ᠪᠦᠭᠦᠳᠡ ᠨᠠᠶᠢᠷᠠᠮᠳᠠᠬᠤ ᠲᠤᠸᠠ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠲᠤᠸᠠ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠣᠷᠣᠰ ᠤᠨ ᠬᠣᠯᠪᠣᠭᠠᠨ ᠤ 83 ᠮᠠᠬᠠᠪᠣᠳ ᠤᠨ ᠨᠢᠭᠡ᠂ ᠬᠠᠷᠢᠶᠠᠲᠤ ᠣᠷᠣᠨ
ᠰᠦᠯᠳᠡ ᠲᠤᠭ ᠰᠦᠯᠳᠡ ᠲᠡᠮᠳᠡᠭ
ᠰᠦᠯᠳᠡ ᠲᠤᠭ ᠰᠦᠯᠳᠡᠲᠡᠮᠳᠡᠭ
ᠤᠯᠤᠰ ᠣᠷᠣᠨ ᠣᠷᠣᠰ ᠣᠷᠣᠰ (ᠣᠷᠣᠰ ᠬᠣᠯᠪᠣᠭᠠᠨ ᠤ ᠤᠯᠤᠰ)
ᠬᠣᠯᠪᠣᠭᠠᠨ ᠤ ᠲᠣᠭᠣᠷᠢᠭ ᠰᠢᠪᠸᠷᠢᠶ ᠠ ᠶᠢᠨ ХТ
ᠡᠳ᠋ ᠍ ᠦᠨ ᠵᠠᠰᠠᠭ ᠤᠨ ᠪᠥᠰᠡ ᠳᠣᠷᠣᠨ᠎ᠠ ᠰᠢᠪᠸᠷᠢᠶ ᠠ ᠶᠢᠨ ЭЗБ
ᠵᠠᠰᠠᠭ ᠵᠠᠬᠢᠷᠭᠠᠨ ᠤ ᠨᠢᠭᠡᠴᠡ ᠪᠦᠭᠦᠳᠡ ᠨᠠᠶᠢᠷᠠᠮᠳᠠᠬᠤ ᠤᠯᠤᠰ
ᠨᠡᠶᠢᠰᠯᠡᠯ ᠺᠤᠰᠤᠯ
ᠨᠤᠲᠤᠭ ᠤᠨ ᠬᠤᠪᠢᠶᠠᠷᠢ 19 ᠨᠤᠲᠤᠭ = 2 ᠬᠣᠲᠠ + 17 ᠬᠣᠰᠢᠭᠤ
ᠭᠠᠵᠠᠷ ᠨᠤᠲᠤᠭ 168,604 ᠺᠦᠸᠠᠳ᠋ ᠺᠢᠯᠣᠮᠧᠲ᠋ᠷ (21 ᠍ ᠳᠦᠭᠡᠷ ᠲᠣᠮᠣ)
ᠬᠦᠮᠦᠨ ᠠᠮᠠ (2013) 310,460 ᠬᠦᠮᠦᠨ (77 ᠍ ᠳᠦᠭᠡᠷ ᠣᠯᠠᠨ)
ᠨᠢᠭᠲᠠᠴᠠ ᠰᠡᠶᠢᠷᠡᠭ 1.8 ᠬᠦᠮᠦᠨ/км² (75 ᠍ ᠳᠦᠭᠡᠷ ᠰᠢᠭᠢᠭᠦᠦ)
ᠲᠤᠪᠠᠭ ᠤᠨ ᠠᠷᠠᠳ ᠲᠦᠮᠡᠨ
ᠲᠤᠸᠠᠭ ᠤᠨ ᠬᠢᠨ (2010)
ᠲᠤᠸᠠ ᠶᠠᠰᠤᠲᠠᠨ (82.0 %)
ᠣᠷᠣᠰ ᠦᠨᠳᠦᠰᠦᠲᠡᠨ (16.3 %)
ᠠᠯᠪᠠᠨ ᠬᠡᠯᠡ ᠪᠢᠴᠢᠭ ᠣᠷᠣᠰᠲᠤᠸᠠ
ᠣᠷᠣᠨ᠂ ЗГ ᠍ ᠶᠢᠨ ᠲᠡᠷᠢᠭᠦᠨ ᠱᠣᠯᠪᠠᠨ ᠺᠠᠷᠠ ᠣᠣᠯ
ᠬᠠᠤᠯᠢ ᠲᠣᠭᠲᠠᠭᠠᠬᠤ ᠭᠠᠵᠠᠷ «ᠳᠡᠭᠡᠳᠦᠢ ᠬᠤᠷᠠᠯ ᠤ» (ᠳᠡᠭᠡᠳᠦ ᠬᠤᠷᠠᠯ)
ДХ ᠍ ᠶᠢᠨ ᠳᠠᠷᠤᠭ᠎ᠠ ᠺᠠᠨ ᠣᠣᠯ ᠳᠠᠪᠠᠭ᠎ᠠ
ᠲᠡᠦᠬᠡᠨ ᠣᠨ ᠴᠠᠭ 1921–1944 — БНТАУ
1944-10-11 — ᠲᠤᠪᠡᠽᠮ
1961-10-10 — ЗСБНАТУ
1991-12-12 — БНТувУ
ᠴᠠᠭ ᠤᠨ ᠪᠥᠰᠡ ᠺᠷᠠᠰᠠᠨ ᠠᠢᠷᠰᠺ ᠤᠨ ᠴᠠᠭ (GMT+8)
ᠰᠢᠤᠳᠠᠨ ᠬᠠᠶᠠᠭ 667000–668999
ᠨᠤᠲᠤᠭ ᠤᠨ ᠲᠣᠮᠢᠶ᠎ᠠ 17 / 93 / RU-TY
ᠴᠠᠬᠢᠮ ᠭᠠᠵᠠᠷ gov.tuva.ru  (ᠣᠷᠣᠰ᠃)

ᠪᠦᠭᠦᠳᠡ ᠨᠠᠶᠢᠷᠠᠮᠳᠠᠬᠤ ᠲᠤᠸᠠ ᠤᠯᠤᠰ ᠪᠣᠯ ᠬᠠᠤᠯᠢ ᠶᠣᠰᠣᠭᠠᠷ ᠣᠷᠣᠰ ᠤᠨ ᠬᠣᠯᠪᠣᠭᠠᠨ ᠤ ᠨᠢᠭᠡᠴᠡ (ᠨᠢᠭᠡᠨ ᠪᠦᠭᠦᠳᠡ ᠨᠠᠶᠢᠷᠠᠮᠳᠠᠬᠤ ᠤᠯᠤᠰ) ᠪᠣᠯᠵᠤ ᠪᠠᠶᠢᠭ᠎ᠠ ᠲᠤᠸᠠ (ᠨᠢᠭᠡᠨ ᠤᠷᠢᠶᠠᠩᠬᠠᠢ) ᠠᠷᠠᠳ ᠤᠨ ᠲᠥᠪ ᠨᠤᠲᠤᠭ ᠶᠤᠮ᠃ ᠰᠢᠪᠧᠷᠢᠢ᠎ᠠ ᠶᠢᠨ ᠬᠣᠯᠪᠣᠭᠠᠨ ᠤ ᠲᠣᠭᠣᠷᠢᠭᠳᠣᠷᠣᠨᠠᠲᠤ ᠰᠢᠪᠧᠷᠢᠢ᠎ᠠ ᠶᠢᠨ ᠡᠳ᠋ ᠍ ᠦᠨ ᠵᠠᠰᠠᠭ ᠤᠨ ᠪᠥᠰᠡ ) ᠳ᠋ᠦ ᠪᠠᠭᠲᠠᠳᠠᠭ᠃ ᠨᠡᠶᠢᠰᠯᠡᠯ ᠨᠢ ᠺᠤᠰᠤᠯ («ᠤᠯᠠᠭᠠᠨ») ᠬᠣᠲᠠ᠃

ᠣᠷᠣᠰ ᠲᠤ 170,500[1] km2 ᠲᠠᠯᠠᠪᠠᠢ ᠲᠠᠢ ᠪᠠᠷ ᠢᠶᠠᠨ ᠲᠣᠮᠣᠬᠠᠨ ᠨᠤᠲᠤᠭ ᠴᠤ᠂ 307,930[2] ᠴᠥᠭᠡᠬᠡᠨ ᠠᠷᠠᠳ ᠢᠷᠭᠡᠳ ᠲᠠᠢ᠃ 2010 ᠣᠨ ᠤ ᠲᠣᠭᠠᠯᠠᠯᠭ᠎ᠠ ᠪᠠᠷ ᠬᠦᠮᠦᠨ ᠠᠮᠠ ᠶᠢᠨ 82.0% (249,299) ᠨᠢ ᠲᠤᠸᠠ ᠬᠦᠮᠦᠰ᠂ 16.3% ᠨᠢ ᠣᠷᠣᠰ ᠤᠳ ᠠᠵᠠᠢ᠃[3] ᠣᠷᠣᠰ ᠬᠡᠯᠡ ᠡᠴᠡ ᠭᠠᠳᠠᠨ᠎ᠠ ᠲᠤᠸᠠ ᠬᠡᠯᠡ ᠠᠯᠪᠠᠨ ᠶᠣᠰᠣᠭᠠᠷ ᠬᠡᠷᠡᠭᠯᠡᠭᠳᠡᠨ᠎ᠡ᠃

1911 ᠣᠨ ᠳᠤ ᠴᠢᠩ ᠤᠯᠤᠰ ᠮᠥᠬᠥᠵᠦ ᠠᠷᠤ ᠮᠣᠩᠭᠣᠯ ᠲᠤᠰᠠᠭᠠᠷ ᠲᠣᠭᠲᠠᠨᠢᠬᠤ ᠳᠤ ᠣᠷᠣᠰ ᠨᠢ ᠲᠤᠸᠠ ᠶᠢ ᠵᠥᠪᠯᠡᠯᠲᠦ ᠤᠨ ᠮᠡᠳᠡᠯ ᠳᠦ ᠪᠡᠨ ᠣᠷᠣᠭᠤᠯᠵᠠᠢ᠃ ᠲᠤᠰᠠᠭᠠᠷ ᠪᠠᠶᠢᠭᠰᠠᠨ ᠢᠶᠠᠨ ᠪᠣᠯᠢᠭᠠᠳ ᠵᠥᠪᠯᠡᠯᠲᠦ ᠬᠣᠯᠪᠣᠭᠠᠲᠤ ᠤᠯᠤᠰ ᠍ ᠤᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠣᠷᠣᠰ ᠤᠯᠤᠰ ᠍ ᠤᠨ ᠪᠦᠷᠢᠯᠳᠦᠬᠦᠨ ᠳᠦ 1944 ᠣᠨ ᠳᠤ "ᠦᠪᠡᠷᠲᠡᠭᠡᠨ ᠵᠠᠰᠠᠬᠤ ᠲᠤᠸᠠ ᠮᠤᠵᠢ" ᠪᠣᠯᠤᠨ ᠣᠷᠣᠭᠰᠠᠨ᠃ 1961 ᠣᠨ ᠳᠤ "ᠵᠥᠪᠯᠡᠯᠲᠦ ᠰᠣᠴᠢᠶᠠᠯᠢᠰᠲᠤ ᠦᠪᠡᠷᠲᠡᠭᠡᠨ ᠵᠠᠰᠠᠬᠤ ᠪᠦᠭᠦᠳᠡ ᠨᠠᠶᠢᠷᠠᠮᠳᠠᠬᠤ ᠲᠤᠸᠠ ᠤᠯᠤᠰ" ᠭᠡᠵᠦ ᠥᠭᠡᠷᠡᠴᠢᠯᠡᠨ ᠪᠠᠶᠢᠭᠤᠯᠤᠭᠳᠠᠵᠤ ᠪᠠᠶᠢᠪᠠ᠃ ᠵᠥᠪᠯᠡᠯᠲᠦ ᠬᠣᠯᠪᠣᠭᠠᠲᠤ ᠤᠯᠤᠰ ᠤᠨ ᠵᠠᠲᠠᠷᠠᠯ ᠢᠶᠠᠷ ᠣᠷᠣᠰ ᠤᠨ ᠬᠣᠯᠪᠣᠭᠠᠨ ᠤ ᠤᠯᠤᠰ ᠲᠤᠰᠠᠭᠠᠷ ᠲᠣᠭᠲᠠᠨᠢᠬᠤ ᠳᠤ ᠪᠠᠶᠢᠷᠢ ᠰᠠᠭᠤᠷᠢ ᠳᠡᠭᠡᠭᠰᠢᠯᠡᠵᠦ 1992 ᠣᠨ ᠳᠤ ᠣᠳᠣ ᠶᠢᠨ ᠵᠡᠷᠭᠡ᠂ ᠨᠡᠷ᠎ᠡ ᠪᠡᠨ ᠣᠯᠵᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠤᠳ 1750 ᠍ ᠊ᠭᠠᠳ ᠣᠨ ᠳᠤ ᠳᠥᠷᠪᠡᠳ ᠦᠳ ᠢ ᠤᠪᠰᠤ ᠠᠶᠢᠮᠠᠭ ᠤᠨ ᠤᠯᠠᠭᠠᠨᠠᠭᠠᠮ᠎ᠠ ᠳᠤ ᠰᠠᠭᠤᠯᠭᠠᠨ ᠲᠤᠸᠠᠴᠤᠳ ᠢ ᠣᠳᠣ ᠶᠢᠨ ᠲᠤᠸᠠ ᠤᠯᠤᠰ ᠤᠨ ᠨᠤᠲᠤᠭ ᠲᠤ ᠨᠡᠭᠦᠯᠭᠡᠵᠡᠢ᠃ ᠲᠤᠸᠠᠴᠤᠳ ᠬᠠᠭᠤᠴᠢᠨ ᠰᠠᠭᠤᠵᠤ ᠪᠠᠶᠢᠭᠰᠠᠨ ᠨᠤᠲᠤᠭ ᠢᠶᠠᠨ ᠲᠤᠸᠠ ᠶᠢᠨ ᠨᠤᠲᠤᠭ ᠭᠡᠵᠦ ᠦᠵᠡᠭᠰᠡᠭᠡᠷ ᠪᠠᠶᠢᠭ᠎ᠠ ᠲᠤᠯᠠ ᠡᠨᠡ ᠨᠢ ᠣᠳᠣ ᠶᠢᠨ ᠲᠤᠸᠠ ᠪᠤᠯᠤᠨ ᠮᠣᠩᠭᠣᠯ ᠤᠯᠤᠰ ᠤᠨ ᠬᠢᠯᠢ ᠶᠢᠨ ᠵᠥᠷᠢᠴᠡᠯ ᠦᠨ ᠰᠢᠯᠲᠠᠭᠠᠨ ᠪᠣᠯᠤᠭᠰᠠᠨ ᠪᠠᠶᠢᠨ᠎ᠠ᠃ ᠲᠤᠸᠠ᠂ ᠮᠣᠩᠭᠣᠯ ᠤᠨ ᠬᠢᠯᠢ ᠳᠡᠭᠡᠷ᠎ᠡ ᠣᠷᠣᠰ ᠤᠯᠤᠰ ᠥᠪᠡᠷ ᠦᠨ ᠴᠡᠷᠢᠭ ᠢᠶᠡᠨ ᠣᠯᠠᠨ ᠲᠣᠭ᠎ᠠ ᠪᠠᠷ ᠪᠠᠶᠢᠯᠭᠠᠳᠠᠭ ᠦᠭᠡᠢ ᠲᠤᠯᠠ ᠭᠣᠣᠯᠴᠢᠯᠠᠨ ᠮᠣᠩᠭᠣᠯ ᠤᠨ ᠴᠡᠷᠢᠭ ᠬᠢᠯᠢ ᠶᠢᠨ ᠱᠤᠭᠤᠮ ᠢ ᠬᠢᠨᠠᠳᠠᠭ ᠪᠠᠶᠢᠨ᠎ᠠ᠃ 1911 ᠣᠨ ᠳᠤ ᠮᠣᠩᠭᠣᠯ ᠮᠠᠨᠵᠤ ᠠᠴᠠ ᠰᠠᠯᠤᠭᠰᠠᠨ ᠢᠶᠠᠷ ᠲᠤᠸᠠ 1912 ᠣᠨ ᠳᠤ ᠮᠠᠨᠵᠤ ᠶᠢᠨ ᠨᠥᠯᠦᠭᠡᠨ ᠡᠴᠡ ᠪᠦᠷᠢᠨ ᠭᠠᠷᠴᠠᠢ᠃ ᠡᠨᠡ ᠦᠶ᠎ᠡ ᠳᠦ ᠲᠤᠸᠠ ᠶᠢᠨ ᠨᠣᠶᠠᠳ ᠮᠣᠩᠭᠣᠯ ᠡᠰᠡᠪᠡᠯ ᠣᠷᠣᠰ ᠲᠤ ᠨᠢᠭᠡᠳᠬᠦ ᠪᠤᠶᠤ ᠲᠤᠰᠠᠭᠠᠷ ᠲᠣᠭᠲᠠᠨᠢᠬᠤ ᠵᠡᠷᠭᠡ ᠠᠳᠠᠯᠢ ᠪᠤᠰᠤ ᠰᠠᠨᠠᠯ ᠭᠠᠷᠭᠠᠭᠰᠠᠨ ᠪᠠᠶᠢᠨ᠎ᠠ᠃ ᠮᠣᠩᠭᠣᠯ ᠲᠤᠸᠠ ᠶᠢ ᠥᠪᠡᠷ ᠦᠨ ᠤᠯᠤᠰ ᠤᠨ ᠪᠦᠷᠢᠯᠳᠦᠬᠦᠨ ᠭᠡᠵᠦ ᠦᠵᠡᠵᠦ ᠪᠠᠶᠢᠭᠰᠠᠨ ᠴᠤ ᠰᠢᠭᠤᠳ ᠨᠢᠭᠡᠳᠬᠡᠬᠦ ᠪᠣᠯᠤᠮᠵᠢ ᠭᠠᠷᠤᠭᠰᠠᠨ ᠦᠭᠡᠢ᠃ ᠬᠠᠭᠠᠨᠲᠤ ᠣᠷᠣᠰ ᠤᠯᠤᠰ ᠨᠢ ᠲᠤᠸᠠ ᠤᠤᠯ ᠠᠴᠠ ᠪᠠᠨ ᠲᠦᠷᠦᠭ ᠬᠦᠮᠦᠰ ᠬᠡᠮᠡᠨ ᠮᠣᠩᠭᠣᠯ ᠤᠨ ᠨᠢᠭᠡᠳᠬᠡᠬᠦ ᠣᠷᠣᠯᠳᠤᠯᠭ᠎ᠠ ᠳᠤ ᠰᠠᠭᠠᠳ ᠬᠢᠵᠦ ᠪᠠᠶᠢᠪᠠ᠃ 1944 ᠣᠨ ᠳᠤ ᠲᠤᠸᠠ ᠶᠢᠨ ᠤᠳᠤᠷᠢᠳᠤᠭᠴᠢ ᠰᠠᠯᠴᠢᠺ ᠲᠣᠺᠠ ᠲᠤᠸᠠ ᠶᠢᠨ ᠫᠠᠷᠠᠯᠮᠧᠨᠲ ᠢ ᠨᠢᠭᠤᠴᠠ ᠪᠠᠷ ᠬᠤᠷᠠᠯᠳᠤᠭᠤᠯᠵᠤ ᠵᠥᠪᠯᠡᠯᠲᠦ ᠬᠣᠯᠪᠣᠭᠠᠲᠤ ᠤᠯᠤᠰ ᠦᠨ ᠪᠦᠷᠢᠯᠳᠦᠬᠦᠨ ᠳᠦ ᠲᠤᠸᠠ ᠶᠢ ᠤᠷᠤᠭᠤᠯᠬᠤ ᠰᠢᠢᠳᠪᠦᠷᠢ ᠭᠠᠷᠭᠠᠵᠠᠢ᠃ ᠡᠨᠡ ᠬᠤᠷᠠᠯᠳᠤᠭᠠᠨ ᠶᠠᠮᠠᠷ ᠨᠥᠬᠥᠴᠡᠯ ᠳᠦ ᠶᠠᠪᠤᠭᠳᠠᠭᠰᠠᠨ ᠨᠢ ᠣᠳᠣ ᠪᠣᠯᠲᠠᠯ᠎ᠠ ᠲᠣᠳᠣᠷᠬᠠᠢ ᠦᠭᠡᠢ ᠪᠠᠶᠢᠳᠠᠭ᠃ ᠬ᠂ ᠴᠣᠶᠢᠪᠠᠯᠰᠠᠩ ᠲᠤᠸᠠ ᠣᠷᠣᠰ ᠲᠠᠢ ᠨᠢᠭᠡᠳᠦᠭᠰᠡᠨ ᠢ ᠬᠦᠯᠢᠶᠡᠨ ᠵᠥᠪᠰᠢᠶᠡᠷᠡᠭᠰᠡᠨ ᠦᠭᠡᠢ᠃ ᠮᠣᠩᠭᠣᠯ ᠤᠨ ᠲᠠᠯ᠎ᠠ ᠡᠴᠡ ᠰᠠᠶᠠᠨ ᠤ ᠨᠢᠷᠤᠭᠤ ᠶᠢ ᠡᠷᠲᠡᠨ ᠡᠴᠡ ᠮᠣᠩᠭᠣᠯᠴᠤᠳ ᠤᠨ ᠨᠤᠲᠤᠭᠯᠠᠵᠤ ᠪᠠᠶᠢᠭᠰᠠᠨ ᠨᠤᠲᠤᠭ᠂ ᠲᠤᠸᠠ ᠮᠣᠩᠭᠣᠯ ᠦᠨᠳᠦᠰᠦᠲᠡᠨ ᠦ ᠨᠢᠭᠡ ᠬᠡᠰᠡᠭ ᠭᠡᠵᠦ ᠦᠵᠡᠵᠦ ᠪᠠᠶᠢᠪᠠ᠃ ᠲᠤᠸᠠᠴᠤᠳ ᠨᠢ ᠬᠡᠯᠡᠨ ᠦ ᠬᠤᠪᠢ ᠳᠤ ᠮᠣᠩᠭᠣᠯ᠂ ᠲᠦᠷᠦᠭ ᠬᠣᠯᠢᠮᠠᠭ᠂ ᠬᠠᠷᠢᠨ ᠰᠤᠶᠤᠯ ᠤᠨ ᠬᠤᠪᠢ ᠳᠤ ᠦᠨᠳᠦᠰᠦᠨ ᠳᠦ ᠪᠡᠨ ᠮᠣᠩᠭᠣᠯ ᠰᠤᠶᠤᠯ ᠲᠠᠢ ᠠᠷᠠᠳ ᠲᠦᠮᠡᠨ ᠶᠤᠮ᠃ ᠵᠥᠪᠯᠡᠯᠲᠦ ᠶᠢᠨ ᠵᠠᠷᠢᠮ ᠡᠷᠳᠡᠮᠲᠡᠳ ᠪᠤᠷᠢᠶᠠᠳ᠂ ᠬᠠᠯᠢᠮᠠᠭ ᠤᠳ ᠢ ᠮᠣᠩᠭᠣᠯ ᠪᠢᠰᠢ ᠭᠡᠵᠦ ᠨᠣᠲᠠᠯᠠᠬᠤ ᠶᠢ ᠣᠷᠣᠯᠳᠤᠵᠤ ᠪᠠᠶᠢᠭᠰᠠᠨ ᠪᠥᠭᠡᠳ ᠲᠤᠸᠠ ᠬᠡᠯᠡ ᠨᠢ ᠮᠣᠩᠭᠣᠯ᠂ ᠲᠦᠷᠦᠭ ᠬᠡᠯᠡᠨ ᠦ ᠠᠯᠢ ᠠᠯᠢᠨ ᠦ ᠬᠢ ᠨᠢ ᠨᠥᠯᠦᠭᠡᠨ ᠳᠦ ᠪᠦᠷᠢᠯᠳᠦᠭᠰᠡᠨ ᠲᠤᠯᠠ ᠰᠢᠨ᠎ᠡ ᠳᠦᠷᠢᠮ ᠵᠣᠬᠢᠶᠠᠵᠤ ᠲᠤᠸᠠ ᠬᠡᠯᠡᠨ ᠡᠴᠡ ᠮᠣᠩᠭᠣᠯ ᠦᠭᠡ ᠶᠢ ᠰᠢᠬᠠᠨ ᠭᠠᠷᠭᠠᠬᠤ᠂ ᠲᠤᠸᠠᠴᠤᠳ ᠢ ᠮᠣᠩᠭᠣᠯ ᠦᠨᠳᠦᠰᠦᠲᠡᠨ ᠡᠴᠡ ᠬᠣᠯᠠᠳᠬᠠᠬᠤ ᠦᠢᠯᠡ ᠶᠠᠪᠤᠴᠠ ᠬᠠᠷᠢᠴᠠᠩᠭᠤᠢ ᠬᠢᠯᠪᠠᠷ ᠶᠠᠪᠤᠭᠳᠠᠭᠰᠠᠨ ᠪᠠᠶᠢᠨ᠎ᠠ᠃ ᠡᠨᠡ ᠦᠢᠯᠡ ᠠᠵᠢᠯᠯᠠᠭ᠎ᠠ 1944 ᠣᠨ ᠠᠴᠠ ᠬᠣᠶᠢᠰᠢ ᠡᠷᠴᠢᠮᠲᠡᠢ ᠥᠷᠨᠢᠵᠡᠢ᠃ 1980 ᠍ ᠊ᠭᠠᠳ ᠣᠨ ᠤ ᠰᠡᠭᠦᠯ᠂ 1990 ᠍ ᠊ᠭᠡᠳ ᠣᠨ ᠠᠴᠠ ᠲᠤᠸᠠ ᠳᠤ ᠣᠷᠣᠰ ᠠᠴᠠ ᠰᠠᠯᠠᠨ ᠲᠤᠰᠠᠭᠠᠷᠯᠠᠬᠤ ᠦᠵᠡᠯ ᠬᠦᠴᠦᠲᠡᠢ ᠪᠣᠯᠤᠭᠰᠠᠨ ᠪᠠᠶᠢᠨ᠎ᠠ᠃

ᠭᠠᠵᠠᠷ ᠵᠦᠢ ᠶᠢᠨ ᠲᠣᠶᠢᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠤᠰᠤᠯ ᠳᠠᠬᠢ "ᠠᠽᠢᠶ᠎ᠠ ᠶᠢᠨ ᠲᠥᠪ" ᠬᠥᠰᠢᠶ᠎ᠡ

168.6 ᠮᠢᠩᠭᠠᠨ ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ (ᠮᠣᠩᠭᠣᠯ ᠤᠨ ᠬᠢ ᠲᠠᠢ ᠵᠢᠱᠢᠪᠡᠯ ᠡᠮᠦᠨ᠎ᠡ ᠭᠣᠪᠢ ᠠᠶᠢᠮᠠᠭ ᠠᠴᠠ ᠵᠢᠭᠠᠬᠠᠨ ᠲᠣᠮᠣ) ᠡᠵᠡᠯᠡᠨ ᠣᠷᠣᠰᠢᠳᠠᠭ ᠲᠤᠸᠠ ᠣᠷᠣᠨ ᠨᠢ ᠣᠷᠣᠰ ᠬᠡᠪᠴᠢᠶᠡᠨ ᠳᠤ ᠪᠠᠭᠲᠠᠳᠠᠭ ᠶᠢᠡᠷ ᠨᠢ ᠵᠡᠭᠦᠨ ᠰᠢᠪᠧᠷᠢᠢ᠎ᠡ ᠶᠢᠨ ᠡᠮᠦᠨᠡᠲᠦ ᠦᠵᠦᠭᠦᠷ ᠲᠦ ᠪᠠᠶᠢᠨ᠎ᠠ ᠭᠡᠵᠦ ᠣᠶᠢᠯᠠᠭᠠᠵᠤ ᠪᠣᠯᠤᠨ᠎ᠠ᠃ ᠮᠥᠨ ᠭᠠᠵᠠᠷ ᠵᠦᠢ ᠶᠢᠨ ᠪᠠᠶᠢᠷᠢᠰᠢᠯ ᠢᠶᠠᠷ ᠠᠽᠢᠶ᠎ᠠ ᠲᠢᠪ ᠤᠨ ᠲᠥᠪ ᠲᠦ ᠤᠶᠢᠷᠠᠯᠴᠠᠭ᠋ ᠠ ᠪᠠᠶᠢᠬᠤ ᠪᠥᠭᠡᠳ ᠡᠭᠦᠨ ᠢ ᠲᠠᠨᠢᠭᠤᠯᠵᠤ ᠺᠤᠰᠤᠯ ᠬᠣᠳᠠ ᠳᠤ "ᠠᠽᠢᠶ᠎ᠠ ᠶᠢᠨ ᠲᠥᠪ" (ᠣᠷᠣᠰ ᠶᠢᠡᠷ ᠲᠦᠪ ᠠᠽᠢᠶ᠎ᠠ; ᠲᠤᠸᠠ ᠪᠡᠷ ᠠᠽᠢᠶ ᠠ ᠶᠢᠨ ᠲᠦᠪ) ᠭᠡᠬᠦ ᠬᠥᠰᠢᠶ᠎ᠡ ᠪᠣᠰᠬᠠᠵᠠᠢ᠃ ᠲᠤᠸᠠ ᠨᠤᠲᠤᠭ ᠤᠨ 80% ᠨᠢ ᠣᠢ ᠲᠠᠶᠢᠭᠠᠳᠤ ᠠᠭᠤᠯᠠᠷᠬᠠᠭ ᠭᠠᠵᠠᠷ᠂ ᠦᠯᠡᠳᠡᠭᠰᠡᠨ ᠬᠤᠪᠢ ᠨᠢ ᠠᠭᠤᠯᠠᠰ ᠤᠨ ᠬᠦᠨᠳᠡᠢ ᠶᠢᠨ ᠬᠡᠭᠡᠷ᠎ᠡ᠂ ᠭᠣᠣᠯ ᠤᠳ ᠤᠨ ᠬᠥᠨᠳᠡᠢ ᠪᠠᠶᠢᠳᠠᠭ᠃ ᠨᠤᠲᠤᠭ ᠤᠨ ᠪᠠᠷᠠᠭᠤᠨ ᠬᠡᠰᠡᠭ ᠲᠦ ᠠᠯᠲᠠᠢ ᠶᠢᠨ ᠨᠢᠷᠤᠭᠤ ᠨᠢ 3000 ᠮᠧᠲ᠋ᠷ ᠡᠴᠡ ᠥᠨᠳᠥᠷ ᠮᠥᠩᠭᠥᠨᠲᠠᠶᠢᠭ᠎ᠠ (ᠣᠷᠣᠰ : ᠮᠣᠩᠭᠤᠨᠲᠠᠶᠢᠭ᠎ᠠ᠂ ᠲᠤᠸᠠ: ᠮᠥᠩᠭᠦᠨ-ᠲᠠᠶᠢᠭ᠎ᠠ᠂ 3976 ᠮᠸᠲᠷ)᠂ ᠠᠺ-ᠣᠶᠢᠺ (3608 ᠮᠸᠲᠷ)᠂ ᠮᠥᠩᠭᠥᠯᠢᠭ (ᠣᠷᠣᠰ : ᠮᠣᠩᠭᠦᠯᠧᠺ᠂ 3485 ᠮᠸᠲᠷ)᠂ ᠺᠤᠰᠤᠯ-ᠲᠠᠶᠢᠭ᠎ᠠ («ᠤᠯᠠᠭᠠᠨᠲᠠᠶᠢᠭ᠋ ᠠ»᠂ 3121 ᠮᠸᠲᠷ) ᠭᠡᠬᠦ ᠮᠡᠲᠦ ᠥᠨᠳᠥᠷ ᠣᠷᠭᠢᠯ ᠲᠠᠢ᠃ ᠵᠡᠭᠦᠨ ᠪᠣᠯᠤᠨ ᠬᠣᠶᠢᠳᠤ ᠲᠠᠯ᠎ᠠ ᠪᠠᠷ ᠨᠢ ᠳᠠᠯᠠᠢ ᠶᠢᠨ ᠲᠦᠪᠰᠢᠨ ᠡᠴᠡ 2000-3000 ᠮᠧᠲ᠋ᠷ ᠰᠣᠶᠣᠨ ᠠᠭᠤᠯᠠᠰ (ᠣᠷᠣᠰ : ᠰᠠᠶᠠᠨ ᠤ) ᠦᠷᠭᠦᠯᠵᠢᠯᠡᠳᠡᠭ᠃

ᠲᠤᠸᠠ ᠨᠢ ᠤᠰᠤᠨ ᠤ ᠠᠷᠪᠢᠨ ᠨᠥᠭᠡᠴᠡ ᠲᠡᠢ᠃ ᠪᠠᠷᠤᠭ ᠪᠦᠬᠦ ᠭᠣᠣᠯ ᠨᠢ ᠶᠡᠨᠢᠰᠧᠢ ᠮᠥᠷᠡᠨ ᠦ ᠳᠡᠭᠡᠳᠦ ᠰᠠᠪᠠ ᠳᠤ ᠪᠠᠭᠲᠠᠳᠠᠭ᠃ ᠤᠷᠳᠤ ᠲᠠᠯ ᠠ ᠪᠡᠷ ᠨᠢᠲᠠᠩᠨᠠ ᠠᠭᠤᠯᠠ ᠶᠢᠨ ᠥᠪᠥᠷ ᠦᠨ ᠭᠣᠣᠯ ᠭᠣᠷᠤᠬ ᠠ ᠤᠪᠰᠤ ᠨᠠᠭᠤᠷ ᠍ ᠤᠨ ᠭᠠᠳᠠᠭᠰᠢ ᠤᠷᠤᠰᠬᠠᠯ ᠦᠭᠡᠢ ᠠᠢ ᠰᠠᠪᠠ ᠳᠤ ᠬᠠᠮᠢᠶᠠᠷᠤᠨ᠎ᠠ᠃ ᠲᠤᠸᠠ ᠬᠡᠯᠡᠨ ᠦ ᠬᠧᠮ ᠭᠡᠳᠡᠭ ᠦᠭᠡ «ᠭᠣᠣᠯ» (ᠮᠠᠭᠠᠳ ᠦᠭᠡᠢ «ᠮᠥᠷᠡᠨ») ᠭᠡᠰᠡᠨ ᠤᠳᠬ᠎ᠠ ᠲᠠᠢ᠃ ᠪᠤᠢ-ᠬᠧᠮ («ᠪᠡᠶ᠎ᠡ ᠭᠣᠣᠯ» ᠭᠡᠰᠡᠨ ᠤᠳᠬ᠎ᠠ ᠪᠠᠶᠢᠵᠤ ᠮᠠᠭᠠᠳ ᠦᠭᠡᠢ᠃ ᠣᠷᠣᠰ᠃ ᠪᠣᠯᠱᠣᠢ ᠶᠡᠨᠢᠰᠧᠢ), ᠺᠢᠶᠠᠨ-ᠬᠧᠮ (ᠮᠠᠭᠠᠳ ᠦᠭᠡᠢ «ᠬᠠᠮᠢᠭ᠎ᠠ ᠭᠣᠣᠯ») ᠬᠣᠶᠠᠷ ᠨᠡᠶᠢᠯᠡᠵᠦ ᠶᠠᠭ ᠶᠡᠨᠢᠰᠧᠢ ᠮᠥᠷᠡᠨ ᠢ (ᠲᠤᠸᠠ᠄ ᠤᠯᠤᠭ-ᠬᠧᠮ᠂ «ᠦᠯᠦᠭ ᠭᠣᠣᠯ») ᠡᠭᠦᠰᠬᠡᠳᠡᠭ᠃ ᠲᠣᠮᠣ ᠨᠠᠭᠤᠷ ᠦᠭᠡᠢ᠃ ᠬᠠᠷᠢᠨ ᠤᠱ-ᠪᠧᠯᠳᠢᠷ («ᠭᠤᠷᠪᠠ ᠶᠢᠨ ᠪᠡᠯᠴᠢᠷ») ᠷᠠᠰᠢᠶᠠᠨ (ᠲᠤᠸᠠ ᠄ ᠠᠷᠵᠢᠶᠠᠨ) ᠰᠤᠪᠢᠯᠠᠯ ᠤᠨ ᠭᠠᠵᠠᠷ  ᠲᠠᠢ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠳᠦᠰᠦᠨ ᠠᠷᠪᠠᠨ ᠶᠢᠰᠦᠨ ᠨᠤᠲᠤᠭ (ᠬᠦᠰᠦᠨᠦᠭᠲᠦ ᠶᠢᠨ ᠳ᠋ᠤᠭᠠᠷ ᠢᠶᠠᠷ)

ᠣᠳᠣ ᠪᠠᠷ 17 ᠬᠣᠰᠢᠭᠤ (ᠺᠣᠵᠢᠭᠤᠨ᠂ ᠷᠠᠶᠣᠨ), ᠬᠣᠰᠢᠭᠤᠨ ᠠᠴᠠ ᠭᠠᠳᠠᠭᠤᠷ 2 ᠬᠣᠲᠠ (ᠬᠣᠭᠣᠷᠠᠢ᠂ ᠭᠣᠷᠣᠳ) ᠍ ᠲᠠᠢ᠃

ᠬᠣᠱᠢᠭᠤᠳ ᠳᠣᠲᠣᠷ᠎ᠠ ᠪᠠᠨ 116 ᠰᠤᠮᠤ , ᠰᠤᠮᠤ ᠳᠤᠨᠢ ᠴᠢᠨᠠᠭᠰᠢ ᠠᠷᠪᠠᠳ ᠲᠦ ᠬᠤᠪᠢᠶᠠᠭᠳᠠᠳᠠᠭ᠃

ᠨᠤᠲᠤᠭ
(ᠬᠣᠰᠢᠭᠤ᠂ ᠬᠣᠲᠠ)
ᠣᠷᠣᠰ ᠨᠡᠷ᠎ᠡ
(ᠷᠠᠶᠣᠨ᠂ ᠭᠣᠷᠣᠳ)
ᠲᠤᠸᠠ ᠨᠡᠷ᠎ᠡ
(ᠺᠣᠵᠢᠭᠤᠨ᠂ ᠬᠣᠭᠣᠷᠠᠢ)
ᠲᠠᠯᠠᠪᠠᠢ[4]
(км²)
ᠬᠦᠮᠦᠨ ᠠᠮᠠ
(2010)[5]
I ᠺᠤᠰᠤᠯ ᠬᠣᠲᠠ ᠺᠤᠰᠤᠯ ᠺᠤᠰᠤᠯ 200 ᠺᠦᠸᠠᠳ᠋ ᠺᠢᠯᠣᠮᠧᠲ᠋ᠷ 109,986
II ᠠᠺ-ᠳᠣᠪᠤᠷᠠᠺ ᠬᠣᠲᠠ ᠠᠺ-ᠳᠣᠪᠤᠷᠠᠺ ᠠᠺ-ᠳᠣᠪᠤᠷᠠᠺ 49 ᠺᠦᠸᠠᠳ᠋ ᠺᠢᠯᠣᠮᠧᠲ᠋ᠷ 14,458
1 ᠪᠠᠶᠠᠨ ᠲᠠᠶᠢᠭ᠎ ᠠ ᠬᠣᠰᠢᠭᠤ ᠪᠠᠢ-ᠲᠠᠶᠢᠭᠢᠨᠰᠺ ᠦ ᠪᠠᠢ-ᠲᠠᠶᠢᠭ᠎ᠠ 7,923 ᠺᠦᠸᠠᠳ᠋ ᠺᠢᠯᠣᠮᠧᠲ᠋ᠷ 12,453
2 ᠪᠠᠷᠠᠭᠤᠨᠭᠡᠮᠴᠢᠭ ᠬᠣᠰᠢᠭᠤ ᠪᠠᠷᠤᠩ-ᠬᠧᠮᠴᠢᠺᠰᠺᠦ ᠪᠠᠷᠰ ᠤᠨ-ᠬᠧᠮᠴᠢᠺ 1,050 ᠺᠦᠸᠠᠳ᠋ ᠺᠢᠯᠣᠮᠧᠲ᠋ᠷ 100,600
3 ᠵᠡᠭᠦᠤᠨᠭᠡᠮᠴᠢᠭ ᠬᠣᠰᠢᠭᠤ ᠳᠵᠤᠨ-ᠬᠧᠮᠴᠢᠺᠰᠺᠦ ᠴᠦᠨ-ᠬᠧᠮᠴᠢᠺ 6,485 ᠺᠦᠸᠠᠳ᠋ ᠺᠢᠯᠣᠮᠧᠲ᠋ᠷ 21,170
4 ᠬᠠᠬᠡᠮ ᠬᠣᠰᠢᠭᠤ ᠺᠢᠶᠠᠨ-ᠬᠧᠮᠰᠺ ᠦ ᠺᠢᠶᠠᠨ-ᠬᠧᠮ 25,726 ᠺᠦᠸᠠᠳ᠋ ᠺᠢᠯᠣᠮᠧᠲ᠋ᠷ 12,734
5 ᠺᠤᠰᠤᠯ ᠬᠣᠰᠢᠭᠤ ᠺᠤᠰᠤᠯᠰᠺᠦ ᠺᠤᠰᠤᠯ 8,527 ᠺᠦᠸᠠᠳ᠋ ᠺᠢᠯᠣᠮᠧᠲ᠋ᠷ 24,991
6 ᠮᠥᠩᠭᠥᠨᠲᠠᠶᠢᠭ᠎ᠠ ᠬᠣᠰᠢᠭᠤ ᠮᠣᠩᠭᠤᠨ-ᠲᠠᠶᠢᠭᠢᠨᠰᠺ ᠦ ᠮᠥᠬᠭᠦᠨ-ᠲᠠᠶᠢᠭ᠎ᠠ 4,414 ᠺᠦᠸᠠᠳ᠋ ᠺᠢᠯᠣᠮᠧᠲ᠋ᠷ 6,299
7 ᠥᠪᠥᠷ ᠬᠣᠰᠢᠭᠤ ᠣᠪᠶᠷᠰᠺ ᠦ ᠥᠪᠦᠷ 4,523 ᠺᠦᠸᠠᠳ᠋ ᠺᠢᠯᠣᠮᠧᠲ᠋ᠷ 8,018
8 ᠪᠡᠶᠡᠬᠡᠮ ᠬᠣᠰᠢᠭᠤ ᠫᠢᠢ-ᠬᠧᠮᠰᠺ ᠦ ᠪᠤᠢ-ᠬᠧᠮ 8,194 ᠺᠦᠸᠠᠳ᠋ ᠺᠢᠯᠣᠮᠧᠲ᠋ᠷ 11,099
9 ᠰᠦᠲᠡᠬᠡᠯ ᠬᠣᠰᠢᠭᠤ ᠰᠤᠳᠤ-ᠬᠣᠯᠢᠰᠺ ᠦ ᠰᠦᠳᠦ-ᠬᠥᠯ 6,691 ᠺᠦᠸᠠᠳ᠋ ᠺᠢᠯᠣᠮᠧᠲ᠋ᠷ 8,689
10 ᠲᠠᠭᠠᠨ ᠤ ᠬᠣᠰᠢᠭᠤ ᠲᠠᠨᠳᠢᠨᠰᠺ ᠦ ᠲᠠᠬᠳ ᠤ 5,092 ᠺᠦᠸᠠᠳ᠋ ᠺᠢᠯᠣᠮᠧᠲ᠋ᠷ 13,994
11 ᠲᠡᠷᠡᠬᠡᠯ ᠬᠣᠰᠢᠭᠤ ᠲᠧᠷᠧ-ᠬᠣᠯᠢᠰᠺ ᠦ ᠲᠧᠷᠧ-ᠬᠥᠯ 10,050 ᠺᠦᠸᠠᠳ᠋ ᠺᠢᠯᠣᠮᠧᠲ᠋ᠷ 1,873
12 ᠲᠡᠰᠬᠡᠮ ᠬᠣᠰᠢᠭᠤ ᠲᠧᠰ-ᠬᠧᠮᠰᠺ ᠦ ᠲᠧᠰ-ᠬᠧᠮ 6,691 ᠺᠦᠸᠠᠳ᠋ ᠺᠢᠯᠣᠮᠧᠲ᠋ᠷ 9,596
13 ᠲᠣᠵᠢ ᠬᠣᠰᠢᠭᠤ ᠲᠣᠳᠣᠵᠢᠨᠰᠺ ᠦ ᠲᠣᠵᠤ 44,757 ᠺᠦᠸᠠᠳ᠋ ᠺᠢᠯᠣᠮᠧᠲ᠋ᠷ 6,170
14 ᠦᠯᠢᠭᠬᠡᠮ ᠬᠣᠰᠢᠭᠤ ᠤᠯᠤᠭ-ᠬᠧᠮᠰᠺ ᠦ ᠤᠯᠤᠭ-ᠬᠧᠮ 5,335 ᠺᠦᠸᠠᠳ᠋ ᠺᠢᠯᠣᠮᠧᠲ᠋ᠷ 19,507
15 ᠴᠢᠶ᠎ᠠ ᠬᠢᠯ ᠬᠣᠰᠢᠭᠤ ᠴᠠ-ᠬᠣᠯᠢᠰᠺ ᠦ ᠺᠣᠵᠢᠭᠤᠨ ᠴᠠ-ᠬᠥᠯ 2,903 ᠺᠦᠸᠠᠳ᠋ ᠺᠢᠯᠣᠮᠧᠲ᠋ᠷ 6,577
16 ᠴᠡᠳᠬᠡᠯ ᠬᠣᠰᠢᠭᠤ ᠴᠧᠳᠢ-ᠬᠣᠯᠢᠰᠺ ᠦ ᠴᠧᠳᠢ-ᠬᠥᠯ 3,706 ᠺᠦᠸᠠᠳ᠋ ᠺᠢᠯᠣᠮᠧᠲ᠋ᠷ 8,171
17 ᠡᠷᠵᠡᠨ ᠬᠣᠰᠢᠭᠤ ᠡᠷᠵᠡᠨᠰᠺᠦ ᠡᠷᠵᠡᠨ 11,081 ᠺᠦᠸᠠᠳ᠋ ᠺᠢᠯᠣᠮᠧᠲ᠋ᠷ 8,637

ᠬᠦᠮᠦᠨ ᠠᠮᠠ ᠶᠢᠨ ᠲᠣᠶᠢᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠠᠰᠤ ᠦᠨᠳᠦᠰᠦ 1959 ᠣᠨ ᠤ ᠲᠣᠭᠠᠯᠠᠯᠭ᠎ᠠ 1970 ᠣᠨ ᠤ ᠲᠣᠭᠠᠯᠠᠯᠭ᠎ᠠ 1979 ᠣᠨ ᠤ ᠲᠣᠭᠠᠯᠠᠯᠭ᠎ᠠ 1989 ᠣᠨ ᠤ ᠲᠣᠭᠠᠯᠠᠯᠭ᠎ᠠ 2002 ᠣᠨ ᠤ ᠲᠣᠭᠠᠯᠠᠯᠭ᠎ᠠ 2010 ᠣᠨ ᠤ ᠲᠣᠭᠠᠯᠠᠯᠭ᠎ᠠ1
ᠲᠣᠭ᠎ᠠ  % ᠲᠣᠭ᠎ᠠ  % ᠲᠣᠭ᠎ᠠ  % ᠲᠣᠭ᠎ᠠ  % ᠲᠣᠭ᠎ᠠ  % ᠲᠣᠭ᠎ᠠ  %
ᠲᠤᠸᠠ ᠶᠠᠰᠤᠲᠠᠨ 97,996 57.0% 135,306 58.6% 161,888 60.5% 198,448 64.3% 235,313 77.0% 249,299 82.0%
ᠣᠷᠣᠰ ᠦᠨᠳᠦᠰᠦᠲᠡᠨ 68,924 40.1% 88,385 38.3% 96,793 36.2% 98,831 32.0% 61,442 20.1% 49,434 16.3%
ᠬᠠᠺᠠᠰ ᠶᠠᠰᠤᠲᠠᠨ 1,726 1.0% 2,120 0.9% 2,193 0.8% 2,258 0.7% 1,219 0.4% 9,197 3.0%
ᠪᠤᠰᠤᠳ 3,282 1.9% 5,053 2.2% 6,725 2.5% 9,020 2.9% 2.5%
ᠪᠦᠭᠦᠳᠡ 171,928 100% 230,864 100% 267,599 100% 308,557 100% 305,510 100% 307,930 100%
1 2010 ᠣᠨ ᠤ ᠲᠣᠭᠠᠯᠠᠯᠭᠠᠨ ᠳᠤ 4,073 ᠬᠦᠮᠦᠨ ᠥᠪᠡᠷ ᠦᠨ ᠶᠠᠰᠤ ᠦᠨᠳᠦᠰᠦ ᠪᠡᠨ ᠲᠣᠳᠣᠷᠬᠠᠢ ᠮᠡᠳᠡᠭᠦᠯᠦᠭᠡ ᠦᠭᠡᠢ ᠪᠠᠶᠢᠨ᠎ᠠ᠃ ᠲᠡᠶᠢᠮᠦ ᠡᠴᠡ ᠡᠵᠡᠯᠡᠬᠦ ᠬᠤᠪᠢ ᠶᠢ ᠭᠠᠷᠭᠠᠬᠤ ᠳᠤ ᠲᠡᠳᠡᠨ ᠢ ᠬᠠᠰᠴᠤ ᠲᠣᠭᠠᠴᠠᠪᠠ᠃[6]

2010 ᠣᠨ ᠤ ᠲᠣᠭᠠᠯᠠᠯᠭ᠎ᠠ ᠶᠢᠨ ᠳᠦᠩᠭᠡ ᠪᠡᠷ ᠲᠤᠸᠠ ᠣᠷᠣᠨ (БНТувУ) ᠍ ᠳᠦ 307,930 ᠬᠦᠮᠦᠨ ᠬᠠᠷᠢᠶᠠᠯᠠᠭᠳᠠᠵᠠᠢ᠃ ᠡᠭᠦᠨ ᠡᠴᠡ ᠲᠤᠸᠠᠴᠤᠳ (ᠲᠠᠭᠠᠨ ᠤ ᠤᠷᠢᠶᠠᠩᠬᠠᠢᠰᠣᠶᠣᠨ) 82.0% ᠍ ᠢ᠂ ᠣᠷᠣᠰ ᠤᠳ 16.3% ᠍ ᠶᠢ ᠡᠵᠡᠯᠡᠵᠦ ᠪᠠᠶᠢᠨ᠎ᠠ᠃ ᠲᠤᠸᠠ ᠪᠣᠯ ᠲᠦᠷᠦᠭ ᠲᠥᠷᠥᠯ ᠦᠨ ᠬᠡᠯᠡ ᠲᠡᠢᠪᠤᠳ᠋ᠳ᠋ᠾᠠ ᠶᠢᠨ ᠰᠢᠲᠦᠯᠭᠡ ᠲᠡᠢᠮᠣᠩᠭᠣᠯ ᠠᠬᠤᠢ ᠰᠤᠶᠤᠯ ᠲᠠᠢ ᠠᠷᠠᠳ ᠲᠦᠮᠡᠨ ᠶᠤᠮ᠃ ᠬᠣᠵᠢᠭᠤ ᠣᠷᠣᠰ ᠤᠨ ᠪᠦᠷᠢᠯᠳᠦᠬᠦᠨ ᠳᠦ ᠣᠷᠣᠭᠰᠠᠨ ᠦᠨᠳᠦᠰᠦᠨ ᠳᠦ ᠪᠡᠨ ᠬᠥᠳᠡᠭᠡ ᠭᠠᠵᠠᠷ᠂ 1991 ᠣᠨ ᠠᠴᠠ ᠬᠣᠶᠢᠰᠢ ᠣᠷᠣᠰ ᠤᠳ ᠭᠠᠳᠠᠭᠰᠢ ᠨᠡᠭᠦᠭᠰᠡᠭᠡᠷ ᠪᠦᠷ ᠴᠤ ᠴᠥᠭᠡᠷᠡᠭᠰᠡᠨ ᠪᠣᠯᠬᠣᠷ ᠡᠨᠳᠡ ᠲᠤᠸᠠ ᠠᠬᠤᠢ ᠰᠤᠶᠤᠯ ᠨᠢ ᠬᠦᠴᠦᠲᠡᠢ ᠪᠠᠶᠢᠭ᠎ᠠ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ