ᠲᠥᠭᠥᠷᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠥᠭᠥᠷᠢᠭ
ᠮᠣᠩᠭᠣᠯ ᠲᠥᠭᠥᠷᠢᠭ (ᠮᠣᠩᠭᠣᠯ ᠬᠡᠯᠡ)
5000 ᠲᠥᠭᠥᠷᠢᠭ
5000 ᠲᠥᠭᠥᠷᠢᠭ
ISO 4217 ᠺᠣᠳ᠋ MNT
ᠬᠡᠷᠡᠭᠯᠡᠭᠴᠢ(ᠢᠳᠡ) ᠮᠣᠩᠭᠣᠯ ᠮᠣᠩᠭᠣᠯ
ᠬᠠᠩᠰᠢ ᠤᠨᠠᠯᠲᠠ 14.4%
ᠡᠬᠢ ᠰᠤᠷᠪᠤᠯᠵᠢ ᠮᠣᠩᠭᠣᠯᠪᠠᠩᠬᠢ, 2007 ᠤᠨ ᠤ 12 ᠰᠠᠷ᠎ᠠ ᠶᠢᠨ 15.
ᠳ᠋ᠣᠣ ᠳᠤ ᠨᠢᠭᠡᠴᠡ
1/100 ᠮᠥᠩᠭᠥ
ᠲᠡᠮᠳᠡᠭᠯᠡᠭᠡ
ᠵᠣᠭᠣᠰ 20, 50, 100, 200, 500 ᠲᠥᠭᠥᠷᠢᠭ
ᠴᠠᠭᠠᠰᠤᠨ ᠳᠡᠪᠢᠰᠬᠡᠷᠲᠦ 10, 20, 50, 100, 500, 1000, 5000, 10 000, 20 000 ᠲᠥᠭᠥᠷᠢᠭ
ᠲᠥᠪ ᠪᠠᠩᠬᠢ ᠮᠣᠩᠭᠣᠯ ᠪᠠᠩᠬᠢ
ᠸᠪᠰᠠᠢ ᠳᠤ www.mongolbank.mn
ᠬᠠᠳᠠᠮᠠᠯ
ᠮᠣᠩᠭᠣᠯ ᠦᠰᠦᠭ ᠢᠶᠡᠷ ‎ᠲᠥᠭᠦᠷᠢᠭ᠌
ᠪᠤᠷᠢᠶᠠᠳ ᠺᠢᠷᠢᠯ ᠢᠶᠡᠷ дүхэриг
ᠮᠣᠩᠭᠣᠯ ᠺᠢᠷᠢᠯ ᠢᠶᠡᠷ төгрөг

ᠲᠥᠭᠥᠷᠢᠭ ᠨᠢ ᠮᠣᠩᠭᠣᠯ ᠤᠯᠤᠰ ᠤᠨ ᠮᠥᠩᠭᠥᠨ ᠲᠡᠮᠳᠡᠭᠲᠦ ᠶᠤᠮ᠃

50 ᠲᠥᠭᠥᠷᠢᠭ ᠦᠨ ᠴᠠᠭᠠᠰᠤᠨ ᠳᠡᠪᠢᠰᠬᠡᠷᠲᠦ (1994 ᠤᠨ)
200 ᠲᠥᠭᠥᠷᠢᠭ ᠦᠨ ᠵᠣᠭᠣᠰ (1994 ᠤᠨ)
1000 ᠲᠥᠭᠥᠷᠢᠭ ᠦᠨ ᠴᠠᠭᠠᠰᠤᠨ ᠳᠡᠪᠢᠰᠬᠡᠷᠲᠦ (2001 ᠤᠨ)

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠠᠷᠠᠳ ᠤᠨ ᠵᠠᠰᠠᠭ ᠤᠨ ᠭᠠᠵᠠᠷ ᠠᠴᠠ 1925 ᠤᠨ ᠤ 2 ᠳ᠋ᠤᠭᠠᠷ ᠰᠠᠷ᠎ᠠ ᠶᠢᠨ 22 ᠍ ᠤ ᠡᠳᠦᠷ ᠮᠥᠩᠭᠥᠨ ᠦ ᠰᠢᠨᠡᠴᠢᠯᠡᠯ ᠬᠢᠬᠦ ᠲᠤᠬᠠᠢ ᠲᠡᠦᠬᠡᠨ ᠲᠣᠭᠲᠠᠭᠠᠯ ᠭᠠᠷᠭᠠᠵᠤ᠂ 1925 ᠤᠨ ᠤ 12 ᠳ᠋ᠤᠭᠠᠷ ᠰᠠᠷ᠎ᠠ ᠶᠢᠨ 9 ᠍ ᠳᠦ ᠠᠩᠬ᠎ᠠ 200100 ᠲᠥᠭᠥᠷᠢᠭ ᠢ ᠭᠦᠢᠯᠭᠡᠭᠡᠨ ᠳᠦ ᠭᠠᠷᠭᠠᠭᠰᠠᠨ ᠢᠶᠠᠷ ᠲᠥᠭᠥᠷᠢᠭ ᠭᠦᠢᠯᠭᠡᠭᠡᠨ ᠳᠦ ᠤᠷᠤᠪᠠ᠃

ᠮᠣᠩᠭᠣᠯ ᠤᠨ ᠦᠨᠳᠦᠰᠦᠨ ᠦ ᠰᠢᠨ᠎ᠡ ᠮᠥᠩᠭᠥᠨ ᠲᠡᠮᠳᠡᠭᠲᠦ ᠪᠡᠷ 900 ᠰᠣᠷᠢᠴᠠ ᠶᠢᠨ 18 ᠭᠷᠠᠮ ᠤᠨ ᠵᠢᠩ ᠪᠦᠬᠦᠢ ᠴᠠᠭᠠᠨ ᠮᠥᠩᠭᠥᠨ ᠵᠣᠭᠣᠰ ᠢ ᠪᠠᠲᠤᠯᠠᠨ ᠭᠠᠷᠭᠠᠵᠤ "ᠲᠥᠭᠥᠷᠢᠭ" ᠭᠡᠵᠦ ᠨᠡᠷᠡᠯᠡᠨ ᠴᠠᠭᠠᠨ ᠮᠥᠩᠭᠥᠨ ᠵᠣᠭᠣᠰᠤᠨ ᠤ ᠵᠡᠷᠭᠡᠴᠡᠭᠡ ᠪᠡᠷ ᠴᠠᠭᠠᠰᠤᠨ ᠲᠡᠮᠳᠡᠭᠲᠦ ᠶᠢ ᠭᠦᠢᠯᠭᠡᠭᠡᠨ ᠳᠦ ᠭᠠᠷᠭᠠᠵᠠᠢ᠃ ᠳᠠᠩ ᠭᠠᠭᠴᠠ ᠴᠠᠭᠠᠨ ᠮᠥᠩᠭᠥ ᠶᠢ ᠭᠦᠢᠯᠭᠡᠭᠡᠨ ᠳᠦ ᠭᠠᠷᠭᠠᠬᠤ ᠨᠢ ᠡᠨᠡ ᠬᠦᠨᠳᠦ ᠮᠧᠲ᠋ᠠᠯ ᠢ ᠬᠠᠳᠠᠭᠠᠯᠠᠬᠤ᠂ ᠵᠥᠭᠡᠬᠦ᠂ ᠲᠡᠭᠡᠭᠡᠪᠦᠷᠢᠯᠡᠬᠦ ᠶᠠᠪᠤᠳᠠᠯ ᠲᠠᠢ ᠬᠣᠯᠪᠣᠭᠳᠠᠭᠰᠠᠨ ᠲᠣᠬᠢᠷᠠᠮᠵᠢ ᠦᠭᠡᠢ ᠪᠠᠶᠢᠳᠠᠯ ᠢ ᠥᠭᠡᠷᠡᠴᠢᠯᠡᠬᠦ ᠱᠠᠭᠠᠷᠳᠠᠯᠭ᠎ᠠ ᠲᠠᠢ ᠤᠶᠠᠯᠳᠤᠭᠰᠠᠨ ᠠᠵᠡᠢ᠃

ᠲᠥᠭᠥᠷᠢᠭ ᠢ ᠡᠬᠢᠯᠡᠭᠡᠳ ᠭᠦᠢᠯᠭᠡᠭᠡᠨ ᠳᠦ ᠭᠠᠷᠭᠠᠬᠤ ᠳᠤ ᠪᠠᠨ ᠴᠠᠯᠢᠩ ᠢᠶᠠᠷ ᠳᠠᠮᠵᠢᠭᠤᠯᠠᠨ ᠭᠠᠷᠭᠠᠵᠤ ᠳᠠᠷᠠᠭ᠎ᠠ ᠨᠢ ᠤᠯᠤᠰ ᠤᠨ ᠬᠡᠮᠵᠢᠶᠡᠨ ᠦ ᠪᠦᠬᠦ ᠠᠯᠪᠠᠨ ᠭᠠᠵᠠᠷ ᠤᠳ ᠤᠨ ᠲᠥᠰᠥᠪ ᠲᠦ ᠵᠠᠷᠤᠳᠠᠯ ᠤᠳ ᠢ ᠲᠥᠭᠥᠷᠢᠭ ᠢᠶᠡᠷ ᠲᠣᠭᠠᠴᠠᠬᠤ ᠪᠣᠯᠭᠠᠵᠠᠢ᠃

ᠲᠥᠭᠥᠷᠢᠭ ᠭᠦᠢᠯᠭᠡᠭᠡᠨ ᠳᠦ ᠭᠠᠷᠤᠩᠭᠤᠲᠠ ᠭᠠᠳᠠᠭᠠᠳᠤ ᠶᠢᠨ ᠮᠥᠩᠭᠥᠨ ᠲᠡᠮᠳᠡᠭᠲᠦ ᠨᠦᠭᠦᠳ ᠦᠨ ᠰᠢᠷᠦᠭᠦᠨ ᠡᠰᠡᠷᠭᠦᠴᠡᠯ ᠲᠡᠢ ᠲᠤᠯᠭᠠᠷᠠᠭᠰᠠᠨ ᠶᠤᠮ᠃ ᠭᠠᠳᠠᠭᠠᠳᠤ ᠶᠢᠨ ᠮᠥᠩᠭᠥᠨ ᠲᠡᠮᠳᠡᠭᠲᠦ ᠨᠦᠭᠦᠳ ᠦᠨ ᠳᠣᠲᠣᠷ᠎ᠠ ᠠᠴᠠ ᠵᠠᠬ᠎ᠠ ᠵᠡᠭᠡᠯᠢ ᠳᠦ ᠡᠵᠡᠯᠡᠬᠦ ᠵᠢᠩ ᠪᠠᠭ᠎ᠠ ᠲᠠᠢ ᠮᠥᠩᠭᠥ ᠨᠦᠭᠦᠳ ᠢ ᠭᠦᠢᠯᠭᠡᠭᠡᠨ ᠡᠴᠡ ᠲᠠᠲᠠᠵᠤ ᠠᠪᠬᠤ ᠠᠵᠢᠯ ᠲᠦᠷᠭᠡᠨ ᠬᠤᠭᠤᠴᠠᠭᠠᠨ ᠳᠤ ᠠᠮᠵᠢᠯᠲᠠ ᠲᠠᠢ ᠬᠢᠭᠳᠡᠭᠰᠡᠨ ᠪᠠᠶᠢᠨ᠎ᠠ᠃ ᠬᠠᠷᠢᠨ ᠬᠢᠲᠠᠳ ᠤᠨ ᠶᠠᠩᠴᠢᠶᠠᠨ ᠨᠢ ᠲᠣᠭ᠎ᠠ ᠪᠠᠷ ᠣᠯᠠᠨ᠂ ᠵᠠᠬ᠎ᠠ ᠵᠡᠭᠡᠯᠢ ᠶᠢᠨ ᠭᠦᠢᠯᠭᠡᠭᠡᠨ ᠳᠦ ᠵᠣᠩᠬᠢᠯᠠᠬᠤ ᠡᠭᠦᠷᠭᠡ ᠲᠡᠢ ᠪᠠᠶᠢᠭᠰᠠᠨ ᠠᠴᠠ ᠬᠠᠤᠯᠢ ᠶᠣᠰᠣᠨ ᠤ ᠲᠥᠯᠥᠪᠦᠷᠢ ᠶᠢᠨ ᠬᠡᠷᠡᠭᠰᠡᠯ ᠦᠨ ᠡᠭᠦᠷᠭᠡ ᠶᠢ ᠭᠦᠢᠴᠡᠳᠭᠡᠵᠦ᠂ ᠤᠯᠤᠰ ᠤᠨ ᠲᠥᠰᠥᠪ ᠦᠨ ᠣᠷᠣᠯᠭ᠎ᠠ᠂ ᠵᠠᠷᠤᠯᠭ᠎ᠠ᠂ ᠦᠢᠯᠡᠳᠪᠦᠷᠢ᠂ ᠠᠵᠤ ᠠᠬᠤᠢ ᠶᠢᠨ ᠭᠠᠵᠠᠷ᠂ ᠪᠠᠩᠬᠢᠨ ᠤ ᠪᠦᠷᠢᠳᠬᠡᠯ ᠲᠣᠭᠠᠴᠠᠭ᠎ᠠ ᠶᠢ ᠲᠡᠭᠦᠪᠡᠷ ᠬᠥᠲᠥᠯᠵᠦ ᠪᠠᠶᠢᠭᠰᠠᠨ ᠠᠴᠠ ᠡᠬᠢᠨ ᠦᠶ᠎ᠡ ᠳᠦ ᠪᠡᠨ ᠲᠥᠭᠥᠷᠢᠭ ᠲᠡᠢ ᠵᠡᠷᠭᠡᠴᠡᠨ ᠭᠦᠢᠯᠭᠡᠭᠡᠨ ᠳᠦ ᠬᠡᠷᠡᠭᠯᠡᠭᠳᠡᠵᠦ ᠪᠠᠶᠢᠪᠠ᠃

ᠠᠷᠠᠳ ᠲᠦᠮᠡᠨ ᠮᠧᠲ᠋ᠠᠯ ᠮᠥᠩᠭᠥ ᠶᠢ ᠬᠡᠷᠡᠭᠯᠡᠵᠦ ᠵᠠᠩᠰᠢᠭᠰᠠᠨ᠂ ᠣᠷᠣᠰ ᠬᠢᠲᠠᠳ ᠤᠨ ᠴᠠᠭᠠᠰᠤᠨ ᠲᠡᠮᠳᠡᠭᠲᠦ ᠶᠢᠨ ᠬᠠᠩᠰᠢ ᠪᠠᠭᠤᠷᠴᠤ ᠢᠲᠡᠭᠡᠯ ᠠᠯᠳᠠᠭᠰᠠᠨ ᠨᠥᠬᠥᠴᠡᠯ ᠳᠦ ᠦᠨᠳᠦᠰᠦᠨ ᠦ ᠰᠢᠨ᠎ᠡ ᠴᠠᠭᠠᠰᠤᠨ ᠲᠡᠮᠳᠡᠭᠲᠦ ᠶᠢ ᠭᠦᠢᠯᠭᠡᠭᠡᠨ ᠳᠦ ᠨᠡᠪᠲᠡᠷᠡᠭᠦᠯᠦᠨ᠎ᠡ ᠭᠡᠳᠡᠭ ᠬᠦᠨᠳᠦ ᠪᠠᠶᠢᠯ᠎ᠠ᠃

1925 ᠤᠨ ᠤ ᠪᠠᠶᠢᠳᠠᠯ ᠢᠶᠠᠷ ᠲᠤᠰ ᠤᠯᠤᠰ ᠤᠨ ᠭᠦᠢᠯᠭᠡᠭᠡᠨ ᠦ ᠡᠷᠭᠢᠯᠲᠡᠨ ᠳᠦ ᠮᠣᠩᠭᠣᠯ ᠤᠨ ᠡᠳ᠋ ᠬᠡᠷᠡᠭᠯᠡᠭᠴᠢᠳ ᠦᠨ ᠬᠣᠷᠰᠢᠶ᠎ᠠ ᠪᠣᠯᠤᠨ ᠭᠠᠳᠠᠭᠠᠳᠤ ᠶᠢᠨ ᠬᠤᠳᠠᠯᠳᠤᠭᠠᠴᠢᠳ ᠤᠨ ᠨᠡᠶᠢᠲᠡ 20 ᠭᠠᠷᠤᠢ ᠰᠠᠶ᠎ᠠ ᠭᠠᠳᠠᠭᠠᠳᠤ ᠶᠢᠨ ᠮᠥᠩᠭᠥᠨ ᠲᠡᠮᠳᠡᠭᠲᠦ ᠭᠦᠢᠯᠭᠡᠭᠡᠨ ᠳᠦ ᠶᠠᠪᠤᠵᠤ ᠪᠠᠶᠢᠵᠠᠢ᠃

ᠲᠥᠭᠥᠷᠢᠭ ᠢ ᠭᠦᠢᠯᠭᠡᠭᠡᠨ ᠳᠦ ᠭᠠᠷᠭᠠᠭᠰᠠᠨ ᠦᠶᠡᠰ ᠦᠨᠳᠦᠰᠦᠨ ᠦ ᠸᠠᠯᠶᠦ᠋ᠲ ᠲᠥᠭᠥᠷᠢᠭ᠂ ᠬᠢᠲᠠᠳ ᠤᠨ ᠶᠠᠩᠴᠢᠶᠠᠨ ᠬᠣᠶᠠᠷ ᠤᠨ ᠬᠣᠭᠣᠷᠣᠨᠳᠣ ᠰᠢᠷᠦᠭᠦᠨ ᠲᠡᠮᠡᠴᠡᠯ ᠥᠷᠨᠢᠵᠦ ᠪᠠᠶᠢᠯ᠎ᠠ᠃

ᠮᠥᠩᠭᠥᠨ ᠦ ᠰᠢᠨᠡᠴᠢᠯᠡᠯᠲᠡ ᠶᠠᠪᠤᠭᠤᠯᠬᠤ ᠨᠢ ᠠᠷᠠᠳ ᠲᠦᠮᠡᠨ ᠦ ᠠᠰᠢᠭ ᠰᠣᠨᠢᠷᠬᠠᠯ ᠳᠤ ᠨᠡᠶᠢᠴᠡᠭᠰᠡᠨ ᠬᠤᠪᠢᠰᠬᠠᠯᠲᠤ ᠠᠷᠭ᠎ᠠ ᠬᠡᠮᠵᠢᠶ᠎ᠡ ᠪᠠᠶᠢᠭᠰᠠᠨ ᠤᠴᠢᠷ ᠠᠴᠠ ᠮᠣᠩᠭᠣᠯ ᠤᠨ ᠨᠡᠶᠢᠲᠡ ᠠᠷᠠᠳ ᠲᠦᠮᠡᠨ ᠦ ᠤᠬᠠᠮᠰᠠᠷ ᠲᠠᠢ ᠳᠡᠮᠵᠢᠯᠭᠡ ᠶᠢ ᠬᠦᠯᠢᠶᠡᠭᠰᠡᠨ ᠪᠠᠶᠢᠨ᠎ᠠ᠃

ᠵᠠᠰᠠᠭ ᠤᠨ ᠭᠠᠵᠠᠷ ᠲᠥᠪ ᠪᠠᠩᠬᠢᠨ ᠠᠴᠠ ᠦᠨᠳᠦᠰᠦᠨ ᠦ ᠮᠥᠩᠭᠥᠨ ᠲᠡᠮᠳᠡᠭᠲᠦ ᠶᠢ ᠭᠦᠢᠯᠭᠡᠭᠡᠨ ᠳᠦ ᠭᠠᠷᠭᠠᠬᠤ ᠪᠡᠯᠡᠳᠬᠡᠯ ᠠᠵᠢᠯ ᠢ ᠳᠠᠯᠠᠶᠢᠴᠠᠲᠠᠢ ᠵᠣᠬᠢᠶᠠᠵᠤ᠂ ᠮᠥᠩᠭᠥᠨ ᠲᠡᠮᠳᠡᠭᠲᠦ ᠶᠢᠨ ᠠᠴᠢ ᠬᠣᠯᠪᠣᠭᠳᠠᠯ ᠢ ᠥᠷᠭᠡᠨ ᠰᠤᠷᠲᠠᠯᠴᠢᠯᠠᠵᠤ᠂ ᠮᠥᠩᠭᠥᠨ ᠦ ᠰᠢᠨᠡᠴᠢᠯᠡᠯᠲᠡ ᠬᠢᠬᠦ ᠳᠦ ᠣᠨᠴᠠᠭᠠᠢ ᠠᠩᠬᠠᠷᠤᠯ ᠲᠠᠯᠪᠢᠵᠤ ᠪᠠᠶᠢᠭᠰᠠᠨ ᠪᠥᠭᠡᠳ᠂ ᠡᠭᠦᠨ ᠢ ᠬᠢᠷᠢ ᠠᠮᠵᠢᠯᠲᠠ ᠲᠠᠢ ᠬᠡᠷᠡᠭᠵᠢᠭᠦᠯᠦᠭᠰᠡᠨ ᠡᠴᠡ ᠡᠳ᠋ ᠍ ᠦᠨ ᠵᠠᠰᠠᠭ ᠤᠨ ᠪᠤᠰᠤᠳ ᠠᠷᠭ᠎ᠠ ᠬᠡᠮᠵᠢᠶᠡᠨ ᠦ ᠦᠷ᠎ᠡ ᠳ᠋ᠦᠩ ᠰᠢᠯᠲᠠᠭᠠᠯᠠᠬᠤ ᠶᠣᠰᠣᠲᠠᠢ ᠪᠠᠶᠢᠪᠠ᠃

ᠵᠠᠬ᠎ᠠ ᠵᠡᠭᠡᠯᠢ ᠳᠡᠭᠡᠷ᠎ᠡ ᠶᠠᠪᠤᠭᠳᠠᠭᠰᠠᠨ ᠲᠥᠭᠥᠷᠢᠭ᠂ ᠶᠠᠩᠴᠢᠶᠠᠨ ᠤ ᠬᠣᠭᠣᠷᠣᠨᠳᠣ ᠍ ᠶᠢᠨ ᠲᠡᠮᠡᠴᠡᠯ ᠦᠨ ᠶᠠᠪᠤᠴᠠ ᠳᠤ ᠶᠠᠩᠴᠢᠶᠠᠨ ᠤ ᠬᠠᠩᠰᠢ ᠪᠠᠭᠤᠷᠴᠤ ᠲᠥᠭᠥᠷᠢᠭ ᠦᠨ ᠬᠤᠳᠠᠯᠳᠤᠨ ᠠᠪᠬᠤ ᠴᠢᠳᠠᠪᠤᠷᠢ ᠳᠡᠭᠡᠭᠰᠢᠯᠡᠵᠦ ᠪᠠᠶᠢᠪᠠ᠃ ᠲᠥᠭᠥᠷᠢᠭ ᠦᠨ ᠨᠡᠷ᠎ᠡ ᠬᠦᠨᠳᠦ᠂ ᠡᠵᠡᠯᠡᠬᠦ ᠵᠢᠩ ᠨᠢ ᠲᠦᠷᠭᠡᠨ ᠥᠰᠴᠦ ᠠᠩᠬ᠎ᠠ ᠭᠠᠷᠭᠠᠬᠤ ᠳᠤ ᠪᠠᠨ ᠬᠢᠲᠠᠳ ᠤᠨ 0.88 ᠶᠠᠩᠴᠢᠶᠠᠨ ᠲᠠᠢ ᠲᠡᠩᠴᠡᠭᠦᠦ ᠪᠠᠶᠢᠭᠰᠠᠨ ᠨᠢᠭᠡ ᠲᠥᠭᠥᠷᠢᠭ᠂ ᠵᠢᠯ ᠦᠨ ᠳᠠᠷᠠᠭ᠎ᠠ ᠲᠣᠳᠣᠷᠠᠭᠤᠯᠪᠠᠯ 1926 ᠤᠨ ᠤ ᠰᠡᠭᠦᠯᠴᠢ ᠪᠡᠷ ᠨᠢᠭᠡ ᠶᠠᠩᠴᠢᠶᠠᠨ ᠲᠠᠢ ᠲᠡᠩᠴᠡᠬᠦ ᠪᠣᠯᠤᠭᠰᠠᠨ ᠨᠢ ᠰᠢᠨ᠎ᠡ ᠮᠥᠩᠭᠥᠨ ᠲᠡᠮᠳᠡᠭᠲᠦ ᠵᠠᠬ᠎ᠠ ᠵᠡᠭᠡᠯᠢ ᠳᠦ ᠠᠮᠵᠢᠯᠲᠠ ᠲᠠᠢ ᠨᠡᠪᠲᠡᠷᠡᠭᠰᠡᠨ ᠢ ᠬᠠᠷᠠᠭᠤᠯᠵᠤ ᠪᠠᠶᠢᠨ᠎ᠠ᠃ ᠢᠩᠭᠢᠵᠦ ᠰᠢᠨ᠎ᠡ ᠮᠥᠩᠭᠥᠨ ᠲᠡᠮᠳᠡᠭᠲᠦ "ᠲᠥᠭᠥᠷᠢᠭ" ᠵᠠᠬ᠎ᠠ ᠵᠡᠭᠡᠯᠢ ᠳᠡᠭᠡᠷ᠎ᠡ ᠨᠣᠶᠠᠯᠠᠬᠤ ᠴᠢᠨᠠᠷ ᠲᠠᠢ ᠦᠨᠳᠦᠰᠦᠨ ᠸᠠᠯᠦᠲ᠋ᠠ ᠪᠣᠯᠤᠨ ᠬᠤᠪᠢᠷᠠᠵᠠᠢ᠃

ᠰᠢᠨ᠎ᠡ ᠮᠥᠩᠭᠥᠨ ᠲᠡᠮᠳᠡᠭᠲᠦ ᠭᠦᠢᠯᠭᠡᠭᠡᠨ ᠳᠦ ᠣᠷᠣᠭᠰᠠᠨ ᠢᠶᠠᠷ 6.8 ᠰᠠᠶ᠎ᠠ ᠶᠠᠩᠴᠢᠶᠠᠨ ᠲᠠᠢ ᠲᠡᠩᠴᠡᠬᠦ ᠭᠠᠳᠠᠭᠠᠳᠤ ᠶᠢᠨ ᠮᠥᠩᠭᠥ ᠶᠢ ᠬᠤᠷᠢᠶᠠᠵᠤ ᠭᠠᠳᠠᠭᠠᠳᠤ ᠶᠢᠨ ᠮᠥᠩᠭᠥᠨ ᠲᠡᠮᠳᠡᠭᠲᠦ ᠶᠢᠨ ᠭᠦᠢᠯᠭᠡᠭᠡᠨ ᠳᠦ ᠲᠣᠮᠣ ᠴᠣᠬᠢᠯᠲᠠ ᠥᠭᠴᠡᠢ᠃

1927 ᠤᠨ ᠠᠴᠠ ᠲᠤᠰ ᠣᠷᠣᠨ ᠤ ᠪᠦᠬᠦ ᠠᠯᠪᠠᠨ ᠭᠠᠵᠠᠷ᠂ ᠦᠢᠯᠡᠳᠪᠦᠷᠢ᠂ ᠠᠵᠤ ᠠᠬᠤᠢ ᠶᠢᠨ ᠪᠠᠶᠢᠭᠤᠯᠤᠯᠭ᠎ᠠ ᠶᠢᠨ ᠪᠦᠷᠢᠳᠬᠡᠯ᠂ ᠲᠠᠶᠢᠯᠠᠨ ᠪᠠᠯᠠᠨᠰ᠂ ᠬᠣᠭᠣᠷᠣᠨᠳᠣ ᠶᠢᠨ ᠲᠣᠭᠠᠴᠠᠭ᠎ᠠ᠂ ᠦᠨ᠎ᠡ᠂ ᠲᠠᠲᠠᠪᠤᠷᠢ ᠬᠤᠷᠢᠶᠠᠮᠵᠢ ᠶᠢ ᠲᠥᠭᠥᠷᠢᠭ ᠢᠶᠡᠷ ᠲᠣᠭᠠᠴᠠᠭᠠᠯᠠᠨ ᠪᠣᠳᠣᠬᠤ ᠪᠣᠯᠵᠤ ᠤᠯᠤᠰ ᠤᠨ ᠵᠠᠬ᠎ᠠ ᠵᠡᠭᠡᠯᠢ ᠡᠴᠡ ᠬᠢᠲᠠᠳ ᠤᠨ ᠶᠠᠩᠴᠢᠶᠠᠨ ᠪᠦᠷᠢᠨ ᠰᠢᠬᠠᠭᠳᠠᠨ ᠲᠥᠭᠥᠷᠢᠭ ᠳᠠᠩ ᠢᠶᠠᠷ ᠢᠶᠠᠨ ᠦᠢᠯᠡᠴᠢᠯᠡᠬᠦ ᠪᠣᠯᠪᠠ᠃

ᠮᠥᠩᠭᠥᠨ ᠦ ᠰᠢᠨᠡᠴᠢᠯᠡᠯᠲᠡ ᠬᠢᠬᠦ ᠬᠤᠭᠤᠴᠠᠭᠠᠨ ᠳᠤ (1926-1927) ᠮᠣᠩᠭᠣᠯ ᠪᠠᠩᠬᠢᠨ ᠤ ᠡᠷᠳᠡᠨᠢ ᠮᠧᠲ᠋ᠠᠯ ᠤᠨ ᠨᠥᠭᠡᠴᠡ 4.2 ᠳᠠᠬᠢᠨ ᠨᠡᠮᠡᠭᠳᠡᠵᠡᠢ᠃

1925-1927 ᠤᠨ ᠤ ᠬᠣᠭᠣᠷᠣᠨᠳᠣ ᠣᠯᠠᠨ ᠤᠯᠤᠰ ᠤᠨ ᠪᠠᠶᠢᠳᠠᠯ ᠳᠤ ᠵᠠᠷᠢᠮ ᠥᠭᠡᠷᠡᠴᠢᠯᠡᠯᠲᠡ ᠭᠠᠷᠴᠤ ᠳᠡᠯᠡᠬᠡᠢ ᠶᠢᠨ ᠵᠠᠬ᠎ᠠ ᠵᠡᠭᠡᠯᠢ ᠳᠦ ᠴᠠᠭᠠᠨ ᠮᠥᠩᠭᠥᠨ ᠦ ᠦᠨ᠎ᠡ ᠪᠠᠭᠤᠷᠴᠤ ᠠᠯᠲᠠᠨ ᠤ ᠡᠷᠢᠯᠲᠡ ᠬᠡᠷᠡᠭᠴᠡᠭᠡ ᠥᠰᠴᠦ ᠢᠷᠡᠭᠰᠡᠨ ᠲᠡᠢ ᠤᠶᠠᠯᠳᠤᠭᠤᠯᠤᠨ ᠲᠥᠭᠥᠷᠢᠭ ᠦᠨ ᠪᠠᠲᠤ ᠲᠣᠭᠲᠠᠪᠤᠷᠢᠲᠠᠢ ᠪᠠᠶᠢᠳᠠᠯ ᠢ ᠬᠠᠩᠭᠠᠬᠤ ᠵᠣᠷᠢᠯᠭ᠎ᠠ ᠪᠠᠷ 1927 ᠤᠨ ᠳᠤ ᠬᠤᠷᠠᠯᠳᠤᠭᠰᠠᠨ ᠤᠯᠤᠰ ᠤᠨ ᠪᠠᠭ᠎ᠠ ᠬᠤᠷᠠᠯ ᠤᠨ ᠰᠢᠢᠳᠪᠦᠷᠢ ᠶᠢᠨ ᠳᠠᠭᠠᠤ ᠲᠡᠷᠡ ᠦᠶ᠎ᠡ ᠳᠦ ᠮᠣᠩᠭᠣᠯ ᠪᠠᠩᠬᠢ ᠳᠤ ᠬᠤᠷᠠᠮᠲᠤᠯᠠᠭᠳᠠᠭᠰᠠᠨ ᠤᠯᠤᠰ ᠤᠨ ᠠᠯᠲᠠ ᠪᠣᠯᠤᠨ ᠸᠠᠯᠦᠲ᠋ᠠ ᠶᠢᠨ ᠹᠣᠨᠳ᠋ ᠳᠤ ᠲᠦᠰᠢᠭᠯᠡᠨ 1928 ᠤᠨ ᠤ 4 ᠳᠦᠭᠡᠷ ᠰᠠᠷ᠎ᠠ ᠶᠢᠨ 15 ᠍  ᠠᠴᠠ ᠲᠥᠭᠥᠷᠢᠭ ᠢ ᠠᠯᠲᠠᠨ ᠪᠠᠲᠤᠯᠠᠭᠠᠨ ᠳᠤ ᠣᠷᠣᠭᠤᠯᠵᠠᠢ᠃

ᠢᠩᠭᠢᠭᠰᠡᠨ ᠢᠶᠡᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠦᠨᠳᠦᠰᠦᠨ ᠦ ᠸᠠᠯᠶᠦ᠋ᠲ "ᠲᠥᠭᠥᠷᠢᠭ" ᠪᠠᠲᠤ ᠨᠠᠶᠢᠳᠠᠪᠤᠷᠢᠲᠠᠢ ᠸᠠᠯᠦᠲ᠋ᠠ ᠪᠣᠯᠬᠤ ᠦᠨᠳᠦᠰᠦ ᠲᠠᠯᠪᠢᠭᠳᠠᠵᠤ 1928 ᠤᠨ ᠤ 8 ᠳ᠋ᠤᠭᠠᠷ ᠰᠠᠷ᠎ᠠ ᠶᠢᠨ 1 ᠭᠡᠬᠦ ᠳᠦ ᠲᠥᠭᠥᠷᠢᠭ ᠨᠢ ᠠᠯᠪᠠᠨ ᠶᠣᠰᠣᠨ ᠤ ᠠᠯᠲᠠᠨ ᠪᠠᠲᠤᠯᠠᠭᠠᠨ ᠳᠤ ᠣᠷᠣᠵᠤ 51.8 ᠠᠮᠧᠷᠢᠺᠠ ᠼᠧᠨ᠋ᠲ ᠲᠡᠢ ᠲᠡᠩᠴᠡᠬᠦ ᠪᠣᠯᠵᠠᠢ᠃

ᠡᠭᠦᠪᠡᠷ ᠮᠥᠩᠭᠥᠨ ᠦ ᠰᠢᠨᠡᠴᠢᠯᠡᠯᠲᠡ ᠶᠢᠨ ᠠᠵᠢᠯ ᠦᠨᠳᠦᠰᠦᠨ ᠳᠦ ᠪᠡᠨ ᠲᠡᠭᠦᠰᠴᠤ ᠰᠢᠨ᠎ᠡ ᠸᠠᠯᠦᠲ᠋ᠠ ᠲᠥᠭᠥᠷᠢᠭ ᠨᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠮᠥᠩᠭᠥᠨ ᠦ ᠬᠠᠤᠯᠢ ᠶᠣᠰᠣᠨ ᠤ ᠪᠠᠲᠤ ᠪᠡᠬᠢ ᠨᠢᠭᠡᠴᠡ ᠪᠣᠯᠵᠤ ᠴᠢᠳᠠᠵᠠᠢ᠃

ᠵᠠᠰᠠᠭ ᠤᠨ ᠭᠠᠵᠠᠷ ᠠᠴᠠ ᠮᠥᠩᠭᠥᠨ ᠦ ᠰᠢᠨᠡᠴᠢᠯᠡᠯᠲᠡ ᠲᠡᠢ ᠬᠣᠯᠪᠣᠭᠳᠠᠭᠤᠯᠤᠨ 1924-1928 ᠤᠨ ᠳᠤ ᠠᠪᠴᠤ ᠶᠠᠪᠤᠭᠤᠯᠤᠭᠰᠠᠨ ᠱᠠᠲᠤ ᠳᠠᠷᠠᠭᠠᠯᠠᠭᠰᠠᠨ ᠠᠷᠭ᠎ᠠ ᠬᠡᠮᠵᠢᠶᠡᠨ ᠦ ᠳ᠋ᠦᠩ ᠳᠦ ᠠᠩᠭᠯᠢᠠᠮᠧᠷᠢᠺᠠ ᠪᠣᠯᠤᠨ ᠪᠤᠰᠤᠳ ᠣᠷᠣᠨ ᠤ ᠬᠤᠳᠠᠯᠳᠤᠭᠠᠴᠢᠳ᠂ ᠬᠢᠲᠠᠳ ᠤᠨ ᠲᠣᠮᠣᠬᠠᠨ ᠫᠦᠦᠰᠡ ᠨᠦᠭᠦᠳ ᠮᠣᠩᠭᠣᠯ ᠤᠨ ᠵᠠᠬ᠎ᠠ ᠵᠡᠭᠡᠯᠢ ᠡᠴᠡ ᠰᠢᠬᠠᠭᠳᠠᠨ ᠭᠠᠷᠤᠭᠰᠠᠨ ᠪᠠᠶᠢᠨ᠎ᠠ᠃

ᠮᠥᠩᠭᠥᠨ ᠦ ᠰᠢᠨᠡᠴᠢᠯᠡᠯᠲᠡ ᠶᠢ ᠠᠮᠵᠢᠯᠲᠠ ᠲᠠᠢ ᠶᠠᠪᠤᠭᠤᠯᠵᠤ᠂ ᠦᠨᠳᠦᠰᠦᠨ ᠦ ᠮᠥᠩᠭᠥᠨ ᠲᠡᠮᠳᠡᠭᠲᠦ ᠲᠡᠢ ᠪᠣᠯᠤᠭᠰᠠᠨ ᠨᠢ ᠡᠳ᠋ ᠍ ᠦᠨ ᠵᠠᠰᠠᠭ᠂ ᠤᠯᠤᠰ ᠲᠥᠷᠥ ᠶᠢᠨ ᠶᠡᠬᠡᠬᠡᠨ ᠠᠴᠢ ᠬᠣᠯᠪᠣᠭᠳᠠᠯ ᠲᠠᠢ ᠶᠤᠮ᠃

ᠢᠩᠭᠢᠵᠦ ᠦᠨᠳᠦᠰᠦᠨ ᠦ ᠮᠥᠩᠭᠥᠨ ᠲᠡᠮᠳᠡᠭᠲᠦ "ᠲᠥᠭᠥᠷᠢᠭ" ᠤᠯᠤᠰ ᠠᠷᠠᠳ ᠤᠨ ᠠᠵᠤ ᠠᠬᠤᠢ ᠶᠢᠨ ᠬᠥᠭᠵᠢᠯ ᠦᠨ ᠪᠦᠬᠦᠢ ᠯᠠ ᠦᠶ᠎ᠡ ᠱᠠᠲᠤᠨ ᠳᠤ ᠠᠮᠵᠢᠯᠲᠠ ᠲᠠᠢ ᠦᠢᠯᠡᠴᠢᠯᠡᠵᠦ᠂ ᠮᠥᠩᠭᠥᠨ ᠭᠦᠢᠯᠭᠡᠭᠡ᠂ ᠲᠥᠯᠥᠪᠦᠷᠢ ᠶᠢᠨ ᠬᠡᠷᠡᠭᠰᠡᠯ᠂ ᠥᠷᠲᠡᠭ ᠦᠨ ᠬᠡᠮᠵᠢᠭᠦᠷ᠂ ᠬᠠᠳᠠᠭᠠᠯᠠᠮᠵᠢ ᠶᠢᠨ ᠦᠨᠳᠦᠰᠦᠨ ᠨᠢᠭᠡᠴᠡ᠂ ᠣᠯᠠᠨ ᠤᠯᠤᠰ ᠤᠨ ᠮᠥᠩᠭᠥᠨ ᠦ ᠡᠭᠦᠷᠭᠡ ᠶᠢ ᠪᠦᠷᠢᠨ ᠴᠢᠨᠠᠷᠲᠠᠢ ᠭᠦᠢᠴᠡᠳᠭᠡᠵᠦ ᠢᠷᠡᠯ᠎ᠡ᠃

ᠤᠯᠤᠰ ᠤᠨ ᠪᠠᠩᠬᠢᠨ ᠤ ᠮᠥᠩᠭᠥᠨ ᠦ ᠹᠣᠨᠳ᠋ ᠍ ᠢ ᠥᠷᠭᠡᠳᠬᠡᠵᠦ ᠰᠡᠯᠪᠢᠬᠦ ᠵᠣᠷᠢᠯᠭ᠎ᠠ ᠪᠠᠷ 1939, 1941, 1955, 1996 ᠤᠨ ᠨᠤᠭᠤᠳ ᠲᠤ ᠲᠥᠭᠥᠷᠢᠭ ᠢ ᠰᠢᠨ᠎ᠡ ᠪᠡᠷ ᠬᠡᠪᠯᠡᠭᠦᠯᠦᠨ ᠭᠦᠢᠯᠭᠡᠭᠡᠨ ᠳᠦ ᠭᠠᠷᠭᠠᠵᠠᠢ᠃

ᠠᠩᠬ᠎ᠠ 1925 ᠤᠨ ᠳᠤ ᠭᠦᠢᠯᠭᠡᠭᠡᠨ ᠳᠦ ᠭᠠᠷᠭᠠᠭᠰᠠᠨ ᠴᠠᠭᠠᠰᠤᠨ ᠲᠡᠮᠳᠡᠭᠲᠦ ᠳᠡᠭᠡᠷᠡᠬᠢ ᠪᠦᠬᠦ ᠪᠢᠴᠢᠭ ᠲᠣᠭ᠎ᠠ ᠶᠢ ᠮᠣᠩᠭᠣᠯ ᠦᠰᠦᠭ ᠢᠶᠡᠷ ᠪᠢᠴᠢᠵᠦ᠂ 1, 2, 5, 10, 25, 50, 100 ᠤᠨ ᠳᠡᠪᠢᠰᠬᠡᠷᠲᠦ ᠲᠡᠢ ᠪᠡᠷ ᠪᠦᠲᠦᠭᠡᠭᠰᠡᠨ ᠪᠠᠶᠢᠨ᠎ᠠ᠃

1925 ᠤᠨ ᠤ ᠴᠠᠭᠠᠰᠤᠨ ᠳᠡᠪᠢᠰᠬᠡᠷᠲᠦ ᠨᠦᠭᠦᠳ ᠦᠨ 100, 50, 25 ᠲᠥᠭᠥᠷᠢᠭ ᠦᠨ ᠳᠡᠪᠢᠰᠬᠡᠷᠲᠦ ᠨᠦᠭᠦᠳ ᠳᠡᠭᠡᠷ᠎ᠡ ᠮᠣᠩᠭᠣᠯ ᠤᠨ ᠬᠤᠳᠠᠯᠳᠤᠭ᠎ᠠ ᠠᠵᠤ ᠦᠢᠯᠡᠳᠪᠦᠷᠢ ᠶᠢᠨ ᠪᠠᠩᠬᠢ (ᠮᠣᠩᠭᠣᠯ ᠪᠠᠩᠬᠢ) ᠍ ᠶᠢᠨ ᠳᠠᠷᠤᠭ᠎ᠠ ᠮᠢᠺᠢᠯᠮᠠᠨ(Микилман)᠂ ᠭᠡᠰᠢᠭᠦᠨ ᠠᠮᠤᠷ᠂ ᠰᠢᠭᠤᠨᠣᠸ( Шигунов)᠂ ᠪᠠᠲᠤᠸᠴᠢᠷ᠂ ᠳᠤᠤᠭᠠᠷ᠂ ᠨᠢᠷᠪᠠ ᠪᠣᠯᠱᠠᠺᠣᠸ ᠨᠠᠷ᠂ ᠪᠤᠰᠤᠳ ᠵᠢᠵᠢᠭ ᠳᠡᠪᠢᠰᠬᠡᠷᠲᠦ ᠨᠦᠭᠦᠳ ᠳᠡᠭᠡᠷ᠎ᠡ ᠳᠠᠷᠤᠭ᠎ᠠ ᠮᠢᠺᠢᠯᠮᠠᠨ᠂ ᠭᠡᠰᠢᠭᠦᠨ ᠠᠮᠤᠷ᠂ ᠰᠢᠭᠤᠨᠣᠸ᠂ ᠨᠢᠷᠪᠠ ᠪᠣᠯᠱᠠᠺᠣᠸ ᠨᠠᠷ ᠭᠠᠷ ᠤᠨ ᠦᠰᠦᠭ ᠢᠶᠡᠨ ᠵᠢᠷᠤᠭᠰᠠᠨ ᠪᠠᠶᠢᠳᠠᠭ᠃

1939 ᠤᠨ ᠳᠤ ᠲᠥᠭᠥᠷᠢᠭ ᠦᠨ ᠳᠡᠪᠢᠰᠬᠡᠷᠲᠦ ᠨᠦᠭᠦᠳ ᠦᠨ ᠬᠡᠮᠵᠢᠶ᠎ᠡ ᠶᠢ ᠥᠭᠡᠷᠡᠴᠢᠯᠡᠬᠦ ᠦᠭᠡᠢ ᠪᠡᠷ ᠪᠦᠬᠦ ᠳᠡᠪᠢᠰᠬᠡᠷᠲᠦ ᠳᠦ ᠳ᠃ᠰᠦᠬᠡᠪᠠᠭᠠᠲᠤᠷ ᠤᠨ ᠬᠥᠷᠥᠭ ᠲᠡᠢ ᠪᠡᠷ ᠮᠣᠩᠭᠣᠯ ᠦᠰᠦᠭ ᠢᠶᠡᠷ ᠬᠡᠪᠯᠡᠭᠦᠯᠵᠦ᠂ 2 ᠍ ᠲ ᠤᠨ ᠳᠡᠪᠢᠰᠬᠡᠷᠲᠦ ᠶᠢ 3 ᠍ ᠲ ᠤᠨ ᠳᠡᠪᠢᠰᠬᠡᠷᠲᠦ ᠪᠡᠷ ᠰᠤᠯᠢᠵᠤ ᠭᠠᠷᠭᠠᠭᠰᠠᠨ ᠪᠥᠭᠡᠳ 1941 ᠤᠨ ᠳᠤ ᠲᠥᠭᠥᠷᠢᠭ ᠦᠨ ᠬᠡᠮᠵᠢᠶ᠎ᠡ᠂ ᠥᠩᠭᠡ᠂ ᠬᠡ ᠶᠢ ᠥᠭᠡᠷᠡᠴᠢᠯᠡᠬᠦ ᠦᠭᠡᠢ ᠪᠡᠷ ᠵᠥᠪᠬᠡᠨ ᠪᠢᠴᠢᠭ ᠲᠣᠭᠠᠨ ᠤ ᠵᠠᠷᠢᠮ ᠬᠡᠰᠡᠭ ᠢ ᠺᠢᠷᠢᠯ (ᠰᠢᠨ᠎ᠡ) ᠦᠰᠦᠭ ᠢᠶᠡᠷ ᠬᠡᠪᠯᠡᠵᠦ᠂ 1955 ᠤᠨ ᠳᠤ ᠳᠡᠪᠢᠰᠬᠡᠷᠲᠦ ᠨᠦᠭᠦᠳ ᠦᠨ ᠬᠡᠮᠵᠢᠶ᠎ᠡ ᠶᠢ ᠲᠣᠮᠣᠰᠬᠠᠵᠤ ᠵᠢᠷᠤᠭ ᠬᠡ ᠶᠢ ᠥᠭᠡᠷᠡᠴᠢᠯᠡᠨ ᠪᠦᠬᠦ ᠪᠢᠴᠢᠭ ᠲᠣᠭ᠎ᠠ ᠶᠢ ᠺᠢᠷᠢᠯ ᠦᠰᠦᠭ ᠢᠶᠡᠷ ᠬᠡᠪᠯᠡᠵᠦ᠂ 1966 ᠤᠨ ᠳᠤ ᠲᠥᠭᠥᠷᠢᠭ ᠦᠨ ᠬᠠᠩᠰᠢ ᠶᠢ ᠥᠭᠡᠷᠡᠴᠢᠯᠡᠬᠦ ᠦᠭᠡᠢ ᠪᠡᠷ ᠳᠡᠪᠢᠰᠬᠡᠷᠲᠦ ᠪᠦᠷᠢ ᠶᠢᠨ ᠬᠡᠮᠵᠢᠶ᠎ᠡ ᠶᠢ ᠭᠦᠢᠯᠭᠡᠭᠡᠨ ᠳᠦ ᠬᠡᠷᠡᠭᠯᠡᠬᠦ ᠳᠦ ᠲᠣᠬᠢᠷᠠᠮᠵᠢᠲᠠᠢ ᠪᠣᠯᠭᠠᠨ ᠵᠢᠵᠢᠭᠷᠡᠭᠦᠯᠵᠤ᠂ ᠥᠩᠭᠡ᠂ ᠵᠢᠷᠤᠭ ᠤᠷᠠᠯᠠᠯ ᠢ ᠴᠤ ᠰᠢᠨ᠎ᠡ ᠪᠡᠷ ᠥᠭᠡᠷᠡᠴᠢᠯᠡᠨ ᠪᠦᠲᠦᠭᠡᠵᠦ᠂ ᠬᠡᠪᠯᠡᠨ ᠭᠠᠷᠭᠠᠭᠰᠠᠨ ᠢ ᠣᠳᠣ ᠭᠦᠢᠯᠭᠡᠭᠡᠨ ᠳᠦ ᠬᠡᠷᠡᠭᠯᠡᠵᠦ ᠪᠠᠶᠢᠨ᠎ᠠ᠃ 1966 ᠤᠨ ᠤ ᠰᠢᠨ᠎ᠡ ᠲᠡᠮᠳᠡᠭᠲᠦ ᠶᠢ ᠭᠦᠢᠯᠭᠡᠭᠡᠨ ᠳᠦ ᠣᠷᠣᠭᠤᠯᠬᠤ ᠳᠤ ᠪᠠᠨ ᠤᠷᠢᠳᠤ ᠨᠢ ᠭᠦᠢᠯᠭᠡᠭᠡᠨ ᠳᠦ ᠶᠠᠪᠤᠵᠤ ᠪᠠᠶᠢᠭᠰᠠᠨ ᠪᠦᠬᠦ ᠴᠠᠭᠠᠰᠤᠨ ᠲᠡᠮᠳᠡᠭᠲᠦ ᠨᠦᠭᠦᠳ ᠢ ᠪᠣᠭᠣᠨᠢ ᠬᠤᠭᠤᠴᠠᠭᠠᠨ ᠳᠤ ᠰᠤᠯᠢᠵᠤ ᠣᠯᠭᠣᠬᠤ ᠵᠠᠮ ᠢᠶᠠᠷ ᠭᠦᠢᠯᠭᠡᠭᠡᠨ ᠡᠴᠡ ᠲᠠᠲᠠᠭᠰᠠᠨ ᠪᠠᠶᠢᠨ᠎ᠠ᠃ ᠲᠡᠭᠡᠬᠦ ᠳᠦ ᠪᠡᠨ ᠬᠠᠩᠰᠢ ᠶᠢᠨ ᠥᠭᠡᠷᠡᠴᠢᠯᠡᠯᠲᠡ ᠬᠢᠭᠡ ᠦᠭᠡᠢ ᠠᠵᠡᠢ᠃ 1966 ᠤᠨ ᠤ ᠮᠥᠩᠭᠥᠨ ᠲᠡᠮᠳᠡᠭᠲᠦ ᠶᠢᠨ ᠨᠥᠭᠡᠴᠡ ᠶᠢ ᠬᠠᠭᠤᠴᠢᠨ ᠵᠢᠷᠤᠭ ᠵᠠᠭᠪᠤᠷ ᠢᠶᠠᠷ ᠨᠢ 1981, 1983 ᠤᠨ ᠳᠤ ᠰᠡᠯᠪᠢᠨ ᠬᠡᠪᠯᠡᠭᠦᠯᠵᠦ᠂ 1981 ᠤᠨ ᠳᠤ 20 ᠍ ᠲ ᠤᠨ ᠳᠡᠪᠢᠰᠬᠡᠷᠲᠦ ᠶᠢ ᠰᠢᠨ᠎ᠡ ᠪᠡᠷ ᠪᠦᠲᠦᠭᠡᠨ ᠭᠦᠢᠯᠭᠡᠭᠡᠨ ᠳᠦ ᠨᠡᠮᠡᠵᠦ ᠬᠡᠷᠡᠭᠯᠡᠭᠰᠡᠨ ᠪᠠᠶᠢᠨ᠎ᠠ᠃

1925, 1939, 1941, 1955 ᠤᠨ ᠨᠤᠭᠤᠳ ᠤᠨ ᠮᠥᠩᠭᠥᠨ ᠲᠡᠮᠳᠡᠭᠲᠦ ᠳᠦ ᠬᠠᠭᠤᠷᠮᠠᠴᠢ ᠪᠠᠷ ᠦᠢᠯᠡᠳᠬᠦ ᠡᠴᠡ ᠬᠠᠮᠠᠭᠠᠯᠠᠭᠰᠠᠨ ᠲᠤᠰᠬᠠᠢ ᠬᠢᠴᠡ ᠪᠠᠶᠢᠭ᠎ᠠ ᠦᠭᠡᠢ᠂ ᠵᠥᠪᠬᠡᠨ ᠴᠠᠭᠠᠰᠤ᠂ ᠵᠢᠷᠤᠭ ᠬᠡ ᠨᠢ ᠮᠥᠩᠭᠥᠨ ᠲᠡᠮᠳᠡᠭᠲᠦ ᠳᠦ ᠵᠣᠷᠢᠭᠤᠯᠤᠭᠳᠠᠭᠰᠠᠨ ᠣᠨᠴᠠᠯᠢᠭ ᠬᠢᠴᠡ ᠪᠡᠷ ᠪᠦᠲᠦᠭᠰᠡᠨ ᠪᠠᠶᠢᠵᠠᠢ᠃ 1966 ᠤᠨ ᠤ ᠮᠥᠩᠭᠥᠨ ᠲᠡᠮᠳᠡᠭᠲᠦ ᠶᠢᠨ ᠴᠠᠭᠠᠰᠤ ᠶᠢ ᠦᠢᠯᠡᠳᠪᠦᠷᠢᠯᠡᠬᠦ ᠳᠦ ᠪᠡᠨ ᠬᠠᠭᠤᠷᠮᠠᠴᠢ ᠪᠠᠷ ᠦᠢᠯᠡᠳᠬᠦ ᠡᠴᠡ ᠬᠠᠮᠠᠭᠠᠯᠠᠭᠰᠠᠨ ᠤᠰᠤᠨ ᠬᠡ ᠶᠢᠨ ᠠᠷᠭ᠎ᠠ ᠪᠠᠷ ᠥᠯᠵᠡᠢ ᠬᠡ ᠶᠢ ᠪᠦᠲᠦᠭᠡᠨ ᠣᠷᠣᠭᠤᠯᠤᠭᠰᠠᠨ ᠪᠥᠭᠡᠳ ᠴᠠᠭᠠᠰᠤᠨ ᠤ ᠨᠠᠶᠢᠷᠠᠯᠭ᠎ᠠ ᠶᠢᠨ 3/5 ᠍ ᠢ ᠬᠥᠪᠥᠩ᠂ 2/5 ᠍ ᠶᠢ ᠨᠡᠶᠢᠯᠡᠭ ᠡᠳ᠋, ᠮᠠᠭᠠᠯᠢᠩᠭᠤ᠂ ᠪᠤᠰᠤᠳ ᠬᠣᠯᠢᠴᠠ ᠡᠵᠡᠯᠡᠳᠡᠭ᠃ ᠡᠶᠢᠮᠦ ᠡᠴᠡ ᠲᠥᠭᠥᠷᠢᠭ ᠢ ᠲᠣᠮᠣᠷᠠᠭᠤᠯᠵᠤ ᠨᠠᠷᠢᠪᠴᠢᠯᠠᠨ ᠬᠠᠷᠠᠪᠠᠯ ᠤᠯᠠᠭᠠᠨ᠂ ᠴᠡᠩᠬᠡᠷ ᠪᠣᠯᠤᠨ ᠪᠤᠰᠤᠳ ᠥᠩᠭᠡ ᠶᠢᠨ ᠵᠢᠷᠤᠭᠠᠰᠤ ᠶᠢ ᠠᠵᠢᠭᠯᠠᠨ ᠬᠠᠷᠠᠵᠤ ᠪᠣᠯᠤᠨ᠎ᠠ᠃

1993 ᠤᠨ ᠤ ᠰᠢᠨ᠎ᠡ ᠮᠥᠩᠭᠥᠨ ᠲᠡᠮᠳᠡᠭᠲᠦ ᠶᠢᠨ ᠳᠡᠪᠢᠰᠬᠡᠷᠲᠦ ᠳᠦᠷᠰᠦ ᠨᠢ ᠥᠭᠡᠷ᠎ᠡ ᠥᠭᠡᠷ᠎ᠡ ᠥᠩᠭᠡ᠂ ᠬᠡᠮᠵᠢᠶ᠎ᠡ ᠲᠡᠢ᠂ 500, 1000, 5000, 10000 ᠍ ᠲ ᠤᠨ ᠳᠡᠪᠢᠰᠬᠡᠷᠲᠦ ᠳᠦ ᠶᠡᠬᠡ ᠡᠵᠡᠨ ᠴᠢᠩᠭᠢᠰ ᠬᠠᠭᠠᠨ ᠤ ᠬᠥᠷᠥᠭ᠂ 10 ᠍ ᠠᠴᠠ 100 ᠍ ᠲ ᠤᠨ ᠳᠡᠪᠢᠰᠬᠡᠷᠲᠦ ᠳᠦ ᠳ᠃ᠰᠦᠬᠡᠪᠠᠭᠠᠲᠤᠷ ᠤᠨ ᠬᠥᠷᠥᠭ ᠲᠡᠢ᠂ ᠲᠡᠦᠬᠡᠨ ᠪᠣᠯᠤᠨ ᠪᠠᠶᠢᠭᠠᠯᠢ ᠶᠢᠨ ᠵᠢᠷᠤᠭ᠂ ᠲᠥᠷᠥ ᠶᠢᠨ ᠲᠤᠭ᠂ ᠰᠣᠶᠣᠮᠪᠣ᠂ ᠦᠨᠳᠦᠰᠦᠨ ᠦ ᠬᠡ ᠤᠭᠠᠯᠵᠠ ᠪᠠᠷ ᠴᠢᠮᠡᠭᠯᠡᠵᠦ ᠪᠦᠲᠦᠭᠡᠭᠰᠡᠨ᠃

ᠰᠢᠨ᠎ᠡ ᠮᠥᠩᠭᠥᠨ ᠲᠡᠮᠳᠡᠭᠲᠦ ᠶᠢ 100 ᠬᠤᠪᠢ ᠤᠨ ᠬᠥᠪᠥᠩ ᠴᠠᠭᠠᠰᠤ ᠪᠠᠷ ᠪᠦᠲᠦᠭᠡᠵᠦ᠂ ᠬᠠᠭᠤᠷᠮᠠᠴᠢ ᠪᠠᠷ ᠦᠢᠯᠡᠳᠬᠦ ᠡᠴᠡ ᠬᠠᠮᠠᠭᠠᠯᠠᠬᠤ ᠵᠣᠷᠢᠯᠭ᠎ᠠ ᠪᠠᠷ ᠤᠰᠤᠨ ᠬᠡ᠂ ᠮᠧᠲ᠋ᠠᠯ ᠤᠲᠠᠰᠤ᠂ ᠪᠠᠶᠢᠩᠭᠤ ᠳᠠᠪᠬᠤᠴᠠᠬᠤ ᠳᠦᠷᠰᠦ᠂ ᠮᠢᠺᠷᠣ᠋ ᠦᠰᠦᠭ ᠦᠨ ᠱᠤᠭᠤᠮ᠂ ᠦᠯᠲ᠋ᠷᠠ ᠭᠡᠷᠡᠯ ᠳᠦ ᠲᠣᠳᠣᠷᠠᠬᠤ ᠳᠦᠷᠰᠦ᠂ ᠭᠠᠷ ᠲᠤ ᠲᠡᠮᠲᠡᠷᠢᠭᠳᠡᠬᠦ ᠲᠣᠪᠣᠭᠣᠷ ᠬᠡ᠂ ᠰᠺᠠᠶᠢᠨᠧᠷ ᠪᠣᠯᠤᠨ ᠪᠦᠬᠦ ᠲᠥᠷᠥᠯ ᠦᠨ ᠬᠤᠪᠢᠯᠠᠭᠴᠢ ᠪᠠᠷ ᠣᠯᠠᠰᠢᠷᠠᠭᠤᠯᠪᠠᠯ ᠲᠣᠳᠣᠷᠠᠬᠤ ᠪᠤᠶᠤ ᠬᠤᠪᠢᠯᠠᠭᠳᠠᠬᠤ ᠦᠭᠡᠢ ᠪᠠᠶᠢᠬᠤ ᠳᠦᠷᠰᠦ᠂ ᠭᠡᠷᠡᠯ ᠦᠨ ᠣᠶᠢᠯᠲᠠ ᠪᠠᠷ ᠲᠣᠳᠣᠷᠠᠵᠤ ᠬᠠᠷᠠᠭᠳᠠᠬᠤ ᠳᠦᠷᠰᠦ ᠵᠡᠷᠭᠡ ᠨᠢᠭᠤᠴᠠ ᠲᠤᠰᠬᠠᠢ ᠬᠢᠴᠡ ᠶᠢ ᠣᠷᠣᠭᠤᠯᠤᠨ ᠪᠦᠲᠦᠭᠡᠭᠰᠡᠨ ᠪᠣᠯᠤᠨ᠎ᠠ᠃ 2002 ᠤᠨ ᠳᠤ ᠳᠠᠬᠢᠨ ᠬᠡᠪᠯᠡᠭᠦᠯᠦᠭᠰᠡᠨ 10000 ᠍ ᠶᠢᠨ ᠳᠡᠪᠢᠰᠬᠡᠷᠲᠦ ᠳᠦ ᠬᠠᠮᠤᠭ ᠤᠨ ᠰᠡᠭᠦᠯ ᠦᠨ ᠦᠶ᠎ᠡ ᠶᠢᠨ ᠨᠢᠭᠤᠴᠠ ᠬᠢᠴᠡ ᠪᠣᠯᠬᠤ ᠥᠩᠭᠡ ᠪᠡᠨ ᠰᠤᠯᠢᠵᠤ ᠭᠢᠯᠠᠯᠵᠠᠳᠠᠭ "ᠺᠣᠯᠣᠭ᠍ᠷᠠᠮ" ᠬᠢᠴᠡ ᠶᠢ ᠣᠷᠣᠭᠤᠯᠤᠭᠰᠠᠨ᠃ ᠰᠢᠨ᠎ᠡ ᠮᠥᠩᠭᠥᠨ ᠲᠡᠮᠳᠡᠭᠲᠦ ᠶᠢᠨ ᠳᠡᠪᠢᠰᠬᠡᠷᠲᠦ ᠨᠦᠭᠦᠳ ᠳᠡᠭᠡᠷ᠎ᠡ ᠮᠣᠩᠭᠣᠯ ᠪᠠᠩᠬᠢ ᠶᠢᠨ ᠶᠡᠷᠦᠩᠬᠡᠶᠢᠯᠡᠭᠴᠢ ᠳ᠃ᠮᠣᠯᠣᠮᠵᠠᠮᠰᠤ ᠭᠠᠷ ᠤᠨ ᠦᠰᠦᠭ ᠵᠢᠷᠤᠭᠰᠠᠨ᠃ 1998 ᠤᠨ ᠳᠤ ᠭᠦᠢᠯᠭᠡᠭᠡᠨ ᠳᠦ ᠭᠠᠷᠤᠭᠰᠠᠨ 1000 ᠍ ᠲ ᠤᠨ ᠳᠡᠪᠢᠰᠬᠡᠷᠲᠦ ᠳᠡᠭᠡᠷ᠎ᠡ ᠮᠣᠩᠭᠣᠯ ᠪᠠᠩᠬᠢ ᠶᠢᠨ ᠶᠡᠷᠦᠩᠬᠡᠶᠢᠯᠡᠭᠴᠢ ᠵ᠃ᠦᠨᠡᠨᠪᠠᠲᠤ ᠭᠠᠷ ᠤᠨ ᠦᠰᠦᠭ ᠵᠢᠷᠤᠵᠤ 2000 ᠤᠨ ᠠᠴᠠ ᠬᠣᠶᠢᠰᠢ ᠭᠠᠳᠠᠭᠠᠳᠤ ᠳᠤ ᠬᠡᠪᠯᠡᠭᠦᠯᠵᠦ ᠪᠤᠢ ᠳᠡᠪᠢᠰᠬᠡᠷᠲᠦ ᠨᠦᠭᠦᠳ ᠲᠦ ᠮᠣᠩᠭᠣᠯ ᠪᠠᠩᠬᠢ ᠶᠢᠨ ᠶᠡᠷᠦᠩᠬᠡᠶᠢᠯᠡᠭᠴᠢ ᠣ᠃ᠴᠢᠯᠠᠭᠤᠨᠪᠠᠲᠤ ᠭᠠᠷ ᠤᠨ ᠦᠰᠦᠭ ᠢᠶᠡᠨ ᠵᠢᠷᠤᠵᠠᠢ᠃

ᠵᠣᠭᠣᠰᠤᠨ ᠮᠥᠩᠭᠥ ᠶᠢ 1925, 1937, 1945 ᠤᠨ ᠳᠤ ᠵᠥᠪᠯᠡᠯᠲᠦ ᠬᠣᠯᠪᠣᠭᠠᠲᠤ ᠤᠯᠤᠰ ᠲᠤ᠂ 1959 ᠤᠨ ᠳᠤ ᠳᠤᠮᠳᠠᠳᠤ ᠤᠯᠤᠰ ᠲᠤ ᠬᠡᠪᠯᠡᠭᠦᠯᠵᠦ ᠭᠦᠢᠯᠭᠡᠭᠡᠨ ᠳᠦ ᠭᠠᠷᠭᠠᠭᠰᠠᠨ ᠪᠥᠭᠡᠳ 1970 ᠤᠨ ᠠᠴᠠ ᠬᠣᠶᠢᠰᠢ ᠵᠢᠯ ᠦᠨ ᠬᠡᠷᠡᠭᠴᠡᠭᠡ ᠪᠡᠷ ᠵᠢᠯ ᠪᠦᠷᠢ ᠥᠪᠡᠷᠰᠡᠳ ᠢᠶᠡᠨ ᠦᠢᠯᠡᠳᠪᠦᠷᠢᠯᠡᠨ ᠭᠦᠢᠯᠭᠡᠭᠡᠨ ᠳᠦ ᠭᠠᠷᠭᠠᠵᠤ ᠪᠠᠶᠢᠴᠠᠢ᠃

1925 ᠤᠨ ᠳᠤ ᠭᠠᠷᠭᠠᠭᠰᠠᠨ ᠵᠣᠭᠣᠰᠤᠨ ᠮᠥᠩᠭᠥᠨ ᠦ 10, 15, 20, 50 ᠍ ᠲ ᠤᠨ ᠵᠣᠭᠣᠰ᠂ 1937 ᠤᠨ ᠳᠤ 10, 15, 20 ᠍ ᠲ ᠤᠨ ᠵᠣᠭᠣᠰ ᠢ ᠴᠡᠪᠡᠷ ᠴᠠᠭᠠᠨ ᠮᠥᠩᠭᠥ ᠪᠡᠷ ᠴᠢᠳᠬᠤᠵᠤ ᠭᠦᠢᠯᠭᠡᠭᠡᠨ ᠳᠦ ᠭᠠᠷᠭᠠᠭᠰᠠᠨ᠃ 1959 ᠤᠨ ᠳᠤ ᠬᠥᠩᠭᠡᠨᠴᠠᠭᠠᠨ ᠢᠶᠠᠷ 1, 2, 5 ᠍ ᠲ ᠢ ᠭᠣᠣᠯ ᠳᠤ ᠪᠠᠨ ᠨᠦᠬᠡ ᠲᠡᠢ ᠵᠣᠭᠣᠰ ᠭᠠᠷᠭᠠᠵᠠᠢ᠃

ᠣᠳᠣ 1970 ᠤᠨ ᠳᠤ ᠭᠠᠷᠭᠠᠭᠰᠠᠨ ᠵᠣᠭᠣᠰᠤᠨ ᠮᠥᠩᠭᠥ ᠶᠤᠮ ᠤᠤ ᠡᠨᠡ ᠬᠡᠯᠪᠡᠷᠢ ᠬᠡᠮᠵᠢᠶ᠎ᠡ ᠪᠡᠷ ᠲᠡᠭᠦᠨ ᠡᠴᠡ ᠬᠣᠶᠢᠰᠢ ᠦᠢᠯᠡᠳᠪᠦᠷᠢᠯᠡᠭᠰᠡᠨ ᠵᠣᠭᠣᠰᠤᠨ ᠮᠥᠩᠭᠥᠨ ᠨᠦᠭᠦᠳ ᠭᠦᠢᠯᠭᠡᠭᠡᠨ ᠳᠦ ᠬᠡᠷᠡᠭᠯᠡᠭᠳᠡᠵᠦ᠂ 1970 ᠤᠨ ᠠᠴᠠ ᠡᠮᠦᠨ᠎ᠡ ᠦᠢᠯᠡᠳᠪᠦᠷᠢᠯᠡᠵᠦ ᠭᠠᠷᠭᠠᠭᠰᠠᠨ ᠵᠣᠭᠣᠰ ᠤᠳ ᠢ ᠭᠦᠢᠯᠭᠡᠭᠡᠨ ᠡᠴᠡ ᠬᠠᠰᠤᠭᠳᠠᠵᠠᠢ᠃

ᠭᠦᠢᠯᠭᠡᠭᠡᠨ ᠳᠦ ᠶᠠᠪᠤᠭ᠎ᠠ ᠲᠥᠭᠥᠷᠢᠭ ᠵᠣᠭᠣᠰᠤᠨ ᠮᠥᠩᠭᠥᠨ ᠦ ᠭᠦᠢᠯᠭᠡᠭᠡᠨ ᠳᠦ ᠲᠡᠩᠴᠡᠬᠦ ᠡᠰᠡᠬᠦ ᠶᠢ ᠲᠥᠪ ᠣᠷᠣᠨ ᠨᠤᠲᠤᠭ ᠤᠨ ᠪᠠᠩᠬᠢᠨ ᠤ ᠪᠦᠬᠦ ᠪᠠᠶᠢᠭᠤᠯᠤᠯᠭ᠎ᠠ ᠨᠤᠭᠤᠳ ᠰᠢᠯᠭᠠᠨ ᠲᠣᠭᠲᠠᠭᠠᠵᠤ ᠢᠯᠭᠠᠨ᠂ ᠮᠠᠭᠤᠳᠠᠭᠰᠠᠨ ᠮᠥᠩᠭᠥᠨ ᠲᠡᠮᠳᠡᠭᠲᠦ ᠶᠢ ᠲᠥᠪ ᠪᠠᠩᠬᠢ ᠳᠤ ᠲᠠᠲᠠᠨ ᠠᠪᠴᠤ᠂ ᠲᠤᠰᠬᠠᠢ ᠺᠣᠮᠢᠰ ᠤᠨ ᠬᠢᠨᠠᠯᠲᠠ ᠲᠠᠢ ᠪᠠᠷ ᠰᠢᠯᠭᠠᠵᠤ ᠵᠣᠷᠢᠭᠤᠯᠤᠯᠲᠠ ᠶᠢᠨ ᠮᠠᠰᠢᠨ ᠢᠶᠠᠷ ᠬᠡᠭᠡᠵᠦ ᠦᠷᠳᠡᠰᠦ ᠪᠣᠯᠭᠠᠨ ᠤᠰᠠᠳᠬᠠᠳᠠᠭ᠃

1970 ᠤᠨ ᠠᠴᠠ ᠬᠣᠶᠢᠰᠢ ᠨᠢᠭᠡ ᠲᠥᠭᠦᠷᠢᠭ ᠦᠨ ᠵᠣᠭᠣᠰᠤᠨ ᠮᠥᠩᠭᠥ ᠶᠢ ᠺᠠᠷᠯ ᠮᠠᠷᠺᠰᠰᠦᠬᠡᠪᠠᠭᠠᠲᠤᠷ ᠤᠨ ᠬᠥᠷᠥᠭ᠂ ᠰᠣᠶᠣᠮᠪᠣ᠂ ᠰᠠᠨᠰᠠᠷ ᠤᠨ ᠪᠢᠯᠢᠭ ᠲᠡᠮᠳᠡᠭ ᠵᠡᠷᠭᠡ 8 ᠲᠥᠷᠥᠯ ᠦᠨ ᠵᠢᠷᠤᠭ ᠳᠦᠷᠰᠦᠲᠡᠢ ᠪᠡᠷ ᠬᠡᠪᠯᠡᠵᠦ ᠭᠠᠷᠭᠠᠵᠠᠢ᠃

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠢ ᠲᠤᠩᠬᠠᠭᠯᠠᠭᠰᠠᠨ ᠤ 50 ᠵᠢᠯ ᠦᠨ ᠣᠢ ᠪᠠᠷ ᠨᠢᠭᠡ ᠲᠥᠭᠦᠷᠢᠭ ᠦᠨ ᠴᠠᠭᠠᠨ ᠥᠩᠭᠡᠲᠡᠢ ᠵᠣᠭᠣᠰᠤᠨ ᠮᠥᠩᠭᠥ᠂ᠤᠯᠤᠰ ᠤᠨ ᠪᠠᠩᠬᠢ ᠪᠠᠶᠢᠭᠤᠯᠤᠭᠳᠠᠰᠠᠨ 50 ᠵᠢᠯ ᠦᠨ ᠣᠢ ᠪᠠᠷ 10 ᠲᠥᠭᠦᠷᠢᠭ ᠦᠨ ᠵᠣᠭᠣᠰᠤᠨ ᠮᠥᠩᠭᠥ ᠴᠥᠭᠡᠨ ᠲᠣᠭ᠎ᠠ ᠪᠠᠷ ᠦᠢᠯᠡᠳᠪᠦᠷᠢᠯᠡᠨ ᠭᠠᠷᠭᠠᠵᠤ ᠪᠠᠶᠢᠵᠠᠢ᠃

ᠮᠣᠩᠭᠣᠯ ᠪᠠᠩᠬᠢ ᠳᠡᠯᠡᠬᠡᠢ ᠶᠢᠨ ᠤᠯᠤᠰ ᠣᠷᠣᠨ ᠨᠤᠭᠤᠳ ᠤᠨ ᠵᠢᠱᠢᠭ ᠢ ᠬᠠᠷᠠᠭᠠᠯᠵᠠᠨ ᠵᠣᠭᠣᠰᠤᠨ ᠮᠥᠩᠭᠥᠨ ᠡᠴᠡ ᠭᠠᠳᠠᠨ᠎ᠠ 20, 50, 100, 200 ᠲᠥᠭᠥᠷᠢᠭ ᠦᠨ ᠵᠣᠭᠣᠰᠤᠨ ᠲᠥᠭᠥᠷᠢᠭ ᠦᠢᠯᠡᠳᠪᠦᠷᠢᠯᠡᠭᠦᠯᠦᠨ 1996 ᠤᠨ ᠳᠤ ᠭᠦᠢᠯᠭᠡᠭᠡᠨ ᠳᠦ ᠭᠠᠷᠭᠠᠭᠰᠠᠨ᠃ 200 ᠲᠥᠭᠦᠷᠢᠭ ᠦᠨ ᠵᠣᠭᠣᠰ ᠨᠢ ᠵᠠᠰᠠᠭ ᠤᠨ ᠭᠠᠵᠠᠷ ᠤᠨ ᠣᠷᠳᠣᠨ ᠤ ᠵᠢᠷᠤᠭ ᠲᠠᠢ᠂ 100 ᠲᠥᠭᠦᠷᠢᠭ ᠦᠨ ᠵᠣᠭᠣᠰ ᠨᠢ ᠵᠠᠨᠷᠠᠶᠢᠰᠦᠭ ᠰᠦᠮ᠎ᠡ ᠶᠢᠨ᠂ 20, 50 ᠲᠥᠭᠦᠷᠢᠭ ᠦᠨ ᠵᠣᠭᠣᠰ ᠨᠢ ᠳᠡᠪᠢᠰᠬᠡᠷᠲᠦ ᠶᠢᠨ ᠦᠨ᠎ᠡ ᠶᠢᠨ ᠳ᠋ᠦᠩ ᠢᠶᠡᠷ ᠴᠢᠮᠡᠭᠯᠡᠭᠰᠡᠨ ᠵᠢᠷᠤᠭ ᠲᠠᠢ᠃ ᠥᠩᠭᠡᠷᠡᠭᠰᠡᠨ 2001 ᠤᠨ ᠳᠤ ᠠᠷᠠᠳ ᠤᠨ ᠬᠤᠪᠢᠰᠬᠠᠯ ᠤᠨ 81 ᠵᠢᠯ ᠦᠨ ᠣᠢ ᠳᠤ ᠵᠣᠷᠢᠭᠤᠯᠤᠨ 500 ᠲᠥᠭᠥᠷᠢᠭ ᠪᠣᠯᠤᠨ ᠰᠦᠬᠡᠪᠠᠭᠠᠲᠤᠷ ᠤᠨ ᠬᠥᠷᠥᠭ ᠲᠡᠢ ᠵᠣᠭᠣᠰ ᠢ ᠭᠦᠢᠯᠭᠡᠭᠡᠨ ᠳᠦ ᠨᠡᠮᠡᠵᠦ ᠭᠠᠷᠭᠠᠪᠠ᠃

 ᠤᠨ ᠣᠨ ᠤ ᠮᠥᠩᠭᠥᠨ ᠲᠡᠮᠳᠡᠭᠲᠦ[ᠵᠠᠰᠠᠪᠤᠷᠢᠯᠠᠬᠤ | ᠺᠣᠳ᠋ ᠢᠶᠠᠷ ᠵᠠᠰᠠᠬᠣ]

1925

1924 ᠤᠨ ᠳᠤ ᠪᠠᠲᠤᠯᠠᠭᠳᠠᠭᠰᠠᠨ ᠮᠠᠨ ᠤ ᠤᠯᠤᠰ ᠤᠨ ᠠᠩᠬᠠᠨ ᠤ ᠦᠨᠳᠦᠰᠦᠨ ᠬᠠᠤᠯᠢ ᠶᠢᠨ ᠳᠠᠭᠠᠤ "ᠰᠣᠶᠣᠮᠪᠣ" ᠰᠦᠯᠳᠡ ᠲᠡᠢ ᠮᠣᠩᠭᠣᠯ ᠦᠰᠦᠭ ᠢᠶᠡᠷ ᠪᠢᠴᠢᠭᠳᠡᠨ ᠬᠡᠪᠯᠡᠭᠳᠡᠭᠰᠡᠨ ᠪᠠᠶᠢᠨ᠎ᠠ᠃ ᠡᠨᠡ ᠤᠨ ᠤ ᠮᠥᠩᠭᠥᠨ ᠲᠡᠮᠳᠡᠭᠲᠦ ᠶᠢ ᠵᠥᠪᠯᠡᠯᠲᠦ ᠬᠣᠯᠪᠣᠭᠠᠲᠤ ᠤᠯᠤᠰ ᠳᠦ ᠦᠢᠯᠡᠳᠪᠦᠷᠢᠯᠡᠵᠡᠢ᠃ ᠡᠳᠡᠭᠡᠷ ᠮᠥᠩᠭᠥᠨ ᠲᠡᠮᠳᠡᠭᠲᠦᠡᠶᠢᠭ 1966 ᠤᠨ ᠳᠤ ᠭᠦᠢᠯᠭᠡᠭᠡᠨ ᠡᠴᠡ ᠠᠯᠪᠠᠨ ᠶᠣᠰᠣᠭᠠᠷ ᠬᠠᠰᠤᠭᠰᠠᠨ ᠪᠣᠯᠪᠠᠴᠤ ᠦᠨᠡᠨ ᠬᠡᠷᠡᠭᠲᠦ ᠪᠡᠨ 1940 ᠍ ᠊ᠭᠡᠳ ᠤᠨ ᠠᠴᠠ ᠭᠦᠢᠯᠭᠡᠭᠡᠨ ᠡᠴᠡ ᠪᠠᠷᠤᠭ ᠬᠠᠰᠤᠭᠳᠠᠭᠰᠠᠨ ᠪᠠᠶᠢᠨ᠎ᠠ᠃

 • 1939 ᠤᠨ ᠤ ᠮᠥᠩᠭᠥᠨ ᠲᠡᠮᠳᠡᠭᠲᠦ
1939

ᠡᠨᠡ ᠤᠨ ᠤ ᠮᠥᠩᠭᠥᠨ ᠲᠡᠮᠳᠡᠭᠲᠦ ᠨᠢ "ᠰᠣᠶᠣᠮᠪᠣ" ᠰᠦᠯᠳᠡ ᠲᠡᠢ ᠮᠥᠨ ᠨᠢᠭᠤᠷᠠᠨ ᠲᠠᠯ᠎ᠠ ᠳᠤ ᠪᠠᠨ 1921 ᠤᠨ ᠤ ᠠᠷᠠᠳ ᠤᠨ ᠬᠤᠪᠢᠰᠬᠠᠯ ᠤᠨ ᠤᠳᠤᠷᠢᠳᠤᠭᠴᠢ᠂ ᠵᠠᠩᠵᠤᠨ ᠳᠠᠮᠳᠢᠨ ᠤ ᠰᠦᠬᠡᠪᠠᠭᠠᠲᠤᠷ ᠤᠨ ᠬᠥᠷᠥᠭ ᠵᠢᠷᠤᠭ ᠲᠠᠢ ᠬᠡᠪᠯᠡᠭᠳᠡᠭᠰᠡᠨ ᠪᠠᠶᠢᠨ᠎ᠠ᠃ᠡᠳᠡᠭᠡᠷ ᠮᠥᠩᠭᠥᠨ ᠲᠡᠮᠳᠡᠭᠲᠦ ᠶᠢ ᠵᠥᠪᠯᠡᠯᠲᠦ ᠬᠣᠯᠪᠣᠭᠠᠲᠤ ᠤᠯᠤᠰ ᠳᠦ ᠦᠢᠯᠡᠳᠪᠦᠷᠢᠯᠡᠵᠡᠢ᠃ ᠡᠨᠡ ᠤᠨ ᠤ ᠮᠥᠩᠭᠥᠨ ᠲᠡᠮᠳᠡᠭᠲᠦ ᠶᠢ 1966 ᠤᠨ ᠳᠤ ᠠᠯᠪᠠᠨ ᠶᠣᠰᠣᠭᠠᠷ ᠭᠦᠢᠯᠭᠡᠭᠡᠨ ᠡᠴᠡ ᠬᠠᠰᠤᠭᠰᠠᠨ ᠪᠣᠯᠪᠠᠴᠤ ᠦᠨᠡᠨ ᠬᠡᠷᠡᠭᠲᠦ ᠪᠡᠨ 1955 ᠤᠨ ᠠᠴᠠ ᠭᠦᠢᠯᠭᠡᠭᠡᠨ ᠡᠴᠡ ᠭᠠᠷᠴᠠᠢ᠃

 • 1955 ᠤᠨ ᠤ ᠮᠥᠩᠭᠥᠨ ᠲᠡᠮᠳᠡᠭᠲᠦ
1955

ᠡᠨᠡ ᠤᠨ ᠤ ᠮᠥᠩᠭᠥᠨ ᠲᠡᠮᠳᠡᠭᠲᠦ ᠶᠢ ᠵᠢᠷᠤᠭᠠᠴᠢ ᠱᠢ ᠪᠤ᠂ ᠳ᠃ᠠᠮᠤᠭᠤᠯᠠᠩ ᠨᠠᠷ ᠤᠨ ᠵᠢᠷᠤᠭ ᠢᠶᠠᠷ 1940 ᠤᠨ ᠳᠤ ᠪᠠᠲᠤᠯᠠᠭᠳᠠᠭᠰᠠᠨ ᠰᠦᠯᠳᠡ᠂ ᠳ᠃ᠰᠦᠬᠡᠪᠠᠭᠠᠲᠤᠷ ᠤᠨ ᠬᠥᠷᠥᠭ ᠲᠡᠢ ᠭᠠᠷᠭᠠᠭᠰᠠᠨ ᠪᠠᠶᠢᠨ᠎ᠠ᠃ ᠤᠯᠤᠰ ᠤᠨ ᠠᠯᠪᠠᠨ ᠶᠣᠰᠣᠨ ᠤ ᠪᠢᠴᠢᠭ ᠥᠭᠡᠷᠡᠴᠢᠯᠡᠭᠳᠡᠭᠰᠡᠨ ᠲᠡᠢ ᠬᠣᠯᠪᠣᠭᠳᠠᠨ ᠮᠥᠩᠭᠥᠨ ᠲᠡᠮᠳᠡᠭᠲᠦ ᠳᠡᠭᠡᠷᠡᠬᠢ ᠪᠦᠬᠦ ᠦᠭᠡ ᠦᠰᠦᠭ ᠢ ᠺᠢᠷᠢᠯ ᠦᠰᠦᠭ ᠢᠶᠡᠷ ᠪᠢᠴᠢᠵᠡᠢ᠃ ᠡᠳᠡᠭᠡᠷ ᠮᠥᠩᠭᠥᠨ ᠲᠡᠮᠳᠡᠭᠲᠦ ᠶᠢ ᠵᠥᠪᠯᠡᠯᠲᠦ ᠬᠣᠯᠪᠣᠭᠠᠲᠤ ᠤᠯᠤᠰ ᠳᠦ ᠦᠢᠯᠡᠳᠪᠦᠷᠢᠯᠡᠵᠡᠢ᠃ ᠡᠨᠡ ᠤᠨ ᠤ ᠮᠥᠩᠭᠥᠨ ᠲᠡᠮᠳᠡᠭᠲᠦ ᠶᠢ 1966 ᠤᠨ ᠳᠤ ᠭᠦᠢᠯᠭᠡᠭᠡᠨ ᠡᠴᠡ ᠬᠠᠰᠤᠵᠠᠢ᠃

 • 1966, 1981, 1983 ᠤᠨ ᠨᠤᠭᠤᠳ ᠤᠨ ᠮᠥᠩᠭᠥᠨ ᠲᠡᠮᠳᠡᠭᠲᠦ
1966

1966 ᠤᠨ ᠳᠤ 1, 3, 5, 10, 25, 50, 100 ᠲᠥᠭᠥᠷᠢᠭ᠂ 1981 ᠤᠨ ᠳᠤ 3, 5, 10, 50, 100 ᠲᠥᠭᠥᠷᠢᠭ᠂ 1983 ᠤᠨ ᠳᠤ 1, 3 ᠲᠥᠭᠥᠷᠢᠭ ᠦᠨ ᠳᠡᠪᠢᠰᠬᠡᠷᠲᠦ ᠨᠦᠭᠦᠳ ᠲᠤᠰ ᠲᠤᠰ ᠭᠠᠷᠤᠭᠰᠠᠨ ᠪᠠᠶᠢᠨ᠎ᠠ᠃ ᠡᠳᠡᠭᠡᠷ ᠤᠨ ᠤ ᠮᠥᠩᠭᠥᠨ ᠲᠡᠮᠳᠡᠭᠲᠦ ᠨᠦᠭᠦᠳ ᠢ ᠵᠢᠷᠤᠭᠠᠴᠢ ᠴ᠃ᠮᠢᠵᠦᠦᠷ᠂ ᠳ᠂ᠰᠡᠷᠡᠩᠫᠢᠯ ᠨᠠᠷ ᠤᠨ ᠵᠢᠷᠤᠭ ᠢᠶᠠᠷ 1966 ᠤᠨ ᠳᠤ ᠪᠠᠲᠤᠯᠠᠭᠳᠠᠭᠰᠠᠨ ᠰᠢᠨ᠎ᠡ ᠰᠦᠯᠳᠡ ᠲᠡᠢ ᠪᠡᠷ ᠬᠡᠶᠢᠵᠢᠭᠡ᠃ ᠡᠳᠡᠭᠡᠷ ᠮᠥᠩᠭᠥᠨ ᠲᠡᠮᠳᠡᠭᠲᠦ ᠶᠢ ᠵᠥᠪᠯᠡᠯᠲᠦ ᠬᠣᠯᠪᠣᠭᠠᠲᠤ ᠤᠯᠤᠰ ᠳᠦ ᠦᠢᠯᠡᠳᠪᠦᠷᠢᠯᠡᠵᠡᠢ᠃ 1981 ᠤᠨ ᠳᠤ 20 ᠲᠥᠭᠥᠷᠢᠭ ᠦᠨ ᠮᠥᠩᠭᠥᠨ ᠲᠡᠮᠳᠡᠭᠲᠦ ᠶᠢ ᠠᠩᠬ᠎ᠠ ᠤᠳᠠᠭ᠎ᠠ ᠵᠢᠷᠤᠭᠠᠴᠢ ᠷ᠃ᠠᠯᠲᠠᠨᠬᠤᠶᠠᠭ ᠤᠨ ᠵᠢᠷᠤᠭ ᠢᠶᠠᠷ ᠵᠥᠪᠯᠡᠯᠲᠦ ᠬᠣᠯᠪᠣᠭᠠᠲᠤ ᠤᠯᠤᠰ ᠳᠦ ᠦᠢᠯᠡᠳᠪᠦᠷᠢᠯᠡᠨ ᠭᠠᠷᠭᠠᠭᠰᠠᠨ ᠪᠠᠶᠢᠨ᠎ᠠ᠃ 20 ᠲᠥᠭᠥᠷᠢᠭ ᠦᠨ ᠳᠡᠪᠢᠰᠬᠡᠷ ᠲᠦ ᠭᠠᠷᠤᠭᠰᠠᠨ ᠲᠠᠢ ᠬᠣᠯᠪᠣᠭᠳᠠᠨ 1966 ᠤᠨ ᠳᠤ ᠦᠢᠯᠡᠳᠪᠦᠷᠢᠯᠡᠭᠳᠡᠭᠰᠡᠨ 25 ᠲᠥᠭᠥᠷᠢᠭ ᠨᠢ ᠠᠯᠪᠠᠨ ᠶᠣᠰᠣᠭᠠᠷ ᠭᠦᠢᠯᠭᠡᠭᠡᠨ ᠡᠴᠡ ᠬᠠᠰᠤᠭᠳᠠᠭ᠎ᠠ ᠦᠭᠡᠢ ᠪᠣᠯᠪᠠᠴᠤ 1981 ᠤᠨ ᠠᠴᠠ ᠭᠦᠢᠯᠭᠡᠭᠡᠨ ᠡᠴᠡ ᠲᠠᠲᠠᠭᠳᠠᠵᠤ ᠡᠬᠢᠯᠡᠭᠰᠡᠨ ᠪᠠᠶᠢᠨ᠎ᠠ᠃

 ᠨᠢᠭᠤᠴᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • 1. ᠮᠧᠲ᠋ᠠᠯ ᠤᠲᠠᠰᠤ᠃
 • 2. ᠰᠧᠷᠢ ᠶᠢᠨ ᠳ᠋ᠤᠭᠠᠷ 2 ᠦᠰᠦᠭ 7 ᠲᠣᠭ᠎ᠠ ᠲᠠᠢ 2 ᠥᠩᠭᠡ ᠲᠡᠢ ᠨᠢᠭᠡ ᠨᠢ ᠬᠦᠷᠢᠨ ᠤ ᠭᠠᠳᠠᠨᠠᠬᠢ ᠭᠡᠷᠡᠯ ᠢᠶᠡᠷ ᠰᠢᠷᠠᠬᠤ ᠳᠤ ᠭᠡᠷᠡᠯᠲᠦᠨ᠎ᠡ᠃
 • 3. ᠤᠰᠤᠨ ᠬᠡ ᠪᠡᠷ ᠪᠦᠲᠦᠭᠡᠭᠰᠡᠨ ᠴᠢᠩᠭᠢᠰ ᠬᠠᠭᠠᠨ ᠤ ᠬᠥᠷᠥᠭ᠃
 • 4. ᠵᠤᠶᠢᠪᠠᠩ ᠳᠤᠭᠤᠢ ᠳᠣᠲᠣᠷ᠎ᠠ ᠭᠡᠷᠡᠯ ᠦᠨ ᠣᠶᠢᠯᠠᠯᠲᠠᠳ ᠮᠣᠷᠢ ᠤᠨᠤᠵᠤ ᠰᠡᠯᠡᠮ᠎ᠡ ᠪᠠᠷᠢᠭᠰᠠᠨ ᠪᠠᠭᠠᠲᠤᠷ ᠤᠨ ᠳᠦᠷᠰᠦ ᠪᠣᠯᠤᠨ ᠳᠡᠪᠢᠰᠬᠡᠷᠲᠦ ᠶᠢᠨ ᠦᠨ᠎ᠡ ᠰᠣᠯᠢᠭᠳᠠᠵᠤ ᠦᠵᠡᠭᠳᠡᠨ᠎ᠡ᠃
 • 5. ᠠᠷᠤ ᠥᠪᠥᠷ ᠦᠨ ᠪᠦᠬᠦ ᠲᠠᠯᠠᠪᠠᠢ ᠶᠢᠨ ᠬᠡ ᠤᠭᠠᠯᠵᠠ ᠳᠤ ᠣᠹᠰᠧᠲ ᠰᠺᠠᠶᠢᠨᠧᠷ᠂ ᠹᠣᠲ᠋ᠣ ᠬᠤᠪᠢᠯᠤᠭᠴᠢ ᠶᠢᠨ ᠡᠰᠡᠷᠬᠦ ᠬᠢᠴᠡ ᠬᠢᠭᠰᠡᠨ᠃
 • 6. ᠬᠦᠷᠢᠨ ᠤ ᠭᠠᠳᠠᠨᠠᠬᠢ ᠲᠤᠶᠠᠭᠠᠨ ᠳᠤ ᠭᠡᠷᠡᠯᠲᠦᠨ᠎ᠡ
 • 7. ᠨᠢᠳᠦᠨ ᠳᠦ ᠦᠯᠦ ᠦᠵᠦᠭ ᠲᠤ ᠬᠢ ᠪᠢᠴᠢᠯ ᠦᠰᠦᠭᠡᠨ ᠱᠤᠭᠤᠮᠠᠨ ᠳᠤ "Mongol Bank" ᠭᠡᠰᠡᠨ ᠪᠢᠴᠢᠭ ᠭᠠᠷᠤᠨ᠎ᠠ᠃
 • 8. ᠦᠨᠳᠦᠰᠦᠨ ᠬᠡ᠂ ᠲᠣᠭ᠎ᠠ ᠦᠰᠦᠭ ᠦᠳ ᠢ ᠭᠠᠷ ᠲᠤ ᠲᠡᠮᠲᠡᠷᠢᠭᠳᠡᠬᠦ ᠪᠡᠷ ᠲᠣᠪᠣᠭᠣᠷ ᠬᠡᠪᠯᠡᠭᠰᠡᠨ᠃
 • 9. ᠬᠦᠷᠢᠨ ᠤ ᠭᠠᠳᠠᠨᠠᠬᠢ ᠭᠡᠷᠡᠯ ᠢᠶᠡᠷ ᠰᠢᠷᠠᠬᠤ ᠳᠤ ᠳᠡᠪᠢᠰᠬᠡᠷᠲᠦ ᠶᠢᠨ ᠦᠨ᠎ᠡ 5000 ᠭᠡᠵᠦ ᠲᠣᠳᠣᠷᠠᠨ᠎ᠠ᠃
 • 10. ᠳᠡᠪᠢᠰᠬᠡᠷᠲᠦ ᠶᠢᠨ 2 ᠲᠠᠯ᠎ᠠ ᠳᠤ ᠪᠠᠶᠢᠭ᠎ᠠ ᠳᠤᠭᠤᠢ ᠳᠦᠷᠰᠦ ᠵᠠᠪᠠᠯ ᠳᠠᠪᠬᠤᠴᠠᠵᠤ ᠬᠠᠷᠠᠭᠳᠠᠨ᠎ᠠ᠃

БНХУ ᠍ ᠤᠨ ᠲᠥᠭᠥᠷᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ӨМБ ᠍ ᠤᠨ ᠲᠥᠭᠥᠷᠢᠭ (1947-1948)[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠥᠷ ᠮᠣᠩᠭᠣᠯ ᠤᠨ ᠪᠠᠩ ᠢᠬᠢ (ᠥᠪᠥᠷ ᠮᠣᠩᠭᠣᠯ ᠤᠨ ᠪᠠᠩᠬᠢ), 1947.6.1

ЗМБ ᠍ ᠤᠨ ᠲᠥᠭᠥᠷᠢᠭ (1946-1947)[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠨ ᠮᠣᠩᠭᠣᠯ ᠤᠨ ᠪᠠᠩ ᠢᠬᠢ (ᠵᠡᠭᠦᠨ ᠮᠣᠩᠭᠣᠯ ᠤᠨ ᠪᠠᠩᠬᠢ), 1946.3.1

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠥᠭᠥᠷᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠤᠨ ᠵᠣᠭᠣᠰ ᠤᠨ ᠲᠥᠭᠥᠷᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

5000 ᠲᠥᠭᠥᠷᠢᠭ

ᠳᠤᠮᠳᠠᠳᠤ ᠤᠯᠤᠰ ᠤᠨ ᠠᠷᠠᠳ ᠤᠨ ᠪᠠᠩ ᠢᠬᠢ (ᠳᠤᠮᠳᠠᠳᠤ ᠤᠯᠤᠰ ᠤᠨ ᠠᠷᠠᠳ ᠤᠨ ᠪᠠᠩᠬᠢ), 1951

ӨМАБ ᠍ ᠶᠢᠨ ᠲᠥᠭᠥᠷᠢᠭ (1948-1951)[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠥᠷ ᠮᠣᠩᠭᠣᠯ ᠤᠨ ᠠᠷᠠᠳ ᠤᠨ ᠪᠠᠩ ᠢᠬᠢ (ᠥᠪᠥᠷ ᠮᠣᠩᠭᠣᠯ ᠤᠨ ᠠᠷᠠᠳ ᠤᠨ ᠪᠠᠩᠬᠢ), 1948.6.1

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠮᠣᠩᠭᠣᠯ ᠳ᠋ᠣᠯᠯᠠᠷ
ᠮᠣᠩᠭᠣᠯ ᠤᠨ ᠮᠥᠩᠭᠥᠨ ᠲᠡᠮᠳᠡᠭᠲᠦ
{{{on}}}
ᠳᠠᠷᠠᠭᠠᠬᠢ
ᠪᠠᠶᠢᠬᠤ ᠦᠭᠡᠢ
http://wiki.uhaan.com/index.php?title=ᠲᠥᠭᠥᠷᠢᠭ&oldid=481012》 ᠍  ᠡᠴᠡ ᠠᠪᠤᠭᠰᠠᠨ

ᠪᠢᠴᠢᠭᠡᠰᠦ