ᠲᠥᠪ ᠠᠽᠢᠶ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠷ᠎ᠠ ᠵᠢᠷᠤᠭᠠᠰᠤ ᠪᠠᠷ ᠲᠡᠮᠳᠡᠭᠯᠡᠭᠰᠡᠨ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠦᠨ ᠲᠣᠳᠣᠷᠬᠠᠶᠢᠯᠠᠯᠲᠠ᠂ ᠰᠢᠷ᠎ᠠ ᠳᠡᠪᠢᠰᠬᠡᠷ ᠢᠶᠡᠷ ᠲᠡᠮᠳᠡᠭᠯᠡᠭᠰᠡᠨ ᠨᠢ United Nations Educational Scientific and Cultural Organization ᠍ ᠦᠨ ᠲᠣᠳᠣᠷᠬᠠᠶᠢᠯᠠᠯᠲᠠ᠂ ᠪᠠᠷᠠᠭᠠᠨ ᠳᠡᠪᠢᠰᠬᠡᠷ ᠢᠶᠡᠷ ᠲᠡᠮᠳᠡᠭᠯᠡᠭᠰᠡᠨ ᠨᠢ ᠵᠥᠪᠯᠡᠯᠲᠦ ᠬᠣᠯᠪᠣᠭᠠᠲᠤ ᠤᠯᠤᠰ ᠦᠨ ᠲᠣᠳᠣᠷᠬᠠᠶᠢᠯᠠᠯᠲᠠ
ᠠᠽᠢᠶ᠎ᠠ ᠶᠢᠨ ᠪᠦᠰᠡᠴᠢᠯᠡᠯ: ᠪᠠᠷᠠᠭᠤᠨ ᠠᠽᠢᠶ᠎ᠠ᠂ ᠲᠥᠪ ᠠᠽᠢᠶ᠎ᠠ᠂ ᠤᠮᠠᠷᠠᠳᠤ ᠠᠽᠢᠶ᠎ᠠ᠂ ᠡᠮᠦᠨᠡᠲᠦ ᠠᠽᠢᠶ᠎ᠠ᠂ ᠵᠡᠭᠦᠨ ᠠᠽᠢᠶ᠎ᠠ᠂ ᠵᠡᠭᠦᠨ ᠡᠮᠦᠨᠡᠲᠦ ᠠᠽᠢᠶ᠎ᠠ
ᠲᠥᠪ ᠠᠽᠢᠶ᠎ᠠ
ᠲᠥᠪ ᠠᠽᠢᠶ᠎ᠠ ᠶᠢᠨ ᠤᠭᠰᠠᠭᠠᠲᠠᠨ ᠤ ᠪᠦᠷᠢᠯᠳᠦᠬᠦᠨ
ᠹᠠᠢᠢᠯ:ᠰᠦᠪᠶᠧᠺᠲ ᠤ ᠷᠣᠰᠡᠶᠢᠰᠺᠣᠢ ᠹᠧᠳᠧᠷᠠᠼᠢᠢ 2014.png
ᠣᠷᠣᠰ ᠬᠣᠯᠪᠣᠭᠠᠨ ᠤ ᠤᠯᠤᠰ ᠦᠨ ᠵᠠᠰᠠᠭ ᠵᠠᠬᠢᠷᠭᠠᠨ ᠤ ᠨᠢᠭᠡᠴᠡ ᠨᠦᠭᠦᠳ

ᠲᠥᠪ ᠠᠽᠢᠶ᠎ᠠ (ᠠᠩᠭᠯᠢ ᠪᠠᠷ - Central Asia) ᠭᠡᠳᠡᠭ ᠨᠢ ᠠᠽᠢᠶ᠎ᠠ ᠲᠢᠪ ᠦᠨ ᠲᠥᠪ ᠬᠡᠰᠡᠭ ᠢ ᠬᠠᠮᠤᠷᠳᠠᠭ ᠪᠥᠰᠡ ᠶᠤᠮ᠃ ᠣᠳᠣ ᠶᠢᠨ ᠬᠡᠷᠡᠭᠯᠡᠭᠳᠡᠵᠦ ᠪᠤᠢ ᠠᠯᠪᠠᠨ ᠶᠣᠰᠣᠨ ᠤ ᠣᠶᠢᠯᠠᠭᠠᠯᠲᠠ ᠪᠠᠷ ᠪᠤᠶᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠦᠨ ᠲᠣᠳᠣᠷᠬᠠᠶᠢᠯᠠᠭᠰᠠᠨ ᠢᠶᠠᠷ ᠡᠨᠡ ᠪᠥᠰᠡ ᠨᠤᠲᠤᠭ ᠲᠤ ᠬᠠᠰᠠᠭᠰᠲ᠋ᠠᠨᠺ ᠤᠭ ᠤᠵᠰᠲ᠋ᠠᠨᠲᠠᠵᠢᠺᠢᠰᠲᠠᠨᠲᠦᠺᠮᠧᠨᠢᠰᠲᠠᠨᠦᠽᠪᠧᠺᠢᠰᠲᠠᠨ ᠭᠡᠬᠦ 5 ᠤᠯᠤᠰ ᠤᠨ ("ᠲᠠᠪᠤᠨ ᠍ ᠰᠲ᠋ᠠᠨ") ᠨᠤᠲᠤᠭ ᠢ ᠬᠠᠮᠤᠷᠤᠭᠤᠯᠳᠠᠭ᠃ ᠬᠠᠷᠢᠨ ᠥᠷᠭᠡᠨ ᠤᠳᠬ᠎ᠠ ᠪᠠᠷ ᠢᠶᠠᠨ ᠪᠤᠶᠤ United Nations Educational Scientific and Cultural Organization ᠍ ᠦᠨ ᠲᠣᠳᠣᠷᠬᠠᠶᠢᠯᠠᠭᠰᠠᠨ ᠢᠶᠠᠷ ᠮᠣᠩᠭᠣᠯ ᠤᠯᠤᠰᠥᠪᠥᠷ ᠮᠣᠩᠭᠣᠯᠡᠮᠦᠨᠡᠲᠦ ᠰᠢᠪᠸᠷᠢᠶ ᠠ (ᠪᠤᠷᠢᠶᠠᠳᠲᠤᠸᠠᠠᠯᠲᠠᠢ ᠶᠢᠨ ᠪᠦᠭᠦᠳᠡ ᠨᠠᠶᠢᠷᠠᠮᠳᠠᠬᠤ ᠤᠯᠤᠰᠥᠪᠥᠷ ᠪᠠᠶᠢᠭᠠᠯᠢ ᠶᠢᠨ ᠬᠢᠵᠠᠭᠠᠷᠡᠷᠡᠬᠦᠦ ᠮᠤᠵᠢᠠᠯᠲᠠᠢ ᠶᠢᠨ ᠬᠢᠵᠠᠭᠠᠷᠣᠮᠰᠺ ᠮᠤᠵᠢᠬᠠᠺᠠᠰᠺᠧᠮᠧᠷᠪᠣ ᠮᠤᠵᠢᠣᠷᠧᠨᠪᠦᠷᠦᠭ ᠮᠤᠵᠢᠺᠦ᠋ᠷᠭᠠᠨ ᠮᠤᠵᠢᠲᠶᠤᠮᠧᠨᠢ ᠮᠤᠵᠢᠨᠣᠪᠣᠰᠢᠪᠢᠷᠰᠺ ᠮᠤᠵᠢ), ᠰᠢᠨᠵᠢᠶᠠᠩᠬᠥᠬᠡᠨᠠᠭᠤᠷᠭᠠᠨᠢᠰᠤᠲᠥᠪᠡᠳ ᠵᠡᠷᠭᠡ ᠮᠣᠩᠭᠣᠯ᠂ ᠲᠥᠪᠡᠳ᠂ ᠤᠶᠢᠭᠤᠷᠴᠤᠳ ᠤᠨ ᠠᠮᠢᠳᠤᠷᠠᠨ ᠰᠠᠭᠤᠳᠠᠭ ᠨᠤᠲᠤᠭ ᠪᠣᠯᠤᠨ᠂ ᠬᠣᠶᠢᠳᠤ ᠠᠹᠬᠠᠨᠨᠢᠰᠲᠠᠨ᠂ ᠬᠣᠶᠢᠳᠤ ᠢᠷᠡᠨ᠂ ᠬᠣᠶᠢᠳᠤ ᠫᠠᠺᠢᠰᠲᠠᠨᠡᠨᠡᠳᠬᠡᠭᠡᠶᠢᠨ ᠪᠠᠷᠠᠭᠤᠨ ᠬᠣᠢ ᠳᠤ ᠲᠠᠯ᠎ᠠ ᠶᠢᠨ ᠺᠠᠰᠮᠢᠷ ᠮᠤᠵᠢ ᠵᠡᠷᠭᠡ ᠨᠤᠲᠤᠭ ᠤᠳ ᠢ ᠬᠠᠮᠤᠷᠤᠨ᠎ᠠ᠃

ᠨᠡᠷ᠎ᠡ ᠲᠣᠮᠢᠶ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠭᠤᠨ ᠤ ᠬᠢᠨ "Central Asia" ᠪᠤᠶᠤ ᠲᠥᠪ ᠠᠽᠢᠶ᠎ᠠ (ᠣᠷᠣᠰ ᠢᠶᠠᠷ - ᠼᠧᠨᠲᠷᠠᠯᠨᠠᠶ᠎ᠠ ᠠᠽᠢᠶ᠎ᠠ) ᠭᠡᠰᠡᠨ ᠨᠡᠷ᠎ᠡ ᠲᠣᠮᠢᠶ᠎ᠠ ᠶᠢ ᠬᠡᠷᠡᠭᠯᠡᠵᠦ ᠢᠷᠡᠭᠰᠡᠨ ᠪᠣᠯ ᠣᠷᠣᠰ ᠤᠳ "ᠳᠤᠮᠳᠠᠳᠤ ᠠᠽᠢᠶ᠎ᠠ" (ᠣᠷᠣᠰ ᠢᠶᠠᠷ - "ᠰᠡᠷ ᠲᠦᠶ᠎ᠠ ᠠᠽᠢᠶ᠎ᠠ", ᠠᠩᠭᠯᠢ ᠪᠠᠷ "Midlle Asia") ᠭᠡᠰᠡᠨ ᠨᠡᠷ᠎ᠡ ᠲᠣᠮᠢᠶ᠎ᠠ ᠶᠢ ᠰᠥᠷᠭᠡᠦᠯᠡᠨ ᠬᠡᠷᠡᠭᠯᠡᠵᠦ ᠢᠷᠡᠭᠰᠡᠨ ᠪᠠᠶᠢᠳᠠᠭ ᠪᠥᠭᠡᠳ ᠵᠥᠪᠯᠡᠯᠲᠦ ᠬᠣᠯᠪᠣᠭᠠᠲᠤ ᠤᠯᠤᠰ ᠢ ᠵᠠᠳᠠᠷᠠᠬᠤ ᠬᠦᠷᠲᠡᠯ᠎ᠡ ᠳᠤᠮᠳᠠᠳᠤ ᠠᠽᠢᠶ᠎ᠠ ᠳᠤ ᠴᠧᠴᠡᠨᠢᠳᠠᠭᠧᠰᠲ᠋ᠠᠨᠭᠦᠷᠦᠵᠢᠶ ᠠᠠᠽᠧᠷᠪᠠᠶᠢᠵᠠᠨᠠᠷᠮᠢᠩ ᠵᠡᠷᠭᠡ ᠺᠠᠸᠬᠠᠰ ᠍ ᠤᠨ ᠪᠦᠬᠦ ᠤᠯᠤᠰ᠂ ᠬᠠᠰᠠᠭᠰᠲ᠋ᠠᠨᠺ ᠤᠭ ᠤᠵᠰᠲ᠋ᠠᠨᠲᠠᠵᠢᠺᠢᠰᠲᠠᠨᠲᠦᠺᠮᠧᠨᠢᠰᠲᠠᠨ᠂ ᠦᠽᠪᠧᠺᠢᠰᠲᠠᠨ ᠢ ᠬᠠᠮᠤᠷᠤᠭᠤᠯᠤᠨ ᠣᠶᠢᠯᠠᠭᠠᠳᠠᠭ ᠪᠠᠶᠢᠪᠠ᠃

1992 ᠣᠨ ᠳᠤ ᠬᠠᠰᠠᠭᠰᠲ᠋ᠠᠨ ᠤ ᠶᠡᠷᠦᠩᠬᠡᠶᠢᠯᠡᠭᠴᠢ ᠨᠤᠷᠠᠰᠤᠯᠲᠠᠨ ᠨᠠᠵᠠᠷᠪᠠᠸ ᠳᠤᠮᠳᠠᠳᠤ ᠠᠽᠢᠶ᠎ᠠ ᠶᠢᠨ ᠤᠯᠤᠰ ᠤᠳ ᠤᠨ ᠠᠭᠤᠯᠵᠠᠯᠲᠠ ᠳᠡᠭᠡᠷ᠎ᠡ «ᠳᠤᠮᠳᠠᠳᠤ ᠠᠽᠢᠶ᠎ᠠ ᠪᠠ ᠬᠠᠰᠠᠭᠰᠲ᠋ᠠᠨ» ᠭᠡᠰᠡᠨ ᠬᠠᠭᠤᠴᠢᠨ ᠨᠡᠷ᠎ᠡ ᠲᠣᠮᠢᠶ᠎ᠠ ᠶᠢ «ᠲᠥᠪ ᠠᠽᠢᠶ ᠠ» ᠭᠡᠵᠦ ᠰᠣᠯᠢᠬᠤ ᠰᠠᠨᠠᠯ ᠭᠠᠷᠭᠠᠭᠰᠠᠨ ᠨᠢ ᠳᠡᠮᠵᠢᠭᠳᠡᠭᠰᠡᠨ ᠪᠠᠶᠢᠨ᠎ᠠ᠃

ᠭᠧᠷᠮᠠᠨᠴᠤᠳ ᠲᠥᠪ ᠠᠽᠢᠶ᠎ᠠ ᠳᠤ ᠮᠣᠩᠭᠣᠯ᠂ ᠮᠠᠨᠵᠤᠤᠷ᠂ ᠰᠢᠨᠵᠢᠶᠠᠩ ᠬᠠᠷᠢᠨ ᠳᠤᠮᠳᠠᠳᠤ ᠠᠽᠢᠶ᠎ᠠ ᠳᠤ "5 ᠰᠲ᠋ᠠᠨ" ᠪᠤᠶᠤ ᠬᠠᠰᠠᠭᠰᠲ᠋ᠠᠨ᠂ ᠺᠢᠷᠭᠢᠽᠰᠲ᠋ᠠᠨ᠂ ᠲᠠᠵᠢᠺᠢᠰᠲᠠᠨ᠂ ᠲᠦᠺᠮᠧᠨᠢᠰᠲᠠᠨ ᠢ ᠣᠷᠣᠭᠤᠯᠳᠠᠭ᠃


ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

1990 ᠍ ᠊ᠭᠡᠳ ᠣᠨ ᠬᠦᠷᠲᠡᠯ᠎ᠡ ᠪᠤᠶᠤ ᠰᠣᠴᠢᠶᠠᠯᠢᠰᠲᠤ ᠰᠢᠰᠲ᠋ᠧᠮ ᠦᠨ ᠦᠶ᠎ᠡ ᠳᠦ ᠮᠣᠩᠭᠣᠯ ᠤᠨ ᠵᠠᠰᠠᠭ ᠤᠨ ᠭᠠᠵᠠᠷ ᠥᠪᠡᠷ ᠦᠨ ᠣᠷᠣᠨ ᠢ ᠲᠥᠪ ᠠᠽᠢᠶ᠎ᠠ ᠶᠢᠨ ᠪᠥᠰᠡ ᠳᠦ ᠬᠠᠮᠤᠷᠤᠭᠤᠯᠳᠠᠭ ᠪᠠᠶᠢᠭᠰᠠᠨ ᠪᠣᠯ ᠠᠷᠠᠳᠴᠢᠯᠠᠭᠰᠠᠨ ᠨᠡᠶᠢᠭᠡᠮ ᠤᠨ ᠲᠣᠭᠲᠠᠯᠴᠠᠭᠠᠨ ᠳᠤ ᠰᠢᠯᠵᠢᠭᠰᠡᠨ ᠡᠴᠡ ᠬᠣᠶᠢᠰᠢ ᠵᠠᠰᠠᠭ ᠤᠨ ᠭᠠᠵᠠᠷ ᠦᠨ ᠪᠣᠳᠣᠯᠭ᠎ᠠ ᠥᠭᠡᠷᠡᠴᠢᠯᠡᠭᠳᠡᠵᠦ ᠮᠣᠩᠭᠣᠯ ᠢ ᠵᠡᠭᠦᠨ ᠠᠽᠢᠶ᠎ᠠ ᠍ ᠶᠢᠨ ᠪᠦᠰᠡᠲᠡᠢ ᠤᠯᠤᠰ ᠲᠥᠷᠥ᠂ ᠡᠳ᠋ ᠍ ᠦᠨ ᠵᠠᠰᠠᠭ ᠤᠨ ᠨᠢᠭᠲᠠᠴᠠ ᠬᠣᠯᠪᠣᠭ᠎ᠠ ᠲᠠᠢ ᠬᠥᠭᠵᠢᠭᠦᠯᠬᠦ ᠴᠢᠭᠯᠡᠯ ᠪᠠᠷᠢᠮᠲᠠᠯᠠᠬᠤ ᠪᠣᠯᠤᠭᠰᠠᠨ ᠪᠠᠶᠢᠨ᠎ᠠ᠃ ᠢᠩᠭᠢᠭᠰᠡᠨ ᠢᠶᠡᠷ ᠲᠥᠪ ᠠᠽᠢᠶ᠎ᠠ ᠶᠢᠨ ᠪᠥᠰᠡ ᠶᠢᠨ ᠰᠫᠣᠷᠲ᠂ ᠤᠯᠤᠰ ᠲᠥᠷᠥ᠂ ᠡᠳ᠋ ᠍ ᠦᠨ ᠵᠠᠰᠠᠭ ᠤᠨ ᠬᠠᠮᠲᠤᠷᠠᠭᠰᠠᠨ ᠦᠢᠯᠡ ᠠᠵᠢᠯᠯᠯᠠᠭᠠᠨ ᠳᠤ ᠤᠷᠤᠯᠴᠠᠬᠤ ᠨᠢ ᠪᠠᠭᠠᠰᠴᠠᠢ᠃ ᠮᠣᠩᠭᠣᠯ ᠤᠯᠤᠰ ᠲᠥᠪ ᠠᠽᠢᠶ᠎ᠠ ᠶᠢᠨ ᠪᠥᠰᠡ ᠶᠢᠨ ᠬᠠᠮᠤᠭ ᠤᠨ ᠲᠣᠮᠣ ᠰᠫᠣᠷᠲ ᠤᠨ ᠠᠷᠭ᠎ᠠ ᠬᠡᠮᠵᠢᠶ᠎ᠡ ᠪᠣᠯᠬᠤ ᠲᠥᠪ ᠠᠽᠢᠶ᠎ᠠ ᠶᠢᠨ ᠨᠠᠭᠠᠳᠤᠮ ᠳᠤ ᠣᠭᠲᠣ ᠣᠷᠣᠯᠴᠠᠭ᠎ᠠ ᠦᠭᠡᠢ ᠪᠠ ТАКМ ᠬᠡᠮᠡᠬᠦ ᠲᠦᠺ᠂ ᠠᠽᠧᠷᠪᠠᠶᠢᠵᠠᠨ᠂ ᠺᠢᠷᠭᠢᠽ᠂ ᠮᠣᠩᠭᠣᠯ ᠢ ᠬᠠᠮᠤᠷᠤᠭᠰᠠᠨ ᠴᠡᠷᠢᠭ ᠦᠨ ᠡᠪᠰᠡᠯ ᠡᠴᠡ 2014 ᠣᠨ ᠤ 7 ᠍ ᠳᠦᠭᠡᠷ ᠰᠠᠷ᠎ᠠ ᠳᠤ ᠭᠠᠷᠴᠠᠢ᠃ ᠬᠢᠲᠠᠳ᠂ ᠣᠷᠣᠰ ᠥᠪᠡᠷᠰᠡᠳ ᠦᠨ ᠲᠡᠷᠢᠭᠦᠯᠡᠳᠡᠭ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠳᠤ ᠮᠣᠩᠭᠣᠯ ᠢ ᠡᠯᠰᠡᠭᠦᠯᠬᠦ ᠰᠣᠨᠢᠷᠬᠠᠯᠲᠠᠢ ᠪᠠᠶᠢᠨ᠎ᠠ᠃

ᠵᠥᠪᠯᠡᠯᠲᠦ ᠬᠣᠯᠪᠣᠭᠠᠲᠤ ᠤᠯᠤᠰ ᠢ ᠵᠠᠳᠠᠷᠠᠬᠤ ᠬᠦᠷᠲᠡᠯ᠎ᠡ ᠮᠣᠩᠭᠣᠯ ᠤᠯᠤᠰ ᠲᠥᠪ ᠠᠽᠢᠶ᠎ᠠ ᠶᠢᠨ ᠴᠣᠷ ᠤᠨ ᠭᠠᠭᠴᠠ ᠲᠤᠰᠠᠭᠠᠷ ᠲᠣᠭᠲᠠᠨᠢᠭᠰᠠᠨ ᠣᠷᠣᠨ ᠪᠠᠶᠢᠪᠠ᠃ ᠮᠥᠨ ᠵᠡᠭᠦᠨ ᠠᠽᠢᠶ᠎ᠠ ᠠᠴᠠ ᠭᠠᠳᠠᠨ᠎ᠠ ᠵᠡᠭᠦᠨ ᠬᠣᠶᠢᠳᠤ ᠠᠽᠢᠶ᠎ᠠ ᠬᠡᠮᠡᠬᠦ ᠰᠢᠨ᠎ᠡ ᠨᠡᠷ᠎ᠡ ᠲᠣᠮᠢᠶ᠎ᠠ 1990 ᠍ ᠊ᠭᠡᠳ ᠣᠨ ᠠᠴᠠ ᠬᠣᠶᠢᠰᠢ ᠭᠠᠷᠴᠤ ᠢᠷᠡᠭᠰᠡᠨ ᠪᠠ ᠡᠨᠡ ᠨᠢ ᠭᠠᠵᠠᠷ ᠵᠦᠢ ᠶᠢᠨ ᠭᠡᠬᠦ ᠡᠴᠡ ᠪᠡᠨ ᠤᠯᠤᠰ ᠲᠥᠷᠥ᠂ ᠡᠳ᠋ ᠍ ᠦᠨ ᠵᠠᠰᠠᠭ ᠤᠨ ᠰᠢᠨᠵᠢᠲᠡᠢ ᠪᠡᠷ ᠬᠡᠷᠡᠭᠯᠡᠭᠳᠡᠵᠦ ᠪᠠᠶᠢᠨ᠎ᠠ᠃ ᠮᠣᠩᠭᠣᠯ ᠣᠷᠣᠨ ᠨᠢ ᠣᠳᠣ ᠪᠠᠷ ᠵᠡᠭᠦᠨ ᠠᠽᠢᠶ᠎ᠠ ᠶᠢᠨ ᠪᠥᠰᠡ ᠳᠦ ᠳᠠᠪᠬᠤᠷ ᠬᠠᠮᠢᠶᠠᠷᠤᠭᠳᠠᠵᠤ ᠪᠠᠶᠢᠭ᠎ᠠ ᠴᠤ ᠲᠡᠦᠬᠡ ᠰᠤᠶᠤᠯ ᠤᠨ ᠬᠤᠪᠢ ᠳᠤ ᠲᠥᠪ ᠠᠽᠢᠶ᠎ᠠ ᠶᠢᠨ ᠪᠥᠰᠡ ᠶᠢᠨ ᠣᠷᠣᠨ ᠶᠤᠮ᠃ ᠬᠡᠳᠦᠢ ᠪᠡᠷ ᠣᠷᠴᠢᠨ ᠦᠶ᠎ᠡ ᠶᠢᠨ ᠮᠣᠩᠭᠣᠯ ᠤᠯᠤᠰ ᠢ ᠵᠡᠭᠦᠨ ᠠᠽᠢᠶ᠎ᠠ ᠳᠤ ᠬᠠᠮᠤᠷᠤᠭᠤᠯᠳᠠᠭ ᠴᠤ ᠮᠣᠩᠭᠣᠯ ᠳᠤ ᠣᠷᠣᠰᠢᠨ ᠲᠣᠭᠲᠠᠨᠢᠵᠤ ᠪᠠᠶᠢᠭᠰᠠᠨ ᠾᠦᠩᠨᠦᠰᠢᠶᠠᠨᠪᠢᠶᠡᠬᠡ ᠮᠣᠩᠭᠣᠯ ᠤᠯᠤᠰ ᠵᠡᠷᠭᠡ ᠡᠷᠲᠡᠨ ᠦ ᠤᠯᠤᠰ ᠤᠳ ᠢ ᠲᠥᠪ ᠠᠽᠢᠶ᠎ᠠ ᠶᠢᠨ ᠤᠯᠤᠰ ᠤᠳ ᠭᠡᠵᠦ ᠦᠵᠡᠳᠡᠭ᠃ ᠮᠣᠩᠭᠣᠯᠴᠤᠳ ᠴᠤ ᠥᠪᠡᠷᠰᠡᠳ ᠢ ᠪᠡᠨ ᠲᠥᠪ ᠠᠽᠢᠶ᠎ᠠ ᠶᠢᠨ ᠠᠷᠠᠳ ᠲᠦᠮᠡᠨ ᠬᠡᠮᠡᠨ ᠦᠵᠡᠳᠡᠭ ᠪᠠ ᠵᠡᠭᠦᠨ ᠠᠽᠢᠶ᠎ᠠ ᠶᠢᠨ ᠣᠷᠣᠨ ᠨᠤᠭᠤᠳ ᠰᠠᠭᠤᠷᠢᠨ ᠢᠷᠭᠡᠨᠰᠢᠯ ᠲᠡᠢ ᠬᠢᠲᠠᠳ ᠰᠤᠶᠤᠯ ᠤᠨ ᠨᠥᠯᠦᠭᠡᠨ ᠳᠦ ᠶᠡᠬᠡᠬᠡᠨ ᠣᠷᠣᠭᠰᠠᠨ ᠪᠠᠶᠢᠳᠠᠭ ᠢᠶᠠᠷ ᠢᠶᠠᠨ ᠲᠥᠪ ᠠᠽᠢᠶ᠎ᠠ ᠠᠴᠠ ᠡᠷᠡᠰ ᠢᠯᠭᠠᠷᠠᠳᠠᠭ᠃ ᠲᠢᠪ ᠦᠳ ᠢ ᠪᠥᠰᠡᠴᠢᠯᠡᠨ ᠠᠩᠭᠢᠯᠠᠬᠤ ᠳᠤ ᠪᠠᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠦᠨ ᠪᠠᠶᠢᠷᠢ ᠰᠠᠭᠤᠷᠢ ᠠᠴᠠ ᠭᠠᠳᠠᠨ᠎ᠠ ᠲᠤᠬᠠᠢ ᠶᠢᠨ ᠣᠷᠣᠨ ᠤ ᠪᠠᠶᠢᠷᠢ ᠰᠠᠭᠤᠷᠢ ᠶᠢ ᠬᠠᠷᠠᠭᠠᠯᠵᠠᠳᠠᠭ᠃ ᠲᠤᠬᠠᠶᠢᠯᠠᠪᠠᠯ ᠪᠠᠯᠲᠤ ᠶᠢᠨ ᠲᠡᠩᠭᠢᠰᠡᠶᠢᠨ ᠭᠤᠷᠪᠠᠨ ᠣᠷᠣᠨ ᠪᠣᠯᠬᠤ ᠡᠰᠲ᠋ᠣᠨᠢᠯᠢᠲ᠋ᠤᠠᠨᠢᠶ ᠠᠯᠠᠲ᠋ᠸᠪᠢᠶ ᠠ ᠵᠡᠭᠦᠨ ᠧᠦ᠋ᠷᠣᠫᠠ ᠳᠤ ᠣᠷᠣᠳᠠᠭ ᠪᠠᠶᠢᠭᠰᠠᠨ ᠴᠤ ᠵᠥᠪᠯᠡᠯᠲᠦ ᠬᠣᠯᠪᠣᠭᠠᠲᠤ ᠤᠯᠤᠰ ᠵᠠᠳᠠᠷᠠᠭᠰᠠᠨ ᠤ ᠳᠠᠷᠠᠭ᠎ᠠ ᠲᠤᠰᠠᠭᠠᠷ ᠲᠣᠭᠲᠠᠨᠢᠨ ᠣᠷᠣᠰ ᠠᠴᠠ ᠬᠠᠷᠠᠭᠠᠲᠤ ᠪᠤᠰᠤ ᠪᠠᠶᠢᠬᠤ ᠪᠣᠳᠣᠯᠭ᠎ᠠ ᠶᠠᠪᠤᠭᠤᠯᠤᠨ North Atlantic Treaty Organization ᠍ ᠳᠦ ᠡᠯᠰᠡᠵᠦ ᠤᠯᠠᠮ ᠢᠶᠠᠷ ᠪᠦᠰᠡᠴᠢᠯᠡᠯ ᠢᠶᠡᠨ ᠥᠭᠡᠷᠡᠴᠢᠯᠡᠵᠦ ᠤᠮᠠᠷᠠᠳᠤ ᠧᠦ᠋ᠷᠣᠫᠠ ᠲᠤ ᠪᠠᠭᠠᠳᠬᠤ ᠪᠣᠯᠵᠠᠢ᠃

ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ