠦᠷᠦᠭ ᠦᠨ ᠠᠷᠬᠧᠣᠯᠣᠭᠢ ᠶᠢᠨ ᠳᠤᠷᠠᠰᠬᠠᠯ ᠤᠳ ᠡᠮᠦᠨᠡᠲᠦ ᠤᠷᠠᠯ ᠳᠠᠬᠢ ᠠᠷᠬᠧᠣᠯᠣᠭᠢ ᠶᠢᠨ ᠳᠤᠷᠠᠰᠬᠠᠯ ᠤᠳ ᠠᠴᠠ ᠡᠷᠡᠰ ᠢᠯᠭᠠᠷᠴᠤ ᠪᠠᠶᠢᠭ᠎ᠠ ᠶᠢ ᠲᠡᠮᠳᠡᠭᠯᠡᠵᠡᠢ᠃ ᠡᠶᠢᠮᠦ ᠡᠴᠡ ᠮᠠᠨ ᠤ ᠡᠷᠡᠨ ᠦ 1 ᠍ ᠳᠦᠭᠡᠷ ᠮᠢᠩᠭᠠᠨ ᠤ ᠡᠬᠢᠨ ᠬᠠᠭᠠᠰ ᠪᠣᠯᠤᠨ ᠳᠤᠮᠳᠠ ᠦᠶ᠎ᠡ ᠶᠢᠨ ᠤᠷᠠᠯ᠂ ᠢᠵᠢᠯ ᠬᠠᠪᠢ ᠶᠢᠨ ᠠᠷᠬᠧᠣᠯᠣᠭᠢ ᠶᠢᠨ ᠳᠤᠷᠠᠰᠬᠠᠯ ᠤᠳ ᠲᠦᠷᠦᠭ ᠦᠳ ᠲᠡᠢ ᠬᠣᠯᠪᠣᠭ᠎ᠠ ᠲᠠᠢ ᠭᠡᠵᠦ ᠪᠠᠲᠤᠯᠠᠬᠤ ᠳᠤ ᠪᠡᠷᠬᠡ ᠶᠤᠮ᠃[31] ᠡᠶᠢᠮᠦ ᠳᠦ ᠲᠦᠷᠦᠭ ᠦᠨ ᠬᠠᠭᠠᠨᠲᠤ ᠤᠯᠤᠰ ᠠᠴᠠ ᠡᠮᠦᠨ᠎ᠡ ᠤᠷᠠᠯ ᠤᠨ ᠨᠢᠷᠤᠭᠤᠨ ᠳᠤ ᠲᠦᠷᠦᠭ ᠦᠳ ᠠᠮᠢᠳᠤᠷᠠᠵᠤ ᠪᠠᠶᠢᠭ᠎ᠠ ᠦᠭᠡᠢ ᠪᠥᠭᠡᠳ ᠲᠡᠨᠳᠡ ᠲᠦᠷᠦᠭ ᠦᠳ ᠪᠥᠭᠡᠮ ᠢᠶᠡᠷ ᠢᠶᠡᠨ ᠣᠴᠢᠨ ᠰᠠᠭᠤᠷᠢᠰᠢᠭᠰᠠᠨ ᠨᠢ ᠠᠷᠠᠢ ᠬᠣᠵᠢᠭᠤ ᠦᠶ᠎ᠡ ᠳᠦ ᠬᠣᠯᠪᠣᠭᠳᠠᠬᠤ ᠶᠤᠮ᠃[32]

ᠡᠷᠲᠡᠨ ᠦ ᠲᠦᠷᠦᠭ ᠦᠨ ᠭᠡᠵᠦ ᠨᠡᠷᠡᠯᠡᠭᠳᠡᠵᠦ ᠪᠠᠶᠢᠭ᠎ᠠ ᠠᠷᠬᠧᠣᠯᠣᠭᠢ ᠶᠢᠨ ᠳᠤᠷᠠᠰᠬᠠᠯ ᠤᠳ ᠲᠦᠷᠦᠭ ᠦᠳ ᠲᠡᠢ ᠬᠣᠯᠪᠣᠭᠳᠠᠬᠤ ᠡᠰᠡᠬᠦ ᠨᠢ ᠪᠦᠷᠢᠨ ᠲᠣᠳᠣᠷᠬᠠᠢ ᠪᠣᠯᠤᠭ᠎ᠠ ᠦᠭᠡᠢ ᠪᠠᠶᠢᠨ᠎ᠠ᠃[18]

ᠧᠦ᠋ᠷᠣᠫᠠ ᠳᠠᠬᠢ ᠨᠡᠭᠦᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠃ᠭ᠃ ᠰᠠᠪᠢᠨᠠᠪ᠂ ᠪ᠃ ᠺᠠᠷᠯᠤᠭᠷᠧᠨᠠ᠂᠎а.н. ᠪᠧᠷᠨᠱᠲᠠᠮ ᠵᠡᠷᠭᠡ ᠣᠯᠠᠨ ᠡᠷᠳᠡᠮᠲᠡᠳ ᠬᠢᠲᠠᠳ ᠤᠨ ᠬᠠᠨ ᠣᠯᠣᠰ ᠍ ᠤᠨ (ᠮᠠᠨ ᠤ ᠡᠷᠡᠨ ᠦ ᠡᠮᠦᠨ᠎ᠡ 206 ᠮᠠᠨ ᠤ ᠡᠷᠡᠨ ᠦ 220) ᠦᠶ᠎ᠡ ᠳᠦ ᠺᠦᠢᠱᠧ᠂ ᠴᠦᠢᠱᠧ ᠭᠡᠵᠦ ᠲᠡᠮᠳᠡᠭᠯᠡᠭᠳᠡᠭᠰᠡᠨ ᠠᠶᠢᠮᠠᠭ ᠬᠢᠪᠴᠠᠭ ᠤᠳ ᠤᠨ ᠡᠪᠦᠭᠡ ᠭᠡᠰᠡᠨ ᠦᠵᠡᠯ ᠢ ᠳᠡᠮᠵᠢᠳᠡᠭ᠃ [33][34] ᠮᠠᠨ ᠤ ᠡᠷᠡᠨ ᠦ ᠡᠮᠦᠨ᠎ᠡ 3᠋ ᠳ᠋ᠤᠭᠠᠷ ᠵᠠᠭᠤᠨ ᠤ ᠡᠬᠢᠨ ᠳᠦ ᠺᠦᠢᠱᠧ ᠨᠠᠷ ᠳ᠋ᠢᠩᠯᠢᠩ᠂ ᠭᠢᠨᠭᠤᠩ ᠲᠠᠢ (ᠶᠡᠨᠢᠰᠧᠢᠨ ᠺᠢᠷᠭᠢᠽ) ᠬᠠᠮᠲᠤ ᠮᠣᠳᠣᠨ ᠱᠠᠨᠶᠦ ᠳᠤ ᠡᠵᠡᠯᠡᠭᠳᠡᠵᠡᠢ᠃ ᠪᠠᠷᠠᠭᠤᠨ ᠲᠦᠷᠦᠭ ᠦᠨ ᠬᠠᠭᠠᠨᠲᠤ ᠤᠯᠤᠰ ᠍ ᠤᠨ ᠪᠦᠷᠢᠯᠳᠦᠬᠦᠨ ᠳᠦ ᠴᠦᠢᠱᠧ ᠠᠶᠢᠮᠠᠭ ᠪᠠᠶᠢᠭᠰᠠᠨ ᠪᠠ ᠬᠢᠪᠴᠠᠭ ᠤᠳ ᠠᠩᠬ᠎ᠠ ᠣᠪᠢ ᠮᠥᠷᠡᠨ ᠦ ᠡᠬᠢ ᠪᠤᠶᠤ ᠠᠯᠲᠠᠢ ᠶᠢᠨ ᠬᠢᠵᠠᠭᠠᠷ ᠬᠠᠪᠢ ᠳᠤ ᠪᠠᠶᠢᠪᠠ᠃[35] ᠺᠢᠫᠴᠠᠺ ᠤᠳ 7 ᠍ ᠳᠦᠭᠡᠷ ᠵᠠᠭᠤᠨ ᠳᠤ ᠬᠠᠰᠠᠭᠰᠲ᠋ᠠᠨ ᠤ ᠵᠡᠭᠦᠨ ᠲᠠᠯ᠎ᠠ ᠳᠤ ᠡᠷᠴᠢᠰᠡᠶᠢᠨ ᠡᠬᠢᠨ ᠳᠦ ᠨᠡᠭᠦᠨ ᠣᠴᠢᠵᠠᠢ᠃[36][37] 10 ᠳ᠋ᠤᠭᠠᠷ ᠵᠠᠭᠤᠨ ᠦᠶ᠎ᠡ ᠭᠡᠬᠦ ᠳᠦ ᠲᠡᠳᠡ ᠬᠠᠰᠠᠭᠰᠲ᠋ᠠᠨ ᠤ ᠪᠠᠷᠠᠭᠤᠨ ᠬᠣᠶᠢᠳᠤ ᠬᠡᠰᠡᠭ ᠬᠦᠷᠲᠡᠯ᠎ᠡ ᠲᠠᠷᠬᠠᠭᠰᠠᠨ ᠪᠠᠶᠢᠭᠰᠠᠨ ᠪᠠ ᠡᠮᠦᠨᠡᠲᠦ ᠲᠠᠯ᠎ᠠ ᠳᠤ ᠨᠢ en:ᠣᠭᠤᠰ ᠨᠤᠭᠤᠳ ᠬᠣᠶᠢᠳᠤ ᠲᠠᠯ᠎ᠠ ᠳᠤ ᠨᠢ en:ᠬᠠᠵᠠᠷ ᠤᠳ᠂ ᠵᠡᠭᠦᠨ ᠲᠠᠯ᠎ᠠ ᠳᠤ ᠺᠢᠮᠠᠺ ᠲᠦᠷᠦᠭ ᠦᠳ ᠪᠠᠶᠢᠪᠠ᠃[36] ᠬᠠᠰᠠᠭᠰᠲ᠋ᠠᠨ ᠤ ᠪᠠᠷᠠᠭᠤᠨ ᠬᠡᠰᠡᠭ ᠲᠦ ᠬᠦᠰᠡᠷᠡᠨ ᠺᠢᠫᠴᠠᠺ ᠤᠳ ᠪᠠᠷᠠᠭᠤᠨ ᠲᠡᠰᠢ ᠳᠠᠬᠢᠨ ᠨᠡᠭᠦᠵᠦ ᠫᠧᠴᠧᠨᠧᠭᠡᠭᠦᠳᠡ ᠶᠢ ᠵᠠᠬᠢᠷᠭᠠᠨ ᠳᠤ ᠪᠠᠨ ᠣᠷᠣᠭᠤᠯᠵᠠᠢ᠃ ᠣᠭᠤᠵᠠ᠂ ᠬᠠᠵᠠᠷ᠂ ᠺᠢᠮᠠᠺ᠂ ᠺᠢᠫᠴᠠᠺ᠂ ᠫᠧᠴᠧᠨᠧᠭ ᠵᠡᠷᠭᠡ ᠲᠦᠷᠦᠭ ᠠᠶᠢᠮᠠᠭ ᠤᠳ ᠲᠦᠷᠦᠭ ᠦᠨ ᠬᠠᠭᠠᠨᠲᠤ ᠤᠯᠤᠰ ᠤᠨ ᠪᠠᠶᠢᠯᠳᠤᠨ ᠳᠠᠭᠠᠭᠤᠯᠤᠯ ᠤᠨ ᠦᠶ᠎ᠡ ᠳᠦ ᠪᠠᠷᠠᠭᠤᠨ ᠲᠡᠰᠢ ᠲᠠᠷᠬᠠᠨ ᠰᠠᠭᠤᠴᠠᠢ᠃ 11 ᠍ ᠳᠦᠭᠡᠷ ᠵᠠᠭᠤᠨ ᠤ ᠦᠶ᠎ᠡ ᠳᠦ ᠺᠢᠫᠴᠠᠺ ᠤᠨ ᠵᠠᠬᠢᠷᠭᠠᠨ ᠳᠤ ᠳᠣᠯᠣᠭᠠᠨ ᠤᠰᠤ᠂ ᠵᠡᠭᠦᠨ ᠬᠣᠶᠢᠳᠤ ᠬᠠᠰᠠᠭᠰᠲ᠋ᠠᠨ ᠠᠴᠠ ᠪᠤᠰᠤᠳ ᠬᠠᠰᠠᠭᠰᠲ᠋ᠠᠨ ᠤ ᠨᠤᠲᠤᠭ ᠪᠠᠭᠳᠠᠵᠣ ᠪᠠᠶᠢᠪᠠ᠃ ᠲᠡᠷᠡ ᠦᠶ᠎ᠡ ᠳᠦ ᠵᠡᠭᠦᠨ ᠬᠣᠶᠢᠳᠤ ᠬᠠᠰᠠᠭᠰᠲ᠋ᠠᠨ ᠳᠤ ᠨᠠᠶᠢᠮᠠᠨᠴᠤᠳ ᠪᠠᠶᠢᠪᠠ᠃ 12 ᠍ ᠳᠦᠭᠡᠷ ᠵᠠᠭᠤᠨ ᠤ ᠡᠬᠢ ᠭᠡᠬᠦ ᠳᠦ ᠺᠢᠫᠴᠠᠺ ᠤᠳ ᠳᠤᠨᠠᠢ ᠮᠥᠷᠡᠨ ᠦ ᠡᠬᠢ ᠬᠦᠷᠲᠡᠯ᠎ᠡ ᠲᠠᠷᠬᠠᠭᠰᠠᠨ ᠪᠠᠶᠢᠴᠠᠢ᠃

ᠺᠢᠫᠴᠠᠺ ᠠᠶᠢᠮᠠᠭ ᠤᠨ ᠬᠣᠯᠪᠣᠭ᠎ᠠ᠂ 900–1220 ᠤᠨ

882 ᠤᠨ ᠤ ᠦᠶ᠎ᠡ ᠳᠦ ᠫᠧᠴᠧᠨᠧ ᠨᠦᠭᠦᠳ ᠺᠷ ᠤᠮ ᠳᠤ ᠬᠦᠷᠴᠦ[38] 875 ᠤᠨ ᠳᠤ ᠺᠧᠪ ᠦᠨ ᠷᠦᠰᠢ ᠤᠯᠤᠰ ᠲᠠᠢ ᠪᠠᠶᠢᠯᠳᠤᠵᠠᠢ᠃ ᠬᠠᠵᠠᠷ ᠤᠨ ᠬᠠᠭᠠᠨᠲᠤ ᠤᠯᠤᠰ ᠤᠨᠠᠭᠰᠠᠨ ᠤ ᠳᠠᠷᠠᠭ᠎ᠠ ᠺᠧᠪ ᠦᠨ ᠷᠦᠰᠢ ᠤᠯᠤᠰ ᠢᠶᠠᠨ ᠤᠷᠤᠭᠰᠢ᠂ ᠺᠠᠸᠬᠠᠰ ᠠᠴᠠ ᠬᠣᠶᠢᠰᠢ᠂ ᠢᠵᠢᠯ ᠡᠴᠡ ᠪᠠᠷᠠᠭᠤᠨ ᠲᠡᠰᠢ ᠬᠠᠩᠭᠠᠷᠢ ᠬᠦᠷᠲᠡᠯ᠎ᠡ ᠨᠤᠲᠤᠭ ᠲᠡᠳᠡᠨ ᠦ ᠬᠢᠨᠠᠯᠲᠠᠨ ᠳᠤ ᠣᠷᠣᠵᠠᠢ᠃[39]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠬᠠᠵᠠᠷ ᠤᠨ ᠬᠠᠭᠠᠨᠲᠤ ᠤᠯᠤᠰ᠂ 650?–1048?
ᠬᠠᠵᠠᠷ ᠤᠨ ᠬᠠᠭᠠᠨᠲᠤ ᠤᠯᠤᠰ

ᠰᠢᠪᠸᠷᠢᠶ ᠠ ᠳᠦ ᠬᠢ ᠨᠡᠭᠦᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠤᠯ ᠤᠨ ᠠᠯᠲᠠᠢ᠂ ᠲᠤᠸᠠ ᠬᠠᠪᠢ ᠢᠶᠠᠷ ᠥᠭᠡᠷ᠎ᠡ ᠥᠭᠡᠷ᠎ᠡ ᠴᠠᠭ ᠦᠶ᠎ᠡ ᠳᠦ ᠣᠯᠠᠨ ᠦᠨᠳᠦᠰᠦᠲᠡᠨ ᠡᠭᠡᠯᠵᠢᠯᠡᠨ ᠣᠷᠣᠰᠢᠨ ᠠᠮᠢᠳᠤᠷᠠᠵᠤ ᠪᠠᠶᠢᠭᠰᠠᠨ ᠪᠠ ᠠᠩᠬ᠎ᠠ ᠡᠪᠦᠭᠡ ᠠᠯᠲᠠᠶᠢᠴᠤᠳ ᠪᠤᠶᠤ ᠠᠯᠲᠠᠢ ᠶᠢᠨ ᠬᠡᠯᠡᠨ ᠦ ᠢᠵᠠᠭᠤᠷ ᠤᠨ ᠬᠡᠯᠡᠳᠦ ᠡᠷᠲᠡᠨ ᠦ ᠬᠦᠮᠦᠰ᠂ ᠰᠠᠮᠣᠳᠢ ᠵᠡᠷᠭᠡ ᠬᠦᠮᠦᠰ ᠠᠮᠢᠳᠤᠷᠠᠵᠤ ᠪᠠᠶᠢᠭᠰᠠᠨ ᠪᠣᠯᠤᠯᠲᠠᠢ᠃

ᠠᠶᠠᠯᠠᠭᠴᠢ᠂ ᠬᠡᠯᠡ ᠰᠢᠨᠵᠢᠯᠡᠯ ᠦᠨ ᠡᠷᠳᠡᠮᠲᠡᠨ ᠮᠠᠲ᠋ᠢ ᠠᠴᠠ ᠺᠠᠰᠲᠷᠧᠨ ᠮᠠᠨ ᠤ ᠡᠷᠡᠨ ᠦ 1-2 ᠳ᠋ᠤᠭᠠᠷ ᠮᠢᠩᠭᠠᠨ ᠤ ᠦᠶ᠎ᠡ ᠳᠦ ᠰᠠᠶᠠᠨ ᠤ ᠨᠢᠷᠤᠭᠤᠨ ᠳᠤ ᠪᠠᠶᠢᠭᠰᠠᠨ ᠰᠠᠨᠤᠳᠢᠴᠤᠳ ᠲᠦᠷᠦᠭ ᠦᠳ ᠦᠨ ᠨᠡᠭᠦᠳᠡᠯ ᠳᠦ ᠰᠢᠬᠠᠭᠳᠠᠨ ᠬᠣᠶᠢᠳᠤ ᠵᠦᠭ ᠲᠤ ᠨᠡᠭᠦᠵᠦ ᠣᠳᠣ ᠶᠢᠨ ᠨᠧᠨᠧᠼᠨᠠᠭᠠᠨᠠᠭᠰᠠᠨᠰᠧᠯᠺᠦ᠋ᠫᠴᠤᠳ ᠢ ᠡᠭᠦᠰᠬᠡᠭᠰᠡᠨ ᠭᠡᠵᠦ ᠦᠵᠡᠵᠡᠢ᠃

ᠤᠤᠯ ᠤᠨ ᠠᠯᠲᠠᠢ ᠶᠢᠨ ᠬᠣᠶᠢᠳᠤ ᠬᠡᠰᠡᠭ ᠢᠶᠡᠷ ᠡᠷᠲᠡ ᠴᠠᠭ ᠲᠤ ᠤᠭᠣᠷ ᠦᠳ ᠠᠮᠢᠳᠤᠷᠠᠵᠤ ᠪᠠᠶᠢᠭᠰᠠᠨ ᠪᠣᠯᠤᠯᠲᠠᠢ᠃ ᠬᠠᠷᠢᠨ ᠲᠤᠸᠠ ᠶᠢᠨ ᠵᠠᠷᠢᠮ ᠬᠡᠰᠡᠭ ᠲᠦ ᠰᠠᠮᠣᠳᠢᠴᠤᠳ 19 ᠍ ᠳᠦᠭᠡᠷ ᠵᠠᠭᠤᠨ ᠢ ᠬᠦᠷᠲᠡᠯ᠎ᠡ ᠠᠮᠢᠳᠤᠷᠠᠵᠤ ᠪᠠᠶᠢᠭᠰᠠᠨ ᠪᠠ 19 ᠍ ᠳᠦᠭᠡᠷ ᠵᠠᠭᠤᠨ ᠤ ᠦᠶ᠎ᠡ ᠳᠦ ᠲᠤᠸᠠ ᠳᠠᠬᠢ ᠮᠣᠩᠭᠣᠯ᠂ ᠰᠠᠮᠣᠳᠢ ᠬᠦᠮᠦᠰ ᠲᠡᠨᠳᠡᠬᠢ ᠶᠢᠨ ᠲᠦᠷᠦᠭ ᠭᠠᠷᠤᠯᠲᠠᠢ ᠣᠪᠤᠭ ᠤᠳ ᠲᠠᠢ ᠬᠣᠯᠢᠯᠳᠤᠵᠤ ᠲᠦᠷᠦᠭ ᠬᠡᠯᠡᠨ ᠦ ᠨᠥᠯᠦᠭᠡᠨ ᠳᠦ ᠣᠷᠣᠭᠰᠠᠨ ᠢᠶᠠᠷ ᠲᠤᠸᠠ ᠦᠨᠳᠦᠰᠦᠲᠡᠨ ᠪᠦᠷᠢᠯᠳᠦᠵᠡᠢ᠃ ᠲᠤᠸᠠ ᠶᠢᠨ ᠵᠡᠭᠦᠨ ᠲᠠᠯ᠎ᠠ ᠪᠠᠷ ᠳᠥᠷᠪᠡᠯᠵᠢᠨ ᠪᠤᠯᠠᠰᠢᠨ ᠤ ᠰᠤᠶᠤᠯ ᠲᠠᠷᠬᠠᠭᠰᠠᠨ ᠠᠴᠠ ᠦᠵᠡᠬᠦ ᠳᠦ ᠬᠦᠷᠡᠯ ᠤᠨ ᠦᠶ᠎ᠡ ᠳᠦ ᠡᠪᠦᠭᠡ ᠮᠣᠩᠭᠣᠯᠴᠤᠳ ᠲᠤᠸᠠ ᠳᠤ ᠠᠮᠢᠳᠤᠷᠠᠵᠤ ᠪᠠᠶᠢᠵᠠᠢ᠃ ᠮᠠᠨ ᠤ ᠡᠷᠡᠨ ᠦ ᠡᠮᠦᠨ᠎ᠡ 1000 ᠵᠢᠯ ᠦᠨ ᠦᠶ᠎ᠡ ᠳᠦ ᠰᠺᠢᠹ ᠦᠳ ᠲᠤᠸᠠ᠂ ᠤᠤᠯ ᠤᠨ ᠠᠯᠲᠠᠢ ᠳᠤ ᠨᠣᠶᠠᠷᠬᠠᠵᠤ ᠡᠬᠢᠯᠡᠵᠡᠢ᠃[40][41] ᠢᠩᠭᠢᠭᠰᠡᠨ ᠢᠶᠡᠷ ᠲᠡᠨᠳᠡ ᠪᠠᠶᠢᠭᠰᠠᠨ ᠮᠣᠩᠭᠣᠯᠣᠶᠢᠳ᠋ ᠲᠥᠷᠬᠦᠲᠡᠨ ᠨᠦᠭᠦᠳ ᠰᠺᠢᠹ ᠦᠳ ᠲᠦ ᠠᠭᠤᠰᠤᠭᠰᠠᠨ ᠰᠢᠬᠠᠭᠳᠠᠭᠰᠠᠨ ᠪᠣᠯᠪᠠᠴᠤ ᠵᠠᠷᠢᠮ ᠨᠢ ᠲᠡᠨᠳᠡ ᠪᠡᠨ ᠬᠡᠪ ᠢᠶᠡᠷ ᠦᠯᠡᠳᠡᠭᠰᠡᠨ ᠪᠣᠯᠤᠯᠲᠠᠢ᠃ ᠮᠠᠨ ᠤ ᠡᠷᠡᠨ ᠦ ᠡᠮᠦᠨ᠎ᠡ 3 ᠍ᠳ᠋ᠤᠭᠠᠷ ᠵᠠᠭᠤᠨ ᠠᠴᠠ ᠾᠦᠩᠨᠦᠴᠦᠳ ᠲᠤᠸᠠ᠂ ᠠᠯᠲᠠᠢ ᠶᠢ ᠵᠠᠬᠢᠷᠭᠠᠨ ᠳᠤ ᠪᠠᠨ ᠣᠷᠣᠭᠤᠯᠤᠨ ᠰᠺᠢᠹ ᠦᠳ ᠲᠡᠢ ᠬᠣᠯᠢᠯᠳᠤᠨ ᠰᠠᠭᠤᠷᠢᠰᠢᠵᠠᠢ᠃

ᠲᠦᠷᠦᠭ ᠦᠳ ᠠᠯᠠᠱᠠ᠂ ᠰᠢᠨᠵᠢᠶᠠᠩ᠂ ᠤᠤᠯ ᠤᠨ ᠠᠯᠲᠠᠢ ᠳᠤ ᠨᠡᠭᠦᠨ ᠣᠴᠢᠭᠰᠠᠨ ᠤ ᠳᠠᠷᠠᠭ᠎ᠠ ᠲᠡᠨᠳᠡ ᠪᠠᠶᠢᠭᠰᠠᠨ ᠰᠺᠢᠹ ᠵᠡᠷᠭᠡ ᠢᠨᠳᠣ ᠧᠦ᠋ᠷᠣᠫᠠ ᠪᠤᠰᠤᠳ ᠠᠶᠢᠮᠠᠭ ᠤᠳ ᠤᠨ ᠶᠣᠰᠣ ᠵᠠᠩᠰᠢᠯ ᠲᠦᠷᠦᠭ ᠦᠳ ᠦᠨ ᠰᠤᠶᠤᠯ ᠳᠤ ᠶᠡᠬᠡᠬᠡᠨ ᠬᠦᠴᠦᠲᠡᠢ ᠨᠥᠯᠦᠭᠡᠯᠡᠭᠰᠡᠨ ᠪᠣᠯᠬᠤ ᠨᠢ ᠲᠦᠷᠦᠭ ᠦᠳ ᠦᠨ ᠣᠷᠣᠰᠢᠭᠤᠯᠭ᠎ᠠ ᠶᠢᠨ ᠪᠠᠶᠢᠭᠤᠯᠤᠮᠵᠢ ᠠᠴᠠ ᠬᠠᠷᠠᠭᠳᠠᠳᠠᠭ᠃[23]

ᠪᠠᠷᠠᠭᠤᠨ ᠠᠽᠢᠶ᠎ᠠ ᠳᠠᠬᠢ ᠨᠡᠭᠦᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭ᠎ᠠ ᠠᠽᠢᠶ᠎ᠠ ᠳᠠᠬᠢ ᠲᠦᠷᠦᠭ ᠦᠳ ᠦᠨ ᠪᠠᠶᠢᠯᠳᠤᠨ ᠳᠠᠭᠠᠭᠤᠯᠤᠯ ᠪᠣᠯᠤᠨ ᠲᠠᠷᠬᠠᠨ ᠰᠠᠭᠤᠷᠢᠰᠢᠯ ᠳᠤ (1050-1204)

МЭ 1 ᠍ ᠳᠦᠭᠡᠷ ᠮᠢᠩᠭᠠᠨ ᠤ ᠰᠡᠭᠦᠯᠡᠷ ᠣᠭᠤᠵᠠ ᠲᠦᠷᠦᠭ ᠦᠳ ᠪᠠᠷᠠᠭᠤᠨ ᠠᠽᠢᠶ᠎ᠠ᠂ ᠺᠠᠸᠬᠠᠰ ᠲᠤ ᠨᠡᠭᠦᠨ ᠣᠴᠢᠭᠰᠠᠨ᠎ᠠ ᠪᠠᠷ ᠲᠡᠨᠳᠡᠬᠢ ᠶᠢᠨ ᠣᠯᠠᠨ ᠦᠨᠳᠦᠰᠦᠲᠡᠨ ᠲᠦᠷᠢᠭᠵᠢᠭᠰᠡᠨ ᠪᠠᠶᠢᠳᠠᠭ᠃[42] ᠣᠭᠤᠵᠠ ᠨᠤᠭᠤᠳ ᠣᠳᠣ ᠶᠢᠨ ᠲᠦᠺᠮᠧᠨ᠂ ᠠᠽᠧᠷᠪᠠᠶᠢᠵᠠᠨ᠂ ᠲᠦᠺᠠᠴᠤᠳ ᠢ ᠪᠥᠷᠢᠯᠳᠦᠬᠦ ᠳᠦ ᠭᠣᠣᠯᠯᠠᠬᠤ ᠨᠥᠯᠥᠭᠡ ᠦᠵᠡᠭᠦᠯᠵᠡᠢ᠃ ᠲᠦᠷᠦᠭ ᠪᠤᠰᠤ ᠭᠠᠷᠤᠯ ᠲᠠᠢ ᠲᠦᠺᠮᠧᠨ᠂ ᠠᠽᠧᠷᠪᠠᠶᠢᠵᠠᠨ᠂ ᠲᠦᠷᠺ ᠭᠡᠰᠡᠨ ᠡᠳᠡᠭᠡᠷ ᠭᠤᠷᠪᠠᠨ ᠦᠨᠳᠦᠰᠦᠲᠡᠨ ᠬᠡᠯᠡ᠂ ᠰᠤᠶᠤᠯ ᠤᠨ ᠬᠤᠪᠢ ᠳᠤ ᠲᠦᠷᠢᠭᠵᠢᠭᠰᠡᠨ ᠪᠣᠯᠪᠠᠴᠤ ᠨᠡᠭᠦᠨ ᠣᠴᠢᠭᠰᠠᠨ ᠲᠦᠷᠦᠭ ᠦᠳ ᠲᠣᠭᠠᠨ ᠤ ᠬᠤᠪᠢ ᠳᠤ ᠠᠭᠤᠭᠤᠯ ᠬᠦᠮᠦᠨ ᠠᠮᠠ ᠠᠴᠠ ᠴᠥᠭᠡᠨ ᠪᠠᠶᠢᠰᠤᠨ ᠠᠴᠠ ᠭᠧᠨᠧᠲ᠋ᠢᠭ ᠤᠨ ᠬᠤᠪᠢ ᠳᠤ ᠲᠦᠷᠦᠭ ᠦᠳ ᠲᠡᠳᠡᠨ ᠳᠦ ᠲᠡᠳᠦᠶᠢᠯᠡᠨ ᠬᠦᠴᠦᠲᠡᠢ ᠨᠥᠯᠥᠭᠡ ᠦᠵᠡᠭᠦᠯᠦᠭᠡ ᠦᠭᠡᠢ ᠤᠴᠢᠷ ᠲᠡᠳᠡ ᠧᠦᠢᠷᠣᠫᠣᠶᠢᠳ᠋ ᠲᠥᠷᠬᠥ ᠪᠡᠨ ᠬᠠᠳᠠᠭᠠᠯᠠᠨ ᠦᠯᠡᠳᠡᠵᠡᠢ᠃

ᠲᠦᠷᠦᠭ ᠦᠳ ᠪᠠᠷᠠᠭᠤᠨ ᠠᠽᠢᠶ᠎ᠠ ᠳᠤ ᠬᠡᠷᠬᠢᠨ ᠨᠦᠭᠦᠵᠦ ᠣᠴᠢᠭᠰᠠᠨ ᠲᠤᠬᠠᠢ ᠸᠢᠽᠠᠨᠲ᠋ᠢ᠂ ᠰᠢᠷᠢ᠂ ᠠᠷᠮᠧᠨ᠂ ᠠᠷᠠᠪ ᠰᠤᠷᠪᠤᠯᠵᠢ ᠪᠢᠴᠢᠭ ᠦᠳ ᠲᠦ ᠣᠯᠠᠨ ᠲᠣᠭᠠᠨ ᠤ ᠮᠡᠳᠡᠭᠡ ᠬᠠᠳᠠᠭᠠᠯᠠᠭᠳᠠᠵᠠᠢ᠃[43][44][45] ᠲᠦᠷᠦᠭ ᠦᠳ ᠲᠡᠰᠢ ᠪᠡᠨ ᠵᠥᠪᠬᠡᠨ ᠵᠡᠭᠦᠨ ᠲᠠᠯ᠎ᠠ ᠠᠴᠠ ᠨᠢ ᠲᠡᠳᠦᠢ ᠦᠭᠡᠢ ᠥᠭᠡᠷ᠎ᠡ ᠪᠤᠰᠤᠳ ᠴᠢᠭᠯᠡᠯ ᠢᠶᠡᠷ᠂ ᠲᠤᠬᠠᠶᠢᠯᠠᠪᠠᠯ ᠬᠠᠷ᠎ᠠ ᠲᠡᠩᠭᠢᠰ᠂ ᠺᠠᠸᠬᠠᠰ᠂ ᠢᠷᠠᠨ ᠤ ᠲᠠᠯ᠎ᠠ ᠠᠴᠠ ᠨᠡᠪᠲᠡᠷᠡᠴᠢ ᠣᠷᠣᠭᠰᠠᠨ ᠪᠠᠶᠢᠨ᠎ᠠ᠃[44] ᠲᠡᠳᠡ ᠬᠣᠷᠢᠭᠠᠳ ᠵᠢᠯ ᠦᠨ ᠳᠣᠲᠣᠷ᠎ᠠ ᠠᠨᠠᠲ᠋ᠣᠯᠢ ᠍ ᠶᠢᠨ ᠬᠣᠶᠢᠭ ᠤᠨ ᠪᠤᠶᠤ ᠪᠠᠭ᠎ᠠ ᠠᠽᠢᠶ᠎ᠠ ᠶᠢᠨ ᠨᠡᠯᠢᠶᠡᠳ ᠬᠡᠰᠡᠭ ᠲᠦ ᠰᠠᠭᠤᠷᠢᠰᠢᠵᠠᠢ᠃[44] ᠠᠷᠠᠪ ᠤᠳ ᠤᠨ ᠳᠠᠷᠠᠭ᠎ᠠ ᠳᠤ ᠨᠢᠲᠦᠷᠦᠭ ᠦᠳ ᠦᠨ ᠠᠨᠠᠲ᠋ᠣᠯᠢ ᠳᠤ ᠬᠢᠭᠰᠡᠨ ᠣᠯᠠᠨ ᠳᠣᠪᠲᠣᠯᠭᠠᠨ ᠠᠴᠠ ᠪᠣᠯᠵᠤ ᠲᠥᠪ᠂ ᠵᠡᠭᠦᠨ ᠠᠨᠠᠲ᠋ᠣᠯ ᠤᠨ ᠣᠯᠠᠨ ᠲᠣᠭᠠᠨ ᠤ ᠬᠣᠲᠠ ᠰᠠᠭᠤᠷᠢᠨ ᠰᠦᠢᠷᠡᠨ ᠭᠠᠵᠠᠷ ᠨᠤᠲᠤᠭ ᠨᠢ ᠡᠵᠡᠭᠦᠶᠢᠷᠡᠨ ᠬᠣᠭᠣᠰᠣᠷᠠᠭᠰᠠᠨ ᠨᠢ ᠲᠦᠷᠦᠭ ᠦᠳ ᠦᠨ ᠨᠡᠭᠦᠳᠡᠯ ᠢ ᠤᠯᠠᠮ ᠬᠢᠯᠪᠠᠷ ᠪᠣᠯᠭᠠᠭᠰᠠᠨ ᠪᠠᠶᠢᠨ᠎ᠠ᠃[44] ᠭᠡᠪᠡᠴᠦ 9 ᠍ ᠳᠦᠭᠡᠷ ᠵᠠᠭᠤᠨ ᠤ ᠡᠴᠦᠰ ᠲᠦ ᠲᠦᠷᠦᠭ ᠦᠳ ᠠᠨᠠᠲ᠋ᠣᠯ ᠤᠨ ᠪᠦᠬᠦ ᠬᠡᠰᠡᠭ ᠲᠦ ᠰᠠᠭᠤᠷᠢᠰᠢᠵᠤ ᠠᠮᠵᠢᠭ᠎ᠠ ᠦᠭᠡᠢ ᠪᠠᠶᠢᠭᠰᠠᠨ ᠪᠠ ᠲᠡᠳᠡ ᠨᠡᠭᠦᠳᠡᠯᠴᠢᠳ ᠪᠠᠶᠢᠰᠤᠨ ᠠᠴᠠ ᠭᠣᠣᠯᠴᠢᠯᠠᠨ ᠲᠠᠯ᠎ᠠ ᠬᠡᠭᠡᠷ᠎ᠡ ᠶᠢᠨ ᠪᠥᠰᠡ ᠳᠦ ᠰᠠᠭᠤᠷᠢᠰᠢᠵᠤ ᠪᠠᠶᠢᠭᠰᠠᠨ ᠪᠠ ᠲᠡᠩᠭᠢᠰ ᠦᠨ ᠡᠷᠭᠢ ᠪᠡᠷ ᠬᠠᠷᠠᠬᠠᠨ ᠰᠠᠭᠤᠷᠢᠰᠢᠭ᠎ᠠ ᠦᠭᠡᠢ ᠪᠠᠶᠢᠪᠠ᠃[44] ᠡᠶᠢᠮᠦ ᠤᠴᠢᠷ ᠠᠴᠠ ᠵᠡᠭᠦᠨ ᠠᠨᠠᠲ᠋ᠣᠯᠢ ᠪᠣᠯᠤᠨ ᠲᠡᠩᠭᠢᠰ ᠦᠨ ᠡᠷᠭᠢ ᠶᠢᠨ ᠨᠤᠲᠤᠭ ᠲᠤ ᠲᠦᠷᠦᠭ ᠦᠳ ᠦᠨ ᠨᠡᠭᠦᠳᠡᠯ ᠡᠴᠡ ᠡᠮᠦᠨᠡᠬᠢ ᠦᠶ᠎ᠡ ᠶᠢᠨ ᠭᠠᠵᠠᠷ ᠤᠰᠤᠨ ᠤ ᠨᠡᠷ᠎ᠡ ᠬᠠᠳᠠᠭᠠᠯᠠᠭᠳᠠᠨ ᠦᠯᠡᠳᠡᠵᠡᠢ᠃[44]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ᠂ ᠮᠣᠩᠭᠣᠯ᠂ ᠲ᠋ᠦᠩᠬᠦᠰ ᠦᠳ ᠠᠯᠲᠠᠢ ᠬᠡᠯᠡᠨ ᠦ ᠢᠵᠠᠭᠤᠷ ᠍ ᠤᠨ ᠬᠡᠯᠡ ᠲᠡᠢ᠂ ᠨᠢᠭᠡ ᠭᠠᠷᠤᠯ ᠡᠭᠦᠰᠦᠯ ᠲᠡᠢ ᠠᠷᠠᠳ ᠲᠦᠮᠡᠨ ᠨᠦᠭᠦᠳ ᠭᠡᠵᠦ ᠶᠡᠬᠡᠩᠬᠢ ᠡᠷᠳᠡᠮᠲᠡᠳ ᠦᠵᠡᠳᠡᠭ᠃ ᠠᠯᠲᠠᠢ ᠬᠡᠯᠡᠨ ᠦ ᠢᠵᠠᠭᠤᠷ 5000 ᠵᠢᠯ ᠦᠨ ᠡᠮᠦᠨ᠎ᠡ ᠮᠣᠩᠭᠣᠯ᠂ ᠲᠦᠷᠦᠭ᠂ ᠲ᠋ᠦᠩᠬᠦᠰ ᠭᠡᠰᠡᠨ 3 ᠪᠦᠯᠦᠭᠲᠦ ᠬᠤᠪᠢᠶᠠᠭᠳᠠᠬᠤ ᠦᠶᠡᠰ ᠡᠳᠡᠭᠡᠷ ᠭᠤᠷᠪᠠᠨ ᠠᠷᠠᠳ ᠲᠦᠮᠡᠨ ᠬᠡᠯᠡ᠂ ᠰᠤᠶᠤᠯ᠂ ᠤᠭᠰᠠᠭᠠᠲᠠᠨ ᠤ ᠬᠤᠪᠢ ᠳᠤ ᠪᠡᠶ᠎ᠡ ᠳᠠᠩ ᠬᠥᠭᠵᠢᠵᠦ ᠡᠬᠢᠯᠡᠭᠰᠡᠨ ᠪᠥᠭᠡᠳ ᠡᠨᠡ ᠬᠦᠷᠲᠡᠯ᠎ᠡ ᠲᠡᠳᠡᠨ ᠦ ᠬᠡᠯᠡ ᠲᠡᠳᠦᠶᠢᠯᠡᠨ ᠢᠯᠭᠠᠭ᠎ᠠ ᠦᠭᠡᠢ ᠪᠠᠶᠢᠭᠰᠠᠨ ᠪᠣᠯᠤᠯᠲᠠᠢ᠃ ᠡᠷᠲᠡ ᠴᠠᠭ ᠠᠴᠠ ᠡᠬᠢᠯᠡᠨ ᠲᠦᠷᠦᠭ ᠦᠳ ᠠᠯᠲᠠᠢ ᠶᠢᠨ ᠢᠵᠠᠭᠤᠷ ᠤᠨ ᠬᠡᠯᠡ ᠳᠦ ᠠᠷᠠᠳ ᠲᠦᠮᠡᠨ ᠨᠦᠭᠦᠳ ᠦᠨ ᠪᠠᠷᠠᠭᠤᠨ ᠲᠠᠯ᠎ᠠ ᠳᠤ᠂ ᠮᠣᠩᠭᠣᠯᠴᠤᠳ ᠲᠥᠪ ᠳᠤᠮᠳᠠ ᠨᠢ᠂ ᠲ᠋ᠦᠩᠬᠦᠰ ᠤᠳ ᠵᠡᠭᠦᠨ ᠲᠠᠯ᠎ᠠ ᠳᠤ ᠨᠢ ᠰᠠᠭᠤᠷᠢᠰᠢᠨ ᠠᠮᠢᠳᠤᠷᠠᠵᠤ ᠢᠷᠡᠭᠰᠡᠨ ᠭᠡᠵᠦ ᠦᠵᠡᠳᠡᠭ᠃

ᠲᠦᠷᠦᠭ ᠦᠳ ᠦᠨ ᠭᠠᠷᠤᠯ ᠡᠭᠦᠰᠦᠯ᠂ ᠠᠩᠬ᠎ᠠ ᠪᠠᠶᠢᠭᠰᠠᠨ ᠨᠤᠲᠤᠭ ᠤᠨ ᠬᠢ ᠨᠢ ᠲᠠᠯ᠎ᠠ ᠪᠠᠷ ᠣᠯᠠᠨ ᠣᠨᠣᠯ ᠪᠠᠶᠢᠳᠠᠭ ᠪᠠ ᠲᠦᠷᠦᠭ ᠰᠤᠳᠤᠯᠤᠭᠠᠴᠢᠳ ᠣᠯᠠᠨ ᠠᠰᠠᠭᠤᠳᠠᠯ ᠳᠡᠭᠡᠷ᠎ᠡ ᠨᠢᠭᠡᠳᠦᠭᠰᠡᠨ ᠪᠠᠶᠢᠷᠢ ᠰᠠᠭᠤᠷᠢᠨ ᠳᠤ ᠬᠦᠷᠴᠦ ᠴᠢᠳᠠᠭ᠎ᠠ ᠦᠭᠡᠢ᠃[18][46]

ᠣᠳᠣ ᠠᠴᠠ ᠬᠡᠳᠦᠨ ᠮᠢᠩᠭᠠᠨ ᠵᠢᠯ ᠦᠨ ᠡᠮᠦᠨ᠎ᠡ ᠢᠷᠡᠨ ᠤᠭᠰᠠᠭᠠᠨ ᠤ ᠰᠺᠢᠹᠡᠭᠦᠳᠡ ᠧᠦ᠋ᠷᠣᠫᠠ ᠠᠴᠠ ᠨᠡᠭᠦᠨ ᠢᠷᠡᠵᠦ ᠬᠠᠰᠠᠭᠰᠲ᠋ᠠᠨ᠂ ᠦᠽᠪᠧᠺᠢᠰᠲᠠᠨ᠂ ᠲᠦᠺᠮᠧᠨᠢᠰᠲᠠᠨ᠂ ᠪᠠᠶᠠᠨ-ᠥᠯᠥᠭᠡᠢ ᠠᠶᠢᠮᠠᠭ ᠲᠤ ᠰᠠᠭᠤᠷᠢᠰᠢᠭᠰᠠᠨ ᠪᠠᠶᠢᠭᠰᠠᠨ ᠪᠥᠭᠡᠳ ᠲᠦᠷᠦᠭ ᠦᠳ ᠬᠣᠵᠢᠮ ᠨᠢ ᠵᠡᠭᠦᠨ ᠢᠷᠠᠨᠴᠤᠤᠳ᠂ ᠲᠣᠬᠠᠷ᠂ ᠰᠢᠪᠸᠷᠢᠶ ᠠ ᠶᠢᠨ ᠤᠭᠰᠠᠭᠠᠲᠠᠨ ᠨᠤᠭᠤᠳ᠂ ᠲᠥᠪ ᠠᠽᠢᠶ᠎ᠠ ᠶᠢᠨ ᠬᠢᠨ᠂ ᠤᠭᠤᠷ ᠤᠳ ᠢ ᠥᠪᠡᠷᠲᠡᠭᠡᠨ ᠠᠭᠤᠰᠬᠠᠨ ᠣᠳᠣ ᠶᠢᠨ ᠨᠤᠲᠤᠭ ᠲᠤ ᠪᠠᠨ ᠰᠠᠭᠤᠷᠢᠰᠢᠵᠠᠢ᠃ᠠ᠃ᠠᠮᠤᠷ ᠤᠨ "ᠮᠣᠩᠭᠣᠯ ᠤᠨ ᠲᠣᠪᠴᠢ ᠲᠡᠦᠬᠡᠨ ᠳᠦ" ᠲᠦᠷᠦᠭ ᠦᠳ ᠠᠩᠬ᠎ᠠ ᠪᠠᠷᠠᠪᠢᠨ ᠤ ᠲᠠᠯ᠎ᠠ ᠬᠠᠪᠢᠴᠠᠭ᠎ᠠ ᠪᠠᠶᠢᠬᠤ ᠳᠤ ᠨᠢ ᠾᠬᠦᠩᠨᠦᠴᠦᠳ ᠲᠡᠳᠡᠨ ᠢ ᠤᠷᠤᠭᠰᠢ ᠨᠠᠨᠱᠡᠨ ᠦ ᠨᠢᠷᠤᠭᠤᠨ ᠤ ᠵᠡᠭᠦᠨ ᠬᠡᠰᠡᠭ ᠲᠦ ᠨᠡᠭᠦᠯᠭᠡᠭᠰᠡᠨ ᠪᠠ ᠳᠠᠷᠠᠭ᠎ᠠ ᠳᠤ ᠨᠢ ᠪᠤᠰᠤᠳ ᠲᠤ ᠰᠢᠬᠠᠭᠳᠠᠨ ᠪᠠᠷᠠᠭᠤᠨ ᠬᠣᠶᠢᠰᠢ ᠨᠡᠭᠦᠨ ᠨᠢᠷᠤᠨᠢ ᠵᠠᠬᠢᠷᠭᠠᠨ ᠳᠤ ᠣᠷᠣᠭᠰᠠᠨ ᠭᠡᠵᠦ ᠪᠢᠴᠢᠵᠡᠢ᠃

ᠲᠦᠷᠦᠭ ᠤᠭᠰᠠᠭᠠᠨ ᠤ ᠲᠡᠯᠡ ᠠᠶᠢᠮᠠᠭ ᠤᠳ ᠤᠨ ᠬᠣᠯᠪᠣᠭ᠎ᠠ (《ᠲᠣᠭᠤᠵᠠ- ᠣᠭᠤᠵᠠ》 ᠪᠤᠶᠤ 《9 ᠠᠶᠢᠮᠠᠭ》-ᠤᠶᠢᠭᠤᠷ᠂ ᠰ ᠤᠷ-ᠲᠠᠠᠳᠤᠰᠢ᠂ ᠪᠠᠰᠠᠮ ᠤᠯ᠂ ᠣᠭᠤᠵᠠ᠂ ᠬᠠᠵᠠᠷ᠂ ᠠᠯᠢᠨᠴᠤᠳ᠂ ᠺᠢᠷᠭᠢᠽ᠂ ᠲᠤᠸᠠ᠂ ᠶᠠᠺ ᠲᠤ) ᠾᠦᠩᠨᠦ ᠭᠦᠷᠦᠨ ᠳᠦ ᠮᠠᠨ ᠤ ᠡᠷᠡᠨ ᠦ ᠡᠮᠦᠨ᠎ᠡ 300 ᠤᠨ ᠳᠤ ᠳᠡᠶᠢᠯᠳᠡᠨ ᠵᠠᠬᠢᠷᠭᠠᠨ ᠳᠤ ᠨᠢ ᠤᠷᠤᠪᠠ᠃  ᠨᠡᠭᠦᠳᠡᠯ ᠦᠨ ᠮᠠᠯ ᠠᠵᠤ ᠠᠬᠤᠢ᠂ ᠠᠨ ᠭᠥᠷ ᠢᠶᠡᠨ᠂ ᠭᠠᠵᠠᠷ ᠲᠠᠷᠢᠶᠠᠯᠠᠩ ᠡᠷᠬᠢᠯᠡᠳᠡᠭ ᠪᠠᠶᠢᠴᠠᠢ᠃ ᠲᠦᠷᠦᠭ ᠰᠤᠶᠤᠯ ᠬᠣᠶᠢᠳᠤ ᠧᠦ᠋ᠷᠠᠽᠢ ᠶᠢᠨ ᠨᠡᠭᠦᠳᠡᠯᠴᠢᠨ ᠣᠷᠣᠨ ᠨᠤᠭᠤᠳ ᠤᠨ ᠰᠤᠶᠤᠯ ᠲᠠᠢ ᠰᠠᠯᠤᠰᠢ ᠦᠭᠡᠢ ᠬᠣᠯᠪᠣᠭᠠᠲᠠᠢ᠃

ᠳᠡᠯᠡᠬᠡᠢ ᠶᠢᠨ ᠪᠤᠰᠤᠳ ᠣᠷᠣᠨ ᠨᠤᠭᠤᠳ ᠲᠠᠢ ᠠᠳᠠᠯᠢ ᠪᠠᠷ ᠲᠦᠷᠦᠭ ᠦᠳ ᠪᠤᠰᠤᠳ ᠠᠷᠠᠳ ᠲᠦᠮᠡᠨ ᠲᠡᠢ ᠴᠢᠰᠤ ᠬᠣᠯᠢᠯᠳᠤᠭᠰᠠᠨ᠃ ᠲᠦᠷᠦᠭ ᠬᠡᠯᠡ ᠪᠡᠷ ᠶᠠᠷᠢᠳᠠᠭ ᠣᠷᠴᠢᠨ ᠦᠶ᠎ᠡ ᠶᠢᠨ ᠣᠯᠠᠨ ᠦᠨᠳᠦᠰᠦᠲᠡᠨ ᠲᠦᠷᠦᠭ ᠰᠤᠶᠤᠯ ᠪᠣᠯᠤᠨ ᠲᠦᠷᠦᠭ ᠬᠡᠯᠡ ᠧᠦ᠋ᠷᠠᠽᠢ ᠶᠢᠨ ᠣᠷᠣᠨ ᠨᠤᠭᠤᠳ ᠲᠤ ᠨᠥᠯᠥᠭᠡ ᠦᠵᠡᠭᠦᠯᠦᠭᠰᠡᠨ ᠡᠴᠡ ᠪᠣᠯᠤᠭᠠᠳ ᠡᠭᠦᠰᠡᠵᠡᠭᠡᠭᠰᠡᠨ ᠭᠡᠳᠡᠭ᠃ ᠲᠡᠶᠢᠮᠦ ᠤᠴᠢᠷ ᠠᠴᠠ ᠵᠢᠩᠬᠢᠨᠢ ᠲᠦᠷᠦᠭ ᠦᠳ (ᠡᠷᠲᠡᠨ ᠦ ᠲᠦᠷᠦᠭ ᠦᠳ ᠦᠨ ᠬᠣᠶᠢᠴᠢ ᠦᠶ᠎ᠡ) ᠪᠣᠯᠤᠨ ᠲᠦᠷᠦᠭ ᠬᠡᠯᠲᠡᠩ ᠦᠳ ᠢ (ᠲᠦᠷᠦᠭ ᠬᠡᠯᠡ ᠲᠡᠢ ᠧᠦ᠋ᠷᠠᠽᠢ ᠶᠢᠨ ᠣᠷᠣᠨ ᠨᠤᠭᠤᠳ) ᠢᠯᠭᠠᠵᠤ ᠰᠠᠯᠭᠠᠬᠤ ᠬᠡᠷᠡᠭᠲᠡᠢ᠃ ᠣᠳᠣ ᠶᠢᠨ ᠪᠠᠶᠢᠳᠠᠯ ᠢᠶᠠᠷ ᠲᠦᠷᠦᠭ ᠦᠳ ᠳᠤᠮᠳᠠᠳᠤ ᠪᠣᠯᠤᠨ ᠲᠥᠪ ᠠᠽᠢᠶ᠎ᠠ᠂ ᠺᠠᠸᠬᠠᠰ᠂ ᠡᠮᠦᠨᠡᠲᠦ ᠪᠣᠯᠤᠨ ᠵᠡᠭᠦᠨ ᠧᠦᠢᠷᠣᠫᠠ ᠳᠤ ᠪᠣᠯᠤᠨ ᠪᠦᠷ ᠴᠠᠰᠢᠶ᠎ᠠ ᠶᠢ ᠪᠠᠨ ᠣᠷᠣᠰ ᠤᠨ ᠵᠡᠭᠦᠨ ᠬᠠᠪᠢᠶᠠᠷᠠ ᠴᠤ ᠪᠠᠶᠢᠳᠠᠭ᠃ ᠴᠥᠭᠡᠨ ᠲᠣᠭᠠᠨ ᠤ ᠲᠦᠷᠦᠭ ᠦᠳ ᠪᠠᠷᠠᠭᠤᠨ ᠧᠦ᠋ᠷᠣᠫᠠ᠂ ᠠᠮᠧᠷᠢᠺᠠ ᠪᠣᠯᠤᠨ ᠬᠢᠲᠠᠳ ᠲᠤ ᠰᠠᠭᠤᠷᠢᠰᠢᠵᠠᠭᠠᠳᠠᠭ᠃

ᠲᠦᠷᠦᠭ ᠦᠨ ᠬᠠᠭᠠᠨᠲᠤ ᠤᠯᠤᠰ ᠤᠨ ᠪᠠᠶᠢᠯᠳᠤᠨ ᠳᠠᠭᠠᠭᠤᠯᠤᠯ ᠤᠨ ᠦᠶᠡᠰ ᠪᠤᠶᠤ 6 ᠍ ᠳᠦᠭᠡᠷ ᠵᠠᠭᠤᠨ ᠤ ᠦᠶᠡᠰ ᠲᠦᠷᠦᠭ ᠦᠳ ᠪᠠᠷᠠᠭᠤᠨ ᠷᠤ ᠨᠡᠭᠦᠵᠦ ᠡᠬᠢᠯᠡᠭᠰᠡᠨ ᠶᠤᠮ᠃

ᠣᠷᠴᠢᠨ ᠦᠶ᠎ᠡ ᠶᠢᠨ ᠲᠦᠷᠦᠭ ᠦᠳ ᠳᠡᠯᠡᠬᠡᠢ ᠶᠢᠨ ᠥᠨᠳᠥᠷ ᠬᠥᠭᠵᠢᠯᠲᠡᠢ ᠣᠷᠣᠨ ᠪᠣᠯᠬᠤ ᠠᠮᠧᠷᠢᠺᠠ ᠶᠢᠨ ᠨᠢᠭᠡᠳᠦᠭᠰᠡᠨ ᠤᠯᠤᠰ᠂ ᠹᠷᠠᠨᠼᠢ᠂ ᠭᠧᠷᠮᠠᠨ᠂ ᠺᠠᠨ ᠳᠤ᠂ ᠰᠺᠠᠨᠳᠢᠨᠠᠪ ᠤᠨ ᠣᠷᠣᠨ ᠨᠤᠭᠤᠳ᠂ ᠠᠦᠢᠰᠲ᠋ᠷᠯᠢᠶ᠎ᠠ ᠪᠣᠯᠤᠨ ᠰᠢᠨ᠎ ᠡ ᠽᠸᠨᠯᠠᠨᠲᠤ᠋ ᠍ ᠠᠴᠠ ᠭᠠᠳᠠᠨ᠎ᠠ ᠢᠷᠡᠨ᠂ ᠣᠷᠣᠰ᠂ ᠢᠷᠠᠺ᠂ ᠬᠢᠲᠠᠳ ᠲᠤ ᠠᠮᠢᠳᠤᠷᠠᠵᠠᠭᠠᠳᠠᠭ ᠠᠵᠡᠢ᠃

ᠧᠦ᠋ᠷᠠᠽᠢ ᠳᠤ ᠲᠦᠷᠦᠭ ᠬᠡᠯᠡ ᠲᠡᠢ ᠠᠷᠠᠳ ᠲᠦᠮᠡᠨ ᠣᠯᠠᠨ ᠪᠠᠶᠢᠳᠠᠭ ᠴᠤ ᠨᠡᠯᠢᠶᠡᠳ ᠬᠡᠰᠡᠭ ᠨᠢ ᠡᠷᠲᠡᠨ ᠦ ᠲᠦᠷᠦᠭ ᠦᠳ ᠲᠡᠢ ᠰᠢᠭᠤᠳ ᠬᠣᠯᠪᠣᠭ᠎ᠠ ᠦᠭᠡᠢ ᠬᠡᠯᠡ᠂ ᠰᠤᠶᠤᠯ ᠢ ᠨᠢ ᠥᠪᠯᠡᠵᠦ ᠠᠪᠤᠭᠰᠠᠨ ᠪᠠᠶᠢᠳᠠᠭ᠃ ᠳᠡᠯᠡᠬᠡᠢ ᠳᠡᠭᠡᠷᠡᠬᠢ ᠲᠦᠷᠦᠭ ᠬᠦᠮᠦᠰ ᠦᠨ ᠲᠣᠭ᠎ᠠ ᠣᠳᠣ ᠶᠢᠨ ᠪᠠᠶᠢᠳᠠᠯ ᠢᠶᠠᠷ 150 ᠰᠠᠶ᠎ᠠ ᠳᠤ ᠬᠦᠷᠡᠳᠡᠭ ᠠᠵᠡᠢ᠃

ᠭᠧᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠣᠷᠬᠠᠺᠠᠰᠲᠤᠸᠠᠠᠯᠲᠠᠢ ᠬᠦᠮᠦᠰ ᠮᠣᠩᠭᠣᠯᠴᠤᠳ ᠲᠠᠢ ᠪᠠᠷᠤᠭ ᠠᠳᠠᠯᠢ ᠲᠥᠷᠬᠥ ᠲᠡᠢ ᠴᠤ ᠧᠦ᠋ᠷᠣᠫᠠ ᠭᠠᠷᠤᠯ ᠲᠠᠢ ᠢᠷᠠᠨᠴᠤᠤᠳ ᠮᠥᠨ ᠰᠠᠮᠤᠧᠳᠢᠤᠭᠣᠷ ᠵᠡᠷᠭᠡ N ᠭᠠᠫᠯᠣ ᠪᠦᠯᠦᠭ ᠲᠡᠢ ᠭᠧᠨ ᠲᠡᠢ ᠦᠨᠳᠦᠰᠦᠲᠡᠨ ᠨᠦᠭᠦᠳ ᠲᠡᠢ ᠬᠣᠯᠢᠯᠳᠤᠭᠰᠠᠨ ᠤᠴᠢᠷ ᠦᠯᠦ ᠶᠠᠯᠢᠭ ᠢᠯᠭᠠᠭ᠎ᠠ ᠲᠠᠢ ᠬᠠᠷᠠᠭᠳᠠᠳᠠᠭ᠃ ᠪᠠᠷᠠᠭᠤᠨ ᠲᠡᠶᠢᠰᠢᠯᠡᠬᠦ ᠲᠤᠰᠤᠮ ᠧᠦᠢᠷᠣᠫᠣᠶᠢᠳ᠋ ᠲᠥᠷᠬᠥ ᠳᠠᠪᠠᠮᠠᠭᠠᠶᠢᠯᠠᠬᠤ ᠪᠣᠯ ᠵᠡᠭᠦᠨ ᠲᠡᠶᠢᠰᠢᠯᠡᠬᠦ ᠲᠤᠰᠤᠮ ᠮᠣᠩᠭᠣᠯᠣᠶᠢᠳ᠋ ᠲᠥᠷᠬᠥ ᠳᠠᠪᠠᠮᠠᠭᠠᠶᠢᠯᠠᠨ᠎ᠠ᠃ ᠲᠠᠲ᠋ᠠᠷᠴᠤᠸᠠᠰᠭᠠᠽᠦ᠋ᠽ ᠵᠡᠷᠭᠡ ᠪᠠᠷᠠᠭᠤᠨ ᠲᠠᠯ᠎ᠠ ᠶᠢᠨ ᠬᠡᠰᠡᠭ ᠨᠢ ᠧᠦᠢᠷᠣᠫᠣᠶᠢᠳ᠋ ᠲᠥᠷᠬᠦᠲᠡᠨ ᠨᠦᠭᠦᠳ ᠲᠡᠢ ᠤᠳᠠᠭᠠᠨ ᠬᠤᠭᠤᠴᠠᠭᠠᠨ ᠳᠤ ᠬᠢᠯᠢ ᠵᠠᠯᠭᠠᠨ ᠠᠮᠢᠳᠤᠷᠠᠵᠤ ᠪᠠᠶᠢᠭ᠎ᠠ ᠮᠥᠨ ᠣᠷᠣᠰ ᠤᠨ ᠵᠠᠬᠢᠷᠭᠠᠨ ᠳᠤ ᠲᠦᠷᠦᠭᠦᠯᠡᠵᠦ ᠣᠷᠣᠭᠰᠠᠨ ᠠᠴᠠ ᠰᠢᠯᠲᠠᠭᠠᠯᠠᠵᠤ ᠢᠯᠡᠭᠦᠦ ᠧᠦᠢᠷᠣᠫᠣᠶᠢᠳ᠋ ᠲᠥᠷᠬᠥ ᠲᠡᠢ ᠪᠠᠶᠢᠳᠠᠭ᠃

  • ᠠᠯᠲᠠᠢ ᠶᠠᠰᠤᠲᠠᠨ - ᠡᠮᠦᠨᠡᠲᠦ ᠬᠡᠰᠡᠭ ᠨᠢ ᠮᠣᠩᠭᠣᠯ᠂ ᠲᠦᠷᠦᠭ ᠭᠠᠷᠤᠯ ᠲᠠᠢ᠂ ᠬᠣᠶᠢᠳᠤ ᠬᠡᠰᠡᠭ ᠤᠭᠣᠷ ᠭᠠᠷᠤᠯ ᠲᠠᠢ᠂ ᠮᠣᠩᠭᠣᠯᠣᠶᠢᠳ᠋ ᠲᠥᠷᠬᠥ ᠲᠡᠢ᠂ ᠲᠤᠸᠠᠴᠤᠳ ᠲᠠᠢ ᠲᠥᠰᠲᠡᠢ ᠲᠥᠷᠬᠥ ᠲᠡᠢ᠃ ᠡᠮᠦᠨᠡᠲᠦ ᠠᠯᠲᠠᠶᠢᠴᠤᠳ᠂ ᠲᠤᠸᠠ᠂ ᠮᠣᠩᠭᠣᠯᠴᠤᠳ ᠲᠠᠢ ᠬᠠᠮᠲᠤ ᠮᠣᠩᠭᠣᠯᠣᠶᠢᠳ᠋ ᠠᠷᠠᠰᠤᠲᠠᠨ ᠤ ᠲᠥᠪ ᠠᠽᠢᠶ᠎ᠠ ᠶᠢᠨ ᠳᠡᠳ᠋ ᠪᠦᠯᠦᠭ ᠲᠦ ᠣᠷᠣᠨ᠎ᠠ᠃
  • ᠪᠠᠰᠬᠢᠷ - ᠲᠦᠷᠢᠭᠵᠢᠭᠰᠡᠨ ᠤᠭᠤᠷ ᠤᠳ ᠭᠡᠵᠦ ᠦᠵᠡᠳᠡᠭ᠃ ᠮᠥᠨ ᠤᠤᠯ ᠠᠴᠠ ᠪᠠᠨ ᠲᠦᠷᠦᠭ ᠬᠦᠮᠦᠰ ᠭᠡᠰᠡᠨ ᠣᠨᠣᠯ ᠪᠤᠢ᠃ ᠵᠠᠷᠢᠮ ᠨᠢ ᠮᠣᠩᠭᠣᠯᠣᠶᠢᠳ᠋ ᠵᠠᠷᠢᠮ ᠨᠢ ᠣᠷᠣᠰ ᠲᠠᠢ ᠬᠣᠯᠢᠯᠳᠤᠭᠰᠠᠨ ᠠᠴᠠ ᠧᠦᠢᠷᠣᠫᠣᠶᠢᠳ᠋ ᠲᠥᠷᠬᠥ ᠲᠡᠢ ᠪᠣᠯᠤᠭᠰᠠᠨ᠃ ᠲᠠᠲ᠋ᠠᠷ ᠠᠴᠠ ᠠᠷᠠᠢ ᠢᠯᠡᠭᠦᠦ ᠮᠣᠩᠭᠣᠯᠣᠶᠢᠳ᠋ ᠲᠥᠷᠬᠥ ᠲᠡᠢ᠃
  • ᠠᠽᠧᠷᠪᠠᠶᠢᠵᠠᠨ - ᠲᠦᠷᠢᠭᠵᠢᠭᠰᠡᠨ ᠢᠷᠡᠨ ᠤᠭᠰᠠᠭᠠᠨ ᠤ ᠬᠦᠮᠦᠰ᠂ ᠧᠦᠢᠷᠣᠫᠣᠶᠢᠳ᠋ ᠲᠥᠷᠬᠥ ᠲᠡᠢ
  • ᠪᠠᠯᠺᠠᠷ - ᠲᠦᠷᠢᠭᠵᠢᠭᠰᠡᠨ ᠠᠯᠠᠨᠴᠤᠳ ᠪᠤᠶᠤ ᠢᠷᠠᠨᠴᠤᠤᠳ᠂ ᠧᠦᠢᠷᠣᠫᠣᠶᠢᠳ᠋ ᠲᠥᠷᠬᠥ ᠲᠡᠢ
  • ᠭᠠᠭᠠᠦ᠋ᠽ - ᠲᠦᠷᠢᠭ ᠭᠠᠷᠤᠯ ᠲᠠᠢ ᠴᠤ ᠣᠶᠢᠷ᠎ᠠ ᠬᠠᠪᠢ ᠶᠢᠨ ᠰᠯᠠᠸᠶᠠᠨ ᠵᠡᠷᠭᠡ ᠧᠦᠢᠷᠣᠫᠠ ᠬᠦᠮᠦᠰ ᠦᠨ ᠳᠤᠮᠳᠠ ᠤᠳᠠᠭᠠᠨ ᠰᠠᠭᠤᠭᠰᠠᠨ ᠢᠶᠠᠷ ᠣᠳᠣ ᠧᠦᠢᠷᠣᠫᠣᠶᠢᠳ᠋ ᠲᠥᠷᠬᠥ ᠲᠡᠢ ᠪᠣᠯᠵᠠᠢ᠃
  • ᠳᠣᠯᠭᠠᠨ - ᠲᠦᠷᠦᠭ ᠭᠠᠷᠤᠯᠲᠠᠢ᠂ ᠡᠧᠡᠩᠬᠢ ᠲᠡᠢ ᠬᠣᠯᠢᠯᠳᠤᠭᠰᠠᠨ᠂ ᠮᠣᠩᠭᠣᠯᠣᠶᠢᠳ᠋ ᠲᠥᠷᠬᠥ ᠲᠡᠢ᠃ ᠲᠡᠳᠡᠨ ᠳᠦ c 3 ᠭᠧᠨ ᠨᠡᠯᠢᠶᠡᠨ ᠪᠠᠶᠢᠳᠠᠭ ᠴᠤ ᠮᠣᠩᠭᠣᠯᠴᠤᠳ ᠠᠴᠠ ᠥᠭᠡᠷ᠎ᠡ ᠲᠥᠷᠬᠥ ᠲᠡᠢ᠃ ᠶᠠᠺᠤᠳ ᠠᠴᠠ ᠰᠠᠯᠵᠤ ᠨᠡᠭᠦᠭᠰᠡᠨ ᠪᠦᠯᠦᠭ ᠬᠦᠮᠦᠰ ᠳᠣᠯᠭᠠᠨᠴᠤᠳ ᠢ ᠪᠦᠷᠢᠯᠳᠦᠭᠦᠯᠵᠡᠢ᠃.
  • ᠺᠠᠷᠠᠴᠢᠶ᠎ᠠ - ᠲᠦᠷᠢᠭᠵᠢᠭᠰᠡᠨ ᠠᠯᠠᠨ ᠪᠤᠶᠤ ᠢᠷᠡᠨ᠂ ᠧᠦ᠋ᠷᠣᠫᠠ ᠲᠥᠷᠬᠥ ᠲᠡᠢ
  • ᠨᠣᠭᠠᠢ - ᠮᠣᠩᠭᠣᠯ ᠤᠨ ᠮᠠᠩᠭᠤᠳ ᠣᠪᠤᠭ᠂ ᠬᠢᠪᠴᠠᠭ ᠦᠳ ᠠᠴᠠ ᠡᠭᠦᠰᠦᠭᠰᠡᠨ ᠤᠭᠰᠠᠭᠠᠲᠠᠨ ᠪᠥᠭᠡᠳ ᠵᠠᠷᠢᠮ ᠳᠤ ᠪᠠᠨ "ᠺᠠᠤᠺᠠᠰ ᠤᠨ ᠮᠣᠩᠭᠣᠯᠴᠤᠳ" ᠭᠡᠵᠦ ᠨᠡᠷᠡᠯᠡᠳᠡᠭ᠃ ᠨᠡᠯᠢᠶᠡᠨ ᠮᠣᠩᠭᠣᠯᠣᠶᠢᠳ᠋ ᠲᠥᠷᠬᠥᠲᠡᠢ ᠪᠡᠷ ᠢᠶᠡᠨ ᠺᠠᠤᠺᠠᠰ ᠤᠨ ᠲᠦᠷᠦᠭ ᠦᠳ ᠡᠴᠡ ᠢᠯᠭᠠᠷᠠᠨ᠎ᠠ᠃
  • ᠰᠠᠯᠠᠷ - ᠣᠭᠤᠵᠠ ᠲᠦᠷᠦᠭ ᠭᠠᠷᠤᠯᠲᠠᠢ᠂ ᠦᠽᠪᠧᠺᠢᠰᠲ᠋ᠠᠨ ᠠᠴᠠ 14 ᠍ᠳ᠋ᠤᠭᠠᠷ ᠵᠠᠭᠤᠨ ᠳᠤ ᠨᠡᠭᠦᠵᠦ ᠣᠳᠣ ᠶᠢᠨ ᠬᠢᠲᠠᠳ ᠤᠨ ᠬᠥᠬᠡᠨᠠᠭᠤᠷᠭᠠᠨᠰᠤ ᠮᠤᠵᠢ ᠳᠤ ᠰᠠᠭᠤᠷᠢᠰᠢᠨ ᠬᠢᠲᠠᠳ ᠲᠠᠢ ᠬᠣᠯᠢᠯᠳᠤᠭᠰᠠᠨ ᠲᠤᠯᠠ ᠬᠢᠲᠠᠳ ᠬᠦᠮᠦᠨ ᠡᠴᠡ ᠭᠠᠳᠠᠭᠠᠳᠤ ᠲᠥᠷᠬᠥ ᠪᠡᠷ ᠢᠶᠡᠨ ᠲᠡᠳᠦᠶᠢᠯᠡᠨ ᠢᠯᠭᠠᠭᠳᠠᠬᠤ ᠦᠭᠡᠢ᠃
  • ᠰᠠᠬ᠎ᠠ (ᠶᠠᠺᠤᠳ) - ᠳᠡᠶᠢᠯᠦᠩᠬᠢ ᠨᠢ ᠲᠦᠷᠢᠭᠵᠢᠭᠰᠡᠨ ᠡᠸᠡᠩᠺᠢ ᠨᠦᠭᠦᠳ ᠭᠡᠵᠦ ᠦᠵᠡᠳᠡᠭ᠃ ᠮᠥᠨ ᠮᠣᠩᠭᠣᠯ ᠭᠠᠷᠤᠯᠲᠠᠢ ᠣᠪᠤᠭ ᠤᠳ ᠪᠤᠢ᠃ ᠪᠤᠷᠢᠶᠠᠳ᠂ ᠶᠠᠺᠤᠳ ᠤᠳ ᠪᠠᠭ᠎ᠠ ᠵᠡᠷᠭᠡ ᠲᠥᠰᠦᠲᠡᠢ ᠪᠣᠯᠪᠠᠴᠤ ᠶᠠᠺᠤᠳᠴᠤᠳ N ᠭᠠᠫᠯᠣᠭᠷᠦᠶᠢᠫ ᠳᠠᠪᠠᠮᠠᠭᠠᠶᠢᠯᠠᠭᠰᠠᠨ ᠰᠢᠪᠸᠷᠢᠶ ᠠ ᠶᠢᠨ ᠭᠧᠨ ᠲᠡᠢ᠃
  • ᠲᠠᠲ᠋ᠠᠷ - ᠲᠦᠷᠦᠭ ᠭᠠᠷᠤᠯ ᠲᠠᠢ ᠭᠡᠵᠦ ᠦᠵᠡᠳᠡᠭ ᠴᠤ ᠣᠷᠣᠰ᠂ ᠺᠠᠸᠬᠠᠰ ᠤᠨ ᠬᠢᠨ ᠵᠡᠷᠭᠡ ᠣᠯᠠᠨ ᠦᠨᠳᠦᠰᠦᠲᠡᠨ ᠲᠡᠢ ᠬᠣᠯᠢᠯᠳᠤᠭᠰᠠᠨ᠂ ᠴᠥᠭᠡᠩᠬᠢ ᠨᠢ ᠮᠣᠩᠭᠣᠯᠣᠶᠢᠳ᠋ ᠳᠡᠶᠢᠯᠦᠩᠬᠢ ᠨᠢ ᠧᠦᠢᠷᠣᠫᠣᠶᠢᠳ᠋ ᠲᠥᠷᠬᠥ ᠲᠡᠢ᠃ ᠵᠠᠷᠢᠮ ᠬᠡᠰᠡᠭ ᠭᠠᠳᠠᠭᠠᠳᠤ ᠲᠥᠷᠬᠥ ᠪᠡᠷ ᠢᠶᠡᠨ ᠣᠷᠣᠰ ᠬᠦᠮᠦᠨ ᠡᠴᠡ ᠢᠯᠭᠠᠭᠳᠠᠬᠤ ᠦᠭᠡᠢ᠃
  • ᠺᠷᠢᠮ ᠤᠨ ᠲᠠᠲ᠋ᠠᠷ - ᠺᠷᠢᠮ ᠳᠤ ᠢᠷᠡᠨ ᠤᠭᠰᠠᠭᠠᠨ ᠤ ᠰᠺᠢᠹ᠂ ᠲᠠᠸᠷ᠂ ᠰᠠᠷᠠᠮᠳ᠋ ᠪᠣᠯᠤᠨ ᠭᠷᠧᠭ᠂ ᠭᠧᠷᠮᠠᠨ ᠤ ᠭᠣᠲ ᠠᠶᠢᠮᠠᠭ᠂ ᠲᠦᠷᠦᠭ ᠤᠭᠰᠠᠭᠠᠨ ᠤ ᠪᠤᠯᠭᠤᠷᠠ᠂ ᠬᠠᠵᠠᠷᠬᠢᠪᠠᠴᠠᠭ ᠠᠶᠢᠮᠠᠭ ᠤᠳ ᠠᠮᠢᠳᠤᠷᠠᠵᠤ ᠪᠠᠶᠢᠭᠰᠠᠨ ᠲᠤᠯᠠ ᠶᠡᠬᠡᠬᠡᠨ ᠬᠣᠯᠢᠮᠠᠭ ᠭᠠᠷᠤᠯ ᠲᠠᠢ᠂ ᠧᠦᠢᠷᠣᠫᠣᠶᠢᠳ᠋ ᠲᠥᠷᠬᠥ ᠲᠡᠢ᠂ ᠬᠢᠪᠴᠠᠭ ᠪᠦᠯᠦᠭ ᠦᠨ ᠬᠡᠯᠡ ᠲᠡᠢ ᠲᠤᠯᠠ ᠪᠤᠯᠭᠤᠷᠠ᠂ ᠬᠢᠪᠴᠠᠭ ᠤᠳ ᠺᠷᠢᠮ ᠤᠨ ᠲᠠᠲ᠋ᠠᠷ ᠢ ᠪᠥᠷᠢᠯᠳᠦᠭᠦᠯᠬᠦ ᠳᠦ ᠭᠣᠣᠯᠯᠠᠬᠤ ᠨᠥᠯᠥᠭᠡ ᠦᠵᠡᠭᠦᠯᠵᠡᠢ᠃
  • ᠲᠦᠷᠺ - ᠲᠦᠷᠢᠭᠵᠢᠭᠰᠡᠨ ᠧᠦ᠋ᠷᠣᠫᠠ᠂ ᠠᠷᠠᠪ᠂ ᠢᠷᠡᠨ᠂ ᠺᠦᠷᠳ᠋᠂ ᠺᠠᠸᠬᠠᠰ ᠬᠦᠮᠦᠰ᠃ ᠬᠡᠳᠦᠬᠡᠨ ᠬᠤᠪᠢ ᠨᠢ ᠵᠢᠩᠬᠢᠨᠢ ᠲᠦᠷᠦᠭ ᠭᠠᠷᠤᠯᠲᠠᠢ ᠪᠤᠰᠤᠳ ᠨᠢ ᠠᠨᠠᠲ᠋ᠣᠯ ᠤᠨ ᠤᠤᠭᠠᠯ ᠧᠦ᠋ᠷᠣᠫᠠ ᠭᠠᠷᠤᠯ ᠲᠠᠢ ᠬᠦᠮᠦᠰ᠃ ᠧᠦᠢᠷᠣᠫᠣᠶᠢᠳ᠋ ᠲᠥᠷᠬᠥ ᠲᠡᠢ᠃

ᠲᠦᠷᠺ ᠤᠳ ᠲᠤ ᠮᠣᠩᠭᠣᠯᠵᠢᠭᠤ ᠲᠥᠷᠬᠦᠲᠡᠨ ᠦ ᠭᠧᠨ 10 ᠣᠷᠴᠢᠮ ᠬᠤᠪᠢ ᠲᠠᠢ ᠪᠠᠶᠢᠬᠤ ᠪᠥᠭᠡᠳ ᠲᠡᠳᠡ ᠠᠨᠠᠲ᠋ᠣᠯ ᠤᠨ ᠬᠣᠶᠢᠭᠡᠶᠢᠨ ᠡᠷᠲᠡᠨ ᠦ ᠧᠦ᠋ᠷᠣᠫᠠ (ᠭᠷᠧᠺᠬᠧᠲ ᠲᠦᠯᠤᠪ ᠦ ᠭᠡᠬᠦ ᠮᠡᠲᠦ) ᠪᠣᠯᠤᠨ ᠠᠽᠢᠶ᠎ᠠ ᠦᠨᠳᠦᠰᠦᠲᠡᠨ ᠨᠦᠭᠦᠳ᠂ ᠺᠠᠸᠬᠠᠰ ᠤᠨ ᠬᠢᠨ᠂ ᠪᠠᠷᠠᠭᠤᠨ ᠢᠷᠠᠨᠴᠤᠤᠳ᠂ ᠲᠦᠷᠺ ᠲᠤ ᠠᠯᠪᠠ ᠬᠠᠭᠠᠬᠤ ᠪᠠᠷ ᠢᠷᠡᠭᠰᠡᠨ ᠬᠥᠯᠦᠰᠦᠨ ᠦ ᠺᠧᠯᠲᠰᠯᠠᠸᠶᠠᠨ ᠴᠡᠷᠢᠭ ᠦᠳ ᠡᠴᠡ ᠪᠦᠷᠢᠳᠦᠭᠰᠡᠨ ᠧᠦ᠋ᠷᠣᠫᠠ ᠲᠥᠷᠬᠥ ᠲᠡᠢ ᠦᠨᠳᠦᠰᠦᠲᠡᠨ ᠶᠤᠮ᠃[47] ᠲᠦᠷᠺ ᠤᠳ ᠪᠠᠷᠠᠭᠠᠨᠳᠠᠭᠤ ᠠᠷᠠᠰᠤ ᠲᠠᠢ ᠠᠷᠠᠪ ᠦᠳ ᠠᠴᠠ ᠴᠠᠶᠢᠪᠤᠷ ᠠᠷᠠᠰᠤ ᠪᠠᠷ ᠢᠶᠠᠨ ᠢᠯᠭᠠᠷᠠᠬᠤ ᠪᠠ ᠣᠯᠠᠨ ᠦᠨᠳᠦᠰᠦᠲᠡᠨ ᠡᠴᠡ ᠪᠦᠷᠢᠳᠦᠭᠰᠡᠨ ᠤᠴᠢᠷ ᠶᠠᠭ ᠲᠡᠶᠢᠮᠦ ᠦᠨᠳᠦᠰᠦᠲᠡᠨ ᠲᠡᠢ ᠠᠳᠠᠯᠢ ᠭᠡᠵᠦ ᠬᠡᠯᠡᠬᠦ ᠠᠷᠭ᠎ᠠ ᠦᠭᠡᠢ ᠪᠠᠶᠢᠳᠠᠭ᠃ ᠲᠡᠳᠡ ᠺᠠᠸᠬᠠᠰ ᠤᠨ ᠬᠢᠨ ᠲᠠᠢ ᠲᠡᠳᠦᠶᠢᠯᠡᠨ ᠲᠥᠰᠬᠦᠢ ᠬᠠᠷᠢᠨ ᠺᠦᠷᠳ᠋ᠫᠧᠷᠰ ᠵᠡᠷᠭᠡ ᠪᠠᠷᠠᠭᠤᠨ ᠢᠷᠡᠨ ᠤᠭᠰᠠᠭᠠᠲᠠᠨ ᠨᠤᠭᠤᠳ ᠲᠡᠳᠡᠨ ᠲᠡᠢ ᠬᠠᠮᠤᠭ ᠤᠨ ᠲᠥᠰᠦᠲᠡᠢ ᠶᠤᠮ᠃

  • ᠲᠦᠷᠺᠮᠧᠨ - ᠲᠦᠷᠢᠭᠵᠢᠭᠰᠡᠨ ᠢᠷᠡᠨ ᠪᠤᠶᠤ ᠰᠺᠢᠹ ᠬᠦᠮᠦᠰ᠂ ᠧᠦᠢᠷᠣᠫᠣᠶᠢᠳ᠋ ᠲᠥᠷᠬᠥ ᠲᠡᠢ᠃ ᠮᠣᠩᠭᠣᠯᠣᠶᠢᠳ᠋ ᠲᠥᠷᠬᠥ ᠲᠡᠢ ᠬᠦᠮᠦᠨ ᠴᠥᠭᠡᠨ᠃
  • ᠦᠽᠡᠪᠸᠺᠢᠰᠲ᠋ᠠᠨ - ᠶᠡᠬᠡᠬᠡᠨ ᠬᠣᠯᠢᠮᠠᠭ ᠭᠠᠷᠤᠯ ᠲᠠᠢ᠂ ᠲᠦᠷᠦᠭ᠂ ᠢᠷᠡᠨ᠂ ᠮᠣᠩᠭᠣᠯ ᠭᠠᠷᠤᠯᠲᠠᠢ᠃ ᠨᠡᠯᠢᠶᠡᠳ ᠦᠭᠡᠢ ᠣᠯᠠᠨ ᠮᠣᠩᠭᠣᠯ ᠭᠠᠷᠤᠯᠲᠠᠢ ᠣᠪᠤᠭ ᠤᠳ ᠦᠽᠡᠪᠸᠺᠢᠰᠲ᠋ᠠᠨ ᠤᠳ ᠤᠨ ᠳᠤᠮᠳᠠ ᠪᠤᠢ᠃ ᠮᠥᠨ ᠢᠷᠡᠨ ᠭᠠᠷᠤᠯ ᠲᠠᠢ ᠬᠦᠮᠦᠰ ᠪᠦᠷᠢᠯᠳᠦᠬᠦᠨ ᠳᠦ ᠨᠢ ᠣᠷᠣᠭᠰᠠᠨ ᠨᠢ ᠭᠠᠳᠠᠭᠠᠳᠤ ᠲᠥᠷᠬᠦ ᠳᠦ ᠨᠢ ᠨᠥᠯᠦᠭᠡᠯᠡᠵᠦ ᠨᠡᠯᠢᠶᠡᠨ ᠧᠦᠷᠣᠫᠠᠵᠢᠭᠤ ᠲᠥᠷᠬᠥ ᠲᠡᠢ ᠪᠣᠯᠵᠠᠢ᠃ ᠵᠠᠷᠢᠮ ᠨᠢ ᠮᠣᠩᠭᠣᠯᠣᠶᠢᠳ᠋ ᠵᠠᠷᠢᠮ ᠨᠢ ᠧᠦᠢᠷᠣᠫᠣᠶᠢᠳ᠋ ᠲᠥᠷᠬᠥ ᠲᠡᠢ᠃ ᠬᠠᠰᠠᠭ ᠠᠴᠠ ᠢᠯᠡᠭᠦᠦ ᠧᠦᠷᠣᠫᠠᠵᠢᠭᠤ ᠲᠥᠷᠬᠥ ᠲᠡᠢ ᠴᠤ ᠲᠦᠷᠺᠮᠧᠨ᠂ ᠤᠶᠢᠭᠤᠷ ᠲᠠᠢ ᠬᠠᠷᠢᠴᠠᠭᠤᠯᠬᠤ ᠳᠤ ᠢᠯᠡᠭᠦᠦ ᠮᠣᠩᠭᠣᠯᠵᠢᠭᠤ ᠲᠥᠷᠬᠥ ᠲᠡᠢ᠃
  • ᠤᠶᠢᠭᠤᠷ - ᠢᠷᠡᠨ᠂ ᠲᠣᠬᠠᠷ ᠵᠡᠷᠭᠡ ᠧᠦᠢᠷᠣᠫᠠ ᠠᠶᠢᠮᠠᠭ ᠤᠳ ᠪᠦᠷᠢᠯᠳᠦᠬᠦᠨ ᠳᠦ ᠨᠢ ᠶᠡᠬᠡᠬᠡᠨ ᠣᠷᠣᠭᠰᠠᠨ ᠲᠤᠯᠠ ᠧᠦᠷᠣᠫᠠᠵᠢᠭᠤ ᠲᠥᠷᠬᠥ ᠲᠡᠢ ᠬᠦᠮᠦᠰ ᠣᠯᠠᠨ ᠪᠤᠢ᠃ ᠲᠦᠷᠦᠭ᠂ ᠮᠣᠩᠭᠣᠯ᠂ ᠢᠷᠡᠨ᠂ ᠲᠣᠬᠠᠷ ᠬᠦᠮᠦᠰ ᠬᠣᠯᠢᠯᠳᠤᠨ ᠣᠳᠣ ᠶᠢᠨ ᠤᠶᠢᠭᠤᠷ ᠦᠨᠳᠦᠰᠦᠲᠡᠨ ᠢ ᠪᠦᠷᠢᠯᠳᠦᠭᠦᠯᠵᠡᠢ᠃ ᠥᠭᠡᠷ᠎ᠡ ᠪᠡᠷ ᠬᠡᠯᠡᠪᠡᠯ ᠨᠡᠯᠢᠶᠡᠳ ᠬᠡᠰᠡᠭ ᠨᠢ ᠲᠦᠷᠢᠭᠵᠢᠭᠰᠡᠨ ᠮᠣᠩᠭᠣᠯ᠂ ᠢᠷᠡᠨ᠂ ᠲᠣᠬᠠᠷ ᠬᠦᠮᠦᠰ᠃
  • ᠬᠠᠺᠠᠰ - ᠶᠡᠨᠢᠰᠧᠢᠨ ᠺᠢᠷᠭᠢᠽ ᠡᠴᠡ ᠭᠠᠷᠤᠯ ᠲᠠᠢ᠂ ᠣᠶᠢᠷ᠎ᠠ ᠬᠠᠪᠢ ᠶᠢᠨ ᠣᠪᠤᠭ ᠠᠶᠢᠮᠠᠭ ᠤᠳ ᠲᠠᠢ ᠬᠣᠯᠢᠯᠳᠤᠭᠰᠠᠨ᠂ ᠮᠣᠩᠭᠣᠯᠣᠶᠢᠳ᠋ ᠲᠥᠷᠬᠥ ᠲᠡᠢ᠃
  • ᠬᠠᠷᠬᠠᠯᠫᠠᠺ - ᠭᠠᠷᠤᠯ ᠡᠭᠦᠰᠦᠯ ᠦᠽᠡᠪᠸᠺᠢᠰᠲ᠋ᠠᠨ ᠲᠡᠢ ᠣᠶᠢᠷᠠᠯᠴᠠᠭ᠎ᠠ
  • ᠬᠠᠰᠠᠭ - ᠵᠠᠷᠢᠮ ᠨᠢ ᠲᠦᠷᠦᠭ᠂ ᠵᠠᠷᠢᠮ ᠨᠢ ᠮᠣᠩᠭᠣᠯ᠂ ᠰᠺᠢᠹ ᠭᠠᠷᠤᠯ ᠲᠠᠢ᠃ ᠪᠦᠷᠢᠯᠳᠦᠬᠦᠨ ᠳᠦ ᠨᠢ ᠣᠯᠠᠨ ᠲᠣᠭᠠᠨ ᠤ ᠰᠺᠢᠹ᠂ ᠮᠣᠩᠭᠣᠯ ᠣᠪᠤᠭ ᠤᠳ ᠣᠷᠣᠭᠰᠠᠨ ᠨᠢ ᠭᠠᠳᠠᠭᠠᠳᠤ ᠲᠥᠷᠬᠥ᠂ ᠤᠭᠰᠠᠭᠠᠲᠠᠨ ᠤ ᠰᠢᠨᠵᠢᠨ ᠳᠦ ᠨᠢ ᠨᠥᠯᠦᠭᠡᠯᠡᠵᠡᠢ᠃ ᠶᠡᠷᠦᠩᠬᠡᠢ ᠳᠤ ᠪᠡᠨ ᠮᠣᠩᠭᠣᠯᠣᠶᠢᠳ᠋ ᠲᠥᠷᠬᠥ ᠲᠡᠢ ᠴᠤ ᠵᠠᠷᠢᠮ ᠧᠦᠢᠷᠣᠫᠣᠶᠢᠳ᠋ ᠪᠣᠯᠤᠨ ᠮᠣᠩᠭᠣᠯᠣᠶᠢᠳ᠋, ᠧᠦᠢᠷᠣᠫᠣᠶᠢᠳ᠋ ᠲᠥᠷᠬᠦᠲᠡᠨ ᠦ ᠵᠠᠪᠰᠠᠷ ᠤᠨ ᠰᠢᠨᠵᠢᠲᠡᠢ ᠲᠥᠷᠬᠥ ᠲᠡᠢ᠃ ᠶᠡᠬᠡᠪᠴᠢᠯᠡᠨ ᠮᠣᠩᠭᠣᠯᠣᠶᠢᠳ᠋ ᠳᠠᠪᠠᠮᠠᠭᠠᠶᠢᠯᠠᠭᠰᠠᠨ ᠵᠠᠪᠰᠠᠷ ᠤᠨ ᠲᠥᠷᠬᠥ ᠲᠡᠢ᠃
  • ᠬᠢᠷᠭᠢᠰ - ᠳᠡᠶᠢᠯᠦᠩᠬᠢ ᠨᠢ ᠲᠦᠷᠦᠭ ᠭᠠᠷᠤᠯᠲᠠᠢ ᠪᠣᠯᠤᠯᠲᠠᠢ᠃ ᠮᠣᠩᠭᠣᠯ᠂ ᠢᠷᠠᠨᠴᠤᠤᠳ ᠲᠠᠢ ᠬᠣᠯᠢᠯᠳᠤᠭᠰᠠᠨ᠃ ᠭᠠᠳᠠᠭᠠᠳᠤ ᠲᠥᠷᠬᠥ᠂ ᠭᠠᠷᠤᠯ ᠡᠭᠦᠰᠦᠯ ᠨᠢ ᠬᠠᠰᠠᠭ ᠲᠠᠢ ᠣᠶᠢᠷᠠᠯᠴᠠᠭ᠎ᠠ᠃ ᠶᠡᠨᠢᠰᠧᠢᠨ ᠺᠢᠷᠭᠢᠽ ᠡᠴᠡ ᠭᠠᠷᠤᠯ ᠲᠠᠢ ᠭᠡᠳᠡᠭ ᠴᠤ ᠶᠡᠨᠢᠰᠧᠢᠨ ᠺᠢᠷᠭᠢᠽ ᠡᠴᠡ ᠭᠠᠷᠤᠯ ᠲᠠᠢ ᠭᠡᠳᠡᠭ ᠨᠢ ᠪᠠᠲᠤᠯᠠᠭᠳᠠᠭᠰᠠᠨ ᠬᠠᠺᠠᠰ ᠤᠳ ᠠᠴᠠ ᠥᠭᠡᠷ᠎ᠡ ᠪᠤᠶᠤ ᠬᠢᠪᠴᠠᠭ ᠬᠡᠯᠡ ᠪᠡᠷ ᠶᠠᠷᠢᠳᠠᠭ ᠤᠴᠢᠷ  ᠶᠡᠨᠢᠰᠧᠢᠨ ᠺᠢᠷᠭᠢᠽ ᠲᠡᠢ ᠬᠣᠯᠪᠣᠭ᠎ᠠ ᠦᠭᠡᠢ ᠪᠠᠶᠢᠵᠤ ᠪᠣᠯᠬᠤ ᠶᠤᠮ ᠭᠡᠰᠡᠨ ᠲᠠᠭᠠᠮᠠᠭ ᠪᠤᠢ᠃
  • ᠱᠣᠷ - ᠬᠠᠺᠠᠰ ᠲᠠᠢ ᠭᠠᠷᠤᠯ ᠡᠭᠦᠰᠦᠯ ᠣᠶᠢᠷᠠᠯᠴᠠᠭ᠎ᠠ᠃
  • ᠴᠤᠸᠠᠰ - ᠭᠠᠷᠤᠯ ᠨᠢ ᠨᠡᠯᠢᠶᠡᠨ ᠮᠠᠷᠭᠤᠭᠠᠨ ᠲᠠᠢ᠃ ᠾᠦᠩᠨᠦ ᠭᠠᠷᠤᠯᠲᠠᠢ ᠭᠡᠵᠦ ᠦᠵᠡᠪᠡᠯ ᠮᠣᠩᠭᠣᠯᠴᠤᠳ ᠲᠠᠢ ᠬᠣᠯᠪᠣᠭ᠎ᠠ ᠲᠠᠢ ᠪᠠᠶᠢᠵᠤ ᠪᠣᠯᠬᠤ ᠶᠤᠮ᠃ ᠶᠡᠷᠦᠩᠬᠡᠢ ᠳᠤ ᠪᠡᠨ ᠲᠦᠷᠢᠭ ᠭᠠᠷᠤᠯ ᠲᠠᠢ ᠭᠡᠵᠦ ᠦᠵᠡᠳᠡᠭ᠂ ᠣᠷᠣᠰ ᠤᠳ ᠲᠠᠢ ᠬᠣᠯᠢᠯᠳᠤᠭᠰᠠᠨ ᠠᠴᠠ ᠧᠦᠢᠷᠣᠫᠣᠶᠢᠳ᠋ ᠲᠥᠷᠬᠥ ᠲᠡᠢ ᠪᠣᠯᠵᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢ ᠲᠠᠲᠠᠭᠰᠠᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Brigitte Moser, Michael Wilhelm Weithmann, Landeskunde Türkei: Geschichte, Gesellschaft und Kultur, Buske Publishing, 2008, p.173
  2. Deutsches Orient-Institut, Orient, Vol. 41, Alfred Röper Publushing, 2000, p.611
  3. Milliyet:55 milyon kişi 'etnik olarak' Türk
  4. Library of Congress, Library of Congress – Federal Research Division. Ethnic Groups and Languages of Iran.
  5. ᠡᠳᠤᠨ᠎ᠠ ᠢᠵᠠ ᠶᠢᠺᠪᠠᠢ ᠰᠣᠰᠲ᠋ᠠᠪ ᠨᠠᠰᠧᠯᠧᠨᠢᠶ᠎ᠠ ᠷᠣᠰᠰᠢᠢ
  6. https://www.cia.gov/library/publications/the-world-factbook/geos/tx.html#People CIA World Factbook Turkmenistan
  7. https://www.cia.gov/library/publications/the-world-factbook/geos/af.html
  8. Results / General results of the census / National composition of population.
  9. Kultegin's Memorial Complex, TÜRIK BITIG Khöshöö Tsaidam Monuments
  10. Bilge Kagan's Memorial Complex, TÜRIK BITIG Khöshöö Tsaidam Monuments
  11. Tonyukuk's Memorial Complex, TÜRIK BITIG Bain Tsokto Monument
  12. Faruk Suümer, Oghuzes (Turkmens): History, Tribal organization, Sagas, Turkish World Research Foundation, 1992, p.16
  13. ᠭᠤᠮᠢᠯᠧᠸ ᠯᠠ᠃ᠨ᠃ ᠳᠷᠧᠸᠨᠢᠶ᠎ᠡ ᠲᠶᠦᠺᠢ᠃ — ᠮ᠃, 1993. — ᠰ᠃ 4.
  14. ᠳᠵᠠᠪᠪᠠᠷᠠᠪᠠ ᠢ᠃ ᠸᠢᠳ ᠤᠢ ᠢᠰᠰᠯᠧᠳᠣᠸᠠᠲ᠋ᠧᠯ ᠡᠲ ᠠᠴᠠ ᠢ ᠡᠲᠨᠢᠴᠧᠰᠺᠢᠬ ᠫᠷᠣᠼᠧᠰᠰᠣᠪ // ᠸᠧᠰᠲᠨᠢᠺ ᠠᠺᠠᠳᠧᠮᠢᠢ ᠨᠢᠺ ᠷᠧᠰᠫᠦᠪᠯᠢᠺᠢ ᠪᠠᠰᠺᠣᠲᠣᠰᠲ᠋ᠠᠨ᠃ — 1998. ᠲ᠃ 3. № 4. — ᠰ᠃ 13.
  15. ᠶᠱᠤᠫᠣᠪ ᠷ᠃ᠮ᠃ ᠺᠷᠠᠨᠢᠣᠯᠣᠭᠢᠶ᠎ᠠ ᠡᠲᠨᠣᠲ᠋ᠧᠷᠷᠢᠲ᠋ᠣᠷᠢᠠᠯᠨ ᠤ ᠬᠢ ᠭᠷᠦᠶᠢᠫ ᠪᠠᠱᠺᠢᠷ // ᠠᠨᠲᠷᠣᠫᠣᠯᠣᠭᠢᠶ᠎ᠠ ᠪᠠᠱᠺᠢᠷ᠃ — СПб᠃, 2011. — ᠰ᠃ 158
  16. ᠭᠤᠮᠢᠯᠧᠸ ᠯᠠ᠃ᠨ᠃ ᠳᠷᠧᠸᠨᠢᠶ᠎ᠡ ᠲᠶᠦᠺᠢ᠃ — ᠰ᠃ 34.
  17. ᠣᠯᠵᠢᠰ ᠰᠤᠯᠠᠶᠢᠮᠧᠨᠠᠪ (1998) "ᠢᠵᠠ ᠤᠺ ᠫᠢᠰᠮᠠ"
  18. 18.0 18.1 18.2 18.3 ᠷ᠃ ᠢᠭᠠᠷᠢ АНТОНОВ, ᠣ ПРОБЛЕМЕ РАННИХ ТЮРКОВ ᠸ ВОЛГО-УРАЛЬСКОМ РЕГИОНЕ
  19. ᠺᠦ᠋ᠽᠧᠸ ᠷ᠃ᠭ᠃ ᠺᠠᠺ ᠣᠫᠷᠧᠳᠧᠯᠢᠲ ᠨᠠᠼᠢᠣᠨᠠᠯᠢᠨᠤᠶᠤ ᠫᠷᠢᠨᠠᠳᠯᠠᠵᠨᠣᠰᠲ? // ᠰᠣᠸᠧᠲ᠋ᠰᠺᠠᠶ᠎ᠠ ᠪᠠᠱᠺᠢᠷᠢᠶ᠎ᠠ᠂ 1958, 26 ᠨᠣᠢᠶᠠᠪᠷᠢ
  20. 20.0 20.1 ᠭᠠᠬᠠᠷᠠᠮᠠᠨ ᠭᠤᠮᠪᠠᠲᠠᠪᠠ ᠭᠧᠨᠧᠲ᠋ᠢᠺᠠ ᠫᠷᠣᠲ᠋ᠢᠸ ᠠᠯ ᠲᠠᠢ=ᠰᠺᠣᠢ ᠲᠧᠣᠷᠢᠢ
  21. ᠳᠮᠢᠲᠷᠶᠧᠸ ᠯᠠ᠃ᠸ - ᠫᠦ᠋ᠲ ᠫᠷᠠᠲ᠋ᠶᠤᠶᠢᠷᠺᠣᠸ ᠰ ᠵᠠᠫᠠᠳᠠ ᠨᠠ ᠸᠣᠰᠲ᠋ᠣᠺ ᠫᠣ ᠳᠠᠨ ᠤᠮ ᠯᠢᠩᠸᠢᠰᠲ᠋ᠢᠺᠢ
  22. ᠷᠠᠬᠠᠮᠧᠲ᠋ᠯᠠᠯ ᠪᠠᠶᠢᠲᠠᠰᠤᠪᠠ "ᠺᠣᠷᠷᠧᠯᠶᠠᠼᠢᠶ᠎ᠠ ᠢᠵᠠ ᠤᠺᠣᠸ ᠤ ᠬᠢ ᠰᠧᠮᠧᠢ ᠢ Y ᠍ ᠭᠠᠫᠯᠣᠭᠷᠦᠶᠢᠫ"
  23. 23.0 23.1 ᠶᠦ᠃ ᠰ᠃ ᠬᠤᠳ᠋ᠢᠺᠣᠸ ᠢᠷᠠᠨᠰᠺᠣ ᠲᠶᠦᠺᠰᠺ ᠦ ᠺᠦᠶᠢᠯᠢᠲ᠋ᠦᠷᠨᠢ ᠰᠢᠮᠪᠢᠣᠽ ᠸ ᠼᠧᠨᠲᠷᠠᠯᠨᠨᠠᠢ ᠠᠽᠢᠶ᠎ᠠ
  24. 24.0 24.1 24.2 ᠡᠨᠼᠢᠺᠯᠣᠫᠧᠳᠢᠶ᠎ᠠ ᠺᠣᠯᠢᠶᠧᠷᠠ -КАЗАХСТАН. ИСТОРИЯ
  25. ᠳᠷᠧᠸᠨᠢᠢ ᠬᠠᠰᠠᠭᠰᠲ᠋ᠠᠨ᠃ ᠫᠯᠧᠮᠧᠨᠠ᠂ ᠵᠢᠪᠰᠢᠶ᠎ᠡ ᠨᠠ ᠲᠧᠷᠷᠢᠲ᠋ᠣᠷᠢ ᠬᠠᠰᠠᠭᠰᠲ᠋ᠠᠨ᠎ᠠ ᠸ ᠡᠫᠣᠬᠤ ᠪᠷᠢᠨᠵᠢ ᠢ ᠵᠧᠯᠧᠽᠠ
  26. 26.0 26.1 ᠠᠪ ᠲᠤᠵᠠᠫᠠᠷ ᠠᠪ ᠲᠠᠺᠢᠮᠣᠸ «ᠰᠠᠺᠢ᠂ ᠤᠰᠤᠨᠢ᠂ ᠺᠠᠩ ᠢᠦᠢ᠂ ᠭᠤᠨᠠᠨ ᠤ»
  27. ᠠᠪ ᠲᠤᠵᠠᠫᠠᠷ ᠠᠪ ᠲᠠᠺᠢᠮᠣᠸ «ᠢᠰᠲ᠋ᠣᠷᠢᠶ᠎ᠠ ᠬᠠᠰᠠᠭᠰᠲ᠋ᠠᠨ᠎ᠠ: ᠰ ᠳᠷᠧᠸᠨᠢᠰᠢᠬᠤ ᠸᠷᠧᠮᠧᠨ ᠳᠤ᠋ ᠨᠠᠰᠢᠬᠤ ᠳᠨᠧᠢ»
  28. ᠳᠷᠧᠸᠨᠢᠶ᠎ᠡ ᠲᠶᠦᠺᠢ ᠸ ᠼᠧᠨᠲᠷᠠᠯᠨᠨᠠᠢ ᠠᠽᠢᠶ᠎ᠠ᠂ ᠢᠰᠰᠯᠧᠳᠪᠠᠨᠢᠶ᠎ᠠ ᠰᠣᠸᠧᠲ᠋ᠰᠺᠢᠬ ᠲᠶᠦᠺᠣᠯᠣᠭᠣᠪ 1917—1930
  29. ᠯᠠ᠃ᠭᠤᠮᠢᠯᠧᠸ УСТАНОВЛЕНИЕ ФЕОДАЛЬНЫХ ОТНОШЕНИЙ ᠨᠠᠮ ᠤᠨ ᠠᠮᠢᠳᠤᠷᠠᠯ ВОСТОКЕ УЙГУРСКИЙ КАГАНАТ
  30. ᠮᠠᠵᠠᠲᠤᠪ ᠨ᠃᠎ᠠ᠃, ᠰᠤᠯᠲᠠᠨᠨᠣᠸᠠ᠎ᠠ᠃ ᠨ᠃ — ᠰ᠃ 165.
  31. ᠺᠦ᠋ᠽᠧᠸ ᠷ᠃ ᠭ᠃ ᠫᠷᠣᠪᠯᠧᠮ ᠤ ᠡᠲᠨᠢᠴᠧᠰᠺᠣᠢ ᠢᠰᠲ᠋ᠣᠷᠢ ᠨᠠᠷᠣᠳᠣᠪ ᠰᠡᠷ ᠲᠦᠨᠧᠭᠣ ᠫᠣᠪᠠᠯᠵᠢᠶ᠎ᠠ ᠢ ᠶᠦᠵᠢᠨᠠᠭ ᠤᠷᠠᠯ ᠰ ᠰᠧᠷᠧᠳᠢᠨ ᠤ ᠸ ᠲᠠᠷᠠᠢ ᠫᠣᠯᠣᠸᠢᠨ ᠤ I ᠲ ᠤᠰᠢᠼᠧᠯᠧᠲ᠋ᠢᠶ᠎ᠠ ᠨ᠃᠎ᠡ᠃ ᠳᠤ᠋ XVI ᠸ᠃: ᠫᠷᠧᠫᠷᠢᠨᠲ᠋ ᠳ᠋ᠣᠺᠯᠠᠳᠠ᠃ — ᠤᠢᠹᠠ᠂ 1987. — ᠰ᠃ 8.
  32. ᠭᠠᠷᠤᠰᠳᠠᠪᠢᠴ ᠭ᠃ ᠨ᠃, ᠢᠸᠠᠨᠨᠣᠸ ᠸ᠃᠎ᠠ᠃ ᠠᠷᠧᠠᠯ ᠷᠠᠰᠰᠧᠯᠧᠨᠢᠶ᠎ᠠ ᠤᠭᠠᠷᠪᠠ ᠨᠠ ᠶᠵᠤᠨᠠᠮ ᠤᠷᠠᠯᠧ ᠢ ᠸ ᠫᠷᠢᠦᠶᠢᠷᠠᠯᠦᠶ᠎ᠡ ᠸᠣ ᠸ ᠲᠠᠷᠠᠢ ᠫᠣᠯᠣᠸᠢᠨᠧ I — ᠨᠠᠴᠢᠯᠧ II ᠲ ᠤᠰ᠃ ᠨ᠃᠎ᠡ᠃ // ᠫᠷᠣᠪᠯᠧᠮ ᠤ ᠡᠲᠨᠠᠭᠧᠨᠧᠽᠠ ᠹᠢᠨᠨᠣ ᠤᠭᠷᠰᠺᠢᠬ ᠨᠠᠷᠣᠳᠣᠪ ᠫᠷᠢᠦᠶᠢᠷᠠᠯᠢᠶ᠎ᠠ᠃ — ᠢᠵᠧᠦᠢᠰᠺ᠂ 1992. — ᠰ᠃ 23.
  33. ᠬᠤᠳ᠋ᠢᠺᠣᠸ ᠶᠦ᠃ ᠣ ПРОИСХОЖДЕНИИ КУЛЬТУРЫ СРЕДНЕВЕКОВЫХ КЫПЧАКОВ
  34. ᠰᠠᠪᠢᠨᠠᠪ ᠳ᠃ᠭ᠃, 1979 ᠤᠨ᠂ 54 ᠲᠠᠩᠺᠠᠨᠺ᠃; ᠰᠠᠪᠢᠨᠠᠪ ᠳ᠃ᠭ᠃, 1984 ᠤᠨ᠂ 17 ᠲᠠᠩᠺᠠᠨᠺ᠃)
  35. ᠰᠠᠪᠢᠨᠠᠪ ᠳ᠃ᠭ᠃, 1979 ᠤᠨ᠂ 54-55 ᠲᠠᠩᠺᠠᠨᠺᠯ
  36. 36.0 36.1 ᠺᠢᠫᠴᠠᠺᠢ
  37. ᠧᠦᠢᠰᠲᠢᠩᠨᠧᠶᠧᠸ ᠶᠦ᠃᠎ᠠ᠃ ᠺᠦ᠋ᠮᠠᠨ ᠤ/ᠺᠦᠶᠢᠨ ᠤ ᠺᠲ᠋ᠣ ᠣᠨᠢ? Terra Humana
  38. ᠢᠰᠲ᠋ᠣᠷᠢᠶ᠎ᠠ ᠺᠷ ᠤᠮᠠ᠃ ᠭᠯᠪᠠ 6. ПЕЧЕНЕГИ ᠸ КРЫМУ᠃ КНЯЖЕСТВА ТМУТАРАКАНЬ ᠢ ФЕОДОРО. ПОЛОВЦЫ ᠸ КРЫМУ
  39. ПЕЧЕНЕГИ (ᠬ-ᠬІ ᠸᠪ᠃)
  40. ᠠᠯᠧᠺᠰᠧᠢ ᠫᠠᠸᠯᠣᠸᠢᠴ ᠣᠺᠯᠠᠳ᠋ᠨᠢᠺᠣᠸ — ᠠᠯᠲᠠᠢ ᠢ ᠲᠤᠸᠠ ᠸ ᠰᠺᠢᠹᠰᠺᠣᠧ ᠸᠷᠧᠮᠢ (1969)
  41. ТУВА — РОДИНА СКИФОВ
  42. ᠸ᠃ ᠶᠠ᠃ ᠫᠧᠲ᠋ᠷᠤᠬᠢᠨ᠂ ᠳ᠃ ᠰ᠃ ᠷᠠᠸᠰᠺ ᠦ᠃ ᠣᠽᠧᠷᠺᠢ ᠢᠰᠲ᠋ᠣᠷᠢ ᠨᠠᠷᠣᠳᠣᠪ ᠷᠣᠰᠰᠢᠢ ᠸ ᠳᠷᠧᠸᠨᠣᠰᠲ᠋ᠢ ᠢ ᠷᠠᠨᠧᠮ ᠰᠡᠷ ᠲᠦᠨᠸᠧᠺᠣᠸᠢᠶ᠎ᠡ
  43. MOBCEC XᠣPEHAЦИ «ᠢᠰᠲ᠋ᠣᠷᠢᠶ᠎ᠠ ᠠᠷᠮᠧᠨᠢ»
  44. 44.0 44.1 44.2 44.3 44.4 44.5 ᠫᠷᠣᠨᠢᠭᠨᠨᠣᠸᠸᠨᠧ ᠲᠶᠦᠺᠣᠸ ᠸ ᠮᠠᠯᠤᠶᠤ ᠠᠽᠢᠶᠤᠶᠢ
  45. ᠫᠧᠷᠸᠨᠠᠴᠢᠯᠢᠨ ᠠᠧ ᠫᠷᠣᠨᠢᠭᠨᠨᠣᠸᠸᠨᠧ ᠲᠶᠷᠣᠺ ᠸ ᠮᠠᠯᠤᠶᠤ ᠠᠽᠢᠶᠤᠶᠢ
  46. ᠹᠠᠷᠢ ᠳᠤ ᠱᠠᠹᠢᠶᠠᠪ "ᠡᠲᠨᠠᠭᠧᠨᠧᠽ ᠢ ᠢᠰᠲ᠋ᠣᠷᠢᠶ᠎ᠠ ᠮᠢᠶᠡᠭᠷᠠᠼ ᠦ ᠲᠶᠦᠺᠰᠺᠢᠬ ᠺᠣᠽᠧᠸᠨᠢᠺᠣᠸ: ᠵᠠᠺᠣᠨᠣᠮᠧᠷᠨᠤᠰᠲ᠋ᠢ ᠫᠷᠣᠼᠧᠰᠰᠠ ᠠᠰᠰᠢᠮᠢᠯᠶᠠᠼᠢ"
  47. Genetic history of the Turkish people

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠲᠦᠷᠦᠭ&oldid=481457》 ᠍  ᠡᠴᠡ ᠠᠪᠤᠭᠰᠠᠨ

ᠪᠢᠴᠢᠭᠡᠰᠦ