ᠲᠦᠪᠰᠢᠷᠡᠭᠦᠯᠬᠦ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Arhangai.gif ᠠᠷᠤᠬᠠᠩᠭᠠᠢ ᠠᠶᠢᠮᠠᠭ ᠤᠨ
ᠲᠥᠪᠰᠢᠷᠡᠭᠦᠯᠬᠦ ᠰᠤᠮᠤ
ᠰᠤᠮᠤ ᠶᠢᠨ ᠲᠥᠪ
1,200 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
3,438 ᠬᠦᠮᠦᠨ ᠣᠷᠣᠰᠢᠨ ᠰᠠᠭᠤᠳᠠᠭ
_______ ᠲᠣᠯᠣᠭᠠᠢ ᠮᠠᠯ ᠲᠠᠢ
ᠳᠣᠲᠣᠷ᠎ᠠ ᠪᠠᠨ ᠬᠥᠬᠡ ᠰᠦᠮ᠎ᠡ᠂ ᠪᠠᠶᠠᠨ-ᠥᠨᠳᠥᠷ᠂ ᠦᠷᠠᠨᠲ᠋ᠣᠯᠣᠭᠠᠢ᠂ ᠥᠨᠳᠥᠷ ᠲᠦ ᠭᠡᠬᠦ ᠳᠥᠷᠪᠡᠨ ᠪᠠᠭ ᠲᠠᠢ
ᠡᠭᠦᠰᠬᠡᠨ ᠪᠠᠶᠢᠭᠤᠯᠤᠭᠳᠠᠭᠰᠠᠨ ____ ᠣᠨ ᠳᠤ
ᠡᠷᠭᠢᠨ ᠲᠣᠭᠣᠷᠢᠨ ᠳᠤ ᠪᠠᠨ ᠴᠡᠩᠬᠡᠷᠪᠠᠲᠤᠴᠡᠩᠭᠡᠯᠥ ᠤᠨᠠᠭᠤᠷᠬᠣᠲᠠᠨ ᠳᠤ ᠭᠡᠳᠡᠭ ᠳᠥᠷᠪᠡᠨ ᠰᠤᠮᠤ ᠲᠠᠢ ᠬᠠᠶᠠᠭ᠎ᠠ ᠵᠠᠯᠭᠠᠨ᠎ᠠ᠃

ᠲᠥᠪᠰᠢᠷᠡᠭᠦᠯᠬᠦ ᠰᠤᠮᠤ "ᠲᠥᠪᠰᠢᠨ ᠪᠢᠯᠢᠭ ᠲᠡᠢ ᠲᠥᠪᠰᠢᠷᠡᠭᠦᠯᠬᠦ"

ᠮᠣᠩᠭᠣᠯ ᠣᠷᠣᠨ ᠤ ᠲᠥᠪ ᠬᠡᠰᠡᠭ ᠲᠦ ᠥᠷᠭᠡᠨ ᠠᠭᠤᠳᠠᠮ ᠨᠤᠲᠤᠭ ᠢ ᠡᠵᠡᠯᠡᠵᠦ ᠪᠠᠶᠢᠭᠰᠠᠨ ᠵᠠᠶ᠎ᠠ ᠶᠢᠨ ᠰᠢᠪ ᠦᠨ ᠡᠮᠦᠨᠡᠲᠦ ᠬᠢᠵᠠᠭᠠᠷ ᠨᠢ ᠣᠳᠣ ᠶᠢᠨ ᠲᠥᠪᠰᠢᠷᠡᠭᠦᠯᠬᠦ ᠰᠤᠮᠤ ᠶᠢᠨ ᠨᠤᠲᠤᠭ ᠪᠠᠶᠢᠭᠰᠠᠨ ᠪᠥᠭᠡᠳ ᠰᠤᠮᠤ ᠶᠢᠨ ᠠᠷᠠᠳ ᠤᠨ ᠢᠷᠭᠡᠳ ᠦᠨ ᠳᠡᠶᠢᠯᠦᠩᠬᠢ ᠨᠢ ᠵᠠᠶ᠎ᠠ ᠶᠢᠨ ᠱᠠᠪᠢ ᠶᠢᠨ ᠬᠢᠨ ᠪᠠᠶᠢᠴᠠᠢ᠃ ᠲᠥᠪᠰᠢᠷᠡᠭᠦᠯᠬᠦ ᠰᠤᠮᠤ ᠶᠢ ᠠᠩᠬ᠎ᠠ ᠪᠠᠶᠢᠭᠤᠯᠬᠤ ᠳᠤ ᠪᠠᠨ ᠵᠠᠶ᠎ᠠ ᠶᠢᠨ ᠱᠠᠪᠢ ᠶᠢᠨ ᠬᠢᠨ ᠠᠴᠠ ᠭᠠᠳᠠᠨ᠎ᠠ ᠬᠢᠯᠢ ᠵᠠᠯᠭᠠᠭ᠎ᠠ ᠵᠠᠷᠢᠮ ᠬᠣᠱᠤᠳ ᠤᠨ ᠨᠤᠲᠤᠭ ᠳᠡᠪᠢᠰᠬᠡᠷ᠂ ᠠᠷᠠᠳ ᠢᠷᠭᠡᠳ ᠦᠨ ᠲᠤᠰ ᠰᠤᠮᠤ ᠶᠢᠨ ᠪᠦᠷᠢᠯᠳᠦᠬᠦᠨ ᠳᠦ ᠣᠷᠣᠭᠤᠯᠤᠭᠰᠠᠨ ᠤᠴᠢᠷ ᠠᠭᠤᠭᠤᠯ ᠢᠷᠭᠡᠳ ᠭᠡᠪᠡᠯ ᠤᠷᠢᠳᠤ ᠲᠠᠯ᠎ᠠ ᠪᠠᠷ ᠢᠶᠠᠨ ᠢᠯᠳᠦᠨ ᠪᠡᠭᠡᠯᠡᠢ ᠶᠢᠨ ᠬᠣᠰᠢᠭᠤ᠂ ᠵᠣᠷᠢᠭᠲᠤ ᠵᠠᠰᠠᠭ ᠤᠨ ᠬᠣᠰᠢᠭᠤ᠂ ᠪᠠᠷᠠᠭᠤᠨ ᠤᠷᠳᠤ ᠪᠠ ᠪᠠᠷᠠᠭᠤᠨ ᠲᠠᠯ᠎ᠠ ᠪᠠᠷ ᠢᠶᠠᠨ ᠠᠴᠢᠲᠤ ᠭᠦᠨ ᠦ ᠬᠣᠰᠢᠭᠤ᠂ ᠵᠡᠭᠦᠨ ᠬᠣᠶᠢᠲᠤ ᠲᠠᠯ᠎ᠠ ᠪᠠᠷ ᠨᠢ ᠯᠤᠤ ᠭᠦᠨ ᠦ ᠬᠣᠰᠢᠭᠤ ᠴᠥᠭᠡᠨ ᠲᠣᠭᠠᠨ ᠤ ᠠᠶᠢᠯ ᠪᠠᠶᠢᠭᠰᠠᠨ ᠪᠣᠯᠤᠯᠲᠠᠢ᠃ ᠵᠡᠭᠦᠨ ᠪᠠ ᠵᠡᠭᠦᠨ ᠤᠷᠢᠳᠤ ᠲᠠᠯ᠎ᠠ ᠪᠠᠷ ᠢᠶᠠᠨ ᠰᠦᠵᠢᠭ ᠲᠦ ᠪᠡᠰ ᠦᠨ ᠬᠣᠰᠢᠭᠤᠨ ᠠᠴᠠ ᠲᠤᠰ ᠰᠤᠮᠤᠨ ᠳᠤ ᠨᠡᠶᠢᠯᠡᠭᠰᠡᠨ ᠠᠶᠢᠯ ᠡᠷᠦᠬᠡ ᠡᠴᠡ ᠬᠠᠷᠢᠶᠠᠲᠤ ᠢᠷᠭᠡᠳ ᠨᠢ ᠪᠥᠷᠢᠳᠴᠦ ᠪᠠᠶᠢᠴᠠᠢ᠃ ᠰᠤᠮᠤ ᠶᠢᠨ ᠢᠷᠭᠡᠳ ᠦᠨ ᠭᠣᠣᠯ ᠴᠥᠮ᠎ᠡ ᠨᠢ ᠶᠠᠬᠤ ᠠᠷᠭ᠎ᠠ ᠦᠭᠡᠢ ᠱᠠᠪᠢ ᠶᠢᠨ ᠬᠢᠨ ᠪᠠᠶᠢᠭᠰᠠᠨ ᠪᠣᠯᠤᠯᠲᠠᠢ᠃ 1923 ᠣᠨ ᠳᠤ ᠠᠷᠠᠳ ᠤᠨ ᠵᠠᠰᠠᠭ ᠤᠨ ᠲᠣᠭᠲᠠᠭᠠᠯ ᠢᠶᠠᠷ ᠨᠤᠲᠤᠭ ᠳᠡᠪᠢᠰᠬᠡᠷ ᠦᠨ ᠰᠢᠨᠡᠴᠢᠯᠡᠭᠰᠡᠨ ᠬᠤᠪᠢᠶᠠᠷᠢ ᠬᠢᠵᠦ᠂ ᠬᠣᠱᠤᠳ ᠤᠨ ᠬᠠᠭᠤᠴᠢᠨ ᠨᠡᠷ᠎ᠡ ᠶᠢ ᠬᠠᠯᠠᠵᠤ ᠴᠡᠴᠡᠷᠯᠢᠭ ᠮᠠᠨᠳᠤᠯ ᠠᠭᠤᠯᠠ ᠶᠢᠨ ᠠᠶᠢᠮᠠᠭ ᠪᠠᠶᠢᠭᠤᠯᠤᠭᠰᠠᠨ ᠰᠠᠶᠢᠨ ᠨᠣᠶᠠᠨ ᠬᠠᠨ ᠠᠶᠢᠮᠠᠭ ᠤᠨ ᠴᠢᠭᠤᠯᠭᠠᠨ ᠢ ᠣᠳᠣ ᠶᠢᠨ ᠴᠡᠩᠬᠡᠷ ᠰᠤᠮᠤ ᠶᠢᠨ ᠨᠤᠲᠤᠭ᠂ ᠲᠦᠷᠦᠭᠦᠬᠡᠨ ᠲᠡᠢ ᠪᠡᠨ ᠲᠥᠪᠰᠢᠷᠡᠭᠦᠯᠬᠦ ᠰᠤᠮᠤ ᠶᠢᠨ ᠰᠤᠮᠤ ᠶᠢᠨ ᠨᠤᠲᠤᠭ ᠪᠠᠶᠢᠭᠰᠠᠨ ᠴᠡᠴᠡᠷᠯᠢᠭ ᠦᠨ ᠭᠣᠣᠯ ᠤᠨ ᠪᠠᠷᠠᠭᠤᠨ ᠰᠠᠪᠠ ᠮᠠᠨᠳᠠᠯ ᠲᠣᠯᠣᠭᠠᠢ ᠶᠢᠨ ᠣᠷᠴᠢᠮ ᠳᠤ ᠬᠢᠳᠡᠭ ᠪᠣᠯᠤᠭᠰᠠᠨ ᠢᠶᠠᠷ ᠴᠡᠴᠡᠷᠯᠢᠭ ᠮᠠᠨᠳᠤᠯ ᠠᠶᠢᠮᠠᠭ ᠭᠡᠳᠡᠭ ᠨᠡᠷ᠎ᠡ ᠠᠩᠬ᠎ᠠ ᠡᠭᠦᠰᠦᠭᠰᠡᠨ ᠤᠴᠢᠷ ᠲᠠᠢ ᠶᠤᠮ᠃

ᠲᠥᠪᠰᠢᠷᠡᠭᠦᠯᠬᠦ ᠰᠤᠮᠤ ᠶᠢ 1938 ᠣᠨ ᠳᠤ ᠪᠠᠶᠢᠭᠤᠯᠤᠭᠳᠠᠭᠰᠠᠨ ᠭᠡᠵᠦ ᠯᠠᠪᠠᠯᠠᠬᠤ ᠮᠠᠲ᠋ᠧᠷᠢᠶᠠᠯ ᠳᠤ ᠳᠤᠷᠢᠳᠠᠭᠰᠠᠨ ᠪᠠᠶᠢᠳᠠᠭ᠃ ᠲᠥᠪᠰᠢᠷᠡᠭᠦᠯᠬᠦ ᠰᠤᠮᠤ ᠶᠢᠨ ᠦᠨᠳᠦᠰᠦᠨ ᠰᠠᠭᠤᠷᠢ ᠶᠢ ᠲᠠᠯᠪᠢᠭᠰᠠᠨ ᠬᠠᠳᠤᠯᠠᠩ ᠤᠨ ᠮᠣᠷᠢᠨ ᠰᠲ᠋ᠠᠨᠼ ᠭᠡᠳᠡᠭ ᠨᠢ 20 ᠭᠠᠷᠤᠢ ᠮᠣᠷᠢᠨ ᠬᠠᠳᠤᠭᠤᠷ᠂ ᠮᠥᠨ ᠲᠡᠷᠡ ᠬᠡᠮᠵᠢᠶᠡᠨ ᠦ ᠲᠠᠷᠮᠠᠭᠤᠷ᠂ ᠪᠠᠰᠠ ᠡᠪᠡᠰᠦ ᠪᠣᠭᠣᠭᠴᠢ ᠲᠠᠢ ᠢᠷᠡᠵᠦ ᠠᠷᠤ ᠬᠦᠢᠲᠡᠨ ᠦ ᠬᠦᠢᠲᠡᠨ ᠨᠠᠭᠤᠷ ᠤᠨ ᠴᠢᠩᠬ᠎ᠠ ᠬᠣᠶᠢᠨ᠎ᠠ ᠳᠠᠭᠢᠨᠢ ᠶᠢᠨ ᠲᠣᠯᠣᠭᠠᠢ ᠶᠢᠨ ᠠᠷᠤ ᠳᠤ ᠤᠷᠤᠰᠢᠬᠤ 《ᠬᠣᠩᠬᠣ ᠲᠠᠯ᠎ᠠ》 ᠭᠡᠳᠡᠭ ᠭᠠᠵᠠᠷ 10 ᠭᠠᠷᠤᠢ ᠭᠡᠷ᠂ ᠮᠠᠶᠢᠬᠠᠨ ᠪᠠᠷᠢᠵᠤ ᠰᠠᠭᠤᠷᠢᠰᠢᠵᠤ ᠪᠠᠭᠤᠳᠠᠯᠯᠠᠭᠰᠠᠨ ᠪᠢᠯᠡ᠃ ᠡᠨᠡ ᠨᠢ ᠣᠷᠣᠰ ᠤᠯᠤᠰ ᠠᠴᠠ ᠮᠠᠷᠱᠠᠯ ᠴᠣᠶᠢᠪᠠᠯᠰᠠᠩ ᠳᠤ ᠪᠡᠯᠡᠭᠯᠡᠭᠰᠡᠨ 10 ᠮᠣᠷᠢᠨ ᠰᠲ᠋ᠠᠨᠼ ᠤᠨ ᠨᠢᠭᠡ ᠨᠢ ᠪᠠᠶᠢᠯ᠎ᠠ᠃ ᠨᠢᠭᠡ ᠰᠠᠷ᠎ᠠ ᠬᠢᠷᠢ ᠲᠡᠢ ᠪᠣᠯᠤᠭᠠᠳ ᠲᠡᠨᠳᠡ ᠡᠴᠡ ᠪᠡᠨ ᠨᠡᠭᠦᠵᠦ ᠬᠥᠬᠡ ᠰᠦᠮ᠎ᠡ ᠶᠢᠨ 《ᠤᠯᠠᠭᠠᠨ ᠴᠢᠯᠠᠭᠤ》 ᠪᠤᠶᠤ 《ᠡᠷᠳᠡᠨᠢ ᠲᠣᠯᠣᠭᠠᠢ》 ᠍ ᠦᠨ ᠬᠠᠪᠢ ᠳᠤ ᠰᠠᠤᠷᠰᠢᠬᠤ ᠪᠣᠯᠵᠠᠢ᠃ ᠡᠭᠦᠨ ᠡᠴᠡ ᠬᠣᠶᠢᠰᠢ 2 ᠵᠢᠯ ᠦᠨ ᠳᠠᠷᠠᠭ᠎ᠠ ᠮᠣᠷᠢᠨ ᠰᠲ᠋ᠠᠨᠼ ᠳᠠᠬᠢᠭᠠᠳ ᠬᠥᠬᠡ ᠰᠦᠮ᠎ᠡ ᠡᠴᠡ ᠨᠡᠭᠦᠵᠦ ᠣᠳᠣ ᠶᠢᠨ ᠲᠥᠪᠰᠢᠷᠡᠭᠦᠯᠬᠦ ᠰᠤᠮᠤ ᠶᠢᠨ ᠲᠥᠪ ᠪᠠᠶᠢᠭ᠎ᠠ 《ᠬᠣᠩᠬᠣᠷ ᠨᠠᠭᠤᠷ》 ᠍ ᠤᠨ ᠬᠣᠶᠢᠲᠤ ᠳᠡᠨᠵᠢ ᠳᠡᠭᠡᠷ᠎ᠡ ᠡᠮᠦᠨ᠎ᠡ ᠨᠢ 《ᠵᠢᠷᠠ ᠶᠢᠨ ᠪᠠᠶᠢᠰᠢᠩ》 ᠨᠢᠠᠰᠬ᠎ᠠ ᠲᠦᠷᠦᠭᠦᠨ ᠦ ᠭᠣᠷᠭᠢᠨ ᠤ ᠪᠠᠷᠠᠭᠤᠨ ᠲᠠᠯ᠎ᠠ ᠳᠤ 《ᠣᠩᠭᠣᠴᠠᠲᠤ ᠶᠢᠨ ᠠᠮᠠ》 ᠍ ᠤᠨ ᠲᠤᠰᠢᠶ᠎ᠠ ᠪᠠᠶᠢᠭᠰᠠᠨ᠃ ᠲᠥᠪᠰᠢᠷᠡᠭᠦᠯᠬᠦ ᠰᠤᠮᠤ ᠶᠢᠨ ᠡᠷᠭᠢᠨ ᠲᠣᠭᠣᠷᠢᠨ ᠳᠤ ᠨᠢ ᠪᠣᠯᠣᠷ ᠰᠢᠭ ᠲᠤᠩᠭᠠᠯᠠᠭ ᠤᠰᠤ ᠲᠠᠢ᠂ ᠮᠥᠩᠬᠡ ᠬᠠᠷᠵᠠᠯᠠᠨ ᠤᠷᠤᠰᠳᠠᠭ ᠲᠠᠪᠤᠨ ᠪᠤᠯᠠᠭ ᠪᠠᠶᠢᠯ᠎ᠠ᠃ ᠲᠡᠷᠡ ᠨᠢ ᠰᠥᠷᠢᠲᠦ ᠶᠢᠨ᠂ ᠥᠷᠢᠲᠡᠨᠲᠦ ᠶᠢᠨ᠂ ᠭᠢᠯᠤᠭᠠᠨ ᠲᠦᠷᠦᠭᠦᠨ ᠦ᠂ ᠠᠰᠬ᠎ᠠ ᠲᠦᠷᠦᠭᠦᠨ ᠦ᠂ ᠪᠣᠷᠣ ᠱᠠᠳᠤᠨ ᠤ ᠪᠤᠯᠠᠭ ᠨᠡᠷ᠎ᠡ ᠲᠡᠢ ᠶᠤᠮ᠃ ᠲᠡᠭᠦᠨ ᠡᠴᠡ ᠭᠠᠳᠠᠨ᠎ᠠ ᠬᠠᠮᠠᠷ ᠳᠠᠪᠠᠭᠠᠨ ᠤ ᠪᠤᠯᠠᠭ᠂ ᠪᠢᠴᠢᠬᠠᠨ ᠪᠤᠯᠠᠭ ᠭᠡᠳ ᠪᠠᠰᠠ ᠬᠦᠮᠦᠨ ᠮᠠᠯ ᠤᠨ ᠤᠮᠳᠠᠭ᠎ᠠ ᠪᠣᠯᠤᠭᠰᠠᠨ ᠪᠤᠯᠠᠭ ᠱᠠᠩᠳᠠ ᠡᠯᠪᠡᠭ ᠪᠠᠶᠢᠪᠠ᠃ 《ᠬᠣᠩᠬᠣᠷ ᠨᠠᠭᠤᠷ》 ᠨᠡᠷ᠎ᠡ ᠲᠡᠢ ᠤᠰᠤᠨ ᠤ ᠰᠢᠪᠠᠭᠤᠳ ᠤᠨ ᠭᠠᠩᠭᠠᠨᠠᠭᠠᠨ ᠲᠠᠰᠤᠷᠠᠳᠠᠭ ᠦᠭᠡᠢ ᠳᠦᠭᠦᠷᠡᠩ ᠤᠰᠤ ᠲᠠᠢ ᠭᠦᠨ ᠴᠡᠩᠬᠡᠷ ᠨᠠᠭᠤᠷ ᠪᠠᠶᠢᠳᠠᠭ᠃ ᠶᠡᠷᠦ ᠨᠢ ᠡᠨᠡ ᠰᠤᠮᠤ ᠶᠢᠨ ᠪᠠᠶᠢᠭᠠᠯᠢ᠂ ᠭᠠᠵᠠᠷ ᠵᠦᠢ ᠶᠢᠨ ᠪᠠᠶᠢᠷᠢᠯᠠᠯ ᠲᠤᠩ ᠵᠣᠬᠢᠰᠲᠠᠢ᠃ ᠠᠭᠤᠯᠠ ᠤᠰᠤ ᠨᠢ ᠲᠡᠭᠰᠢᠷᠡᠭᠰᠡᠨ᠂ ᠤᠷᠭᠤᠮᠠᠯ ᠴᠡᠴᠡᠭ ᠨᠢ ᠵᠢᠭᠳᠡᠷᠡᠭᠰᠡᠨ ᠰᠠᠶᠢᠬᠠᠨ ᠨᠤᠲᠤᠭ ᠶᠤᠮ᠃ ᠰᠤᠮᠤ ᠶᠢᠨ ᠨᠤᠲᠤᠭ ᠳᠡᠪᠢᠰᠬᠡᠷ ᠲᠦ ᠬᠥᠪᠴᠢ ᠬᠠᠩᠭᠠᠢ᠂ ᠲᠠᠯ᠎ᠠ ᠬᠡᠭᠡᠷ᠎ᠡ ᠶᠢᠨ ᠨᠤᠲᠤᠭ ᠠᠯᠢ ᠠᠯᠢ ᠨᠢ ᠪᠤᠢ᠃ ᠪᠡᠯᠴᠢᠭᠡᠷ ᠦᠨ ᠮᠠᠯ ᠠᠵᠤ ᠠᠬᠤᠢ᠂ ᠬᠠᠳᠤᠯᠠᠩ ᠲᠠᠷᠢᠶᠠᠯᠠᠩ ᠡᠷᠬᠢᠯᠡᠨ ᠬᠥᠭᠵᠢᠭᠦᠯᠬᠦ ᠨᠥᠬᠥᠴᠡᠯ ᠪᠣᠯᠤᠮᠵᠢ ᠰᠠᠶᠢᠲᠠᠢ᠂ ᠲᠠᠷᠢᠶᠠᠯᠠᠩ ᠤᠨ ᠭᠣᠣᠯ ᠲᠠᠯᠠᠪᠠᠢ ᠨᠢ ᠬᠠᠭᠠᠯᠭ᠎ᠠ᠂ ᠬᠠᠩᠭᠠᠢ᠂ ᠲᠣᠭᠯᠠᠬᠤ ᠭᠡᠳ ᠭᠣᠣᠯᠴᠢᠯᠠᠨ ᠵᠡᠭᠦᠨ ᠲᠠᠯ᠎ᠠ ᠪᠠᠷ ᠢᠶᠠᠨ ᠪᠠᠶᠢᠳᠠᠭ᠃ ᠬᠠᠳᠤᠯᠠᠩ ᠠᠪᠬᠤ ᠭᠣᠣᠯ ᠨᠤᠲᠤᠭ ᠨᠢ ᠬᠥᠬᠡ ᠰᠦᠮ᠎ᠡ᠂ ᠠᠷᠤ ᠬᠦᠢᠲᠡᠨ ᠤᠷᠳᠤ ᠪᠠ ᠪᠠᠷᠠᠭᠤᠨ ᠲᠠᠯ᠎ᠠ ᠳᠤ ᠪᠠᠨ ᠪᠠᠶᠢᠳᠠᠭ᠃ ᠮᠠᠯ ᠰᠦᠷᠦᠭ ᠥᠰᠬᠡᠨ ᠦᠷᠡᠵᠢᠭᠦᠯᠬᠦ ᠨᠠᠷᠢᠨ ᠡᠪᠡᠰᠦ ᠤᠷᠭᠤᠮᠠᠯ᠂ ᠤᠰᠤ ᠬᠤᠵᠢᠷ ᠡᠯᠪᠡᠭ ᠲᠡᠢ ᠲᠠᠯ᠎ᠠ ᠬᠥᠨᠳᠡᠢ ᠨᠢ ᠪᠠᠷᠠᠭᠤᠨ ᠪᠠ ᠬᠣᠶᠢᠳᠤ ᠲᠠᠯ᠎ᠠ ᠳᠤ ᠪᠠᠨ ᠪᠠᠶᠢᠷᠢᠯᠠᠨ᠎ᠠ᠃

ᠡᠮᠦᠨ᠎ᠡ ᠲᠠᠯ᠎ᠠ ᠳᠤ ᠨᠢ ᠬᠥᠪᠴᠢ ᠶᠡᠬᠡ ᠮᠣᠳᠣ ᠲᠠᠢ ᠭᠤᠷᠪᠠᠨ ᠬᠡᠴᠡ ᠬᠠᠶᠢᠷᠬᠠᠨ ᠨᠢᠳᠦ ᠪᠤᠯᠢᠶᠠᠮ᠎ᠠ ᠰᠦᠨᠳᠡᠷᠯᠡᠭᠡᠳ ᠲᠡᠯᠡᠢ ᠶᠢᠨ ᠬᠠᠶᠢᠷᠬᠠᠨ ᠪᠤᠶᠤ 《ᠪᠡᠷᠬᠡ ᠲᠡᠮᠦᠷ》, 《ᠡᠷᠬᠡ ᠲᠡᠮᠦᠷ》 ᠭᠡᠵᠦ ᠬᠣᠶᠠᠷ ᠬᠠᠶᠢᠷᠬᠠᠨ᠂ ᠶᠡᠬᠡ ᠠᠷᠤ ᠶᠢᠨ ᠳᠤᠩᠨᠠᠯ ᠬᠠᠶᠢᠷᠬᠠᠨ ᠭᠡᠳ ᠲᠠᠶᠢᠭ᠎ᠠ ᠶᠢᠨ ᠴᠡᠩᠬᠡᠷ ᠠᠤᠯᠠᠯᠠᠰ ᠦᠷᠭᠦᠯᠵᠢᠯᠡᠨ᠎ᠡ᠃ ᠲᠥᠪᠰᠢᠷᠡᠭᠦᠯᠬᠦ ᠰᠤᠮᠤ ᠶᠢᠨ ᠨᠤᠲᠤᠭ ᠳᠡᠪᠢᠰᠬᠡᠷ ᠦᠨ ᠡᠮᠦᠨᠡᠲᠦ ᠬᠡᠰᠡᠭ ᠢ ᠨᠢ ᠬᠠᠩᠭᠠᠢ ᠶᠢᠨ ᠨᠢᠷᠤᠭᠤᠨ ᠤ ᠰᠠᠯᠪᠤᠷᠢ ᠠᠤᠯᠠᠯᠠᠰ 1900 ᠮ᠂ ᠪᠤᠰᠤᠳ ᠬᠡᠰᠡᠭ ᠢ ᠭᠦᠪ ᠢᠶᠡᠨ ᠲᠣᠯᠣᠭᠠᠳ᠂ ᠭᠣᠣᠯ ᠤᠳ ᠤᠨ ᠬᠥᠨᠳᠡᠢ ᠲᠡᠭᠰᠢ ᠲᠠᠯ᠎ᠠ ᠡᠵᠡᠯᠡᠨ᠎ᠡ᠃ ᠪᠠᠶᠢᠭᠠᠯᠢ ᠶᠢᠨ ᠪᠠᠶᠠᠯᠢᠭ ᠠᠰᠢᠭᠲᠤ ᠮᠠᠯᠲᠠᠮᠠᠯ ᠤᠨ ᠬᠤᠪᠢ ᠳᠤ ᠭᠢᠨᠲᠠ ᠪᠣᠯᠣᠳ᠂ ᠲᠡᠮᠦᠷ ᠦᠨ ᠬᠥᠳᠡᠷ᠂ ᠪᠠᠷᠢᠯᠭ᠎ᠠ ᠶᠢᠨ ᠮᠠᠲ᠋ᠧᠷᠢᠶᠠᠯ ᠤᠨ ᠲᠦᠭᠦᠬᠡᠢ ᠡᠳ᠋ ᠡᠯᠪᠡᠭ ᠲᠡᠢ᠂ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠂ ᠨᠢᠭᠡᠳᠦᠭᠡᠷ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -200 ᠰ -210 ᠰ᠂ 7 ᠳ᠋ᠤᠭᠠᠷ ᠰᠠᠷ᠎ᠠ ᠶᠢᠨ ᠳᠤᠮᠳᠠᠴᠢ ᠨᠢ +160 ᠰ – +170 ᠰ᠂ ᠵᠢᠯ ᠳᠤ ᠳᠤᠮᠳᠠᠴᠢ ᠪᠠᠷ 250-350 ᠮᠢᠯᠯᠢᠮᠧᠲ᠋ᠷ ᠳᠤᠮᠳᠠᠰ ᠤᠨᠠᠳᠠᠭ᠃ ᠨᠤᠲᠤᠭ ᠤᠨ ᠬᠥᠷᠥᠰᠥ ᠨᠢ ᠤᠤᠯ ᠤᠨ᠂ ᠲᠠᠶᠢᠭ᠎ᠠ ᠶᠢᠨ ᠴᠡᠪᠳᠡᠭ ᠬᠥᠷᠥᠰᠥ᠂ ᠠᠭᠤᠯᠠ ᠶᠢᠨ ᠰᠢᠷ᠎ᠠ ᠰᠢᠷᠤᠶᠢᠨ ᠬᠥᠷᠥᠰᠥ᠂ ᠤᠤᠯ ᠤᠨ ᠬᠦᠷᠡᠩ᠂ ᠬᠠᠷ᠎ᠠ ᠬᠦᠷᠢᠨ ᠬᠥᠷᠥᠰᠥ ᠭᠣᠣᠯᠯᠠᠨ᠎ᠠ᠃

ᠡᠨᠡ ᠨᠤᠲᠤᠭ ᠲᠤ ᠬᠠᠷ᠎ᠠ ᠮᠣᠳᠣ᠂ ᠬᠤᠰᠢ᠂ ᠬᠤᠰᠤ᠂ ᠪᠤᠷᠭᠠᠰᠤ᠂ ᠮᠣᠨᠣᠰᠣ᠂ ᠤᠯᠢᠶᠠᠰᠤ᠂ ᠬᠠᠶᠢᠯᠠᠰᠤ ᠵᠡᠷᠭᠡ ᠮᠣᠳᠣᠯᠢᠭ ᠤᠷᠭᠤᠮᠠᠯ᠂ ᠤᠯᠠᠯᠵᠢᠭᠠᠨ᠎ᠠ᠂ ᠦᠬᠡᠷ ᠦᠨ ᠨᠢᠳᠦ᠂ ᠲᠣᠰᠢᠯᠣᠢ᠂ ᠠᠨᠢᠰᠤ᠂ ᠮᠣᠶᠢᠯ᠂ ᠰᠠᠮᠤᠷ᠂ ᠠᠷᠴᠠ᠂ ᠳᠠᠯᠢ᠂ ᠪᠠᠮᠪᠠᠢ᠂ ᠨᠣᠬᠠᠢ ᠶᠢᠨ ᠬᠣᠰᠢᠭᠤ᠂ ᠲᠠᠷᠪᠠᠭᠠᠨ ᠰᠢᠭᠢᠷ᠎ᠠ ᠵᠡᠷᠭᠡ ᠲᠥᠷᠥᠯ ᠪᠦᠷᠢ ᠶᠢᠨ ᠵᠢᠮᠢᠰ᠂ ᠡᠪᠰᠦᠯᠢᠭ ᠤᠷᠭᠤᠮᠠᠯ ᠡᠯᠪᠡᠭ ᠤᠷᠭᠤᠳᠠᠭ᠃ ᠭᠣᠣᠯᠳᠠᠭᠤ ᠨᠠᠪᠴᠢᠰ ᠲᠤ ᠪᠠ ᠰᠢᠯᠮᠦᠦᠰᠦᠲᠦ ᠣᠢ ᠪᠤᠢ᠃ ᠬᠤᠷ᠎ᠠ᠂ ᠰᠣᠶᠢᠷ᠂ ᠢᠲᠠᠭᠤ᠂ ᠲᠠᠰ᠂ ᠪᠦᠷᠭᠦᠳ᠂ ᠲᠣᠩᠰᠢᠭᠤᠯ ᠠᠴᠠ ᠭᠠᠳᠠᠨ᠎ᠠ ᠬᠤᠨ᠂ ᠭᠠᠯᠠᠭᠤ᠂ ᠠᠩᠭᠢᠷ᠂ ᠨᠤᠭᠤᠰᠤ ᠵᠡᠷᠭᠡ ᠤᠰᠤᠨ ᠤ ᠰᠢᠪᠠᠭᠤᠳ ᠲᠠᠢ᠃ ᠪᠠᠰᠠ ᠪᠤᠭᠤ ᠰᠣᠭᠣ᠂ ᠭᠠᠬᠠᠢ᠂ᠬᠥᠳᠡᠷ᠂ ᠪᠣᠷᠣ ᠭᠥᠷ ᠡᠴᠡ᠂ ᠦᠨᠡᠭᠡ᠂ ᠴᠢᠨᠣ᠎ᠠ᠂ ᠬᠢᠷᠰᠠ᠂ ᠰᠢᠯᠦᠭᠦᠰᠦ᠂ ᠮᠠᠨᠤᠤᠯ᠂ ᠥᠮᠥᠬᠡᠢ ᠬᠦᠷᠡᠩ᠂ ᠨᠣᠬᠠᠢ ᠵᠢᠭᠡᠬᠡ᠂ ᠲᠠᠷᠪᠠᠭ᠎ᠠ ᠵᠤᠷᠠᠮ᠎ᠠ᠂ ᠲᠠᠤᠯᠠᠢ᠂ ᠴᠢᠨᠠᠳᠠᠭ᠎ᠠ ᠵᠡᠷᠭᠡ ᠠᠮᠢᠲᠠᠨ ᠢᠶᠠᠷ ᠡᠯᠪᠡᠭ ᠪᠠᠶᠠᠨ ᠪᠢᠯᠡ᠃ ᠪᠤᠶᠢᠯᠠᠨ᠂ ᠬᠠᠰᠢᠶ᠎ᠠ ᠳᠤ᠂ ᠴᠠᠴᠠ ᠵᠡᠷᠭᠡ ᠬᠤᠵᠢᠷ᠂ ᠰᠢᠭᠦᠷ ᠲᠡᠢ ᠨᠠᠭᠤᠷ ᠲᠣᠭᠣᠷᠢᠮ ᠤᠳ᠂ ᠪᠣᠷᠣ ᠪᠤᠷᠭᠠᠰᠤ᠂ ᠮᠣᠳᠣᠨ ᠬᠤᠳᠳᠤᠭ ᠵᠡᠷᠭᠡ ᠷᠠᠰᠢᠶᠠᠨ ᠤᠰᠤᠲᠠᠢ ᠶᠤᠮ᠃

ᠡᠳᠡᠭᠡᠷ ᠡᠴᠡ ᠲᠡᠦᠬᠡ ᠶᠢᠨ ᠤᠯᠠᠮᠵᠢᠯᠠᠯ ᠲᠠᠢ᠂ ᠲᠦᠮᠡᠨ ᠳᠦ ᠠᠯᠳᠠᠷᠲᠠᠢ ᠨᠢᠭᠡ ᠷᠠᠰᠢᠶᠠᠨ ᠭᠠᠪᠡᠯ ᠪᠣᠷᠣ ᠪᠤᠷᠭᠠᠰᠤᠲᠤ ᠶᠢᠨ ᠷᠠᠰᠢᠶᠠᠨ ᠶᠤᠮ᠃ 2002 ᠣᠨ ᠳᠤ ᠮᠠᠨ ᠤ ᠨᠤᠲᠤᠭ ᠤᠨ ᠨᠢᠭᠡᠨ ᠭᠡᠷ ᠪᠦᠯᠢ ᠪᠣᠯᠬᠤ ᠳᠡᠯᠢᠭᠴᠣᠶᠢᠮᠪᠣᠯ ᠤᠨ ᠦᠷ᠎ᠡ ᠰᠠᠳᠤ᠂ ᠲᠤᠬᠠᠶᠢᠯᠠᠪᠠᠯ ᠲᠡᠭᠦᠨ ᠦ ᠲᠣᠮᠣ ᠥᠬᠢᠨ ᠪᠢᠮᠪᠠᠵᠠᠪ ᠤᠨ ᠬᠦᠦ ᠪᠣᠷᠣᠯᠳᠠᠢ᠂ ᠳ᠃ᠳᠠᠮᠪᠠ᠂ ᠳ᠃ᠠᠮᠤᠷᠰᠠᠨᠠᠭ᠎ᠠ ᠪᠠᠨ ᠨᠠᠷ ᠲᠥᠰᠥᠯ ᠰᠢᠯᠭᠠᠷᠠᠭᠤᠯᠤᠯᠲᠠᠨ ᠳᠤ ᠲᠡᠷᠢᠭᠦᠨ ᠪᠠᠶᠢᠷᠢ ᠡᠵᠡᠯᠡᠨ ᠪᠣᠷᠣ ᠪᠤᠷᠭᠠᠰᠤᠲᠤ ᠶᠢᠨ ᠷᠠᠰᠢᠶᠠᠨ ᠢ ᠲᠣᠳᠣᠷᠬᠠᠢ ᠬᠤᠭᠤᠴᠠᠭᠠᠨ ᠳᠤ ᠠᠰᠢᠭᠯᠠᠨ ᠰᠠᠶᠢᠵᠢᠷᠭᠠᠭᠤᠯᠬᠤ᠂ ᠢᠷᠭᠡᠳ ᠲᠦ ᠰᠢᠭᠤᠷᠬᠠᠢ ᠦᠢᠯᠡᠴᠢᠯᠡᠬᠦ ᠵᠣᠷᠢᠯᠭ᠎ᠠ ᠪᠠᠷ ᠪᠣᠭᠣᠨᠢ ᠬᠤᠭᠤᠴᠠᠭᠠᠨ ᠳᠤ ᠡᠷᠴᠢᠮ ᠲᠡᠢ ᠠᠵᠢᠯᠯᠠᠭᠰᠠᠨ ᠤ ᠦᠷ᠎ᠡ ᠳ᠋ᠦᠩ ᠳᠦ ᠨᠤᠲᠤᠭ ᠤᠨ ᠠᠷᠠᠳ ᠢᠷᠭᠡᠳ ᠦᠨ ᠲᠠᠯᠠᠷᠬᠠᠯ ᠳᠡᠮᠵᠢᠯᠭᠡ ᠶᠢ ᠬᠦᠯᠢᠶᠡᠭᠡᠳ ᠪᠠᠶᠢᠭ᠎ᠠ ᠪᠢᠯᠡ᠃ ᠲᠥᠪᠰᠢᠷᠡᠭᠦᠯᠬᠦ ᠰᠤᠮᠤ ᠠᠩᠬ᠎ᠠ 1938 ᠣᠨ ᠳᠤ ᠪᠠᠶᠢᠭᠤᠯᠤᠭᠳᠠᠬᠤ ᠳᠤ ᠨᠢ ᠠᠩᠬᠠᠨ ᠤ ᠳᠠᠷᠤᠭ᠎ᠠ ᠪᠠᠷ ᠨᠢ ᠳᠡᠩᠰᠡᠨᠴᠣᠣᠳᠠᠯ ᠭᠡᠳᠡᠭ ᠬᠦᠮᠦᠨ ᠪᠠᠶᠢᠭᠰᠠᠨ ᠪᠠᠶᠢᠨ᠎ᠠ᠃ 1941 ᠣᠨ ᠳᠤ ᠲᠥᠪᠰᠢᠷᠡᠭᠦᠯᠬᠦ ᠰᠤᠮᠤ ᠶᠢ ᠲᠠᠲᠠᠨ ᠪᠠᠭᠤᠯᠭᠠᠵᠤ᠂ ᠠᠷᠠᠳ ᠤᠳ ᠨᠢ ᠠᠩᠬ᠎ᠠ ᠰᠤᠮᠤ ᠪᠠᠶᠢᠭᠤᠯᠤᠭᠳᠠᠬᠤ ᠶᠢᠨ ᠡᠮᠦᠨ᠎ᠡ ᠬᠠᠷᠢᠶᠠᠯᠠᠭᠳᠠᠵᠤ ᠪᠠᠶᠢᠭᠰᠠᠨ ᠰᠤᠮᠤᠳ ᠤᠳ ᠲᠠᠭᠠᠨ ᠪᠤᠴᠠᠨ ᠣᠴᠢᠵᠠᠢ᠃

ᠬᠠᠷᠢᠨ 1943 ᠣᠨ ᠳᠤ ᠲᠥᠪᠰᠢᠷᠡᠭᠦᠯᠬᠦ ᠰᠤᠮᠤ- ᠰᠠᠩ ᠤᠨ ᠠᠵᠤ ᠠᠬᠤᠢ ᠨᠡᠷ᠎ᠡ ᠲᠡᠢ ᠪᠡᠷ ᠳᠠᠬᠢᠨ ᠰᠢᠨᠡᠴᠢᠯᠡᠭᠳᠡᠨ ᠪᠠᠶᠢᠭᠤᠯᠤᠭᠳᠠᠭᠰᠠᠨ ᠪᠠᠶᠢᠨ᠎ᠠ᠃ ᠤᠯᠤᠰ ᠣᠷᠣᠨ ᠳᠠᠶᠠᠭᠠᠷ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠢ ᠡᠷᠴᠢᠮᠵᠢᠭᠦᠯᠵᠦ ᠭᠤᠯᠢᠷ᠂ ᠮᠠᠯ ᠤᠨ ᠲᠡᠵᠢᠭᠡᠯ ᠦᠨ ᠠᠰᠠᠭᠤᠳᠠᠯ ᠢ ᠳᠣᠲᠣᠭᠠᠳᠤ ᠳᠤ ᠪᠠᠨ ᠦᠢᠯᠡᠳᠪᠦᠷᠢᠯᠡᠬᠦ ᠵᠣᠷᠢᠯᠭ᠎ᠠ ᠪᠠᠷ ᠤᠯᠤᠰ ᠲᠥᠷᠥ ᠶᠢᠨ ᠲᠣᠪᠴᠢᠶᠠᠨ ᠤ 40 ᠳᠦᠭᠡᠷ ᠲᠣᠭᠲᠠᠭᠠᠯ ᠢᠶᠠᠷ ᠪᠠᠶᠢᠭᠤᠯᠤᠭᠰᠠᠨ ᠤᠤᠭᠠᠨ 5 ᠠᠵᠤ ᠠᠬᠤᠢ ᠶᠢᠨ ᠨᠢᠭᠡ ᠨᠢ ᠲᠥᠪᠰᠢᠷᠡᠭᠦᠯᠬᠦ ᠶᠢᠨ ᠰᠠᠩ ᠤᠨ ᠠᠵᠤ ᠠᠬᠤᠢ ᠪᠠᠶᠢᠯ᠎ᠠ᠃ ᠲᠥᠪᠰᠢᠷᠡᠭᠦᠯᠬᠦ ᠰᠤᠮᠤ ᠨᠢ ᠤᠯᠠᠭᠠᠨᠪᠠᠭᠠᠲᠤᠷ ᠬᠣᠲᠠ ᠠᠴᠠ 464 ᠺᠢᠯᠣᠮᠧᠲ᠋ᠷ᠂ ᠴᠡᠴᠡᠷᠯᠢᠭ ᠬᠣᠲᠠ ᠠᠴᠠ 45 ᠺᠢᠯᠣᠮᠧᠲ᠋ᠷ ᠵᠠᠢ ᠳᠤ᠂ ᠳᠠᠯᠠᠢ ᠶᠢᠨ ᠲᠦᠪᠰᠢᠨ ᠡᠴᠡ ᠳᠡᠭᠡᠭᠰᠢ 1900 ᠮ ᠡᠷᠭᠦᠭᠳᠡᠭᠰᠡᠨ᠂ ᠣᠶᠢᠲᠤ ᠬᠡᠭᠡᠷ᠎ᠡ ᠶᠢᠨ ᠪᠥᠰᠡ ᠶᠢᠨ ᠦᠵᠡᠰᠬᠦᠯᠡᠩᠲᠦ ᠨᠤᠲᠤᠭ ᠲᠤ ᠣᠷᠣᠰᠢᠨ᠎ᠠ᠃ ᠲᠥᠪ ᠨᠢ 《ᠲᠠᠪᠤᠨ ᠪᠤᠯᠠᠭ》 ᠨᠡᠷ᠎ᠡ ᠲᠡᠢ᠃ ᠥᠪᠡᠷ ᠦᠨ ᠠᠶᠢᠮᠠᠭ ᠤᠨ ᠬᠣᠲᠠᠨ ᠳᠤ᠂ ᠪᠠᠲᠤᠴᠡᠩᠭᠡᠯ᠂ ᠴᠡᠩᠬᠡᠷ᠂ ᠥ ᠤᠨᠠᠭᠤᠷ ᠰᠤᠮᠤ ᠲᠠᠢ ᠬᠢᠯᠢᠯᠡᠳᠡᠭ᠃ ᠨᠤᠲᠤᠭ ᠳᠡᠪᠢᠰᠬᠡᠷ ᠨᠢ 1,2 ᠮᠢᠩᠭᠠᠨ ᠠᠮᠠ km ᠪᠤᠶᠤ 122283 ᠭᠠ ᠭᠠᠵᠠᠷ ᠨᠤᠲᠤᠭ ᠲᠠᠢ᠂ ᠡᠭᠦᠨ ᠦ 14 ᠬᠤᠪᠢ ᠶᠢ ᠤᠰᠤ᠂ ᠣᠢ ᠡᠵᠡᠯᠡᠳᠡᠭ᠂ 3410 ᠬᠦᠮᠦᠨ ᠠᠮᠠ ᠲᠠᠢ᠂ 894 ᠡᠷᠦᠬᠡ ᠲᠡᠢ᠃ ᠲᠤᠰ ᠰᠠᠩ ᠤᠨ ᠠᠵᠤ ᠠᠬᠤᠢ ᠨᠢ ᠡᠳ᠋ ᠬᠥᠭᠵᠢᠵᠦ ᠪᠠᠶᠢᠬᠤ ᠳᠤ ᠪᠠᠨ ᠭᠠᠵᠠᠷ ᠲᠠᠷᠢᠶᠠᠯᠠᠩ ᠤᠨ 18 ᠮᠢᠩᠭᠠᠨ ᠭᠠᠡᠷᠭᠢᠯᠲᠡ ᠶᠢᠨ ᠲᠠᠯᠠᠪᠠᠢ᠂ 2,8 ᠮᠢᠩᠭᠠᠨ ᠭᠠ ᠬᠠᠳᠤᠯᠠᠩ ᠤᠨ᠂ ᠪᠡᠯᠴᠢᠭᠡᠷ ᠦᠨ 89,8 ᠭᠠ ᠲᠠᠯᠠᠪᠠᠢ ᠳᠤ ᠦᠢᠯᠡᠳᠪᠦᠷᠢᠯᠡᠯ ᠡᠷᠬᠢᠯᠡᠨ ᠦᠷ᠎ᠡ ᠲᠠᠷᠢᠶᠠᠨ ᠤ 2, ᠬᠠᠳᠤᠯᠠᠩ ᠪᠡᠯᠡᠳᠬᠡᠯ ᠦᠨ 1 ᠲᠠᠰᠤᠭ᠂ МАА ᠍ ᠦᠨ 3 ᠪᠠᠷᠢᠭᠠᠳᠠ ᠵᠣᠬᠢᠶᠠᠨ ᠪᠠᠶᠢᠭᠤᠯᠤᠭᠳᠠᠨ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠭᠰᠠᠨ᠃ ᠦᠨᠳᠦᠰᠦᠨ ᠦᠢᠯᠡᠳᠪᠦᠷᠢᠯᠡᠯ ᠨᠢ МАА, ᠭᠠᠵᠠᠷ ᠲᠠᠷᠢᠶᠠᠯᠠᠩ ᠬᠣᠣᠰᠯᠠᠨ ᠡᠷᠬᠢᠯᠡᠵᠦ ᠪᠠᠶᠢᠪᠠ᠃2008 ᠣᠨ ᠤ ᠮᠠᠯ ᠤᠨ ᠲᠣᠭᠠᠯᠠᠯᠭ᠎ᠠ ᠪᠠᠷ ᠨᠡᠶᠢᠲᠡ 108900 ᠲᠣᠯᠣᠭᠠᠢ ᠮᠠᠯ ᠲᠠᠢ᠂ ᠡᠭᠦᠨ ᠦ 9778 ᠠᠳᠤᠭᠤ᠂ 6186 ᠦᠬᠡᠷ᠂ 47973 ᠬᠣᠨᠢ᠂ 44963 ᠢᠮᠠᠭ᠎ᠠ ᠲᠠᠢ ᠪᠣᠯᠵᠠᠢ᠃ ᠭᠠᠵᠠᠷ ᠲᠠᠷᠢᠶᠠᠯᠠᠩ ᠤᠨ ᠦᠢᠯᠡᠳᠪᠦᠷᠢ ᠶᠠᠪᠤᠭᠤᠯᠬᠤ ᠶᠢᠨ ᠲᠤᠯᠠᠳᠠ ᠰᠤᠮᠤ ᠶᠢᠨ 120 ᠲᠷᠠᠺᠲ᠋ᠣᠷ ᠤᠨ ᠵᠠᠰᠠᠪᠤᠷᠢ ᠶᠢᠨ ᠭᠠᠵᠠᠷ᠂ 2 ᠲᠠᠰᠤᠭ ᠲᠤ 20 ᠲᠷᠠᠺᠲ᠋ᠣᠷ ᠤᠨ ᠵᠠᠰᠠᠪᠤᠷᠢ ᠶᠢᠨ ᠼᠧᠬᠡ᠂ ᠮᠧᠬᠠᠨᠢᠭᠵᠢᠭ᠌ᠰᠠᠨ ᠦᠲᠦᠷᠮ᠎ᠡ 2, ᠮᠥᠨ 1,1 ᠰᠠᠶ᠎ᠠ ᠺᠦᠸᠠᠳ᠋ ᠍ ᠲᠤ ᠡᠨᠧᠷᠭᠢ ᠭᠠᠷᠭᠠᠬᠤ ᠳᠧᠽᠢᠯ ᠰᠲ᠋ᠠᠨᠼ᠂ 3 ᠠᠭᠤᠷ ᠤᠨ ᠵᠤᠤᠬ᠎ᠠ᠂ ᠵᠢᠯ ᠳᠤ 500 ᠲᠣᠨ ᠪᠠᠭᠰᠤᠷᠤᠮᠠᠯ ᠲᠡᠵᠢᠭᠡᠯ ᠦᠢᠯᠡᠳᠪᠦᠷᠢᠯᠡᠬᠦ ᠬᠦᠴᠦᠨ ᠴᠢᠳᠠᠯ ᠲᠠᠢ ᠬᠣᠷᠭᠣᠯᠵᠢᠨ ᠲᠡᠵᠢᠭᠡᠯ ᠦᠨ ᠦᠢᠯᠡᠳᠪᠦᠷᠢ᠂ ᠮᠣᠳᠣᠨ ᠤ ᠦᠢᠯᠡᠳᠪᠦᠷᠢ᠂ ᠭᠡᠷ ᠠᠬᠤᠢ ᠶᠢᠨ ᠦᠢᠯᠡᠴᠢᠯᠡᠭᠡᠨ ᠦ ᠼᠧᠬᠡ ᠵᠡᠷᠭᠡ ᠨᠢᠭᠡᠴᠡ ᠲᠡᠢ ᠭᠢᠨᠵᠢᠨ ᠲᠷᠠᠺᠲ᠋ᠣᠷ 38, ᠳᠤᠭᠤᠢ ᠳᠤ ᠲᠷᠠᠺᠲ᠋ᠣᠷ 85, ᠺᠣᠮᠪᠠᠶᠢᠨ 40, ᠠᠦ᠋ᠲ᠋ᠣᠮᠠᠰᠢᠨ 39 ᠍ ᠲᠡᠢ ᠦᠢᠯᠡᠳᠪᠦᠷᠢ ᠦᠢᠯᠡᠴᠢᠯᠡᠭᠡ ᠡᠷᠬᠢᠯᠡᠵᠦ ᠪᠠᠶᠢᠪᠠ᠃

ᠲᠥᠪᠰᠢᠷᠡᠭᠦᠯᠬᠦ ᠰᠤᠮᠤ ᠨᠢ ᠪᠠᠶᠢᠭᠤᠯᠤᠭᠳᠠᠭᠰᠠᠨ ᠴᠠᠭ ᠠᠴᠠ ᠡᠬᠢᠯᠡᠨ ᠤᠯᠤᠰ ᠣᠷᠣᠨ ᠤ ᠪᠠᠨ ᠬᠥᠭᠵᠢᠯᠳᠦ ᠵᠢᠩᠲᠡᠢ ᠬᠤᠪᠢ ᠨᠡᠮᠡᠷᠢ ᠣᠷᠣᠭᠤᠯᠵᠤ᠂ ᠠᠮᠵᠢᠯᠲᠠ ᠪᠦᠲᠦᠭᠡᠯ ᠨᠢ ᠥᠰᠦᠨ ᠳᠡᠭᠡᠭᠰᠢᠯᠡᠵᠦ ᠤᠯᠤᠰ᠂ ᠠᠶᠢᠮᠠᠭ ᠤᠨ ᠬᠥᠳᠡᠯᠮᠦᠷᠢ ᠶᠢᠨ ᠰᠠᠶᠢᠴᠤᠳ ᠣᠯᠠᠨ ᠢᠶᠠᠷ ᠲᠥᠷᠦᠵᠢᠭᠡ᠃ 1990 ᠣᠨ ᠤ ᠠᠷᠠᠳᠴᠢᠯᠠᠯ᠂ ᠥᠮᠴᠢ ᠬᠤᠪᠢᠴᠢᠯᠠᠯ ᠤᠨ ᠳᠠᠪᠠᠯᠭᠠᠨ ᠳᠤ ᠤᠯᠤᠰ ᠤᠨ ᠰᠠᠩᠭᠡᠢ ᠠᠵᠤ ᠠᠬᠤᠢ ᠮᠠᠨᠢ ᠥᠷᠲᠥᠵᠦ ᠵᠠᠬ᠎ᠠ ᠵᠡᠭᠡᠯᠢ ᠳᠦ ᠰᠢᠯᠵᠢᠵᠦ ᠪᠤᠢ ᠥᠨᠥ ᠦᠶ᠎ᠡ ᠳᠦ ᠥᠮᠴᠢ ᠬᠤᠪᠢᠴᠢᠯᠠᠯ᠂ ᠠᠵᠤ ᠠᠬᠤᠢ ᠶᠢᠨ ᠨᠢᠭᠡᠴᠡ ᠶᠢᠨ ᠬᠠᠤᠯᠢ ᠶᠢᠨ ᠳᠠᠭᠠᠤ ᠲᠥᠪᠰᠢᠷᠡᠭᠦᠯᠬᠦ ᠰᠤᠮᠤ САА ᠨᠢ 《ᠬᠡᠴᠡ ᠶᠢᠨ ᠴᠤᠤᠷᠢᠶ᠎ᠠ》 ᠵᠠᠬᠢᠷᠤᠯ ᠨᠢ ᠨ᠃ᠨᠠᠷᠠᠨᠲᠤᠶᠠᠭ᠎ᠠ᠂ 《ᠪᠠᠭ᠎ᠠ ᠬᠠᠩᠭᠠᠢ》 ᠵᠠᠬᠢᠷᠤᠯ ᠨᠢ ᠪ᠃ᠵᠢᠪᠬᠤᠯᠠᠩ᠂ 《ᠵᠢᠩᠰᠡ》 ᠵᠠᠬᠢᠷᠤᠯ ᠨᠢ ᠭ᠃ᠰᠡᠷᠡᠩᠪᠠᠲ᠂ 《ᠠᠯᠲᠠᠨ ᠰᠠᠯᠠᠭ᠎ᠠ》 ᠵᠠᠬᠢᠷᠤᠯ ᠨᠢ ᠪ᠃ᠨᠢᠮᠠᠰᠦ᠋ᠷᠦᠩ ᠬᠡᠮᠡᠨ ХХК ᠪᠣᠯᠤᠨ ᠵᠣᠬᠢᠶᠠᠨ ᠪᠠᠶᠢᠭᠤᠯᠤᠭᠳᠠᠭᠠᠳ ᠪᠠᠶᠢᠨ᠎ᠠ᠃ ᠲᠥᠪᠰᠢᠷᠡᠭᠦᠯᠬᠦ ᠰᠤᠮᠤ ᠨᠢ ᠵᠠᠰᠠᠭ ᠵᠠᠬᠢᠷᠭᠠᠨ ᠤ ᠨᠢᠭᠡᠴᠡ ᠶᠢᠨ ᠬᠤᠪᠢ ᠳᠤ ᠬᠥᠬᠡ ᠰᠦᠮ᠎ᠡ᠂ ᠪᠠᠶᠠᠨ-ᠥᠨᠳᠥᠷ᠂ ᠦᠷᠠᠨᠲ᠋ᠣᠯᠣᠭᠠᠢ᠂ ᠥᠷᠢᠲᠡᠨ ᠳᠦ ᠭᠡᠰᠡᠨ 4 ᠪᠠᠭ ᠲᠠᠢ᠃ ᠲᠥᠪᠰᠢᠷᠡᠭᠦᠯᠬᠦ ᠰᠤᠮᠤ ᠶᠢᠨ ᠰᠤᠶᠤᠯ ᠪᠣᠯᠪᠠᠰᠤᠷᠠᠯ ᠤᠨ ᠠᠮᠢᠳᠤᠷᠠᠯ ᠳᠤ ᠴᠢᠬᠤᠯᠠ ᠪᠠᠶᠢᠷᠢ ᠰᠠᠭᠤᠷᠢ ᠡᠵᠡᠯᠡᠵᠦ ᠪᠠᠶᠢᠭ᠎ᠠ ᠪᠠᠶᠢᠭᠤᠯᠤᠯᠭ᠎ᠠ ᠪᠣᠯ ᠲᠤᠰ ᠰᠤᠮᠤ ᠶᠢᠨ 10 ᠵᠢᠯ ᠦᠨ ᠳᠤᠮᠳᠠ ᠰᠤᠷᠭᠠᠭᠤᠯᠢ ᠪᠢᠯᠡ᠃ ᠠᠩᠬ᠎ᠠ 1939 ᠣᠨ ᠤ 9 ᠳᠦᠭᠡᠷ ᠰᠠᠷ᠎ᠠ ᠳᠤ ᠭᠠᠭᠴᠠ ᠠᠩᠭᠢ ᠲᠠᠢ ᠬᠢᠴᠢᠶᠡᠯ ᠢᠶᠡᠨ ᠡᠬᠢᠯᠡᠵᠦ 1943 ᠣᠨ ᠳᠤ ᠠᠩᠬᠠᠨ ᠤ ᠲᠡᠭᠦᠰᠦᠯᠲᠡ ᠪᠡᠨ ᠬᠢᠵᠦ᠂ 4 ᠠᠩᠭᠢ ᠲᠠᠢ ᠪᠠᠭ᠎ᠠ ᠰᠤᠷᠭᠠᠭᠤᠯᠢ ᠪᠣᠯᠲᠠᠯ᠎ᠠ ᠪᠠᠨ ᠳᠡᠪᠵᠢᠨ ᠬᠥᠭᠵᠢᠵᠦ᠂ 1999 ᠣᠨ ᠳᠤ 60 ᠵᠢᠯ ᠦᠨ ᠢᠶᠡᠨ ᠣᠢ ᠶᠢ ᠲᠡᠮᠳᠡᠭᠯᠡᠵᠡᠢ᠃ ᠮᠥᠨ 50-75 ᠬᠡᠦᠬᠡᠳ ᠲᠡᠢ 3 ᠪᠦᠯᠦᠭ ᠲᠡᠢ ᠬᠡᠦᠬᠡᠳ ᠦᠨ ᠴᠡᠴᠡᠷᠯᠢᠭ ᠠᠵᠢᠯᠯᠠᠵᠤ ᠪᠠᠶᠢᠭᠰᠠᠨ᠃ ᠲᠡᠭᠦᠨ ᠡᠴᠡ ᠭᠠᠳᠠᠨ᠎ᠠ ᠰᠤᠮᠤ᠂ ᠰᠠᠩ ᠤᠨ ᠠᠵᠤ ᠠᠬᠤᠢ ᠶᠢᠨ ᠲᠥᠪ ᠲᠦ 15 ᠣᠷᠣ ᠲᠠᠢ ᠬᠦᠮᠦᠨ ᠦ ᠶᠡᠬᠡ ᠡᠮᠴᠢ ᠶᠢᠨ ᠰᠠᠯᠪᠤᠷᠢ ᠠᠵᠢᠯᠯᠠᠳᠠᠭ᠃ 130 ᠭᠠᠷᠤᠢ ᠰᠠᠶᠢᠨ ᠳᠤᠷ᠎ᠠ ᠶᠢᠨ ᠤᠷᠠᠨ ᠰᠠᠶᠢᠬᠠᠨᠴᠢᠳ ᠲᠠᠢ ᠠᠵᠢᠯᠴᠢᠨ ᠤ ᠺᠯᠤᠶᠢᠪ᠂ 4100 ᠭᠠᠷᠤᠢ ᠨᠣᠮ ᠲᠠᠢ ᠨᠣᠮ ᠤᠨ ᠰᠠᠩ᠂ ᠭᠡᠬᠦ ᠵᠡᠷᠭᠡ ᠣᠯᠠᠨ ᠦᠢᠯᠡᠴᠢᠯᠡᠭᠡᠨ ᠦ ᠭᠠᠵᠠᠷ ᠤᠳ ᠠᠵᠢᠯᠯᠠᠵᠤ ᠪᠠᠶᠢᠭᠰᠠᠨ ᠪᠠᠶᠢᠨ᠎ᠠ᠃

ᠪᠢᠴᠢᠭᠡᠰᠦ