ᠲᠥᠭᠥᠷᠢᠭ ᠰᠤᠮᠤ (ᠭᠣᠪᠢ-ᠠᠯᠲᠠᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠥᠭᠥᠷᠢᠭ ᠨᠢ ᠭᠣᠪᠢ-ᠠᠯᠲᠠᠢ ᠠᠶᠢᠮᠠᠭ ᠤᠨ ᠰᠤᠮᠤ ᠶᠤᠮ᠃ ᠬᠠᠭᠤᠴᠢᠨ ᠢᠶᠠᠷ ᠵᠠᠰᠠᠭᠲᠤ ᠬᠠᠨ ᠠᠶᠢᠮᠠᠭ ᠤᠨ ᠳᠠᠶᠢᠴᠢᠨ ᠸᠠᠩ ᠤᠨ ᠬᠣᠰᠢᠭᠤᠨ ᠤ ᠨᠤᠲᠤᠭ ᠳᠡᠪᠢᠰᠬᠡᠷ ᠲᠦ ᠬᠠᠷᠢᠶᠠᠯᠠᠭᠳᠠᠳᠠᠭ ᠪᠠᠶᠢᠪᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠨᠢ ᠠᠶᠢᠮᠠᠭ ᠤᠨ ᠲᠥᠪ ᠠᠯᠲᠠᠢ ᠬᠣᠲᠠᠣ ᠠᠴᠠ ᠪᠠᠷᠠᠭᠤᠨ ᠡᠮᠦᠨ᠎ᠡ ᠵᠦᠭ ᠲᠤ 145 ᠺᠢᠯᠣᠮᠧᠲ᠋ᠷ ᠳᠦ᠂ ᠤᠯᠠᠭᠠᠨᠪᠠᠭᠠᠲᠤᠷ ᠬᠣᠲᠠᠰ 1145 ᠺᠢᠯᠣᠮᠧᠲ᠋ᠷ ᠵᠠᠢ ᠳᠤ᠂ ᠬᠣᠶᠢᠳᠤ ᠥᠷᠭᠡᠷᠢᠭ ᠦᠨ 45°49’, ᠵᠡᠭᠦᠨ ᠤᠷᠲᠤᠷᠢᠭ ᠤᠨ 94°41’ ᠪᠠᠶᠢᠷᠢᠯᠠᠯ ᠳᠤ ᠣᠷᠣᠰᠢᠨ᠎ᠠ᠃ ᠨᠡᠶᠢᠲᠡ 5,427 ᠮᠢᠩᠭᠠᠨ км² ᠨᠤᠲᠤᠭ ᠲᠠᠢ᠃ ᠪᠠᠷᠠᠭᠤᠨ ᠲᠠᠯ᠎ᠠ ᠪᠠᠷ ᠢᠶᠠᠨ ᠪᠤᠭᠤᠳᠤᠲᠣᠩᠬᠢᠯ᠂ ᠬᠣᠶᠢᠳᠤ ᠲᠠᠯ᠎ᠠ ᠪᠠᠷ ᠳᠠᠷᠪᠢᠰᠢᠷᠭ᠎ᠠ᠂ ᠵᠡᠭᠦᠨ ᠲᠠᠯ᠎ᠠ ᠪᠠᠷ ᠢᠶᠠᠨ ᠬᠠᠯᠢᠭᠤᠨᠴᠡᠭᠡᠯ᠂ ᠡᠮᠦᠨ᠎ᠡ ᠲᠠᠯ᠎ᠠ ᠪᠠᠷ ᠢᠶᠠᠨ ᠠᠯᠲᠠᠢ ᠰᠤᠮᠤᠳ ᠲᠠᠢ ᠬᠢᠯᠢᠯᠡᠳᠡᠭ᠃ ᠵᠠᠰᠠᠭ ᠵᠠᠬᠢᠷᠭᠠᠨ ᠤ ᠨᠢᠭᠡᠴᠡ ᠶᠢᠨ ᠬᠤᠪᠢ ᠳᠤ ᠴᠠᠭᠠᠨᠬᠠᠶᠢᠷᠬᠠᠨ᠂ ᠲᠤᠩᠭᠠᠯᠠᠭ᠂ ᠬᠦᠷᠡᠩ ᠢᠶᠠᠯ᠂ ᠲᠥᠭᠥᠷᠢᠭ ᠦᠨ ᠡᠬᠡ᠂ ᠮᠠᠨᠢ ᠳᠤ ᠪᠠᠭ ᠤᠳ ᠲᠤ ᠬᠤᠪᠢᠶᠠᠭᠳᠠᠨ᠎ᠠ᠃

ᠲᠥᠭᠥᠷᠢᠭ ᠰᠤᠮᠤ ᠶᠢᠨ ᠨᠤᠲᠤᠭ ᠲᠤ ᠪᠤᠭᠤᠷᠤᠯ ᠬᠠᠶᠢᠷᠬᠠᠨ᠂ ᠡᠪᠦᠭᠡᠨ ᠬᠠᠶᠢᠷᠬᠠᠨ᠂ ᠶᠡᠬᠡ ᠬᠦᠷᠢᠨ᠂ ᠴᠠᠭᠠᠨ ᠬᠠᠶᠢᠷᠬᠠᠨ᠂ ᠠᠷᠤ᠂ ᠥᠪᠥᠷ ᠤᠯᠠᠭᠠᠨ ᠬᠠᠶᠢᠷᠬᠠᠨ᠂ ᠣᠴᠢᠷ ᠬᠠᠶᠢᠷᠬᠠᠨ᠂ ᠬᠥᠬᠡ ᠣᠭᠣᠨ ᠤ ᠱᠣᠪᠣᠭᠣᠷ᠂ ᠳᠥᠷᠪᠡᠯᠵᠢᠨ᠂ ᠬᠦᠩᠬᠦᠷ ᠦᠨ ᠢᠷᠮᠡᠭ᠂ ᠰᠢᠨ᠎ᠡ ᠤᠰᠤᠨ ᠤ ᠳᠠᠪᠠᠭ᠎ᠠ᠂ ᠳᠡᠭᠡᠳᠦ᠂ ᠳ᠋ᠣᠣ ᠳᠤ ᠬᠥᠬᠡ ᠲᠠᠰᠢᠭᠤ᠂ ᠰᠢᠪᠠᠷᠲᠤ ᠶᠢᠨ ᠥᠨᠳᠥᠷ ᠵᠡᠷᠭᠡ ᠳᠠᠯᠠᠢ ᠶᠢᠨ ᠲᠦᠪᠰᠢᠨ ᠡᠴᠡ ᠳᠡᠭᠡᠭᠰᠢ 2500 ᠮ - 3200 ᠮ ᠥᠨᠳᠥᠷ ᠲᠦ ᠡᠷᠭᠦᠭᠳᠡᠭᠰᠡᠨ ᠠᠤᠯᠠᠯᠠᠰ᠂ ᠥᠭᠭᠢᠶᠡᠮᠦᠷ᠂ ᠳᠠᠯᠠᠨ ᠲᠦᠷᠦᠭᠦᠦ᠂ ᠢᠰᠢᠭᠡ᠂ ᠲᠤᠩᠭᠠᠯᠠᠭ᠂ ᠲᠥᠬᠥᠮ᠂ ᠪᠣᠰᠬ᠎ᠠ ᠶᠢᠨ ᠬᠣᠭᠣᠯᠠᠢ᠂ ᠬᠠᠪᠴᠠᠭᠠᠢ ᠳᠤ᠂ ᠮᠠᠨᠢ ᠳᠤ᠂ ᠶᠣᠯᠣ᠂ ᠲᠥᠭᠥᠷᠢᠭ᠂ ᠴᠠᠬᠢᠭᠤᠷ᠂ ᠨᠣᠮᠢᠨ᠂ ᠦᠶᠡᠷ ᠲᠦ᠂ ᠬᠦᠷᠡᠩ ᠭᠣᠣᠯ᠂ ᠪᠣᠭᠣᠮ᠎ᠠ᠂ ᠬᠣᠯᠪᠣᠭ᠎ᠠ᠂ ᠠᠷᠤᠪᠤᠯᠠᠭ᠂ ᠨᠤᠷᠮ᠎ᠠ ᠳᠤ᠂ ᠳᠠᠭᠤᠲᠤ᠂ ᠬᠠᠷ᠎ᠠ ᠦᠵᠦᠭᠦᠷ ᠦᠨ ᠰᠠᠶᠢᠷ᠂ᠬᠥᠨᠳᠡᠢ ᠨᠦᠭᠦᠳ᠂ ᠰᠢᠷᠭ᠎ᠠ ᠶᠢᠨ ᠪᠣᠯᠤᠨ ᠠᠯᠠᠭ ᠨᠠᠭᠤᠷ ᠤᠨ ᠭᠣᠪᠢ ᠣᠷᠣᠰᠢᠳᠠᠭ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤᠨ ᠳᠤ ᠬᠦᠷᠡᠩ ᠢᠶᠠᠯ᠂ ᠮᠠᠨᠢᠲᠤ ᠶᠢᠨ ᠨᠡᠭᠦᠷᠡᠰᠦᠨ ᠦ ᠠᠭᠤᠷᠬᠠᠢ ᠠᠵᠢᠯᠯᠠᠵᠤ ᠪᠠᠶᠢᠨ᠎ᠠ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ