ᠲᠦᠮᠡᠨ ᠱᠠᠨᠦᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠦᠮᠡᠨ ᠱᠠᠨᠦᠢ - ᠪᠣᠯ ᠲᠡᠦᠬᠡᠨ ᠳᠦ ᠲᠡᠮᠳᠡᠭᠯᠡᠭᠳᠡᠭᠰᠡᠨ ᠾᠦᠩᠨᠦᠭᠡᠶᠢᠨ ᠠᠩᠬᠠᠨ ᠤ ᠱᠠᠨᠦᠢ ᠶᠤᠮ᠃ ᠲᠡᠷᠡ ᠪᠡᠷ ᠴᠢᠨ ᠤᠯᠤᠰ ᠤᠨ ᠴᠡᠷᠢᠭ ᠦᠨ ᠳᠣᠪᠲᠣᠯᠭᠠᠨ ᠠᠴᠠ ᠳᠠᠶᠢᠵᠢᠨ ᠶᠡᠬᠡ ᠭᠣᠪᠢ ᠶᠢᠨ ᠠᠷᠤ ᠲᠠᠯ᠎ᠠ ᠳᠤ ᠭᠠᠷᠴᠤ ᠰᠠᠭᠤᠭᠰᠠᠨ ᠪᠥᠭᠡᠳ ᠥᠪᠡᠷ ᠦᠨ ᠬᠠᠤᠯᠢ ᠶᠣᠰᠣᠨ ᠤ ᠵᠠᠯᠭᠠᠮᠵᠢᠯᠠᠭᠴᠢ ᠮᠣᠳᠣᠨ ᠢ ᠵᠠᠶᠢᠯᠠᠭᠤᠯᠵᠤ ᠬᠠᠶᠢᠷᠠᠲᠠᠢ ᠶᠠᠨᠴᠠᠵᠢᠭ ᠤᠨ ᠢᠶᠠᠨ ᠬᠦᠦ ᠶᠢ ᠱᠠᠨᠦᠢ ᠪᠣᠯᠭᠠᠬᠤ ᠶᠢ ᠣᠷᠣᠯᠳᠤᠭᠰᠠᠨ ᠠᠴᠠ ᠪᠣᠯᠵᠤ᠂ ᠥᠪᠡᠷ ᠦᠨ ᠬᠦᠦ ᠮᠣᠳᠣᠨ ᠳᠤ ᠠᠯᠠᠭᠳᠠᠵᠠᠢ᠃

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠮᠡᠨ ᠱᠠᠨᠦᠢ ᠪᠣᠯ ᠾᠦᠩᠨᠦ ᠶᠢᠨ ᠰᠦᠢᠯᠠᠨᠳᠢ ᠣᠪᠤᠭ ᠤᠨ ᠬᠦᠮᠦᠨ ᠶᠤᠮ᠃ ᠡᠨᠡ ᠣᠪᠤᠭ ᠠᠴᠠ ᠾᠦᠩᠨᠦ ᠶᠢᠨ ᠱᠠᠨᠦᠢ ᠨᠠᠷ ᠢ ᠡᠷᠭᠦᠮᠵᠢᠯᠡᠳᠡᠭ ᠵᠠᠩᠰᠢᠯ ᠲᠠᠢ ᠪᠠᠶᠢᠴᠠᠢ᠃ ᠲᠡᠭᠦᠨ ᠦ ᠨᠡᠷ᠎ᠡ ᠨᠢ 《ᠱᠢ ᠴᠽᠢ》 ᠵᠣᠬᠢᠶᠠᠯ ᠳᠤ 《ᠲᠠᠤᠮᠤᠨ》 ᠬᠡᠮᠡᠬᠦ ᠭᠠᠯᠢᠭ ᠢᠶᠠᠷ ᠪᠢᠴᠢᠭᠳᠡᠭᠰᠡᠨ ᠪᠠᠶᠢᠳᠠᠭ᠃

ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠮᠡᠨ ᠱᠠᠨᠦᠢ ᠬᠡᠳᠦᠶᠢᠨ ᠡᠴᠡ ᠾᠦᠩᠨᠦ ᠶᠢᠨ ᠱᠠᠨᠦᠢ ᠪᠣᠯᠤᠭᠰᠠᠨ ᠲᠠᠯ᠎ᠠ ᠪᠠᠷ ᠮᠡᠳᠡᠭᠡ ᠪᠠᠷᠢᠮᠲᠠ ᠪᠠᠶᠢᠳᠠᠭ ᠦᠭᠡᠢ᠃ ᠲᠡᠭᠦᠨ ᠦ ᠦᠶ᠎ᠡ ᠳᠦ ᠾᠦᠩᠨᠦ ᠨᠠᠷ 24 ᠠᠶᠢᠮᠠᠭ ᠤᠨ ᠬᠣᠯᠪᠣᠭᠠᠨ ᠠᠴᠠ ᠪᠥᠷᠢᠳᠴᠦ ᠪᠠᠶᠢᠴᠠᠢ᠃ ᠲᠦᠮᠡᠨ ᠱᠠᠨᠦᠢ ᠾᠦᠩᠨᠦ ᠨᠠᠷ ᠢ ᠵᠠᠬᠢᠷᠴᠢ ᠪᠠᠶᠢᠬᠤ ᠦᠶ᠎ᠡ ᠳᠦ ᠡᠷᠲᠡᠨ ᠦ ᠬᠢᠲᠠᠳ ᠤᠨ ᠣᠯᠠᠨ ᠤᠯᠤᠰ ᠤᠳ ᠤᠨ ᠲᠡᠮᠡᠴᠡᠯ ᠳᠠᠭᠤᠰᠴᠤ᠂ ᠴᠢᠨ ᠤᠯᠤᠰ ᠢᠯᠠᠵᠤ ᠭᠠᠷᠤᠯ᠎ᠠ᠃ ᠡᠷᠲᠡᠨ ᠦ ᠬᠢᠲᠠᠳ ᠤᠨ ᠲᠡᠦᠬᠡ ᠶᠢᠨ ᠡᠨᠡ ᠦᠶ᠎ᠡ ᠶᠢ 《ᠪᠠᠶᠢᠯᠳᠤᠭᠠᠨ ᠳᠤ ᠤᠯᠤᠰ ᠤᠳ ᠤᠨ ᠦᠶ᠎ᠡ》 ᠭᠡᠵᠦ ᠬᠢᠲᠠᠳ ᠤᠨ ᠲᠡᠦᠬᠡᠨ ᠳᠦ ᠲᠡᠮᠳᠡᠭᠯᠡᠭᠰᠡᠨ ᠪᠠᠶᠢᠳᠠᠭ᠃ ᠡᠨᠡ ᠦᠶ᠎ᠡ ᠨᠢ ᠴᠵᠢᠤ ᠤᠯᠤᠰ ᠣᠯᠠᠨ ᠵᠢᠵᠢᠭ ᠤᠯᠤᠰ ᠤᠳ ᠲᠤ ᠵᠠᠳᠠᠷᠠᠰᠤᠨ ᠢᠶᠠᠷ ᠡᠬᠢᠯᠡᠳᠡᠭ ᠪᠥᠭᠡᠳ ᠡᠬᠢᠨ ᠦᠶᠡᠳᠡᠭᠡ 1000 ᠣᠷᠴᠢᠮ ᠤᠯᠤᠰ ᠪᠠᠶᠢᠭᠰᠠᠨ ᠪᠠ ᠨᠢᠭᠡ ᠨᠢᠭᠡᠨ ᠢ ᠪᠡᠨ ᠡᠵᠡᠯᠡᠭᠰᠡᠭᠡᠷ ᠮᠠᠨ ᠤ ᠡᠷᠡᠨ ᠦ ᠡᠮᠦᠨ᠎ᠡ 250 ᠍ ᠊ᠭᠠᠳ ᠣᠨ ᠳᠤ ᠳᠣᠯᠣᠭᠠᠨ ᠤᠯᠤᠰ ᠦᠯᠡᠳᠡᠭᠰᠡᠨ ᠪᠠᠶᠢᠯ᠎ᠠ᠃ ᠡᠳᠡᠭᠡᠷ ᠨᠢ ᠴᠢᠨᠢ᠂ ᠬᠠᠨᠢ᠂ ᠸᠡᠢ᠂ ᠴᠵᠢᠣ᠂ ᠶᠠᠨᠢ᠂ ᠴᠢ᠂ ᠴᠤ ᠤᠯᠤᠰ ᠤᠳ ᠶᠤᠮ᠃ ᠴᠢᠨ ᠤᠯᠤᠰ ᠤᠨ ᠴᠢᠨᠢ ᠱᠢ ᠬᠤᠸᠠᠩᠳᠢ ᠬᠠᠭᠠᠨ ᠮᠠᠨ ᠤ ᠡᠷᠡᠨ ᠦ ᠡᠮᠦᠨ᠎ᠡ 220 ᠣᠨ ᠳᠤ ᠡᠳᠡᠭᠡᠷ ᠳᠣᠯᠣᠭᠠᠨ ᠤᠯᠤᠰ ᠤᠳ ᠢ ᠡᠵᠡᠯᠡᠨ ᠠᠪᠴᠤ ᠳᠠᠭᠤᠰᠤᠭᠠᠳ ᠡᠷᠲᠡᠨ ᠦ ᠬᠢᠲᠠᠳ ᠣᠷᠣᠨ ᠳᠠᠶᠠᠭᠠᠷ ᠨᠢᠭᠡᠳᠦᠭᠰᠡᠨ ᠰᠢᠰᠲ᠋ᠧᠮ ᠲᠣᠭᠲᠠᠭᠠᠴᠠᠢ᠃ ᠮᠥᠨ ᠾᠢᠦᠩᠨᠦ᠂ ᠳᠣᠷᠣᠨᠠᠲᠤ ᠬᠤ ᠵᠡᠷᠭᠡ ᠬᠣᠶᠢᠳᠤ ᠵᠦᠭ ᠦᠨ ᠨᠡᠭᠦᠳᠡᠯᠴᠢᠳ ᠦᠨ ᠳᠣᠪᠲᠣᠯᠭᠠᠨ ᠠᠴᠠ ᠬᠠᠮᠠᠭᠠᠯᠠᠬᠤ ᠶᠢᠨ ᠲᠤᠯᠠᠳᠠ 《ᠪᠠᠶᠢᠯᠳᠤᠭᠠᠨ ᠳᠤ ᠤᠯᠤᠰ ᠤᠳ ᠤᠨ ᠦᠶ᠎ᠡ》 ᠍ ᠡᠴᠡ ᠪᠠᠷᠢᠵᠤ ᠡᠬᠢᠯᠡᠭᠰᠡᠨ ᠬᠢᠯᠢ ᠶᠢᠨ ᠬᠡᠷᠡᠮᠦ ᠨᠦᠭᠦᠳ ᠢ ᠬᠣᠭᠣᠷᠣᠨᠳᠣ ᠨᠢ ᠵᠠᠯᠭᠠᠵᠤ᠂ 《ᠲᠦᠮᠡᠨ ᠭᠠᠵᠠᠷ ᠤᠨ ᠴᠠᠭᠠᠨ ᠬᠡᠷᠡᠮ》 ᠬᠡᠮᠡᠬᠦ ᠳᠡᠯᠡᠬᠡᠢ ᠶᠢᠨ ᠲᠣᠮᠣ ᠪᠠᠶᠢᠭᠤᠯᠤᠮᠵᠢ ᠶᠢ ᠪᠣᠰᠬᠠᠵᠠᠢ᠃ ᠬᠣᠶᠢᠳᠤ ᠵᠦᠭ ᠦᠨ ᠨᠡᠭᠦᠳᠡᠯᠴᠢᠳ ᠡᠴᠡ ᠬᠡᠷᠡᠮ ᠪᠠᠷᠢᠵᠤ ᠬᠠᠮᠠᠭᠠᠯᠠᠭᠰᠠᠨ ᠢᠶᠠᠷ ᠪᠠᠷᠠᠬᠤ ᠦᠭᠡᠢ᠂ ᠨᠡᠭᠦᠳᠡᠯᠴᠢᠳ ᠦᠨ ᠨᠤᠲᠤᠭ ᠷᠤ ᠳᠣᠪᠲᠣᠯᠵᠤ᠂ ᠲᠡᠳᠡᠨ ᠢ ᠲᠦᠷᠢᠵᠦ ᠰᠢᠬᠠᠬᠤ ᠪᠣᠳᠣᠯᠭ᠎ᠠ ᠶᠠᠪᠤᠭᠤᠯᠵᠤ ᠪᠠᠶᠢᠴᠠᠢ᠃ ᠮᠥᠨ ᠨᠡᠭᠦᠳᠡᠯᠴᠢᠳ ᠦᠨ ᠬᠣᠭᠣᠷᠣᠨᠳᠣ ᠶᠠᠰᠤ ᠬᠠᠶᠠᠵᠤ ᠡᠪᠳᠡᠷᠡᠯᠴᠡᠭᠦᠯᠬᠦ ᠪᠣᠳᠣᠯᠭ᠎ᠠ ᠪᠠᠷᠢᠮᠲᠠᠯᠠᠵᠤ ᠪᠠᠶᠢᠯ᠎ᠠ᠃ ᠬᠣᠶᠢᠳᠤ ᠵᠦᠭ ᠦᠨ ᠨᠡᠭᠦᠳᠡᠯᠴᠢᠳ ᠦᠨ ᠳᠣᠲᠣᠷ᠎ᠠ ᠠᠴᠠ ᠭᠣᠣᠯ ᠠᠶᠤᠯ ᠵᠠᠨᠤᠯ ᠤᠴᠠᠷᠠᠭᠤᠯᠤᠭᠴᠢᠳ ᠨᠢ ᠾᠦᠩᠨᠦ ᠨᠠᠷ ᠪᠠᠶᠢᠴᠠᠢ᠃ ᠲᠡᠶᠢᠮᠦ ᠡᠴᠡ ᠮᠠᠨ ᠤ ᠡᠷᠡᠨ ᠦ ᠡᠮᠦᠨ᠎ᠡ 218 ᠣᠨ ᠳᠤ ᠴᠢᠨᠢ ᠱᠢ ᠬᠤᠸᠠᠩᠳᠢ ᠬᠠᠭᠠᠨ ᠮᠡᠩ ᠲᠢᠨᠢ ᠵᠠᠩᠵᠤᠨ ᠳᠤ ᠴᠡᠷᠢᠭ ᠥᠭᠴᠦ᠂ ᠾᠦᠩᠨᠦ ᠷᠦᠦ ᠳᠣᠪᠲᠣᠯᠤᠭᠤᠯᠤᠨ ᠣᠷᠳᠣᠰ ᠨᠤᠲᠤᠭ ᠢ ᠡᠵᠡᠯᠡᠨ ᠠᠪᠤᠪᠠ᠃ ᠡᠵᠡᠯᠡᠨ ᠠᠪᠤᠭᠰᠠᠨ ᠣᠷᠳᠣᠰ ᠨᠤᠲᠤᠭ ᠤᠨ ᠬᠣᠶᠢᠭᠤᠷ ᠴᠠᠭᠠᠨ ᠬᠡᠷᠡᠮ ᠢ ᠪᠠᠶᠢᠭᠤᠯᠵᠠᠢ᠃ ᠤᠯᠠᠮ ᠢᠶᠠᠷ ᠾᠦᠩᠨᠦ ᠷᠦᠦ ᠲᠣᠭᠲᠠᠮᠠᠯ ᠳᠣᠪᠲᠣᠯᠬᠤ ᠪᠣᠯᠤᠭᠰᠠᠨ ᠲᠤᠯᠠ ᠲᠦᠮᠡᠨ ᠱᠠᠨᠦᠢ ᠶᠡᠬᠡ ᠭᠣᠪᠢ ᠶᠢᠨ ᠠᠷᠤ ᠳᠤ ᠣᠴᠢᠵᠤ ᠰᠠᠭᠤᠴᠠᠢ᠃ ᠴᠢᠨᠢ ᠱᠢ ᠬᠤᠸᠠᠩᠳᠢ ᠶᠠᠴᠵᠢ ᠨᠠᠷᠠᠲᠠᠢ ᠬᠣᠯᠪᠣᠭ᠎ᠠ ᠲᠣᠭᠲᠠᠭᠠᠵᠤ᠂ ᠾᠦᠩᠨᠦ ᠷᠦᠦ ᠳᠣᠪᠲᠣᠯᠤᠭᠰᠠᠨ ᠤ ᠦᠷ᠎ᠡ ᠳ᠋ᠦᠩ ᠳᠦ ᠶᠠᠴᠵᠢ ᠨᠠᠷ ᠾᠦᠩᠨᠦ ᠶᠢᠨ ᠪᠠᠷᠠᠭᠤᠨ ᠬᠡᠰᠡᠭ ᠦᠨ ᠨᠤᠲᠤᠭ ᠢ ᠡᠵᠡᠯᠡᠨ ᠠᠪᠴᠠᠢ᠃ ᠭᠡᠪᠡᠴᠦ ᠴᠢᠨᠢ ᠱᠢ ᠬᠤᠸᠠᠩᠳᠢ ᠬᠠᠭᠠᠨ ᠨᠠᠰᠤ ᠪᠠᠷᠠᠭᠰᠠᠨ ᠤ ᠳᠠᠷᠠᠭ᠎ᠠ ᠴᠢᠨ ᠤᠯᠤᠰ ᠲᠤ ᠲᠥᠷᠥ ᠶᠢᠨ ᠡᠷᠬᠡ ᠶᠢ ᠪᠤᠯᠢᠶᠠᠵᠤ ᠠᠪᠤᠭᠰᠠᠨ ᠲᠠᠶᠢᠭᠠᠨ ᠵᠢᠣ ᠭᠠ᠎ᠠ ᠶᠢᠨ ᠠᠵᠢᠯᠯᠠᠭᠠᠨ ᠠᠴᠠ ᠪᠣᠯᠵᠤ᠂ ᠠᠯᠪᠠᠨ ᠲᠠᠲᠠᠪᠤᠷᠢ ᠨᠡᠮᠡᠭᠳᠡᠨ ᠠᠷᠠᠳ ᠲᠦᠮᠡᠨ ᠦ ᠠᠮᠢᠳᠤᠷᠠᠯ ᠳᠣᠷᠣᠳᠠᠵᠠᠢ᠃ ᠤᠳᠠᠯ ᠦᠭᠡᠢ ᠲᠠᠷᠢᠶᠠᠴᠢᠳ ᠤᠨ ᠪᠣᠰᠤᠯᠭ᠎ᠠ ᠭᠠᠷᠴᠤ᠂ ᠴᠢᠨ ᠤᠯᠤᠰ ᠢ ᠮᠥᠬᠥᠭᠡᠵᠡᠢ᠃ ᠴᠢᠨ ᠤᠯᠤᠰ ᠢ ᠮᠥᠬᠦᠭᠰᠡᠨ ᠦ ᠳᠠᠷᠠᠭ᠎ᠠ ᠪᠣᠰᠤᠯᠭ᠎ᠠ ᠶᠢᠨ ᠤᠳᠤᠷᠢᠳᠤᠭᠴᠢᠳ ᠡᠷᠬᠡ ᠮᠡᠳᠡᠯ ᠦᠨ ᠲᠥᠯᠥᠭᠡ ᠬᠣᠭᠣᠷᠣᠨᠳᠣ ᠪᠠᠨ ᠲᠡᠮᠡᠴᠡᠯᠳᠦᠵᠦ ᠡᠬᠢᠯᠡᠪᠡ᠃ ᠡᠨᠡ ᠦᠶ᠎ᠡ ᠳᠦ ᠲᠦᠮᠡᠨ ᠱᠠᠨᠦᠢ ᠬᠠᠶᠢᠷᠠᠲᠠᠢ ᠶᠠᠨᠴᠠᠵᠢᠭ ᠤᠨ ᠢᠶᠠᠨ ᠬᠦᠦ ᠶᠢ ᠱᠠᠨᠦᠢ ᠪᠣᠯᠭᠠᠬᠤ ᠵᠣᠷᠢᠯᠭ᠎ᠠ ᠪᠠᠨ ᠬᠡᠷᠡᠭᠵᠢᠭᠦᠯᠬᠦ ᠶᠢᠨ ᠲᠤᠯᠠᠳᠠ ᠥᠪᠡᠷ ᠦᠨ ᠬᠦᠦ ᠮᠣᠳᠣᠨ ᠢ ᠶᠠᠴᠵᠢ ᠨᠠᠷ ᠲᠤ ᠪᠠᠷᠢᠴᠠᠭᠠᠨ ᠳᠤ ᠥᠭᠴᠡᠢ᠃ ᠮᠣᠳᠣᠨ ᠤ ᠡᠬᠡ ᠨᠢ ᠲᠡᠭᠦᠨ ᠢ ᠲᠥᠷᠥᠭᠦᠯᠬᠦ ᠳᠦ ᠪᠡᠨ ᠨᠠᠰᠤ ᠪᠠᠷᠠᠭᠰᠠᠨ ᠲᠤᠯᠠ ᠲᠦᠮᠡᠨ ᠥᠪᠡᠷ ᠶᠠᠨᠴᠵᠢ ᠠᠪᠤᠭᠰᠠᠨ ᠪᠠᠶᠢᠴᠠᠢ᠃ ᠲᠡᠷᠡ ᠶᠠᠨᠴᠴᠢ ᠳᠤ ᠪᠠᠨ ᠲᠦᠮᠡᠨ ᠱᠠᠨᠦᠢ ᠶᠡᠬᠡ ᠬᠠᠶᠢᠷᠠᠲᠠᠢ ᠪᠠᠶᠢᠴᠠᠢ᠃ ᠲᠡᠷᠡ ᠶᠠᠨᠴᠵᠢ ᠤᠳᠠᠯ ᠦᠭᠡᠢ ᠲᠥᠷᠥᠬᠦ ᠪᠣᠯᠬᠤ ᠳᠤ ᠪᠠᠨ ᠥᠪᠡᠷ ᠡᠴᠡ ᠨᠢ ᠬᠦᠦ ᠲᠦᠷᠡᠪᠡᠯ ᠵᠠᠪᠠᠯ ᠱᠠᠨᠦᠢ ᠪᠣᠯᠭᠠᠬᠤ ᠠᠮᠠᠯᠠᠯᠲᠠ ᠲᠦᠮᠡᠩᠭᠡ ᠡᠴᠡ ᠠᠪᠴᠠᠢ᠃ ᠤᠤᠯ ᠨᠢ ᠮᠣᠳᠣᠨ ᠲᠡᠭᠦᠨ ᠦ ᠤᠤᠭᠠᠨ ᠬᠦᠦ ᠲᠤᠯᠠ ᠾᠦᠩᠨᠦ ᠶᠢᠨ ᠵᠠᠩᠰᠢᠯ ᠢᠶᠠᠷ ᠮᠣᠳᠣᠨ ᠲᠦᠮᠡᠩᠭᠡ ᠶᠢᠨ ᠣᠷᠣ ᠶᠢ ᠵᠠᠯᠭᠠᠮᠵᠢᠯᠠᠬᠤ ᠶᠣᠰᠣᠲᠠᠢ ᠪᠠᠶᠢᠯ᠎ᠠ᠃ ᠭᠡᠪᠡᠴᠦ ᠲᠦᠮᠡᠨ ᠱᠠᠨᠦᠢ ᠠᠮᠠᠯᠠᠯᠲᠠ ᠪᠠᠨ ᠪᠡᠶᠡᠯᠡᠭᠦᠯᠬᠦ ᠶᠢᠨ ᠲᠤᠯᠠᠳᠠ ᠮᠣᠳᠣᠨ ᠢ ᠶᠠᠴᠵᠢ ᠨᠠᠷᠠᠲᠤ ᠣᠴᠢᠩᠭᠤᠲᠠ ᠶᠠᠴᠵᠢ ᠨᠠᠷ ᠷᠤ ᠳᠣᠪᠲᠣᠯᠵᠠᠢ᠃ ᠶᠠᠴᠵᠢ ᠨᠠᠷ ᠮᠣᠳᠣᠨ ᠢ ᠠᠯᠠᠬᠤ ᠶᠢ ᠣᠷᠣᠯᠳᠤᠬᠤ ᠳᠤ ᠮᠣᠳᠣᠨ ᠶᠠᠴᠵᠢ ᠨᠠᠷ ᠤᠨ ᠰᠠᠶᠢᠨ ᠮᠣᠷᠢ ᠶᠢ ᠤᠨᠤᠨ ᠣᠷᠭᠣᠵᠤ ᠢᠷᠡᠪᠡ᠃ ᠲᠦᠮᠡᠨ ᠲᠡᠭᠦᠨ ᠦ ᠡᠷᠡᠯᠬᠡᠭ ᠵᠣᠷᠢᠭ ᠢ ᠦᠨᠡᠯᠡᠵᠦ᠂ ᠲᠦᠮᠡᠲᠦ ᠶᠢᠨ ᠳᠠᠷᠤᠭ᠎ᠠ ᠪᠣᠯᠭᠠᠭᠰᠠᠨ ᠳᠤ ᠮᠣᠳᠣᠨ ᠴᠡᠷᠢᠭ ᠢᠶᠡᠨ ᠰᠤᠷᠭᠠᠭᠤᠯᠢᠯᠠᠵᠤ ᠪᠠᠶᠢᠭᠠᠳ ᠲᠦᠮᠡᠨ ᠱᠠᠨᠦᠢ ᠶᠢ ᠠᠨ ᠠᠪᠠ ᠳᠤ ᠳᠠᠭᠠᠵᠤ ᠶᠠᠪᠤᠬᠤ ᠳᠤ ᠪᠠᠨ ᠠᠯᠠᠵᠠᠢ᠃de:Teoman tr:Teoman

ᠪᠢᠴᠢᠭᠡᠰᠦ