ᠲᠥᠪᠡᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠷᠢᠶᠠᠳ ᠺᠢᠷᠢᠯ ᠢᠶᠡᠷ ᠲᠤ᠋ᠡᠪ ᠳᠦ
ᠮᠣᠩᠭᠣᠯ ᠺᠢᠷᠢᠯ ᠢᠶᠡᠷ ᠲᠥᠪᠡᠳ
ᠬᠠᠯᠢᠮᠠᠭ ᠺᠢᠷᠢᠯ ᠢᠶᠡᠷ ᠲᠥᠪᠡᠳ
ᠲᠥᠪᠡᠳ ᠨᠢ ᠪᠤᠳ᠋ᠳ᠋ᠾᠠ ᠶᠢᠨ ᠱᠠᠰᠢᠨ ᠤ ᠨᠢᠭᠡᠨ ᠥᠯᠥᠭᠡᠢ

ᠲᠥᠪᠡᠳ (2011 ᠣᠨ ᠬᠦᠷᠲᠡᠯ᠎ᠡ ᠲᠥᠪᠡᠳ ᠭᠡᠵᠦ ᠪᠢᠴᠢᠵᠦ ᠪᠠᠶᠢᠪᠠ)[1]ᠭᠢᠮᠠᠯᠢᠶ ᠠᠨ ᠠᠷᠤ ᠳᠠᠬᠢ ᠲᠥᠪᠡᠳ ᠦᠨᠳᠦᠰᠦᠲᠡᠨ ᠦ ᠥᠯᠥᠭᠡᠢ ᠨᠤᠲᠤᠭ ᠪᠣᠯᠬᠤ ᠥᠨᠳᠥᠷᠯᠢᠭ ᠣᠷᠣᠨ.[2] ᠭᠠᠵᠠᠷ ᠵᠦᠢ ᠶᠢᠨ ᠲᠣᠭᠲᠠᠴᠠ ᠶᠢᠨ ᠬᠤᠪᠢ ᠳᠤ ᠲᠥᠪᠡᠳ ᠦᠨ ᠥᠨᠳᠥᠷᠯᠢᠭ (ᠬᠥᠬᠡᠨᠠᠭᠤᠷ-ᠲᠥᠪᠡᠳ ᠦᠨ ᠥᠨᠳᠥᠷᠯᠢᠭ) ᠬᠡᠮᠡᠬᠦ ᠡᠨᠡ ᠭᠠᠵᠠᠷ ᠣᠷᠣᠨ ᠳᠤᠮᠳᠠᠴᠢ ᠪᠠᠷ ᠳᠠᠯᠠᠢ ᠶᠢᠨ ᠲᠥᠪᠰᠢᠨ ᠡᠴᠡ ᠳᠡᠭᠡᠭᠰᠢ 4900 ᠮᠧᠲ᠋ᠷ ᠲᠦ ᠡᠷᠭᠦᠭᠳᠡᠵᠡᠢ᠃

ᠲᠥᠪᠡᠳ ᠦᠨ ᠡᠵᠡᠨᠲᠦ ᠭᠦᠷᠦᠨ (618–841) 790 ᠍ ᠊ᠭᠡᠳ ᠣᠨ᠂ ᠬᠠᠮᠤᠭ ᠤᠨ ᠶᠡᠬᠡ ᠥᠷᠭᠡᠵᠢᠭᠰᠡᠨ ᠦᠶᠡᠳᠡᠭᠡ
ᠹᠠᠢᠢᠯ:ᠲᠥᠪᠡᠳ ᠦᠨ ᠨᠤᠲᠤᠭ-ᠲᠥᠪᠡᠳ ᠦᠨ ᠵᠠᠰᠠᠭ ᠤᠨ ᠭᠠᠵᠠᠷ ᠤᠨ ᠲᠣᠳᠣᠷᠬᠠᠶᠢᠯᠠᠭᠰᠠᠨ ᠢᠶᠠᠷ᠃jpg
ᠲᠥᠪᠡᠳ ᠦᠨ ᠨᠤᠲᠤᠭ- ᠲᠥᠪᠡᠳ ᠦᠨ ᠵᠠᠰᠠᠭ ᠤᠨ ᠭᠠᠵᠠᠷ ᠤᠨ ᠲᠣᠳᠣᠷᠬᠠᠶᠢᠯᠠᠭᠰᠠᠨ ᠢᠶᠠᠷ᠃ ᠰᠢᠷ᠎ᠠ ᠪᠠᠷ ᠲᠡᠮᠳᠡᠭᠯᠡᠭᠰᠡᠨ ᠣᠳᠣ ᠶᠢᠨ ᠲᠥᠪᠡᠳᠥ ᠡᠴᠡ ᠪᠤᠰᠤᠳ ᠨᠤᠲᠤᠭ ᠲᠤ ᠨᠢ ᠲᠥᠪᠡᠳ ᠦᠳ ᠬᠦᠮᠦᠨ ᠠᠮᠠ ᠶᠢ ᠣᠯᠠᠩᠬᠢ ᠶᠢ ᠪᠦᠷᠢᠳᠦᠭᠦᠯᠵᠦ ᠪᠠᠶᠢᠭ᠎ᠠ ᠦᠭᠡᠢ᠂ ᠲᠥᠪᠡᠳ ᠦᠨ ᠡᠵᠡᠨᠲᠦ ᠭᠦᠷᠦᠨ ᠡᠴᠡ ᠪᠤᠰᠤᠳ ᠦᠶ᠎ᠡ ᠳᠦ ᠲᠡᠳᠦᠶᠢᠯᠡᠨ ᠵᠠᠬᠢᠷᠴᠢ ᠪᠠᠶᠢᠭ᠎ᠠ ᠦᠭᠡᠢ

ᠲᠥᠪᠡᠳ ᠣᠷᠣᠨ ᠡᠳᠦᠭᠡ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠬᠠᠷᠢᠶᠠᠨ ᠳᠤ ᠲᠥᠪᠡᠳ ᠦᠨ ᠥᠪᠡᠷᠲᠡᠭᠡᠨ ᠵᠠᠰᠠᠬᠤ ᠣᠷᠣᠨᠰᠢᠴᠤᠨᠢ ᠮᠤᠵᠢ᠂ ᠬᠥᠬᠡᠨᠠᠭᠤᠷ ᠮᠤᠵᠢ ᠳᠤ ᠬᠤᠪᠢᠶᠠᠭᠳᠠᠳᠠᠭ᠃ ᠲᠥᠪᠡᠳ ᠡᠴᠡ ᠭᠠᠳᠠᠨ᠎ᠠ ᠬᠢᠲᠠᠳ᠂ ᠮᠣᠨᠪᠠ᠂ ᠬᠣᠲᠣᠩ᠂ ᠴᠢᠩ᠂ ᠯᠣᠪᠠ ᠵᠡᠷᠭᠡ ᠶᠠᠰᠤ ᠦᠨᠳᠦᠰᠦ ᠳᠦ ᠬᠦᠮᠦᠰ ᠠᠮᠢᠳᠤᠷᠠᠳᠠᠭ᠃

618 ᠣᠨ ᠳᠤ ᠲᠥᠪᠡᠳ ᠰᠣᠷᠢᠨᠵᠢᠨ ᠭᠣᠮᠪᠣ ᠬᠠᠭᠠᠨ ᠤ ᠳᠣᠣᠷ᠎ᠠ ᠨᠢᠭᠡᠳᠬᠡᠭᠳᠡᠵᠦ᠂ 841 ᠣᠨ ᠬᠦᠷᠲᠡᠯ᠎ᠡ ᠬᠦᠴᠦᠷᠬᠡᠭ ᠢᠶᠡᠷ ᠣᠷᠣᠰᠢᠭᠰᠠᠨ ᠨᠢ ᠲᠡᠦᠬᠡᠨ ᠳᠦ ᠲᠥᠪᠡᠳ ᠦᠨ ᠡᠵᠡᠨᠲᠦ ᠤᠯᠤᠰ ᠭᠡᠵᠦ ᠲᠡᠮᠳᠡᠭᠯᠡᠵᠡᠢ᠃ ᠲᠡᠭᠦᠨ ᠡᠴᠡ ᠬᠣᠶᠢᠰᠢ ᡀᠠᠰᠠ᠂ ᠰᠢᠭᠠᠼᠡ ᠳᠠᠬᠢ ᠲᠥᠪᠡᠳ ᠤᠳᠤᠷᠢᠳᠤᠯᠭ᠎ᠠ ᠳᠤ ᠨᠡᠷ᠎ᠡ ᠲᠡᠳᠦᠢ ᠨᠢᠭᠡᠳᠳᠡᠭ ᠪᠠᠶᠢᠭᠰᠠᠨ ᠪᠠ ᠲᠡᠭᠦᠨ ᠡᠴᠡ ᠬᠣᠶᠢᠰᠢ ᠵᠠᠷᠢᠮ ᠵᠠᠭᠤ ᠨᠤᠭᠤᠳ ᠲᠤ ᠮᠣᠩᠭᠣᠯᠨᠠᠩᠭᠢᠶᠠᠳᠮᠠᠨᠵᠤ ᠍ ᠤᠨ ᠤᠳᠤᠷᠢᠳᠤᠯᠭ᠎ᠠ᠂ ᠨᠥᠯᠥᠭᠡᠯᠡᠯ ᠳᠣᠣᠷ᠎ᠠ ᠣᠷᠣᠵᠤ ᠪᠠᠶᠢᠪᠠ᠃

1951 ᠣᠨ ᠳᠤ ᠲᠥᠪᠡᠳ ᠢ ᠥᠪᠡᠷ ᠦᠨ ᠰᠠᠯᠤᠰᠢ ᠦᠭᠡᠢ ᠬᠡᠰᠡᠭ ᠭᠡᠵᠦ ᠦᠵᠡᠭᠰᠡᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠴᠡᠷᠢᠭ ᠦᠨ ᠬᠦᠴᠦ ᠪᠡᠷ ᠨᠢᠭᠡᠳᠬᠡᠭᠳᠡᠵᠦ ᠡᠳᠦᠭᠡ ᠲᠥᠪᠡᠳ ᠦᠨ ᠥᠪᠡᠷᠲᠡᠭᠡᠨ ᠵᠠᠰᠠᠬᠤ ᠣᠷᠣᠨ᠂ ᠬᠥᠬᠡᠨᠠᠭᠤᠷ ᠪᠣᠯᠤᠨ ᠰᠢᠴᠤᠨᠢ ᠮᠤᠵᠢ ᠶᠢᠨ ᠪᠠᠷᠠᠭᠤᠨ ᠪᠡᠶ᠎ᠡ ᠪᠡᠨ ᠢᠶᠡᠷ 5.4 ᠰᠠᠶ᠎ᠠ ᠭᠠᠷᠤᠢ ᠲᠥᠪᠡᠳ ᠬᠦᠮᠦᠨ ᠠᠮᠢᠳᠤᠷᠠᠨ ᠰᠠᠭᠤᠵᠤ ᠪᠠᠶᠢᠨ᠎ᠠ᠃ 1959 ᠣᠨ ᠳᠤ ᠲᠥᠪᠡᠳ ᠲᠦ ᠭᠠᠷᠤᠭᠰᠠᠨ ᠪᠣᠰᠤᠯᠭ᠎ᠠ ᠠᠴᠠ ᠡᠭᠦᠳᠦᠨ ᠳᠠᠯᠠᠢ ᠯᠠᠮᠠ ᠨᠤᠲᠤᠭ ᠲᠤ ᠪᠠᠨ ᠪᠠᠶᠢᠬᠤ ᠠᠷᠭ᠎ᠠ ᠦᠭᠡᠢ ᠪᠣᠯᠵᠤ ᠡᠨᠡᠳᠬᠡᠭ ᠷᠦᠦ ᠳᠦᠷᠪᠡᠨ ᠭᠠᠷᠰᠤᠨ ᠠᠴᠠ ᠬᠣᠶᠢᠰᠢ ᠳᠠᠬᠢᠨ ᠡᠬᠡ ᠨᠤᠲᠤᠭ ᠲᠠᠢ ᠣᠴᠢᠬᠤ ᠪᠣᠯᠤᠮᠵᠢ ᠦᠭᠡᠢ ᠪᠠᠶᠢᠨ᠎ᠠ᠃

ᠲᠥᠪᠡᠳ ᠦᠨ ᠵᠠᠰᠠᠭ ᠤᠨ ᠭᠠᠵᠠᠷ ᠲᠥᠪᠡᠳ ᠦᠨ ᠥᠪᠡᠷᠲᠡᠭᠡᠨ ᠵᠠᠰᠠᠬᠤ ᠣᠷᠣᠨ᠂ ᠴᠢᠩᠬᠠᠢ ᠮᠤᠵᠢ ᠪᠦᠬᠦᠯᠢ ᠳᠦ ᠪᠡᠨ᠂ ᠰᠸᠴᠤᠸᠠᠨ ᠮᠤᠵᠢᠡᠶᠢᠨ ᠪᠠᠷᠠᠭᠤᠨ ᠬᠡᠰᠡᠭ᠂ ᠶᠦᠨᠨᠠᠨᠭᠠᠨᠢᠰᠤ ᠮᠤᠵᠢ ᠶᠢᠨ ᠵᠠᠷᠢᠮ ᠬᠡᠰᠡᠭ ᠢ ᠲᠥᠪᠡᠳ ᠦᠨ ᠨᠤᠲᠤᠭ ᠭᠡᠵᠦ ᠦᠵᠡᠳᠡᠭ᠃ ᠣᠳᠣ ᠶᠢᠨ ᠲᠥᠪᠡᠳ ᠦᠨ ᠥᠪᠡᠷᠲᠡᠭᠡᠨ ᠵᠠᠰᠠᠬᠤ ᠣᠷᠣᠨᠣ ᠠᠴᠠ ᠪᠤᠰᠤᠳ ᠲᠥᠪᠡᠳ ᠦᠳ ᠲᠠᠷᠬᠠᠭᠰᠠᠨ ᠨᠤᠲᠤᠭ ᠲᠤ ᠲᠥᠪᠡᠳ ᠦᠳ ᠬᠦᠮᠦᠨ ᠠᠮᠠ ᠶᠢ ᠣᠯᠠᠩᠬᠢ ᠶᠢ ᠪᠦᠷᠢᠳᠦᠭᠦᠯᠵᠦ ᠪᠠᠶᠢᠭ᠎ᠠ ᠦᠭᠡᠢ᠂ ᠲᠥᠪᠡᠳ ᠦᠨ ᠡᠵᠡᠨᠲᠦ ᠭᠦᠷᠦᠨ ᠡᠴᠡ ᠪᠤᠰᠤᠳ ᠦᠶ᠎ᠡ ᠳᠦ ᠲᠡᠳᠦᠶᠢᠯᠡᠨ ᠵᠠᠬᠢᠷᠴᠢ ᠪᠠᠶᠢᠭ᠎ᠠ ᠦᠭᠡᠢ ᠪᠠᠶᠢᠨ᠎ᠠ᠃[3]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭ᠎ᠠ ᠲᠠᠢ ᠤᠳᠬ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠲᠥᠪᠡᠳ&oldid=423827》 ᠍  ᠡᠴᠡ ᠠᠪᠤᠭᠰᠠᠨ

ᠪᠢᠴᠢᠭᠡᠰᠦ