ᠲᠤᠸᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠤᠸᠠ ᠶᠠᠰᠤᠲᠠᠨ
ᠲ ᠤᠸᠠ(ᠯᠠᠷ) / ᠲ ᠤᠸᠠ ᠴᠣᠩ
Wrestling competition in Tos Bulak.jpg
ᠲᠤᠸᠠ ᠪᠥᠬᠡ ᠪᠠᠷᠢᠯᠳᠤᠭᠠᠨ — «ᠬᠦᠷᠧᠱ»
ᠣᠯᠠᠨ ᠨᠡᠷ᠎ᠡᠣᠷᠣᠰ᠂ ᠠᠩᠭᠯᠢ ᠪᠢᠴᠢᠭ ᠡᠴᠡ → ᠲᠤᠸᠠ
ᠲᠤᠸᠠ᠂ ᠠᠩᠭᠯᠢ ᠪᠢᠴᠢᠭ ᠡᠴᠡ → ᠲ ᠤᠸᠠ
ᠮᠣᠩᠭᠣᠯ ᠤᠯᠠᠮᠵᠢᠯᠠᠯ ᠠᠴᠠ → ᠲᠠᠭᠠᠨ ᠤ ᠤᠷᠢᠶᠠᠩᠬᠠᠢ
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — 280 ᠮᠢᠩᠭ᠎ᠠ. ᠡᠭᠦᠨ ᠡᠴᠡ:
ᠣᠷᠣᠰ ᠣᠷᠣᠰ (ᠣᠷᠣᠰ ᠬᠣᠯᠪᠣᠭᠠᠨ ᠤ ᠤᠯᠤᠰ) — 263,934 (2010)[1]

ᠮᠣᠩᠭᠣᠯ ᠮᠣᠩᠭᠣᠯ (ᠮᠣᠩᠭᠣᠯ ᠤᠯᠤᠰ) — 5,169 (2010)[2]

Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) — 3,900 (ᠪᠠᠭᠴᠠᠭ᠎ᠠ)[3]
ᠬᠡᠯᠡ ᠠᠶᠠᠯᠭᠤᠲᠥᠷᠥᠯᠬᠢ ᠲᠤᠸᠠ ᠬᠡᠯᠡ᠂ ᠣᠷᠣᠰ ᠲᠤ ᠪᠠᠰᠠ ᠣᠷᠣᠰ ᠬᠡᠯᠡ
ᠮᠣᠩᠭᠣᠯ ᠬᠢᠲᠠᠳ ᠬᠣᠶᠠᠷ ᠲᠤ ᠮᠥᠨ ᠮᠣᠩᠭᠣᠯ ᠬᠡᠯᠡ
ᠪᠢᠴᠢᠭ ᠦᠰᠦᠭᠺᠢᠷᠢᠯ ᠦᠰᠦᠭ ᠲᠦ ᠲᠤᠸᠠ ᠪᠢᠴᠢᠭ (1943 ᠣᠨ ᠠᠴᠠ)
ᠰᠢᠲᠦᠯᠭᠡᠰᠢᠷ᠎ᠠ ᠶᠢᠨ ᠶᠣᠰᠣᠲᠤ ᠪᠤᠳ᠋ᠳ᠋ᠾᠠ ᠶᠢᠨ ᠱᠠᠰᠢᠨᠪᠥᠭᠡ ᠮᠥᠷᠭᠥᠯ
ᠲᠥᠷᠥᠯ ᠬᠣᠯᠪᠣᠭ᠎ᠠ
ᠣᠶᠢᠷ᠎ᠠ ᠲᠥᠷᠥᠯᠰᠣᠶᠣᠳᠠ᠂ ᠴᠠᠲᠠᠨ; ᠤᠷᠢᠶᠠᠩᠬᠠᠢ ᠶᠠᠰᠤᠲᠠᠨ
ᠬᠡᠯᠡ ᠤᠭᠰᠠᠭ᠎ᠠᠲᠦᠷᠦᠭ ᠤᠭᠰᠠᠭᠠᠲᠠᠨ
ᠳᠣᠲᠣᠨᠣᠰᠣᠯᠮᠣᠩᠭᠣᠯ ᠲᠤᠭᠤᠷᠭᠠᠲᠠᠨ᠂ ᠲᠦᠷᠦᠭ-ᠮᠣᠩᠭᠣᠯ

ᠲᠤᠸᠠ́ (ᠳᠠᠭᠤᠳᠠᠯᠭ᠎ᠠ ᠨᠢ [ᠲᠤᠸᠠ ᠪᠠᠨ], ᠲᠤᠸᠠ ᠪᠠᠷ ᠲ ᠤᠸᠠ, ᠣᠯᠠᠨ ᠲᠣᠭᠠᠨ ᠳᠤ ᠲ ᠤᠪᠠᠯᠠᠷ᠂ ᠳᠠᠭᠤᠳᠠᠯᠭ᠎ᠠ ᠨᠢ [ᠲᠸᠠ], ᠣᠷᠣᠰ ᠢᠶᠠᠷ ᠣᠯᠠᠨ ᠲᠣᠭᠠᠨ ᠳᠤ ᠲᠤᠸᠢᠨᠼ ᠤ᠂ ᠤᠯᠠᠮᠵᠢᠯᠠᠯᠲᠤ ᠮᠣᠩᠭᠣᠯ ᠲᠣᠳᠣᠷᠬᠠᠶᠢᠯᠠᠯᠲᠠ ᠪᠠᠷ ᠤᠷᠢᠶᠠᠩᠬᠠᠢ, ᠪᠦᠷ ᠲᠣᠳᠣᠷᠠᠭᠤᠯᠪᠠᠯ ᠲᠠᠭᠠᠨ ᠤ ᠤᠷᠢᠶᠠᠩᠬᠠᠢ) — ᠰᠣᠶᠣᠨᠢ ᠨᠢᠷᠤᠭᠤ ᠪᠠᠷ ᠭᠣᠣᠯᠯᠠᠨ ᠨᠤᠲᠤᠭᠯᠠᠳᠠᠭ ᠶᠠᠰᠤᠲᠠᠨ᠃ ᠲᠤᠸᠠ ᠬᠡᠮᠡᠬᠦ ᠨᠡᠷ᠎ᠡ ᠠᠩᠬ᠎ᠠ "ᠮᠣᠩᠭᠣᠯ ᠤᠨ ᠨᠢᠭᠤᠴᠠ ᠲᠣᠪᠴᠢᠶ᠎ᠠ" ᠍ ᠳᠦ "ᠲᠤᠪᠠ" ᠬᠡᠮᠡᠨ ᠲᠡᠮᠳᠡᠭᠯᠡᠭᠳᠡᠭᠰᠡᠨ ᠪᠠᠶᠢᠳᠠᠭ᠃ ᠲᠤᠸᠠᠴᠢ ᠨᠤᠭᠤᠳ ᠢ ᠤᠷᠢᠶᠠᠩᠬᠠᠢᠴᠤᠳ ᠲᠠᠢ ᠭᠠᠷᠤᠯ ᠨᠢᠭᠡ ᠲᠡᠢ ᠭᠡᠵᠦ ᠲᠡᠦᠬᠡᠴᠢᠳ ᠦᠵᠡᠳᠡᠭ᠃ ᠲᠤᠸᠠᠴᠤᠳ ᠣᠳᠣ ᠦᠶ᠎ᠡ ᠳᠦ ᠣᠷᠣᠰ ᠬᠣᠯᠪᠣᠭᠠᠨ ᠤ ᠤᠯᠤᠰ ᠍ ᠤᠨ ᠪᠦᠭᠦᠳᠡ ᠨᠠᠶᠢᠷᠠᠮᠳᠠᠬᠤ ᠲᠤᠸᠠ ᠤᠯᠤᠰᠠᠳᠠ ᠭᠣᠣᠯᠯᠠᠨ ᠠᠮᠢᠳᠤᠷᠠᠵᠤ ᠪᠠᠶᠢᠳᠠᠭ᠃ ᠲᠠᠩᠨᠠ ᠤᠷᠢᠶᠠᠩᠬᠠᠢ᠂ ᠰᠣᠶᠣᠨ ᠤᠷᠠᠩᠬᠠᠢ ᠭᠡᠵᠦ 2 ᠬᠤᠪᠢᠶᠠᠭᠳᠠᠳᠠᠭ ᠪᠥᠭᠡᠳ ᠲᠡᠳᠡ ᠨᠢ ᠬᠠᠷ᠎ᠠ ᠰᠦᠯᠳᠡ ᠪᠣᠯᠤᠨ ᠴᠠᠭᠠᠨ ᠰᠦᠯᠳᠡ ᠪᠡᠷ ᠪᠠᠰᠠ ᠢᠯᠭᠠᠭᠳᠠᠳᠠᠭ ᠪᠠᠶᠢᠨ᠎ᠠ᠃ ᠣᠳᠣ ᠶᠢᠨ ᠣᠷᠣᠰ ᠬᠣᠯᠪᠣᠭᠠᠨ ᠤ ᠤᠯᠤᠰ ᠳᠦ ᠠᠮᠢᠳᠤᠷᠠᠵᠤ ᠪᠠᠶᠢᠭ᠎ᠠ ᠲᠤᠸᠠᠴᠤᠳ ᠬᠢᠷᠭᠢᠰ ᠪᠣᠯᠤᠨ ᠰᠠᠬᠠᠴᠢ ᠨᠤᠭᠤᠳᠲᠠᠢ (ᠶᠠᠺ ᠲᠤ ᠨᠤᠭᠤᠳ) ᠬᠣᠯᠢᠯᠳᠤᠨ ᠪᠤᠢ ᠪᠣᠯᠤᠭᠰᠠᠨ ᠪᠠᠶᠢᠨ᠎ᠠ᠃ ᠲᠤᠸᠠ ᠨᠢ ᠲᠦᠷᠦᠭ ᠬᠡᠯᠡ ᠲᠡᠢ ᠶᠤᠮ᠃ ᠲᠡᠳᠡ ᠮᠣᠩᠭᠣᠯ ᠤᠯᠤᠰ ᠍ ᠤᠨ ᠪᠠᠶᠠᠨ-ᠥᠯᠥᠭᠡᠢ ᠠᠶᠢᠮᠠᠭ ᠤᠨ ᠴᠡᠩᠭᠡᠯᠰᠤᠮᠤᠠᠨᠳᠠ ᠣᠯᠠᠨ ᠢᠶᠠᠷ ᠢᠶᠠᠨ ᠠᠮᠢᠳᠤᠷᠠᠬᠤ ᠠᠴᠠ ᠭᠠᠳᠠᠨ᠎ᠠ ᠤᠪᠰᠤᠬᠣᠪᠳᠣ ᠠᠶᠢᠮᠠᠭ ᠲᠤ ᠴᠥᠭᠡᠨ ᠲᠣᠭ᠎ᠠ ᠪᠠᠷ ᠣᠷᠣᠰᠢᠨ ᠰᠠᠭᠤᠳᠠᠭ᠃ ᠲᠤᠸᠠᠴᠤᠳ ᠥᠪᠡᠷᠰᠡᠳ ᠢ ᠪᠡᠨ ᠲᠣᠪᠠ ᠨᠠᠷᠠ ᠲᠠᠢ ᠬᠣᠯᠪᠣᠵᠤ ᠦᠵᠡᠬᠦ ᠶᠠᠪᠤᠳᠠᠯ ᠪᠤᠢ᠃

ᠲᠤᠸᠠᠴᠢ ᠨᠤᠭᠤᠳ ᠤᠨ ᠨᠡᠷ᠎ᠡ 6-7 ᠳ᠋ᠤᠭᠠᠷ ᠵᠠᠭᠤᠨ ᠤ ᠦᠶᠡᠰ ᠳᠤᠪᠣ᠂ ᠲᠤᠪᠣ᠂ ᠲᠤᠪᠠ ᠬᠡᠮᠡᠭᠳᠡᠨ ᠭᠠᠷᠴᠤ ᠢᠷᠡᠭᠰᠡᠨ ᠲᠡᠦᠬᠡ ᠲᠡᠢ ᠠᠵᠡᠢ᠃ 17 ᠳ᠋ᠤᠭᠠᠷ ᠵᠠᠭᠤᠨ ᠤ ᠦᠶᠡᠰ ᠠᠯᠲᠠᠢ ᠶᠢᠨ ᠠᠭᠤᠯᠠ ᠪᠠᠷ ᠨᠤᠲᠤᠭᠯᠠᠵᠤ ᠪᠠᠶᠢᠭᠰᠠᠨ ᠮᠣᠩᠭᠣᠯᠴᠤᠳ ᠢ ᠣᠷᠣᠰ ᠤᠳ ᠲᠤᠸ ᠤ᠂ ᠤᠢᠩᠬᠠᠢ ᠭᠡᠬᠦ ᠵᠡᠷᠭᠡ ᠪᠡᠷ ᠨᠡᠷᠡᠯᠡᠬᠦ ᠪᠣᠯᠵᠠᠢ᠃ ᠲᠡᠳᠡ ᠥᠪᠡᠷᠰᠡᠳ ᠢ ᠪᠡᠨ ᠲ ᠤᠪ ᠤ ᠭᠡᠳᠡᠭ ᠬᠡᠮᠡᠭᠰᠡᠨ ᠪᠠᠷᠢᠮᠲᠠ ᠵᠠᠷᠢᠮ ᠭᠠᠵᠠᠷ ᠦᠵᠡᠭᠳᠡᠳᠡᠭ ᠠᠵᠤ᠃

ᠲᠤᠸᠠᠴᠢ ᠨᠤᠭᠤᠳ ᠤᠨ ᠡᠪᠦᠭᠡ ᠨᠢ ᠳᠤᠪᠣ ᠠᠶᠢᠮᠠᠭ ᠭᠡᠵᠦ ᠦᠵᠡᠳᠡᠭ ᠪᠠ ᠳᠤᠪᠣ ᠨᠠᠷ ᠣᠳᠣ ᠶᠢᠨ ᠲᠤᠸᠠ ᠳᠤ ᠪᠠᠶᠢᠪᠠ᠃ ᠲᠤᠪᠠᠭ ᠤᠨ ᠨᠤᠲᠤᠭ ᠲᠤ ᠡᠷᠲᠡ ᠴᠠᠭ ᠲᠤ ᠤᠶᠢᠭᠤᠷ᠂ ᠺᠢᠷᠭᠢᠽ᠂ ᠰᠠᠮᠤᠧᠳᠢᠺᠧᠲ᠂ ᠮᠣᠩᠭᠣᠯ᠂ ᠧᠦ᠋ᠷᠣᠫᠠ ᠭᠠᠷᠤᠯ ᠲᠠᠢ ᠢᠷᠠᠨᠴᠤᠤᠳ ᠪᠠᠶᠢᠭᠰᠠᠨ ᠨᠢ ᠲᠤᠸᠠᠴᠢ ᠨᠤᠭᠤᠳ ᠤᠨ ᠪᠦᠷᠢᠯᠳᠦᠬᠦᠨ ᠳᠦ ᠬᠣᠯᠢᠯᠳᠤᠨ ᠣᠷᠣᠵᠠᠢ᠃ ᠲᠤᠪᠠᠭ ᠤᠨ ᠰᠠᠯᠴᠢᠺ (ᠰᠠᠯᠵᠢ ᠨᠤᠭᠤᠳ?), ᠮᠣᠩᠭᠤᠱ᠂ ᠮᠢᠨᠠᠭ ᠲᠤ ᠣᠪᠤᠭ ᠢ ᠮᠣᠩᠭᠣᠯ ᠭᠠᠷᠤᠯᠲᠠᠢ ᠭᠡᠳᠡᠭ᠃ ᠵᠠᠷᠢᠮ ᠡᠷᠳᠡᠮᠲᠡᠳ 19 ᠍ ᠳᠦᠭᠡᠷ ᠵᠠᠭᠤᠨ ᠤ ᠦᠶ᠎ᠡ ᠳᠦ ᠲᠤᠸᠠ ᠳᠤ ᠪᠠᠶᠢᠭᠰᠠᠨ ᠣᠯᠠᠨ ᠦᠨᠳᠦᠰᠦᠲᠡᠨ ᠨᠦᠭᠦᠳ ᠬᠣᠯᠢᠯᠳᠤᠵᠤ ᠲᠦᠷᠢᠭᠵᠢᠭᠰᠡᠨ ᠭᠡᠵᠦ ᠪᠢᠴᠢᠭᠰᠡᠨ ᠪᠠᠶᠢᠳᠠᠭ᠃ ᠮᠣᠩᠭᠣᠯ ᠡᠷᠳᠡᠮᠲᠡᠳ ᠲᠤᠸᠠᠴᠢ ᠨᠤᠭᠤᠳ ᠤᠨ ᠣᠯᠠᠩᠬᠢ ᠨᠢ ᠮᠣᠩᠭᠣᠯ ᠭᠠᠷᠤᠯ ᠲᠠᠢ ᠭᠡᠵᠦ ᠦᠵᠡᠳᠡᠭ᠃

"ᠰᠤᠳᠤᠷ ᠤᠨ ᠴᠢᠭᠤᠯᠭᠠᠨ" ᠍ ᠳᠦ ᠣᠢ ᠶᠢᠨ ᠤᠷᠢᠶᠠᠩᠬᠠᠢ ᠶᠢ ᠠᠯᠤᠰ ᠬᠣᠯᠠ ᠬᠣᠶᠢᠳᠤ ᠵᠦᠭ ᠲᠤ ᠪᠠᠶᠢᠳᠠᠭ ᠭᠡᠰᠡᠨ ᠡᠴᠡ ᠦᠵᠡᠬᠦ ᠳᠦ ᠣᠢ ᠶᠢᠨ ᠢᠷᠭᠡᠳ ᠣᠳᠣ ᠶᠢᠨ ᠮᠣᠩᠭᠣᠯ ᠤᠨ ᠨᠤᠲᠤᠭ ᠲᠤ ᠪᠢᠰᠢ ᠣᠢ ᠬᠥᠪᠴᠢ ᠶᠡᠬᠡ ᠲᠡᠢ ᠡᠮᠦᠨᠡᠲᠦ ᠰᠢᠪᠸᠷᠢᠶ ᠠ ᠳᠦ ᠪᠠᠶᠢᠴᠠᠢ᠃

ᠨᠠᠶᠢᠮᠠᠨᠢ ᠬᠠᠨᠯᠢᠭ ᠤᠨᠠᠭᠰᠠᠨ ᠤ ᠳᠠᠷᠠᠭ᠎ᠠ ᠪᠠᠷ ᠲᠤᠸᠠᠴᠤᠳ ᠣᠳᠣ ᠶᠢᠨ ᠮᠣᠩᠭᠣᠯ ᠤᠨ ᠨᠤᠲᠤᠭ ᠲᠤ ᠨᠡᠭᠦᠨ ᠢᠷᠡᠵᠦ ᠮᠣᠩᠭᠣᠯ ᠤᠨ ᠪᠠᠷᠠᠭᠤᠨ ᠬᠡᠰᠡᠭ ᠲᠦ ᠰᠠᠭᠤᠷᠢᠰᠢᠵᠠᠢ᠃ ᠮᠣᠩᠭᠣᠯ ᠤᠨ ᠨᠢᠭᠤᠴᠠ ᠲᠣᠪᠴᠢᠶ᠎ᠠ ᠤ "ᠤᠶᠢᠭᠤᠷ ᠪᠠ ᠣᠢ ᠶᠢᠨ ᠢᠷᠭᠡᠳ ᠢ ᠡᠵᠡᠯᠡᠭᠰᠡᠨ ᠨᠢ" ᠪᠦᠯᠦᠭ ᠲᠦ ᠵᠦᠴᠢ ᠶᠢ 1207 ᠣᠨ ᠳᠤ ᠣᠢ ᠶᠢᠨ ᠢᠷᠭᠡᠳ ᠷᠦᠦ ᠢᠯᠡᠭᠡᠨ ᠪᠤᠷᠢᠶᠠᠳ᠂ ᠲᠠᠰ᠂ ᠲᠤᠪᠠ ᠵᠡᠷᠭᠡ ᠠᠶᠢᠮᠠᠭ ᠢ ᠤᠷᠤᠭᠤᠯᠪᠠ ᠭᠡᠰᠡᠨ ᠨᠢ ᠲᠤᠸᠠᠴᠤᠳ ᠮᠥᠨ ᠪᠣᠯᠤᠯᠲᠠᠢ᠃

ᠲᠤᠸᠠᠴᠢ ᠨᠤᠭᠤᠳ ᠤᠨ ᠦᠵᠡᠵᠦ ᠪᠤᠢ ᠪᠠᠷ ᠲᠡᠳᠡ 16-18 ᠵᠠᠭᠤᠨ ᠳᠤ ᠤᠷᠤᠭᠰᠢ ᠪᠠᠨ ᠬᠣᠪᠳᠣ᠂ ᠵᠡᠭᠦᠨ ᠲᠡᠰᠢ ᠬᠥᠪᠰᠥᠭᠥᠯ ᠨᠠᠭᠤᠷ ᠬᠦᠷᠲᠡᠯᠡᠬᠢ ᠨᠤᠲᠤᠭ ᠲᠤ ᠰᠠᠭᠤᠵᠤ ᠪᠠᠶᠢᠴᠠᠢ᠃[4] ᠮᠠᠨᠵᠤ ᠨᠠᠷ 1750 ᠍ ᠊ᠭᠠᠳ ᠣᠨ ᠳᠤ ᠳᠥᠷᠪᠡᠳ ᠦᠳ ᠢ ᠤᠯᠠᠭᠠᠨᠠᠭᠠᠮ᠎ᠠ ᠳᠤ ᠰᠠᠭᠤᠯᠭᠠᠨ ᠲᠡᠳᠡᠨ ᠢ ᠣᠳᠣ ᠶᠢᠨ ᠲᠤᠸᠠ ᠤᠯᠤᠰ ᠤᠨ ᠨᠤᠲᠤᠭ ᠲᠤ ᠨᠡᠭᠦᠯᠭᠡᠵᠡᠢ᠃

ᠲᠤᠸᠠᠴᠤᠳ ᠠᠯᠲᠠᠢ ᠶᠢᠨ ᠤᠷᠢᠶᠠᠩᠬᠠᠢᠬᠣᠲᠣᠭᠣᠶᠢᠳᠳᠠᠷᠬᠠᠳ ᠵᠡᠷᠭᠡ ᠮᠣᠩᠭᠣᠯ ᠶᠠᠰᠤᠲᠠᠨ ᠢ 18 ᠵᠠᠭᠤᠨ ᠳᠤ ᠲᠤᠸᠠᠴᠢ ᠨᠤᠭᠤᠳ ᠢ ᠨᠡᠭᠦᠯᠭᠡᠬᠦ ᠦᠶ᠎ᠡ ᠳᠦ ᠪᠤᠰᠤᠳ ᠲᠤᠸᠠᠴᠤᠳ ᠠᠴᠠ ᠲᠠᠰᠤᠷᠴᠢ ᠠᠭᠠᠵᠢᠮ ᠢᠶᠠᠷ ᠲᠤᠸᠠ ᠬᠡᠯᠡ ᠪᠡᠨ ᠮᠠᠷᠲᠠᠵᠤ ᠮᠣᠩᠭᠣᠯᠵᠢᠭ᠌ᠰᠠᠨ ᠲᠤᠸᠠᠴᠤᠳ ᠭᠡᠵᠦ ᠦᠵᠡᠳᠡᠭ ᠴᠤ [4] ᠬᠣᠲᠣᠭᠣᠶᠢᠳ ᠤᠳ ᠤᠨ ᠳᠤᠮᠳᠠ ᠲᠤᠸᠠ ᠭᠠᠷᠤᠯ ᠲᠠᠢ ᠣᠪᠤᠭ ᠪᠠᠶᠢᠬᠤ ᠦᠭᠡᠢ᠃ ᠠᠯᠲᠠᠢ ᠶᠢᠨ ᠤᠷᠢᠶᠠᠩᠬᠠᠶᠢᠴᠤᠳ ᠤᠨ ᠳᠤᠮᠳᠠ ᠲᠤᠸᠠᠴᠢ ᠨᠤᠭᠤᠳ ᠤᠨ ᠪᠦᠷᠢᠯᠳᠦᠬᠦᠨ ᠳᠦ ᠪᠠᠶᠢᠳᠠᠭ ᠣᠪᠤᠭ ᠤᠳ ᠪᠠᠶᠢᠳᠠᠭ ᠴᠤ ᠳᠡᠶᠢᠯᠦᠩᠬᠢ ᠨᠢ ᠮᠣᠩᠭᠣᠯ ᠣᠪᠤᠭ ᠲᠤᠯᠠ ᠲᠤᠸᠠ ᠭᠠᠷᠤᠯ ᠲᠠᠢ ᠪᠢᠰᠢ ᠬᠠᠷᠢᠨ ᠲᠤᠸᠠᠴᠤᠳ ᠲᠠᠢ ᠬᠥᠷᠰᠢ ᠵᠡᠷᠭᠡᠯᠡᠳᠡᠭᠡ ᠤᠳᠠᠭᠠᠨ ᠬᠤᠭᠤᠴᠠᠭᠠᠨ ᠳᠤ ᠨᠤᠲᠤᠭᠯᠠᠵᠤ ᠪᠠᠶᠢᠭᠰᠠᠨ ᠲᠤᠯᠠ ᠠᠭᠠᠵᠢᠮ ᠢᠶᠠᠷ ᠬᠣᠯᠢᠯᠳᠤᠭᠰᠠᠨ ᠭᠡᠳᠡᠭ ᠨᠢ ᠲᠣᠳᠣᠷᠬᠠᠢ ᠪᠥᠭᠡᠳ ᠤᠤᠯ ᠠᠴᠠ ᠪᠠᠨ ᠤᠷᠢᠶᠠᠩᠬᠠᠶᠢᠴᠤᠳ ᠢ ᠪᠤᠷᠬᠠᠨ ᠬᠠᠯᠳᠤᠨ ᠳᠤ ᠨᠤᠲᠤᠭᠯᠠᠵᠤ ᠪᠠᠶᠢᠭᠰᠠᠨ ᠳᠠᠷᠯᠢᠭᠢᠨ ᠮᠣᠩᠭᠣᠯ ᠠᠶᠢᠮᠠᠭ ᠪᠣᠯᠬᠤ ᠶᠢ ᠮᠣᠩᠭᠣᠯ ᠤᠨ ᠨᠢᠭᠤᠴᠠ ᠲᠣᠪᠴᠢᠶ᠎ᠠ᠂ ᠷᠠᠰᠢ ᠳᠤ ᠳᠤ ᠳ᠋ᠢᠨ ᠦ "ᠰᠤᠳᠤᠷ ᠤᠨ ᠴᠢᠭᠤᠯᠭᠠᠨ" ᠵᠡᠷᠭᠡ ᠬᠠᠭᠤᠴᠢᠨ ᠤ ᠰᠤᠷᠪᠤᠯᠵᠢ ᠨᠤᠭᠤᠳ ᠲᠤ ᠲᠣᠳᠣᠷᠬᠠᠢ ᠵᠢᠭᠠᠨ ᠦᠯᠡᠳᠡᠭᠡᠭᠰᠡᠨ ᠪᠠᠶᠢᠳᠠᠭ᠃ ᠠᠯᠲᠠᠢ ᠶᠢᠨ ᠤᠷᠢᠶᠠᠩᠬᠠᠢ ᠶᠢ ᠬᠡᠨᠲᠡᠢ ᠶᠢᠨ ᠨᠢᠷᠤᠭᠤᠨ ᠠᠴᠠ 14-16 ᠍ ᠳᠦᠭᠡᠷ ᠵᠠᠭᠤᠨ ᠤ ᠦᠶ᠎ᠡ ᠳᠦ ᠠᠯᠲᠠᠢ ᠳᠤ ᠣᠴᠢᠭᠰᠠᠨ ᠬᠣᠶᠢᠨ᠎ᠠ ᠪᠠᠨ ᠵᠠᠷᠢᠮ ᠨᠢᠭᠡ ᠲᠦᠷᠦᠭ ᠣᠪᠤᠭ ᠲᠠᠢ ᠬᠣᠯᠢᠯᠳᠤᠭᠰᠠᠨ ᠪᠣᠯᠤᠯᠲᠠᠢ᠃ ᠲᠤᠸᠠᠴᠤᠳ 19 ᠍ ᠳᠦᠭᠡᠷ ᠵᠠᠭᠤᠨ ᠳᠤ ᠥᠪᠡᠷᠰᠡᠳ ᠢ ᠪᠡᠨ ᠤᠷᠢᠶᠠᠩᠬᠠᠢ᠂ ᠰᠣᠶᠣᠳᠠ ᠭᠡᠵᠦ ᠨᠡᠷᠡᠯᠡᠳᠡᠭ ᠦᠭᠡᠢ ᠪᠠᠶᠢᠭᠰᠠᠨ ᠪᠥᠭᠡᠳ ᠲᠤᠸᠠ ᠡᠰᠡᠪᠡᠯ ᠲᠤᠪᠠ ᠭᠡᠳᠡᠭ ᠬᠠᠷᠢᠨ ᠮᠣᠩᠭᠣᠯᠴᠤᠳ ᠲᠡᠳᠡᠨᠡᠣᠭ ᠤᠷᠢᠶᠠᠩᠬᠠᠢ ᠭᠡᠳᠡᠭ ᠪᠠᠶᠢᠪᠠ᠃[5]

ᠲᠤᠸᠠ ᠪᠦᠭᠦᠳᠡ ᠨᠠᠶᠢᠷᠠᠮᠳᠠᠬᠤ ᠤᠯᠤᠰ ᠪᠠᠶᠢᠭ᠎ᠠ ᠣᠳᠣ ᠶᠢᠨ ᠭᠠᠵᠠᠷ ᠨᠤᠲᠤᠭ ᠨᠢ 17 ᠵᠠᠭᠤᠨ ᠤ ᠦᠶᠡᠰ ᠲᠠᠩᠨᠠ ᠤᠷᠢᠶᠠᠩᠬᠠᠢ ᠶᠢᠨ ᠠᠮᠪᠠᠨ ᠨᠣᠶᠠᠨ ᠤ ᠬᠣᠰᠢᠭᠤ ᠭᠡᠳᠡᠭ ᠪᠠᠶᠢᠪᠠ᠃ ᠮᠣᠩᠭᠣᠯ ᠤᠨ ᠪᠣᠭᠳᠠ ᠬᠠᠭᠠᠨ ᠠᠴᠠ ᠲᠠᠩᠨᠠ ᠤᠷᠢᠶᠠᠩᠬᠠᠢ ᠶᠢᠨ ᠭᠣᠮᠪᠣᠳᠣᠷᠵᠢ ᠠᠮᠪᠠᠨ ᠨᠣᠶᠠᠨ ᠢ ᠵᠦᠩ ᠸᠠᠩ ᠴᠣᠯᠠ ᠬᠡᠷᠭᠡᠮ ᠢᠶᠡᠷ ᠱᠠᠩᠨᠠᠭᠰᠠᠨ ᠪᠠᠶᠢᠳᠠᠭ᠃

ᠳᠠᠷᠬᠠᠳ ᠤᠳ ᠮᠣᠩᠭᠣᠯ᠂ ᠲᠦᠷᠦᠭ᠂ ᠰᠠᠮᠣᠳᠢ ᠣᠪᠤᠭ ᠤᠳ ᠠᠴᠠ ᠪᠦᠷᠢᠯᠳᠦᠭᠰᠡᠨ ᠴᠤ ᠳᠡᠶᠢᠯᠦᠩᠬᠢ ᠨᠢ ᠮᠣᠩᠭᠣᠯ ᠣᠪᠤᠭ ᠪᠠᠶᠢᠨ᠎ᠠ᠃

ᠠᠯᠲᠠᠢ ᠶᠢᠨ ᠲᠤᠸᠠᠴᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳᠦᠭᠡ ᠲᠤᠸᠠᠴᠤᠳ ᠪᠠᠶᠠᠨ-ᠥᠯᠥᠭᠡᠢ ᠶᠢᠨ ᠴᠡᠩᠭᠡᠯ᠂ ᠬᠣᠪᠳᠣ ᠶᠢᠨ ᠪᠤᠶᠠᠨᠲᠤ᠂ ᠲᠥᠪ ᠠᠶᠢᠮᠠᠭ ᠤᠨ ᠵᠠᠭᠠᠮᠠᠷ᠂ ᠳᠠᠷᠬᠠᠨ᠂ ᠣᠷᠬᠣᠨ᠂ ᠰᠡᠯᠡᠩᠭᠡ ᠶᠢᠨ ᠨᠤᠲᠤᠭ ᠢᠶᠠᠷ ᠲᠠᠷᠬᠠᠨ ᠠᠮᠢᠳᠤᠷᠠᠵᠤ ᠪᠠᠶᠢᠨ᠎ᠠ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠢᠨᠵᠢᠶᠠᠨ ᠤᠶᠢᠭᠤᠷ ᠤᠨ ᠥᠪᠡᠷᠲᠡᠭᠡᠨ ᠵᠠᠰᠠᠬᠤ ᠣᠷᠣᠨ ᠤ ᠠᠯᠲᠠᠢ ᠠᠶᠢᠮᠠᠭ ᠤᠨ ᠬᠠᠨᠡᠰ ᠨᠠᠭᠤᠷ᠂ ᠣᠷᠣᠰ ᠤᠨ БНТУ ᠵᠡᠷᠭᠡ ᠪᠡᠷ ᠴᠤ ᠣᠷᠣᠰᠢᠨ ᠲᠣᠭᠲᠠᠨᠢᠳᠠᠭ ᠪᠢᠯᠡ᠃ ᠲᠤᠸᠠᠴᠤᠳ ᠨᠢ ᠰᠦᠢ ᠤᠯᠤᠰ ᠤᠨ ᠰᠤᠳᠤᠷ ᠪᠣᠯᠤᠨ ᠲᠠᠨ ᠤᠯᠤᠰ ᠤᠨ ᠬᠠᠭᠤᠴᠢᠨ ᠰᠤᠳᠤᠷ ᠲᠤ ᠲᠡᠯᠡᠭ ᠦᠨ ᠨᠢᠭᠡᠨ ᠠᠶᠢᠮᠠᠭ ᠭᠡᠭᠳᠡᠭᠰᠡᠨ ᠳᠤᠪᠠ ᠠᠶᠢᠮᠠᠭ ᠤᠨ ᠬᠢᠨ ᠤ ᠦᠷ᠎ᠡ ᠬᠣᠶᠢᠴᠢᠰ ᠶᠤᠮ᠃ ᠰᠦᠢ ᠤᠯᠤᠰ ᠤᠨ ᠰᠤᠳᠤᠷ ᠲᠤ ᠳᠤᠷᠠᠳᠬᠤ ᠳᠤ ᠪᠠᠨ ᠳᠤᠪᠠᠴᠢᠭᠤᠳ ᠶᠡᠨᠢᠰᠧᠢᠨ ᠡᠬᠢ ᠪᠡᠷ᠂ ᠥᠭᠡᠷ᠎ᠡ ᠪᠡᠷ ᠬᠡᠯᠡᠪᠡᠯ ᠣᠷᠴᠢᠨ ᠴᠠᠭ ᠤᠨ ᠲᠤᠪᠠᠭ ᠤᠨ ᠨᠤᠲᠤᠭ ᠢᠶᠠᠷ ᠨᠤᠲᠤᠭᠯᠠᠵᠤ ᠪᠠᠶᠢᠭᠰᠠᠨ ᠠᠷᠠᠳ ᠲᠦᠮᠡᠨ ᠠᠵᠢ᠃

ᠴᠢᠩᠭᠢᠰ ᠬᠠᠭᠠᠨ ᠬᠠᠨᠡᠰ ᠨᠠᠭᠤᠷ ᠤᠨ ᠳᠡᠷᠭᠡᠳᠡ ᠪᠠᠭᠤᠳᠠᠯᠯᠠᠵᠤ ᠪᠠᠶᠢᠭᠰᠠᠨ ᠲᠤᠯᠠ ᠡᠨᠡ ᠨᠠᠭᠤᠷ ᠢ "ᠬᠠᠭᠠᠨ ᠤᠤᠰᠤ" ᠬᠡᠮᠡᠨ ᠨᠡᠷᠡᠶᠢᠳᠬᠦ ᠪᠣᠯᠤᠭᠰᠠᠨ ᠭᠡᠳᠡᠭ᠃ ᠰᠢᠩᠠᠵᠢᠶᠠᠨ ᠤ ᠲᠤᠸᠠᠴᠢ ᠨᠤᠭᠤᠳ ᠢ ᠬᠢᠲᠠᠳ ᠤᠨ ᠠᠯᠪᠠᠨ ᠶᠣᠰᠣᠨ ᠤ ᠪᠦᠷᠢᠳᠬᠡᠯ ᠳᠦ ᠮᠣᠩᠭᠣᠯᠴᠤᠳ ᠤᠨ ᠲᠣᠭᠠᠨ ᠳᠤ ᠣᠷᠣᠭᠤᠯᠤᠨ ᠪᠦᠷᠢᠳᠬᠡᠳᠡᠭ ᠪᠠ ᠲᠡᠳᠡ ᠥᠪᠡᠷᠰᠡᠳ ᠢ ᠪᠡᠨ ᠮᠣᠩᠭᠣᠯᠴᠤᠳ ᠭᠡᠵᠦ ᠦᠵᠡᠳᠡᠭ᠃

ᠠᠯᠲᠠᠢ ᠶᠢᠨ ᠲᠤᠸᠠᠴᠢ ᠨᠤᠭᠤᠳ ᠢ ᠰᠣᠶᠣᠩ ᠤ ᠲᠤᠸᠠᠴᠤᠳ ᠠᠴᠠ ᠢᠯᠭᠠᠬᠤ ᠰᠤᠶᠤᠯ᠂ ᠲᠡᠦᠬᠡ ᠶᠢᠨ ᠳᠤᠷᠠᠰᠬᠠᠯ ᠤᠳ ᠰᠡᠭᠦᠯ ᠦᠨ ᠦᠶ᠎ᠡ ᠳᠦ ᠢᠯᠡᠷᠡᠭᠰᠡᠭᠡᠷ ᠪᠠᠶᠢᠨ᠎ᠠ᠃

ᠨᠢᠭᠡ ᠳᠦ᠂ ᠰᠤᠳᠤᠯᠭᠠᠨ ᠤ ᠬᠠᠮᠤᠭ ᠤᠨ ᠦᠨᠡᠲᠡᠢ ᠵᠦᠢᠯ ᠲᠠᠮᠠᠭ᠎ᠠ ᠶᠤᠮ᠃ ᠲᠠᠮᠠᠭ᠎ᠠ ᠪᠠᠷ ᠨᠢ ᠴᠤᠬᠤᠮ ᠳᠠᠭᠠᠨ ᠬᠠᠷ᠎ᠠ ᠡᠯᠢᠭᠡᠲᠡᠨ᠂ ᠬᠠᠮᠢᠶᠠᠲᠠᠨ ᠰᠠᠳᠤᠨ ᠪᠣᠯᠬᠤ ᠶᠢ ᠢᠯᠭᠠᠨ ᠰᠠᠯᠭᠠᠳᠠᠭ ᠭᠡᠳᠡᠭ ᠪᠢᠯᠡ᠃ ᠠᠯᠲᠠᠢ ᠶᠢᠨ ᠲᠤᠸᠠᠴᠤᠳ ᠠᠯᠲᠠᠢ ᠶᠢᠨ ᠤᠷᠢᠶᠠᠩᠬᠠᠶᠢᠴᠤᠳ ᠤᠨ ᠨᠢᠭᠡᠨ ᠠᠳᠠᠯᠢ ᠨᠤᠮᠤᠨ ᠲᠠᠮᠠᠭ᠎ᠠ ᠪᠠᠷ ᠮᠠᠯ ᠢᠶᠠᠨ ᠲᠠᠮᠠᠭᠠᠯᠠᠳᠠᠭ ᠪᠠᠶᠢᠴᠠᠢ᠃ ᠨᠤᠮᠤ ᠰᠤᠮᠤ ᠶᠢ ᠴᠤ ᠣᠳᠣ ᠬᠦᠷᠲᠡᠯ᠎ᠡ ᠤᠯᠤᠰ ᠤᠨ ᠪᠠᠶᠠᠷ ᠨᠠᠭᠠᠳᠤᠮ ᠢᠶᠠᠷ ᠬᠠᠷᠪᠤᠳᠠᠭ ᠪᠢᠯᠡ᠃ ᠤᠷᠢᠶᠠᠩᠬᠠᠢ ᠰᠤᠷ ᠲᠠᠢ ᠠᠳᠠᠯᠢ ᠭᠡᠬᠦ ᠳᠦ ᠪᠣᠯᠤᠨ᠎ᠠ᠃ ᠶᠡᠷᠦᠩᠬᠡᠢ ᠳᠤ ᠪᠡᠨ ᠤᠷᠢᠶᠠᠩᠬᠠᠢ ᠰᠤᠷ ᠲᠤ ᠪᠠᠨ ᠪᠠᠭᠠᠳᠤᠭᠠᠳ ᠶᠠᠪᠤᠭ᠎ᠠ ᠬᠡᠷᠡᠭ᠃

ᠬᠣᠶᠠᠷ ᠲᠤ᠂ ᠠᠯᠲᠠᠢ ᠶᠢᠨ ᠲᠤᠸᠠᠴᠢ ᠨᠤᠭᠤᠳ ᠤᠨ ᠤᠯᠠᠮᠵᠢᠯᠠᠯᠲᠤ ᠶᠣᠰᠣ ᠵᠠᠩᠰᠢᠯ᠂ ᠰᠤᠶᠤᠯ᠂ ᠲᠤᠬᠠᠶᠢᠯᠠᠪᠠᠯ᠂ ᠴᠠᠭᠠᠨ ᠰᠠᠷ᠎ᠠ᠂ ᠬᠤᠷᠢᠮ᠂ ᠠᠷᠠᠳ ᠤᠨ ᠳᠠᠭᠤᠤ᠂ ᠦᠯᠢᠭᠡᠷ᠂ ᠲᠤᠤᠯᠢ ᠨᠢᠭᠡ ᠶᠠᠭᠤᠮ᠎ᠠ᠃ ᠭᠤᠷᠪᠠ ᠳᠤ᠂ ᠠᠯᠲᠠᠢ ᠶᠢᠨ ᠲᠤᠸᠠᠴᠢ ᠨᠤᠭᠤᠳ ᠤᠨ ᠨᠢᠭᠡ ᠬᠡᠰᠡᠭ ᠢ ᠬᠥᠬᠡ ᠮᠣᠨᠴᠢᠭ᠎ᠠ ᠨᠤᠭᠤᠳ ᠭᠡᠬᠦ᠃ ᠲᠡᠳᠡ ᠥᠨᠥᠳᠥᠷ ᠪᠠᠶᠠᠨ-ᠥᠯᠥᠭᠡᠢ ᠶᠢᠨ ᠴᠡᠩᠭᠡᠯᠳᠦ ᠠᠵᠤ ᠲᠥᠷᠥᠴᠥᠭᠡᠵᠦ ᠪᠠᠶᠢᠨ᠎ᠠ᠃ ᠪᠤᠰᠤᠳ ᠠᠶᠢᠮᠠᠭ᠂ ᠰᠤᠮᠤ ᠶᠢᠨ ᠪᠣᠯᠤᠨ ᠬᠢᠲᠠᠳ ᠤᠨ ᠰᠢᠨᠵᠠᠨ ᠤ ᠲᠤᠸᠠᠴᠤᠳ ᠴᠤ ᠥᠪᠡᠷᠰᠡᠳ ᠢ ᠪᠡᠨ ᠬᠥᠬᠡ ᠮᠣᠨᠴᠢᠭ᠎ᠠ ᠨᠤᠭᠤᠳ ᠬᠡᠮᠡᠮᠠᠢ᠃ ᠬᠠᠷᠢᠨ ᠣᠷᠣᠰ ᠤᠨ БНТУ ᠍ ᠳᠦ ᠬᠥᠬᠡ ᠮᠣᠨᠴᠢᠭ᠎ᠠ ᠶᠢ ᠭᠡᠰᠡᠨ ᠣᠶᠢᠯᠠᠭᠠᠯᠲᠠ ᠣᠳᠣ ᠬᠡᠷ ᠪᠠᠶᠢᠬᠤ ᠦᠭᠡᠢ᠃ ᠴᠢᠩᠭᠢᠰ ᠬᠠᠭᠠᠨ ᠪᠠᠷᠠᠭᠤᠨ ᠴᠢᠭ ᠦᠨ ᠳᠠᠶᠢᠨ ᠳᠤ ᠶᠠᠪᠤᠬᠤ ᠳᠤ ᠪᠠᠨ ᠶᠡᠬᠡᠳᠡ ᠲᠤᠰᠠ ᠪᠣᠯᠤᠭᠰᠠᠨ ᠲᠤᠸᠠᠴᠤᠳ ᠲᠤ ᠨᠤᠮᠤᠨ ᠲᠠᠮᠠᠭ᠎ᠠ ᠬᠠᠶᠢᠷᠠᠯᠠᠭᠰᠠᠨ ᠭᠡᠬᠦ ᠳᠣᠮᠣᠭ ᠴᠤ ᠪᠤᠢ᠃ ᠴᠢᠩᠭᠢᠰ ᠬᠠᠭᠠᠨ ᠠᠶᠠᠨ ᠳᠠᠶᠢᠨ ᠤ ᠪᠠᠨ ᠶᠠᠪᠤᠴᠠ ᠳᠤ ᠨᠢᠭᠡ ᠬᠡᠰᠡᠭ ᠴᠡᠷᠢᠭ᠂ ᠢᠷᠭᠡᠳ ᠢ ᠠᠯᠲᠠᠢ ᠳᠤ ᠦᠯᠡᠳᠡᠭᠡᠭᠰᠡᠨ ᠪᠥᠭᠡᠳ ᠲᠡᠳᠡᠨ ᠳᠣᠲᠣᠷ᠎ᠠ ᠤᠷᠢᠶᠠᠩᠬᠠᠢ ᠠᠴᠠ ᠭᠠᠳᠠᠨ᠎ᠠ ᠲᠤᠸᠠ ᠨᠠᠷ ᠪᠠᠶᠢᠭᠰᠠᠨ ᠭᠡᠬᠦ ᠨᠢ ᠪᠤᠢ᠃

ᠰᠤᠳᠤᠯᠭ᠎ᠠ ᠪᠠᠷ ᠨᠠᠷᠢᠨ ᠵᠦᠢᠯ ᠠᠵᠢᠭᠡᠯᠡᠭᠳᠠᠭᠠᠳ ᠪᠠᠶᠢᠳᠠᠭ ᠦᠭᠡᠢ ᠴᠤ ᠡᠳᠦᠭᠡ ᠶᠢᠨ ᠪᠠᠶᠠᠨ-ᠥᠯᠥᠭᠡᠢ ᠶᠢᠨ ᠲᠤᠸᠠᠴᠤᠳ 《ᠪᠢᠳᠡ ᠳᠠᠶᠢᠨ ᠳᠤ ᠭᠠᠪᠢᠶ᠎ᠠ ᠪᠠᠶᠢᠭᠤᠯᠤᠭᠰᠠᠨ ᠲᠤᠯᠠ ᠬᠥᠬᠡ ᠮᠣᠨᠴᠢᠭ᠎ᠠ ᠶᠢ ᠭᠡᠭᠳᠡᠬᠦ ᠪᠣᠯᠤᠭᠰᠠᠨ᠃ ᠪᠢᠳᠡ ᠳᠤᠪᠠ ᠰᠣᠬᠣᠷ ᠤᠨ ᠦᠷ᠎ᠡ ᠰᠠᠳᠤ》 ᠭᠡᠬᠦ ᠵᠡᠷᠭᠡ ᠬᠠᠭᠤᠴᠢ ᠶᠠᠷᠢᠶ᠎ᠠ ᠪᠠᠶᠢᠭᠰᠠᠭᠠᠷ ᠪᠠᠶᠢᠭ᠎ᠠ ᠶᠤᠮ᠃ ᠬᠠᠮᠤᠭ ᠤᠨ ᠰᠡᠭᠦᠯ ᠦᠨ ᠦᠶ᠎ᠡ ᠶᠢᠨ ᠭᠡᠵᠦ ᠪᠣᠯᠬᠤ ᠪᠠᠷᠢᠮᠲᠠ ᠪᠠᠷ ᠠᠯᠲᠠᠢ ᠶᠢᠨ ᠲᠤᠸᠠᠴᠤᠳ ᠭᠠᠯᠳᠠᠨ ᠪᠣᠱᠣᠭᠲᠤ᠂ ᠠᠮᠤᠷᠰᠠᠨᠠᠭ᠎ᠠ ᠪᠠᠨ᠂ ᠴᠢᠩᠭᠦᠩᠵᠠᠪ ᠤᠨ ᠪᠣᠰᠤᠯᠭ᠎ᠠ ᠳᠤ ᠮᠠᠰᠢ ᠢᠳᠡᠪᠬᠢ ᠲᠡᠢ ᠣᠷᠣᠯᠴᠠᠭᠰᠠᠨ ᠭᠡᠳᠡᠭ ᠢᠶᠡᠷ ᠢᠶᠡᠨ ᠠᠯᠳᠠᠷᠲᠠᠢ ᠪᠢᠯᠡ᠃

ᠲᠡᠦᠬᠡᠨ ᠳᠣᠮᠣᠭ ᠠᠴᠠ ᠦᠵᠡᠪᠡᠯ ᠲᠡᠳᠡᠨ ᠦ ᠳᠣᠲᠣᠷ᠎ᠠ ᠠᠴᠠ ᠡᠷᠵᠢᠪᠢᠯᠢᠭ᠂ ᠣᠩᠬᠣᠣ ᠳᠤ ᠵᠡᠷᠭᠡ ᠪᠠᠭᠠᠲᠤᠷ ᠡᠷᠡᠰ ᠲᠥᠷᠦᠵᠢᠭᠡ᠃ ᠣᠩᠬᠣᠣ ᠳᠤ ᠪᠠᠭᠠᠲᠤᠷ ᠤᠨ ᠨᠡᠷ᠎ᠡ ᠪᠡᠷ ᠨᠡᠷᠡᠯᠡᠭᠳᠡᠭᠰᠡᠨ ᠣᠩᠬᠣᠣ ᠳᠤ ᠭᠡᠬᠦ ᠭᠠᠵᠠᠷ ᠣᠳᠣ ᠶᠢᠨ ᠪᠠᠶᠠᠨ-ᠥᠯᠥᠭᠡᠢ ᠶᠢᠨ ᠴᠡᠩᠭᠡᠯᠳᠦ ᠪᠤᠢ᠃ ᠭᠠᠯᠳᠠᠨ ᠪᠣᠱᠣᠭᠲᠤ ᠶᠢᠨ ᠶᠡᠬᠡ ᠴᠡᠷᠢᠭ ᠮᠠᠨᠵᠤ ᠠᠴᠠ ᠳᠠᠶᠢᠵᠢᠨ ᠴᠡᠩᠭᠡᠯ ᠬᠠᠶᠢᠷᠬᠠᠨ ᠤ ᠴᠠᠭᠠᠨ ᠭᠣᠣᠯ ᠤᠨ ᠬᠠᠪᠢᠴᠠᠭ᠎ᠠ ᠨᠢᠭᠡᠨ ᠡᠪᠦᠯ ᠶᠠᠪᠤᠬᠤ ᠳᠤ ᠪᠠᠨ ᠮᠠᠰᠢᠳᠠ ᠲᠤᠶᠢᠯᠳᠠᠨ ᠶᠠᠳᠠᠷᠠᠵᠠᠢ᠃ ᠢᠩᠭᠢᠭᠡᠳ ᠬᠣᠭᠣᠯᠠᠨ ᠤ ᠡᠷᠢᠯ ᠳᠦ ᠭᠠᠷᠴᠠᠢ᠃ ᠴᠡᠷᠢᠭ ᠦᠳ ᠳᠣᠲᠣᠷ᠎ᠠ ᠶᠠᠪᠤᠭᠰᠠᠨ ᠲᠤᠸᠠ ᠡᠷᠡᠴᠦᠳ ᠨᠢᠭᠡᠨ ᠨᠠᠭᠤᠷ ᠤᠨ ᠬᠠᠷᠠᠵᠠᠨ ᠠᠴᠠ ᠬᠤᠪᠢᠩ ᠢᠶᠠᠷ ᠤᠰᠤ ᠬᠤᠳᠬᠤᠨ ᠠᠪᠲᠠᠯ᠎ᠠ ᠬᠠᠷᠠᠵᠠᠨ ᠤ ᠤᠰᠤ ᠲᠠᠢ ᠬᠠᠮᠲᠤ ᠬᠠᠷ᠎ᠠ ᠵᠢᠭᠠᠰᠤ ᠥᠴᠢᠨᠡᠨ ᠢᠶᠡᠷ ᠢᠶᠡᠨ ᠪᠠᠷᠢᠭᠳᠠᠭᠰᠠᠨ ᠳᠤ ᠶᠡᠬᠡᠳᠡ ᠪᠡᠯᠭᠡᠰᠢᠶᠡᠨ ᠥᠨᠥᠬᠢ ᠨᠠᠭᠤᠷ ᠢ ᠨᠢ 《ᠠᠴᠢᠲᠤ ᠨᠠᠭᠤᠷ》 ᠬᠡᠮᠡᠭᠰᠡᠨ ᠢᠶᠡᠷ ᠪᠠᠶᠠᠨ-ᠥᠯᠥᠭᠡᠢ ᠶᠢᠨ ᠴᠡᠩᠭᠡᠯ ᠰᠤᠮᠤ ᠶᠢᠨ ᠮᠥᠨᠥᠬᠢ ᠨᠠᠭᠤᠷ ᠤᠨ ᠨᠡᠷ᠎ᠡ ᠲᠡᠶᠢᠨ ᠪᠣᠯᠵᠠᠢ ᠭᠡᠬᠦ ᠪᠣᠳᠠᠲᠤ ᠭᠡᠬᠦ ᠪᠡᠷ ᠳᠣᠮᠣᠭ ᠪᠤᠢ᠃

ᠠᠯᠲᠠᠢ ᠶᠢᠨ ᠲᠤᠸᠠᠴᠢ ᠨᠤᠭᠤᠳ ᠤᠨ ᠣᠪᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠭᠤᠨ ᠠᠶᠢᠮᠠᠭ ᠤᠳ ᠳᠠᠬᠢ ᠲᠤᠸᠠᠴᠤᠳ 19 ᠍ ᠳᠦᠭᠡᠷ ᠵᠠᠭᠤᠨ ᠤ ᠦᠶ᠎ᠡ ᠳᠦ ᠤᠷᠢᠶᠠᠩᠬᠠᠢ ᠶᠢᠨ ᠬᠢᠵᠠᠭᠠᠷ ᠠᠴᠠ ᠮᠣᠩᠭᠣᠯ ᠢᠷᠡᠭᠰᠡᠨ ᠪᠠᠶᠢᠨ᠎ᠠ᠃ ᠠᠯᠲᠠᠢ ᠶᠢᠨ ᠤᠷᠢᠶᠠᠩᠬᠠᠢ ᠶᠢᠨ ᠳᠣᠯᠣᠭᠠᠨ ᠬᠣᠰᠢᠭᠤᠨ ᠳᠤ ᠬᠤᠪᠢᠶᠠᠭᠳᠠᠵᠤ ᠠᠰᠠᠨ ᠲᠡᠳᠡᠨ ᠢ ᠭᠤᠷᠪᠠ ᠠᠩᠭᠢᠯᠠᠵᠤ ᠪᠠᠶᠢᠴᠠᠢ᠃ ᠬᠥᠬᠡ ᠮᠣᠨᠴᠢᠭ᠎ᠠ ᠶᠢᠨ ᠬᠣᠰᠢᠭᠤ: ᠬᠣᠪᠳᠣ ᠭᠣᠣᠯ ᠤᠨ ᠡᠬᠢ ᠪᠣᠯᠤᠨ ᠰᠢᠨᠵᠢᠶᠠᠩ ᠳᠤ ᠪᠤᠢ ᠴᠠᠭᠠᠨ ᠬᠠᠪᠠ ᠵᠡᠷᠭᠡ ᠭᠠᠵᠠᠷ ᠲᠤ ᠣᠷᠣᠰᠢᠨ ᠰᠠᠭᠤᠬᠤ ᠮᠣᠨᠴᠢᠭ᠎ᠠ ᠨᠤᠭᠤᠳ ᠶᠤᠮ᠃ ᠡᠯ᠎ᠡ ᠬᠣᠰᠢᠭᠤ ᠪᠦᠭᠯᠢᠭ᠂ ᠪᠢᠴᠧ᠂ ᠥᠭᠡᠬᠦᠨ᠂ ᠬᠥᠭᠡᠭ ᠭᠡᠰᠡᠨ ᠳᠥᠷᠪᠡᠨ ᠰᠤᠮᠤ ᠲᠠᠢ ᠠᠵᠤᠭᠤ᠃ ᠳᠣᠲᠣᠷ᠎ᠠ ᠪᠠᠨ ᠠᠳᠠᠢ᠂ ᠠᠺ᠂ ᠭᠠᠯᠵᠢᠢᠨ᠂ ᠣᠭᠣᠷᠴᠣᠭ᠂ ᠴᠢᠭᠠᠳ᠂ ᠮᠤᠯ᠂ ᠺᠠᠷᠠ᠂ ᠱᠤᠩᠭᠤᠭᠤᠷ᠂ ᠤᠯᠤᠭ᠂ ᠬᠠᠮᠢᠭ᠎ᠠ ᠬᠥᠭᠡᠭ᠂ ᠬᠠᠷᠠ ᠬᠥᠭᠡᠭ᠂ ᠳᠣᠩᠭᠤᠷ ᠬᠥᠭᠡᠭ᠂ ᠮᠣᠩᠭᠤᠱ ᠬᠥᠭᠡᠭ᠂ ᠭᠠᠰᠠᠭ ᠬᠥᠭᠡᠭ᠂ ᠰᠢᠨᠠᠭᠠᠰ ᠬᠥ ᠶᠢ᠂ ᠫᠠᠷᠲ᠋ᠠᠭᠠᠰ ᠬᠥ ᠶᠢ᠂ ᠵᠢᠯᠠᠩᠭᠠᠰ ᠬᠥ ᠶᠢ ᠵᠡᠷᠭᠡ ᠣᠪᠤᠭ᠂ ᠣᠮᠤᠭ ᠪᠦᠬᠦᠢ ᠶᠤᠮ᠃ ᠵᠠᠷᠢᠮ ᠳᠤ ᠪᠠᠨ ᠰᠢᠷ᠎ᠠ ᠳᠠᠭ᠎ᠠ ᠶᠢᠨ ᠬᠣᠰᠢᠭᠤ ᠴᠤ ᠭᠡᠳᠡᠭ ᠪᠠᠶᠢᠴᠠᠢ᠃ ᠴᠠᠭᠠᠨ ᠰᠣᠶᠣᠩ ᠤ ᠬᠣᠰᠢᠭᠤ: ᠪᠤᠷᠤᠭ ᠲᠤ᠂ ᠰᠠᠷᠰ ᠢᠯᠠᠷ ᠬᠣᠶᠠᠷ ᠰᠤᠮᠤ ᠲᠠᠢ᠃ ᠰᠠᠷᠰ ᠢᠯᠠᠷ᠂ ᠠᠭᠪᠠᠨ᠂ ᠪᠤᠷᠤᠭ ᠤᠳ᠂ ᠰᠢᠭᠤᠳᠠᠺ᠂ ᠣᠶᠤᠨ᠂ ᠮᠣᠩᠭᠤᠱ ᠣᠪᠤᠭ ᠲᠠᠢ᠃ ᠴᠡᠩᠭᠡᠯ ᠦᠨ ᠴᠠᠭᠠᠨ ᠭᠣᠣᠯ ᠢᠶᠠᠷ ᠲᠥᠪᠯᠡᠷᠡᠨ ᠨᠤᠲᠤᠭᠯᠠᠵᠤ ᠪᠠᠶᠢᠴᠠᠢ᠃ ᠬᠠᠷ᠎ᠠ ᠰᠣᠶᠣᠩ ᠤ ᠬᠣᠰᠢᠭᠤ: ᠺᠠᠷᠠᠰᠠᠬᠠᠯ/ᠬᠠᠷᠰᠠᠬᠠᠯ/, ᠺᠠᠷᠠ ᠲᠡᠰᠢ᠂ ᠣᠩ ᠢᠶᠠᠲ᠂ ᠰᠢᠨᠠᠭᠠᠰ᠂ ᠬᠣᠶᠠᠳ᠂ ᠣᠪᠤᠭ ᠤᠳ ᠪᠠᠭᠠᠳᠤᠨ᠎ᠠ᠃ ᠬᠠᠷᠭᠠᠨᠠᠲᠤ ᠶᠢᠨ ᠭᠣᠣᠯ ᠢᠶᠠᠷ ᠲᠥᠪᠯᠡᠷᠡᠨ ᠨᠤᠲᠤᠭᠯᠠᠳᠠᠭ ᠶᠤᠮ᠃ ᠲᠡᠭᠦᠨ ᠡᠴᠡ ᠭᠠᠳᠠᠨ᠎ᠠ᠂ ᠺᠠᠷᠠᠵᠢᠭᠳᠤᠸᠠ᠂ ᠰᠠᠷᠰᠵᠢᠭᠳᠤᠸᠠ᠂ ᠺ ᠤᠰ ᠤᠯᠰᠣᠶᠣᠨ᠂ ᠥᠯ ᠳᠦ/ᠥᠭᠡᠯᠡᠳ/, ᠮᠡᠭᠡᠷᠡᠨ᠂ ᠬᠠᠮᠢᠭ᠎ᠠ ᠳᠠᠷᠠᠭᠠᠨ᠂ ᠬᠠᠩᠵᠠ᠂ ᠺᠠᠯᠭ᠎ᠠ᠂ ᠺᠣᠩ ᠢᠶᠠᠷ ᠵᠡᠷᠭᠡ ᠪᠠᠭ᠎ᠠ ᠣᠪᠤᠭ ᠤᠳ ᠴᠤ ᠪᠤᠢ ᠭᠡᠬᠦ᠃ ᠮᠠᠨᠵᠤ ᠶᠢᠨ ᠵᠠᠰᠠᠭ ᠵᠠᠬᠢᠷᠭᠠᠨ ᠤ ᠦᠶ᠎ᠡ ᠳᠦ ᠠᠯᠲᠠᠢ ᠶᠢᠨ ᠤᠷᠢᠶᠠᠩᠬᠠᠶᠢᠴᠤᠳ ᠢ ᠳᠣᠯᠣᠭᠠᠨ ᠬᠣᠰᠢᠭᠤ ᠤᠷᠢᠶᠠᠩᠬᠠᠢ ᠪᠣᠯᠭᠠᠬᠤ ᠳᠤ ᠠᠯᠲᠠᠢ ᠶᠢᠨ ᠲᠤᠸᠠ ᠳᠣᠲᠣᠷ᠎ᠠ ᠨᠢ ᠣᠷᠣᠵᠤ ᠪᠠᠶᠢᠪᠠ᠃

ᠬᠣᠪᠳᠣ ᠠᠶᠢᠮᠠᠭ ᠤᠨ ᠲᠤᠸᠠᠴᠢ ᠨᠤᠭᠤᠳ ᠤᠨ ᠣᠪᠤᠭ: 1. ᠳᠣᠩ ᠢᠶᠠᠺ- ᠬᠥᠶᠦᠭ ᠳᠣᠩ ᠢᠶᠠᠺ᠂ ᠭᠠᠵᠠᠺ ᠳᠣᠩ ᠢᠶᠠᠺ᠂ ᠲᠣᠰ ᠳᠣᠩ ᠢᠶᠠᠺ 2. ᠢᠷᠭᠡ ᠳᠦ- ᠭᠠᠯᠵᠢᠨ ᠢᠷᠭᠡ ᠳᠦ᠂ ᠴᠢᠭᠠᠳ ᠢᠷᠭᠡ ᠳᠦ᠂ ᠠᠳᠠᠢ ᠢᠷᠭᠡ ᠳᠦ᠂ ᠪᠦᠭᠯᠢᠭ ᠢᠷᠭᠡ ᠳᠦ᠂ ᠵᠢ ᠠᠴᠠ ᠢᠷᠭᠡ ᠳᠦ᠂ ᠤᠯᠤᠭ ᠰᠤᠮᠤᠨ ᠢᠷᠭᠡ ᠳᠦ (ᠰᠤᠷᠪᠤᠯᠵᠢᠲᠤ ᠣᠪᠤᠭ?) 3. ᠰᠣᠶᠣᠨ- ᠠᠺ ᠰᠣᠶᠣᠨ᠂ ᠭᠠᠷᠠ ᠰᠣᠶᠣᠨ᠂ ᠺᠤᠰᠤᠯ ᠰᠣᠶᠣᠨ 4. ᠵᠢᠭᠳᠤᠸᠠ- ᠠᠺ ᠵᠢᠭᠳᠤᠸᠠ᠂ ᠭᠠᠷᠠ ᠵᠢᠭᠳᠤᠸᠠ 5. ᠬᠥᠶᠦᠭ- ᠳᠣᠩ ᠢᠶᠠᠺ ᠬᠥᠶᠦᠭ᠂ ᠬᠠᠮᠢᠭ᠎ᠠ ᠬᠥᠶᠦᠭ᠂ ᠭᠠᠵᠠᠺ ᠬᠥᠶᠦᠭ᠂ ᠮᠤᠯ ᠬᠥᠶᠦᠭ᠂ ᠮᠣᠩᠭᠤᠱ ᠬᠥᠶᠦᠭ᠂ ᠺᠠᠷᠠ ᠬᠥᠶᠦᠭ 6. ᠬᠠᠯᠠᠷ 7. ᠬᠠᠮᠢᠭ᠎ᠠ ᠳᠠᠷᠠᠭᠠᠨ 8. ᠬᠠᠤᠯᠠᠷ

ᠴᠡᠩᠭᠡᠯ ᠦᠨ ᠲᠤᠸᠠᠴᠢ ᠨᠤᠭᠤᠳ ᠤᠨ ᠣᠪᠤᠭ: ᠺᠺ ᠮᠣᠨᠴᠢᠭ᠎ᠠ ᠶᠢ ᠢᠷᠭᠡ ᠳᠦ 1. ᠠᠳᠠᠢ ᠢᠷᠭᠡ ᠳᠦ 2. ᠠᠺ ᠢᠷᠭᠡ ᠳᠦ 3. ᠭᠠᠯᠵᠢᠨ ᠢᠷᠭᠡ ᠳᠦ 4. ᠣᠭᠣᠷᠴᠣᠭ ᠢᠷᠭᠡ ᠳᠦ 5. ᠵᠢᠭᠠᠭᠠᠳ ᠢᠷᠭᠡ ᠳᠦ 6. ᠮᠤᠯ ᠢᠷᠭᠡ ᠳᠦ 7. ᠺᠠᠷᠠ ᠢᠷᠭᠡ ᠳᠦ 8. ᠱᠤᠩᠭᠤᠭᠤᠷ ᠢᠷᠭᠡ ᠳᠦ 9. ᠤᠯᠤᠭ ᠢᠷᠭᠡ ᠳᠦ ᠬᠥᠶᠦᠭ 1. ᠬᠠᠮᠢᠭ᠎ᠠ ᠬᠥᠶᠦᠭ 2. ᠺᠠᠷᠠ ᠬᠥᠶᠦᠭ 3. ᠳᠣᠩ ᠢᠶᠠᠺ ᠬᠥᠶᠦᠭ 4. ᠮᠣᠩᠭᠤᠱ ᠬᠥᠶᠦᠭ 5. ᠬᠥᠷᠲᠦᠯᠳᠡᠭᠡᠰᠢ ᠬᠥᠶᠦᠭ 6. ᠭᠠᠵᠠᠺ ᠬᠥᠶᠦᠭ 7. ᠰᠢᠨᠠᠭᠠᠰ ᠬᠥᠶᠦᠭ 8. ᠫᠠᠷᠲ᠋ᠠᠭᠠᠰ ᠬᠥᠶᠦᠭ 9. ᠵᠢᠯᠠᠩᠭᠠᠰ ᠬᠥᠶᠦᠭ ᠠᠺ ᠰᠣᠶᠣᠨ 1. ᠰᠠᠷᠠᠭᠯᠠᠷ 2. ᠳᠧᠯᠧᠭ 3. ᠠᠪᠤᠭᠠᠨ 4. ᠪᠤᠷᠤᠭ ᠤᠳ ᠺᠢᠷᠭᠢᠽ ᠭᠠᠷᠤᠯ ᠲᠠᠢ? 5. ᠰᠢᠭᠤᠳᠠᠺ 6. ᠣᠠᠨ 7. ᠲᠣᠰᠺᠢᠷᠢᠰᠢ ᠺᠠᠷᠠ ᠰᠣᠶᠣᠨ 1. ᠺᠠᠷᠠ ᠰᠠᠯ 2. ᠺᠠᠷᠠ ᠲᠡᠰᠢ 3. ᠣᠩ ᠢᠶᠠᠲ 4. ᠰᠢᠨᠠᠭᠠᠰ 5. ᠬ ᠢᠶ᠎ᠡ ᠳᠦ ᠺᠠᠷᠠ ᠵᠢᠭᠳᠤᠸᠠ ᠰᠠᠷ᠎ᠠ ᠶᠢ ᠵᠢᠭᠳᠤᠸᠠ ᠺᠤᠰᠤᠯ ᠰᠣᠶᠣᠨ ᠥᠯ ᠳᠦ ᠥᠭᠡᠯᠡᠳ ᠮᠡᠭᠡᠷᠡᠨ ᠬ ᠢᠶ᠎ᠡ ᠳᠦ 1. ᠬᠠᠷᠠ ᠰᠣᠶᠣᠨ ᠬ ᠢᠶ᠎ᠡ ᠳᠦ 2. ᠮᠣᠨᠴᠢᠭ᠎ᠠ ᠶᠢ ᠬ ᠢᠶ᠎ᠡ ᠳᠦ

ᠴᠠᠲᠠᠨ ᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠲᠠᠨᠴᠤᠤᠳ 19 ᠍ ᠳᠦᠭᠡᠷ ᠵᠠᠭᠤᠨ ᠳᠤ ᠠᠩᠬᠢ ᠶᠢᠨ ᠠᠷᠠᠰᠤ ᠪᠠᠷ ᠬᠤᠪᠴᠠᠰᠤ ᠬᠢᠵᠦ ᠡᠮᠦᠰᠳᠡᠭ ᠪᠠᠶᠢᠭᠰᠠᠨ ᠴᠤ ᠣᠳᠣ ᠮᠣᠩᠭᠣᠯ ᠳᠡᠪᠡᠯ ᠡᠮᠥᠰᠬᠦ ᠪᠣᠯᠵᠠᠢ᠃

ᠬᠦᠮᠦᠨ ᠠᠮᠠ ᠶᠢᠨ ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ-ᠥᠯᠥᠭᠡᠢ ᠶᠢᠨ ᠰᠤᠮᠤᠨ ᠳᠤ ᠴᠡᠩᠭᠡᠯ 1500 ᠣᠷᠴᠢᠮ ᠨᠡᠶᠢᠲᠡ 3,000 ᠣᠷᠴᠢᠮ ᠬᠦᠮᠦᠨ (2014 ᠣᠨ) ᠮᠣᠩᠭᠣᠯ ᠳᠤ ᠪᠤᠢ᠃ ᠮᠥᠨ 300 ᠭᠠᠷᠤᠢ (2014 ᠣᠨ) ᠴᠠᠲᠠᠨᠴᠤᠤᠳ ᠪᠤᠢ᠃

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠩᠠᠵᠢᠶᠠᠨ ᠤ ᠠᠯᠲᠠᠢ ᠲᠣᠭᠣᠷᠢᠭ ᠳᠠᠬᠢ ᠬᠠᠭᠠᠨ ᠤᠰᠤ ᠨᠠᠭᠤᠷ ᠍ ᠤᠨ (ᠬᠠᠨᠡᠰ) ᠵᠡᠭᠦᠨ ᠡᠮᠦᠨᠡᠲᠦ ᠡᠷᠭᠢ ᠳᠡᠭᠡᠷ᠎ᠡ ᠴᠥᠭᠡᠨ ᠲᠣᠭᠠᠨ ᠤ ᠲᠤᠸᠠᠴᠤᠳ ᠠᠮᠢᠳᠤᠷᠠᠳᠠᠭ᠃ ᠵᠦᠩᠭᠠᠷ 1758 ᠣᠨ ᠳᠤ ᠤᠨᠠᠭᠰᠠᠨ ᠤ ᠳᠠᠷᠠᠭ᠎ᠠ ᠮᠠᠨᠵᠤ ᠨᠠᠷ ᠲᠤᠸᠠᠴᠢ ᠨᠤᠭᠤᠳ ᠢ ᠬᠣᠶᠢᠰᠢ ᠨᠡᠭᠦᠯᠭᠡᠭᠰᠡᠨ ᠪᠠ ᠵᠠᠷᠢᠮ ᠨᠢ ᠮᠣᠩᠭᠣᠯ ᠳᠤ ᠡᠷᠭᠢᠨ ᠢᠷᠡᠵᠡᠢ᠃ ᠭᠡᠪᠡᠴᠦ ᠲᠤᠸᠠ ᠨᠣᠶᠠᠳ ᠤᠨ ᠬᠣᠭᠣᠷᠣᠨᠳᠣ ᠭᠠᠵᠠᠷ ᠨᠤᠲᠤᠭ ᠤᠨ ᠮᠠᠷᠭᠤᠭᠠᠨ ᠡᠭᠦᠰᠴᠢ ᠵᠠᠷᠢᠮ ᠨᠢ ᠣᠳᠣ ᠶᠢᠨ ᠬᠢᠲᠠᠳ ᠤᠨ ᠬᠢᠯᠢ ᠳᠠᠪᠠᠨ ᠤᠷᠤᠭᠰᠢ ᠨᠡᠭᠦᠭᠰᠡᠨ ᠭᠡᠳᠡᠭ᠃ ᠲᠡᠳᠡ ᠬᠡᠵᠢᠶ᠎ᠡ ᠰᠢᠩᠠᠵᠢᠶᠠᠨ ᠳᠤ ᠢᠷᠡᠭᠰᠡᠨ ᠨᠢ ᠲᠣᠳᠣᠷᠬᠠᠢ ᠦᠭᠡᠢ ᠪᠠ 19 ᠍ ᠳᠦᠭᠡᠷ ᠵᠠᠭᠤᠨ ᠤ ᠳᠤᠮᠳᠠᠭᠤᠷ ᠢᠷᠡᠭᠰᠡᠨ ᠪᠠᠶᠢᠵᠤ ᠪᠣᠯᠬᠤ ᠶᠤᠮ᠃ ᠨᠡᠶᠢᠲᠡ 3,300 ᠬᠦᠮᠦᠨ 2012 ᠣᠨ ᠤ ᠪᠠᠶᠢᠳᠠᠯ ᠢᠶᠠᠷ ᠲᠡᠨᠳᠡ ᠪᠠᠶᠢᠨ᠎ᠠ᠃ ᠬᠢᠲᠠᠳ ᠤᠨ ᠠᠯᠪᠠᠨ ᠶᠣᠰᠣᠨ ᠤ ᠪᠦᠷᠢᠳᠬᠡᠯ ᠳᠦ ᠲᠡᠳᠡᠨ ᠢ ᠮᠣᠩᠭᠣᠯ ᠭᠡᠵᠦ ᠪᠦᠷᠢᠳᠬᠡᠳᠡᠭ ᠪᠠ ᠣᠯᠠᠨ ᠦᠨᠳᠦᠰᠦᠲᠡᠨ ᠲᠡᠢ ᠵᠡᠷᠭᠡᠴᠡᠨ ᠰᠠᠭᠤᠳᠠᠭ ᠲᠤᠯᠠ ᠲᠤᠸᠠ᠂ ᠣᠶᠢᠷ᠎ᠠ ᠳᠤ᠂ ᠬᠠᠰᠠᠭ᠂ ᠬᠢᠲᠠᠳ ᠬᠡᠯᠡ ᠪᠡᠷ ᠶᠠᠷᠢᠳᠠᠭ᠃ ᠣᠷᠣᠰ ᠤᠨ ᠲᠤᠸᠠᠴᠢ ᠨᠤᠭᠤᠳ ᠤᠨ ᠮᠠᠷᠲᠠᠭᠰᠠᠨ ᠵᠠᠷᠢᠮ ᠶᠣᠰᠣ ᠵᠠᠩᠰᠢᠯ ᠲᠡᠳᠡᠨ ᠦ ᠳᠤᠮᠳᠠ ᠬᠠᠳᠠᠭᠠᠯᠠᠭᠠᠵᠠᠢ᠃ ᠰᠤᠶᠤᠯ ᠵᠠᠩ ᠵᠠᠩᠰᠢᠯ ᠳᠤ ᠨᠢ ᠰᠡᠭᠦᠯ ᠳᠦ ᠨᠡᠭᠦᠵᠦ ᠢᠷᠡᠭᠰᠡᠨ ᠺᠠᠽᠠᠭ ᠤᠳ ᠤᠨ ᠶᠣᠰᠣ ᠨᠡᠪᠲᠡᠷᠡᠭᠰᠡᠨ ᠴᠤ ᠬᠠᠰᠠᠭ ᠤᠳ ᠲᠠᠢ ᠭᠡᠷᠯᠡᠳᠡᠭ ᠦᠭᠡᠢ᠂ ᠮᠣᠩᠭᠣᠯ᠂ ᠲᠤᠸᠠᠴᠤᠳ ᠠᠳᠠᠯᠢᠬᠠᠨ ᠪᠤᠳ᠋ᠳ᠋ᠾᠠ ᠶᠢᠨ ᠱᠠᠰᠢᠨ ᠲᠠᠢ᠂ ᠰᠤᠶᠤᠯ ᠵᠠᠩ ᠵᠠᠩᠰᠢᠯ ᠪᠠᠷᠤᠭ ᠢᠵᠢᠯ᠂ ᠬᠠᠰᠠᠭ ᠵᠡᠷᠭᠡ ᠣᠯᠠᠨ ᠲᠣᠭ᠎ᠠ ᠲᠠᠢ ᠦᠨᠳᠦᠰᠦᠲᠡᠨ ᠳᠦ ᠠᠭᠤᠰᠴᠢ ᠮᠠᠭᠠᠳ ᠦᠭᠡᠢ ᠪᠠᠶᠢᠭ᠎ᠠ ᠠᠴᠠ ᠰᠢᠯᠲᠠᠭᠠᠯᠠᠨ ᠮᠣᠩᠭᠣᠯᠴᠤᠳ ᠲᠠᠢ ᠭᠡᠷᠯᠡᠳᠡᠭ᠃ ᠮᠣᠩᠭᠣᠯ ᠨᠡᠷ᠎ᠡ ᠲᠦᠭᠡᠮᠡᠯ ᠬᠡᠷᠡᠭᠯᠡᠳᠡᠭ᠃ ᠬᠠᠨᠠᠰ ᠤᠨ ᠲᠤᠸᠠᠴᠤᠳ ᠬᠠᠰᠠᠭ ᠤᠳ ᠲᠠᠢ ᠬᠠᠮᠲᠤ ᠨᠢᠭᠡ ᠲᠣᠰᠬᠣᠨ ᠳᠤ ᠠᠮᠢᠳᠤᠷᠠᠳᠠᠭ᠃ ᠲᠡᠨᠳᠡ ᠬᠠᠰᠠᠭ ᠰᠤᠷᠭᠠᠭᠤᠯᠢ ᠮᠥᠨ ᠲᠤᠸᠠ ᠪᠠᠭᠰᠢ ᠲᠠᠢ ᠲᠤᠸᠠ ᠳᠤᠮᠳᠠ ᠰᠤᠷᠭᠠᠭᠤᠯᠢ ᠪᠤᠢ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠲᠤᠸᠠ&oldid=436632》 ᠍  ᠡᠴᠡ ᠠᠪᠤᠭᠰᠠᠨ

ᠪᠢᠴᠢᠭᠡᠰᠦ