ᠲᠦᠰᠢᠶᠡᠲᠦ ᠬᠠᠨ ᠠᠶᠢᠮᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠲᠦᠰᠢᠶᠡᠲᠦ ᠬᠠᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠲᠦᠰᠢᠶᠡᠲᠦ ᠬᠠᠨ ᠠᠶᠢᠮᠠᠭ ᠨᠢ 1691-1911 ᠣᠨ ᠤ ᠬᠣᠭᠣᠷᠣᠨᠳᠣ ᠣᠷᠣᠰᠢᠨ ᠪᠠᠶᠢᠭᠰᠠᠨ ᠠᠷᠤ ᠮᠣᠩᠭᠣᠯ ᠍ ᠤᠨ ᠵᠢᠷᠭᠤᠭᠠᠨ ᠠᠶᠢᠮᠠᠭ ᠤᠨ ᠨᠢᠭᠡ ᠨᠢ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ 1580 ᠍ ᠊ᠭᠠᠳ ᠣᠨ ᠳᠤ ᠬᠠᠯᠬ᠎ᠠ ᠶᠢᠨ ᠠᠪᠠ ᠲᠠᠢ ᠰᠠᠶᠢᠨ ᠬᠠᠨ ᠪᠠᠶᠢᠭᠤᠯᠵᠤ ᠪᠠᠶᠢᠭᠰᠠᠨ ᠪᠥᠭᠡᠳ ᠲᠡᠭᠦᠨ ᠦ ᠦᠷ᠎ᠡ ᠤᠳᠤᠮ ᠨᠢ ᠴᠢᠨᠠᠭᠰᠢᠳᠠ ᠵᠠᠯᠭᠠᠮᠵᠢᠯᠠᠭᠰᠠᠭᠠᠷ᠂ 1691 ᠣᠨ ᠳᠤ ᠬᠠᠯᠬ᠎ᠠ ᠮᠣᠩᠭᠣᠯ᠂ ᠮᠠᠨᠵᠤ ᠳᠤ ᠳᠠᠭᠠᠷ᠎ᠠ ᠣᠷᠣᠭᠰᠠᠨ᠃ 1691 ᠣᠨ ᠳᠤ ᠬᠠᠯᠬ᠎ᠠ ᠶᠢᠨ ᠭᠤᠷᠪᠠᠨ ᠬᠠᠨ ᠳᠣᠯᠣᠭᠠᠨ ᠨᠠᠭᠤᠷ ᠤᠨ ᠴᠢᠭᠤᠯᠭᠠᠨ ᠢᠶᠠᠷ ᠮᠠᠨᠵᠤ ᠳᠤ ᠳᠠᠭᠠᠷ᠎ᠠ ᠣᠷᠣᠭᠰᠠᠨ᠃ 1725 ᠣᠨ ᠳᠤ ᠵᠠᠷᠢᠮ ᠬᠣᠰᠢᠭᠤ ᠶᠢ ᠲᠠᠰᠤᠯᠤᠨ ᠥᠭᠴᠦ ᠰᠠᠶᠢᠨ ᠨᠣᠶᠠᠨ ᠬᠠᠨ ᠠᠶᠢᠮᠠᠭ ᠢ ᠪᠠᠶᠢᠭᠤᠯᠤᠭᠰᠠᠨ ᠢᠶᠠᠷ᠂ 1725-1912 ᠣᠨ ᠤ ᠬᠣᠭᠣᠷᠣᠨᠳᠣ 21 ᠬᠣᠰᠢᠭᠤ ᠲᠠᠢ ᠪᠠᠶᠢᠪᠠ᠃ 1728 ᠣᠨ ᠠᠴᠠ ᠬᠣᠶᠢᠰᠢ 3 ᠵᠢᠯ ᠲᠤᠲᠤᠮ ᠨᠢᠭᠡᠨ ᠤᠳᠠᠭ᠎ᠠ ᠴᠤᠭᠯᠠᠷᠠᠵᠤ ᠬᠤᠷᠠᠯᠳᠤᠳᠠᠭ ᠨᠢ "ᠬᠠᠨ ᠠᠭᠤᠯᠠ ᠶᠢᠨ ᠴᠢᠭᠤᠯᠭᠠᠨ" ᠭᠡᠳᠡᠭ ᠪᠠᠶᠢᠪᠠ᠃

1921 ᠣᠨ ᠤ ᠠᠷᠠᠳ ᠤᠨ ᠬᠤᠪᠢᠰᠬᠠᠯ ᠍ ᠤᠨ ᠳᠠᠷᠠᠭᠠᠬᠢ ᠰᠢᠨᠡᠴᠢᠯᠡᠯ ᠥᠭᠡᠷᠡᠴᠢᠯᠡᠯᠲᠡ ᠶᠢᠨ ᠨᠢᠭᠡᠨ ᠪᠣᠯᠤᠭᠰᠠᠨ ᠵᠠᠰᠠᠭ ᠵᠠᠬᠢᠷᠭᠠᠨ ᠤ ᠬᠤᠪᠢᠶᠠᠷᠢ ᠶᠢᠨ ᠥᠭᠡᠷᠡᠴᠢᠯᠡᠯᠲᠡ ᠪᠡᠷ 1923-1931 ᠣᠨ ᠤ ᠬᠣᠭᠣᠷᠣᠨᠳᠣ ᠲᠦᠰᠢᠶᠡᠲᠦ ᠬᠠᠨ ᠠᠶᠢᠮᠠᠭ ᠨᠤᠲᠤᠭ ᠢ ᠪᠦᠬᠦᠯᠢ ᠪᠡᠷ ᠨᠢ ᠬᠠᠮᠤᠷᠤᠭᠰᠠᠨ ᠪᠣᠭᠳᠠ ᠬᠠᠨ ᠠᠭᠤᠯᠠ ᠶᠢᠨ ᠠᠶᠢᠮᠠᠭ ᠢ ᠪᠠᠶᠢᠭᠤᠯᠤᠭᠰᠠᠨ ᠶᠤᠮ᠃ 1931 ᠣᠨ ᠤ 3 ᠍ ᠳᠦᠭᠡᠷ ᠰᠠᠷ᠎ᠠ ᠳᠤ ᠡᠨᠡ ᠠᠶᠢᠮᠠᠭ ᠤᠨ ᠬᠣᠰᠢ ᠨᠤᠭᠤᠳ ᠠᠴᠠ ᠰᠡᠯᠡᠩᠭᠡᠲᠥᠪᠳᠣᠷᠣᠨᠠᠭᠣᠪᠢᠡᠮᠦᠨᠡᠭᠣᠪᠢ ᠠᠶᠢᠮᠠᠭ ᠤᠳ ᠪᠠᠶᠢᠭᠤᠯᠤᠭᠳᠠᠵᠤ ᠳᠠᠷᠠᠭ᠎ᠠ ᠨᠢ 1938 ᠣᠨ ᠳᠤ ᠪᠤᠯᠠᠭᠠᠨ᠂ 1942 ᠣᠨ ᠳᠤ ᠳᠤᠮᠳᠠᠭᠤᠪᠢ ᠠᠶᠢᠮᠠᠭ ᠤᠳ ᠪᠠᠶᠢᠭᠤᠯᠤᠭᠳᠠᠪᠠ᠃

ᠠᠶᠢᠮᠠᠭ ᠤᠨ ᠴᠢᠭᠤᠯᠭᠠᠨ ᠳᠠᠷᠤᠭ᠎ᠠ ᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠲᠦᠰᠢᠶᠡᠲᠦ ᠬᠠᠨ ᠸᠠᠩᠵᠢᠯᠳᠣᠷᠵᠢ (1728-1732)
  2. ᠴᠢᠨ ᠸᠠᠩ ᠳᠠᠨᠽᠠᠨᠳᠣᠷᠵᠢ (1732-1733)
  3. ᠲᠦᠰᠢᠶᠡᠲᠦ ᠬᠠᠨ ᠳᠣᠨᠳᠣᠪᠳᠣᠷᠵᠢ (1733-1743)
  4. ᠵᠠᠩᠵᠤᠨ ᠸᠠᠩ ᠴᠡᠩᠭᠦᠩᠵᠠᠪ (1743-1746)
  5. ᠲᠦᠰᠢᠶᠡᠲᠦ ᠬᠠᠨ ᠶᠠᠩᠫᠢᠯᠳᠣᠷᠵᠢ (1747-1764)
  6. ᠵᠦᠩ ᠸᠠᠩ ᠵᠡᠷᠭᠡ ᠳᠦ ᠪᠡᠶᠢᠰᠡ ᠳᠠᠰᠫᠢᠯ (1764-1765)
  7. ᠴᠢᠪᠠᠭ᠎ᠠ ᠶᠠᠷᠢᠨᠫᠢᠯ ᠳᠠᠶᠢᠴᠢᠨ ᠸᠠᠩ (1765-1777)
  8. ᠲᠦᠰᠢᠶᠡᠲᠦ ᠬᠠᠨ ᠼᠡᠳᠡᠨᠳᠣᠷᠵᠢ (1777-1783)
  9. ᠵᠠᠰᠠᠭ᠂ ᠬᠣᠰᠢᠭᠤᠨ ᠤ ᠪᠡᠶᠢᠰᠡ ᠰᠦᠨᠳᠪᠦᠳᠣᠷᠵᠢ (1783-1798)
  10. ᠲᠦᠰᠢᠶᠡᠲᠦ ᠬᠠᠨ ᠼᠡᠳᠡᠨᠳᠣᠷᠵᠢ (1799-1815)
  11. 3 ᠠᠰᠠᠭ ᠵᠦᠩᠸᠠᠩ ᠲᠦᠴᠢᠨᠵᠠᠪ (1815-1817)
  12. 3 ᠠᠰᠠᠭ ᠬᠣᠱᠣᠢ ᠴᠢᠨ ᠸᠠᠩ ᠼᠡᠳᠡᠨᠳᠣᠷᠵᠢ (1817-1824 )
  13. ᠲᠦᠰᠢᠶ᠎ᠡ ᠭᠦᠨ ᠰᠣᠨᠣᠮᠸᠠᠨᠴᠢᠭ (1825-1837)
  14. ᠦᠢᠵᠡᠨ ᠭᠦᠨ ᠫᠦᠨᠴᠤᠭᠳᠣᠷᠵᠢ (1837-1846)
  15. 3 ᠠᠰᠠᠭ ᠬᠣᠱᠣᠢ ᠴᠢᠨ ᠸᠠᠩ ᠡᠷᠡᠩᠴᠢᠨᠳᠣᠷᠵᠢ (1846-1853)
  16. ᠲᠦᠰᠢᠶᠡᠲᠦ ᠬᠠᠨ ᠰᠡᠷᠡᠩᠳᠣᠷᠵᠢ (1854-1863)
  17. 3 ᠠᠰᠠᠭ ᠬᠣᠱᠣᠢ ᠳᠠᠶᠢᠴᠢᠨ ᠴᠢᠨ ᠸᠠᠩ ᠰᠡᠷᠡᠩᠳᠣᠷᠵᠢ (1863-1884)
  18. ᠲᠦᠰᠢᠶ᠎ᠡ ᠭᠦᠨ ᠰᠡᠷᠡᠩᠳᠣᠷᠵᠢ (1884-1889)
  19. ᠲᠦᠰᠢᠶ᠎ᠡ ᠭᠦᠨ ᠼᠧᠳᠡᠩᠰᠣᠳᠨᠠᠮ /(1889-1890)
  20. ᠮᠡᠷᠭᠡᠨ ᠸᠠᠩ ᠠᠮᠠᠭᠠᠪᠠᠽᠠᠷ (1891)
  21. ᠪᠡᠶᠢᠰᠡ ᠫᠦᠨᠴᠢᠬᠰᠡᠷᠡᠩ (1892)
  22. 3 ᠠᠰᠠᠭ ᠤᠯᠤᠰ ᠲᠤ ᠲᠤᠰᠠᠯᠠᠭᠴᠢ ᠭᠦᠨ ᠮᠡᠰᠢᠭᠳᠣᠷᠵᠢ /(1893-1899)
  23. ᠭᠦᠨ ᠳᠣᠨᠳᠣᠪᠵᠠᠯᠪᠤᠢᠫᠠᠯᠮᠠᠳᠣᠷᠵᠢ /(1899-1908)
  24. 3 ᠠᠰᠠᠭ ᠤᠯᠤᠰ ᠤᠨ ᠲᠦᠰᠢᠶ᠎ᠡ ᠭᠦᠨ᠂ ᠲᠦᠰᠢᠶᠡᠲᠦ ᠸᠠᠩ ᠴᠠᠭᠳᠠᠷᠵᠠᠪ (1909-1913)
  25. ᠲᠤᠰᠠᠯᠠᠭᠴᠢ ᠭᠦᠨ ᠵᠢᠨᠦᠩ ᠵᠠᠰᠠᠭ ᠸᠠᠩᠴᠢᠭᠷᠠᠪᠳᠠᠨ (1914)
  26. ᠳᠠᠷᠬᠠᠨ ᠴᠢᠨ ᠸᠠᠩ ᠫᠦᠨᠴᠢᠬᠰᠡᠷᠡᠩ (1914-1921)

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ