ᠲᠤᠯᠤᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠤᠯᠤᠢ
ᠲᠥᠯᠦᠢ
ᠶᠡᠬᠡ ᠮᠣᠩᠭᠣᠯ ᠤᠯᠤᠰ ᠶᠡᠬᠡ ᠨᠣᠶᠠᠨ
800px-TuluiWithQueenSorgaqtani.jpg
ᠬᠠᠭᠠᠨᠴᠢᠯᠠᠯ 1227 ᠣᠨ ᠤ 8 ᠰᠠᠷ᠎ᠠ ᠶᠢᠨ 25 – 1229 ᠣᠨ ᠤ 9 ᠰᠠᠷ᠎ᠠ ᠶᠢᠨ 23
ᠪᠦᠲᠦᠨ ᠨᠡᠷ᠎ᠡ ᠲᠤᠯᠤᠢ ᠲᠥᠯᠦᠢ
ᠪᠤᠰᠤᠳ ᠬᠡᠷᠭᠡᠮ ᠶᠡᠬᠡ ᠨᠣᠶᠠᠨ ᠶᠡᠬᠡ ᠨᠣᠶᠠᠨ
ᠲᠦᠷᠦᠭᠰᠡᠨ ᠣᠩᠨᠠᠭ᠎ᠠ 1192
ᠥᠩᠭᠡᠷᠡᠭᠰᠡᠨ ᠣᠩᠨᠠᠭ᠎ᠠ 1232
ᠡᠮᠦᠨᠡᠬᠢ ᠬᠠᠭᠠᠨ ᠴᠢᠩᠭᠢᠰ ᠬᠠᠭᠠᠨ
ᠤᠳᠠᠭᠠᠬᠢ ᠬᠠᠭᠠᠨ ᠥᠭᠡᠲᠡᠢ ᠬᠠᠭᠠᠨ
ᠬᠠᠭᠠᠨ ᠤ ᠣᠪᠤᠭ ᠪᠣᠷᠵᠢᠭᠢᠨ
ᠤᠯᠤᠰ ᠤᠨ ᠨᠡᠷ᠎ᠡ ᠶᠡᠬᠡ ᠮᠣᠩᠭᠣᠯ ᠤᠯᠤᠰ
ᠡᠴᠢᠭᠡ ᠴᠢᠩᠭᠢᠰ ᠬᠠᠭᠠᠨ
ᠡᠬᠡ ᠪᠥᠷᠲᠡ ᠦᠵᠢᠨ

ᠲᠤᠯᠤᠢ ᠨᠢ (ᠣᠶᠢᠷᠠᠯᠴᠠᠭ᠎ᠠ ᠪᠠᠷ 1190 – 1232) ᠴᠢᠩᠭᠢᠰ ᠬᠠᠭᠠᠨᠢ ᠶᠡᠬᠡ ᠬᠠᠲᠤᠨ ᠪᠥᠷᠲᠡ ᠦᠵᠢᠨ ᠡᠴᠡ ᠲᠦᠷᠦᠭᠰᠡᠨ ᠣᠳᠬᠣᠨ ᠬᠡᠦ᠃ 1227 ᠣᠨ ᠳᠤ ᠴᠢᠩᠭᠢᠰ ᠬᠠᠭᠠᠨ ᠢ ᠨᠠᠰᠤ ᠪᠠᠷᠠᠭᠰᠠᠨ ᠤ ᠳᠠᠷᠤᠭ᠎ᠠ ᠠᠴᠠ 1229 ᠣᠨ ᠳᠤ ᠥᠪᠡᠷ ᠦᠨ ᠠᠬ᠎ᠠ ᠥᠭᠡᠳᠡᠢ ᠶᠢ ᠬᠠᠭᠠᠨ ᠰᠢᠷᠡᠭᠡᠨ ᠳᠦ ᠰᠠᠭᠤᠬᠤ ᠬᠦᠷᠲᠡᠯ᠎ᠡ ᠬᠤᠭᠤᠴᠠᠭᠠᠨ ᠳᠤ ᠲᠤᠯᠤᠢ ᠶᠡᠬᠡ ᠮᠣᠩᠭᠣᠯ ᠤᠯᠤᠰ ᠍ ᠢ ᠵᠠᠬᠢᠷᠴᠢ ᠪᠠᠶᠢᠴᠠᠢ᠃ ᠣᠳᠬᠣᠨ ᠬᠦᠦ ᠭᠠᠯ ᠭᠣᠯᠣᠮᠲᠠ ᠪᠠᠨ ᠰᠠᠬᠢᠬᠤ ᠮᠣᠩᠭᠣᠯ ᠶᠣᠰᠣ ᠵᠠᠩᠰᠢᠯ ᠤᠨ ᠳᠠᠭᠠᠤ ᠲᠤᠯᠤᠢ ᠮᠣᠩᠭᠣᠯ ᠤᠨ ᠡᠵᠡᠨᠲᠦ ᠭᠦᠷᠦᠨ ᠦ ᠮᠣᠩᠭᠣᠯ ᠡᠬᠡ ᠨᠤᠲᠤᠭ ᠤᠨ ᠬᠡᠰᠡᠭ ᠢ ᠵᠠᠬᠢᠷᠴᠢ ᠪᠠᠶᠢᠴᠠᠢ᠃ ᠠᠯᠲᠠᠨ ᠤᠯᠤᠰ ᠪᠣᠯᠤᠨ ᠬᠣᠷᠧᠽᠮ ᠳᠤ ᠬᠢᠭᠰᠡᠨ ᠠᠶᠠᠨ ᠳᠠᠶᠢᠨ ᠳᠤ ᠲᠤᠯᠤᠢ ᠠᠮᠵᠢᠯᠲᠠᠲᠠᠢ ᠣᠷᠣᠯᠴᠠᠵᠤ ᠥᠪᠡᠷ ᠦᠨ ᠴᠡᠷᠢᠭ ᠳᠠᠶᠢᠨ ᠤ ᠬᠡᠷᠡᠭ ᠲᠦ ᠠᠪᠢᠶᠠᠰ ᠴᠢᠳᠠᠪᠤᠷᠢ ᠶᠢ ᠬᠠᠷᠠᠭᠤᠯᠵᠤ ᠪᠠᠶᠢᠭᠰᠠᠨ᠃

ᠴᠢᠩᠭᠢᠰ ᠬᠠᠭᠠᠨ ᠤ ᠬᠠᠭᠠᠨ ᠰᠢᠷᠡᠭᠡ ᠶᠢ ᠵᠠᠯᠭᠠᠮᠵᠢᠯᠠᠭᠴᠢ ᠶᠢ ᠰᠣᠩᠭᠣᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠩᠭᠣᠳ ᠍ ᠢ ᠳᠠᠬᠢᠨ ᠳᠠᠶᠢᠯᠠᠷ᠎ᠠ ᠮᠣᠷᠳᠠᠬᠤ ᠦᠶ᠎ᠡ ᠳᠦ ᠶᠡᠰᠦᠢ ᠬᠠᠲᠤᠨ ᠤᠳᠤᠮ ᠵᠠᠯᠭᠠᠮᠵᠢᠯᠠᠭᠴᠢ ᠶᠢᠨ ᠠᠰᠠᠭᠤᠳᠠᠯ ᠢ ᠭᠠᠷᠠᠭᠵᠢ ᠲᠠᠯᠪᠢᠭᠰᠠᠨ ᠪᠠᠶᠢᠨ᠎ᠠ᠃ ᠵᠦᠴᠢ ᠬᠡᠳᠦᠢ ᠠᠪᠢᠶᠠᠰᠯᠢᠭ ᠤᠳᠤᠷᠢᠳᠤᠭᠴᠢ᠂ ᠴᠡᠷᠢᠭ ᠦᠨ ᠵᠠᠩᠵᠤᠨ ᠪᠠᠶᠢᠭᠰᠠᠨ ᠬᠡᠳᠦᠢ ᠴᠤ ᠪᠥᠷᠲᠡ ᠦᠵᠢᠨ ᠢ ᠮᠡᠷᠬᠢᠳᠡ ᠡᠴᠡ ᠪᠤᠴᠠᠭᠠᠨ ᠠᠪᠬᠤ ᠦᠶ᠎ᠡ ᠳᠦ ᠡᠬᠡ ᠶᠢᠨ ᠬᠡᠪᠡᠯᠢ ᠳᠦ ᠪᠠᠶᠢᠭᠰᠠᠨ ᠲᠤᠯᠠ ᠴᠢᠩᠭᠢᠰ ᠦᠨ ᠲᠦᠷᠦᠭᠰᠡᠨ ᠬᠦᠦ ᠡᠰᠡᠬᠦ ᠲᠠᠯ᠎ᠠ ᠪᠠᠷ ᠮᠠᠷᠭᠤᠭᠠᠨ ᠪᠠᠶᠢᠭᠰᠠᠨ ᠤ ᠤᠯᠠᠮ ᠠᠴᠠ ᠡᠪᠳᠡᠷᠡᠯ ᠬᠠᠭᠠᠷᠠᠯ ᠭᠠᠷᠬᠤ ᠮᠠᠭᠠᠳᠯᠠᠯ ᠲᠠᠢ ᠬᠡᠮᠡᠨ ᠲᠡᠭᠦᠨ ᠢ ᠵᠠᠯᠭᠠᠮᠵᠢᠯᠠᠭᠴᠢ ᠪᠠᠷ ᠲᠣᠳᠣᠷᠠᠭᠤᠯᠬᠤ ᠪᠣᠯᠤᠮᠵᠢ ᠦᠭᠡᠢ ᠪᠠᠶᠢᠭᠰᠠᠨ ᠪᠠᠶᠢᠨ᠎ᠠ᠃ ᠢᠯᠠᠩᠭᠤᠶ᠎ᠠ ᠲᠡᠭᠦᠨ ᠦ ᠤᠳᠠᠭᠠᠬᠢ ᠳᠡᠭᠦᠦ ᠴᠠᠭᠠᠳᠠᠢ ᠡᠷᠡᠰ ᠡᠰᠡᠷᠭᠦᠴᠡᠵᠦ ᠪᠠᠶᠢᠭᠰᠠᠨ᠃ ᠴᠠᠭᠠᠳᠠᠢ ᠬᠠᠲᠠᠭᠤ ᠰᠢᠷᠦᠭᠦᠨ ᠠᠭᠠᠰᠢ ᠲᠠᠢ ᠬᠦᠮᠦᠨ ᠪᠠᠶᠢᠭᠰᠠᠨ ᠲᠤᠯᠠ ᠣᠯᠠᠨ ᠦᠨᠳᠦᠰᠦᠲᠡᠨ ᠢ ᠬᠠᠮᠤᠷᠤᠭᠰᠠᠨ ᠲᠣᠮᠣ ᠭᠦᠷᠦᠨ ᠢ ᠤᠳᠤᠷᠢᠳᠬᠤ ᠳᠤ ᠵᠣᠬᠢᠮᠵᠢᠲᠠᠢ ᠪᠤᠰᠤ ᠪᠠᠶᠢᠴᠠᠢ᠃ ᠲᠤᠯᠤᠢ ᠴᠡᠷᠢᠭ ᠦᠨ ᠵᠠᠩᠵᠤᠨ ᠤ ᠬᠤᠪᠢ ᠳᠤ ᠮᠠᠰᠢ ᠠᠪᠢᠶᠠᠰᠯᠢᠭ᠂ ᠴᠡᠷᠢᠭ ᠦᠨ ᠬᠦᠴᠦ ᠶᠡᠬᠡ ᠲᠡᠢ᠂ ᠣᠯᠠᠨ ᠨᠣᠶᠠᠳ ᠤᠨ ᠳᠡᠮᠵᠢᠯᠭᠡ ᠬᠦᠷᠲᠡᠭᠰᠡᠨ ᠬᠦᠮᠦᠨ ᠪᠠᠶᠢᠭᠰᠠᠨ ᠲᠤᠯᠠ ᠬᠠᠭᠠᠨ ᠰᠢᠷᠡᠭᠡᠨ ᠳᠦ ᠰᠠᠭᠤᠵᠤ ᠪᠣᠯᠬᠤ ᠪᠠᠶᠢᠪᠠ᠃ ᠬᠠᠷᠢᠨ 3 ᠳᠠᠬᠢ ᠬᠦᠦ ᠥᠭᠡᠳᠡᠢ ᠠᠭᠠᠰᠢ ᠵᠠᠩ ᠵᠥᠭᠡᠯᠡᠨ᠂ ᠣᠯᠠᠨ ᠲᠠᠯ ᠤᠳ ᠤᠨ ᠡᠪ ᠵᠦᠢ ᠶᠢ ᠣᠯᠬᠤ ᠳᠤ ᠪᠠᠨ ᠰᠠᠶᠢᠨ᠂ ᠤᠯᠤᠰ ᠲᠥᠷᠥ ᠶᠢᠨ ᠤᠶᠠᠨ ᠬᠠᠲᠠᠨ ᠪᠣᠳᠣᠯᠭ᠎ᠠ ᠶᠠᠪᠤᠭᠤᠯᠬᠤ ᠴᠢᠳᠠᠪᠤᠷᠢ ᠲᠠᠢ ᠬᠦᠮᠦᠨ ᠪᠠᠶᠢᠭᠰᠠᠨ ᠲᠤᠯᠠ ᠴᠢᠩᠭᠢᠰ ᠬᠠᠭᠠᠨ ᠥᠪᠡᠷ ᠦᠨ ᠵᠠᠯᠭᠠᠮᠵᠢᠯᠠᠭᠴᠢ ᠪᠠᠷ ᠥᠭᠡᠳᠦᠢ ᠶᠢ ᠵᠢᠭᠠᠨ ᠰᠣᠩᠭᠣᠵᠠᠢ᠃ ᠮᠣᠩᠭᠣᠯ ᠤᠨ ᠣᠯᠠᠩᠬᠢ ᠨᠣᠶᠠᠳ ᠲᠤᠯᠤᠢ ᠶᠢ ᠳᠡᠮᠵᠢᠵᠦ ᠬᠠᠭᠠᠨ ᠪᠣᠯᠭᠠᠬᠤ ᠶᠢ ᠬᠦᠰᠡᠭᠰᠡᠨ ᠪᠣᠯᠪᠠᠴᠤ ᠲᠤᠯᠤᠢ ᠡᠴᠢᠭᠡ ᠶᠢᠨ ᠭᠡᠷᠢᠶᠡᠰᠯᠡᠯ ᠢ ᠳᠠᠭᠠᠨ ᠠᠬ᠎ᠠ ᠥᠭᠡᠳᠦᠢ ᠶᠢ ᠬᠠᠭᠠᠨ ᠰᠢᠷᠡᠭᠡᠨ ᠳᠦ ᠰᠠᠭᠤᠯᠭᠠᠵᠠᠢ᠃

ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠨᠢᠭᠤᠴᠠ ᠲᠣᠪᠴᠢᠶ᠎ᠠᠨᠳ ᠪᠢᠴᠢᠭᠰᠡᠨ ᠢᠶᠡᠷ 《1232 ᠣᠨ ᠳᠤ ᠠᠯᠲᠠᠨ ᠤᠯᠤᠰ ᠲᠤ ᠬᠢᠵᠦ ᠪᠠᠶᠢᠭᠰᠠᠨ ᠠᠶᠠᠨ ᠳᠠᠶᠢᠨ ᠤ ᠦᠶ᠎ᠡ ᠪᠡᠷ ᠥᠭᠡᠳᠡᠢ ᠬᠠᠭᠠᠨ ᠤ ᠪᠡᠶ᠎ᠡ ᠡᠪᠡᠳᠦᠭᠰᠡᠨ ᠳᠦ ᠳᠠᠶᠢᠨ ᠳᠠᠵᠢᠨ ᠰᠦᠢᠳᠬᠡᠭᠦᠯᠦᠭᠰᠡᠨ ᠬᠢᠲᠠᠳ ᠍ ᠤᠨ ᠠᠯᠲᠠᠨ ᠤᠯᠤᠰ ᠤᠨ ᠭᠠᠵᠠᠷ ᠤᠰᠤᠨ ᠤ ᠡᠵᠡᠳ ᠬᠢᠯᠢᠩᠨᠡᠭᠰᠡᠨ ᠪᠠᠶᠢᠨ᠎ᠠ ᠭᠡᠵᠦ ᠪᠥᠭᠡ ᠨᠠᠷ ᠮᠡᠷᠭᠡᠯᠡᠨ ᠣᠶᠢᠷ᠎ᠠ ᠲᠥᠷᠥᠯ ᠦᠨ ᠪᠤᠶᠤ ᠠᠯᠲᠠᠨ ᠤᠷᠤᠭ ᠤᠨ ᠬᠦᠮᠦᠨ ᠢ ᠵᠣᠯᠢᠶᠠᠰᠤᠯᠠᠬᠤ ᠬᠡᠷᠡᠭᠲᠡᠢ ᠭᠡᠰᠡᠨ ᠳᠦ ᠲᠤᠯᠤᠢ ᠥᠪᠡᠷ ᠦᠨ ᠰᠠᠨᠠᠯ ᠢᠶᠠᠷ ᠠᠳᠢᠰᠯᠠᠭᠰᠠᠨ ᠤᠰᠤ ᠶᠢ ᠤᠤᠭᠤᠨ ᠥᠪᠡᠷ ᠦᠨ ᠠᠮᠠ ᠶᠢ ᠵᠣᠯᠢᠶᠠᠰᠤᠯᠠᠨ ᠠᠬ᠎ᠠ ᠶᠢᠨ ᠢᠶᠠᠨ ᠠᠮᠠ ᠶᠢ ᠠᠪᠤᠷᠠᠭᠰᠠᠨ ᠭᠡᠵᠦ ᠪᠢᠴᠢᠭᠰᠡᠨ ᠪᠠᠶᠢᠳᠠᠭ᠃ ᠲᠤᠯᠤᠢ ᠦᠬᠦᠬᠦ ᠶᠢᠨ ᠡᠮᠦᠨ᠎ᠡ ᠰᠤᠤᠲᠤ ᠴᠢᠩᠭᠢᠰ ᠬᠠᠭᠠᠨ ᠡᠵᠡᠨ ᠮᠢᠨᠢ᠂ ᠳᠡᠭᠡᠷ᠎ᠡ ᠴᠢᠨᠢ ᠠᠬ᠎ᠠ ᠨᠠᠷ᠂ ᠳᠣᠣᠷ᠎ᠠ ᠴᠢᠨᠢ ᠳᠡᠭᠦᠦ ᠨᠠᠷ ᠪᠠᠶᠢᠲᠠᠯ᠎ᠠ᠂ ᠬᠠᠭᠠᠨ ᠠᠬ᠎ᠠ ᠲᠠᠨ ᠢ ᠠᠭᠲᠠ ᠮᠣᠷᠢ ᠰᠢᠭ ᠰᠣᠷᠢᠵᠤ᠂ ᠢᠷᠭᠡ ᠬᠣᠨᠢ ᠰᠢᠭ ᠪᠠᠷᠢᠯᠠᠵᠤ ᠦᠵᠡᠭᠡᠳ ᠶᠡᠬᠡ ᠰᠠᠭᠤᠷᠢᠨ ᠳᠤ ᠰᠠᠭᠤᠯᠭᠠᠵᠤ᠂ ᠣᠯᠠᠨ ᠤᠯᠤᠰ ᠢ ᠵᠠᠬᠢᠷᠬᠤ ᠳᠡᠭᠡᠳᠦ ᠡᠭᠦᠷᠭᠡ ᠶᠢ ᠳᠠᠭᠠᠳᠬᠠᠪᠠ᠃ ᠨᠠᠮᠠᠢ ᠬᠠᠭᠠᠨ ᠠᠬ᠎ᠠ ᠶᠢᠨ ᠳᠡᠷᠭᠡᠳᠡ ᠪᠠᠶᠢᠵᠤ᠂ ᠮᠠᠷᠲᠠᠭᠰᠠᠨ ᠢ ᠰᠠᠨᠠᠭᠤᠯᠵᠤ᠂ ᠤᠨᠲᠠᠭᠰᠠᠨ ᠢ ᠰᠡᠷᠡᠭᠦᠯᠵᠦ ᠶᠠᠪᠤ ᠭᠡᠰᠡᠨ ᠪᠢᠯᠡ᠃ ᠣᠳᠣ ᠬᠠᠭᠠᠨ ᠠᠬ᠎ᠠ ᠴᠢᠮᠠᠢ ᠠᠯᠠᠳᠠᠪᠠᠯ᠂ ᠪᠢ ᠬᠡᠨ ᠦ ᠮᠠᠷᠲᠠᠭᠰᠠᠨ ᠢ ᠰᠠᠨᠠᠭᠤᠯᠵᠤ᠂ ᠬᠡᠨ ᠦ ᠤᠨᠲᠠᠭᠰᠠᠨ ᠢ ᠰᠡᠷᠡᠭᠦᠯᠬᠦ ᠪᠤᠢ? ᠦᠨᠡᠬᠡᠷ ᠬᠠᠭᠠᠨ ᠠᠬ᠎ᠠ ᠮᠠᠭᠤᠵᠢᠷᠠᠪᠠᠯ᠂ ᠣᠯᠠᠨ ᠮᠣᠩᠭᠣᠯ ᠤᠯᠤᠰ ᠥᠨᠦᠴᠢᠷᠡᠴᠢ᠂ ᠳᠤᠮᠳᠠᠳᠤ ᠤᠯᠤᠰ ᠪᠠᠶᠠᠰᠬᠤ ᠪᠣᠯᠤᠨ᠎ᠠ᠃ ᠬᠠᠭᠠᠨ ᠠᠬ᠎ᠠ ᠶᠢᠨ ᠣᠷᠣᠨ ᠳᠤ ᠪᠢ ᠵᠣᠯᠢᠶ᠎ᠠ ᠪᠣᠯᠤᠶ᠎ᠠ!</br> ᠲᠤᠯᠤ ᠵᠢᠭᠠᠰᠤᠨ ᠤ ᠨᠢᠷᠤᠭᠤ ᠶᠢ ᠲᠤᠨᠲᠠᠷᠠᠴᠢ ᠶᠠᠪᠤᠯ᠎ᠠ᠂ ᠪᠢ᠃</br> ᠬᠢᠯᠢᠮ᠎ᠡ ᠵᠢᠭᠠᠰᠤᠨ ᠤ ᠨᠢᠷᠤᠭᠤ ᠶᠢ ᠬᠢᠷᠭᠠᠵᠤ ᠶᠠᠪᠤᠯ᠎ᠠ᠂ ᠪᠢ᠃</br> ᠢᠯᠡ ᠢ (ᠠᠯᠲᠠᠨ ᠤᠯᠤᠰ ᠤᠨ ᠸᠠᠩᠭᠢᠨ ᠢᠯᠡ ᠵᠠᠩᠵᠤᠨ) ᠢᠯᠠᠵᠤ᠂</br> ᠬᠠᠳᠠ ᠢ (ᠠᠯᠲᠠᠨ ᠤᠯᠤᠰ ᠤᠨ ᠸᠠᠩᠭᠢᠨ ᠬᠠᠳᠠ ᠵᠠᠩᠵᠤᠨ) ᠳᠠᠷᠤᠵᠤ ᠪᠠᠶᠢᠪᠠ᠃
ᠮᠢᠨᠦ ᠨᠢᠭᠤᠷ ᠭᠣᠸ᠎ᠠ᠂ ᠨᠢᠷᠤᠭᠤ ᠥᠨᠳᠥᠷ ᠪᠢᠵᠡ᠃ ᠪᠥᠭᠡ ᠨᠠᠷ ᠪᠥᠭᠡᠯᠡᠵᠦ ᠵᠠᠯᠪᠠᠷᠢᠭᠲᠤᠨ! ᠭᠡᠵᠦ ᠬᠡᠯᠡᠭᠰᠡᠨ ᠪᠠᠶᠢᠨ᠎ᠠ᠃》

ᠦᠷ᠎ᠡ ᠤᠳᠤᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠯᠤᠢ ᠶᠢᠨ ᠬᠠᠲᠤᠨ ᠰᠣᠷᠬᠠᠭᠲᠠᠨᠢ ᠪᠡᠬᠢ ᠨᠢ ᠬᠡᠷᠡᠶᠢᠳᠡᠶᠢᠨ ᠲᠣᠭᠣᠷᠢᠯ ᠬᠠᠨᠢ ᠳᠡᠭᠦᠦ ᠵᠢᠬᠠ ᠬᠠᠮᠪᠤᠭᠡᠶᠢᠨ ᠥᠬᠢᠨ ᠪᠠᠶᠢᠭᠰᠠᠨ ᠪᠥᠭᠡᠳ ᠲᠤᠯᠤᠢ ᠳᠤ ᠮᠥᠩᠬᠡᠬᠦᠯᠢᠭᠦᠬᠤᠪᠢᠯᠠᠢᠠᠷᠭᠦᠪᠡᠬᠦ ᠭᠡᠰᠡᠨ ᠳᠥᠷᠪᠡᠨ ᠬᠦᠦᠭᠢ ᠲᠥᠷᠦᠭᠦᠯᠵᠦ ᠥᠭᠴᠡᠢ᠃ ᠴᠢᠩᠭᠢᠰ ᠦᠨ ᠬᠥᠪᠡᠭᠦᠳ ᠦᠨ ᠳᠤᠮᠳᠠ ᠠᠴᠠ ᠲᠤᠯᠤᠢ ᠶᠢᠨ ᠦᠷ᠎ᠡ ᠤᠳᠤᠮ ᠮᠣᠩᠭᠣᠯ ᠤᠨ ᠲᠡᠦᠬᠡᠨ ᠳᠦ ᠬᠠᠮᠤᠭ ᠤᠨ ᠶᠡᠬᠡ ᠨᠥᠯᠥᠭᠡ ᠦᠵᠡᠭᠦᠯᠦᠭᠰᠡᠨ ᠪᠠᠶᠢᠨ᠎ᠠ᠃ ᠮᠥᠩᠬᠡ ᠬᠠᠭᠠᠨ ᠶᠡᠬᠡ ᠮᠣᠩᠭᠣᠯ ᠤᠯᠤᠰ ᠤᠨ ᠳᠥᠷᠪᠡ ᠳᠠᠬᠢ ᠬᠠᠭᠠᠨ ᠪᠠᠶᠢᠭᠰᠠᠨ ᠪᠣᠯ ᠬᠤᠪᠢᠯᠠᠢ ᠪᠦᠬᠦ ᠬᠢᠲᠠᠳ ᠢ ᠪᠠᠶᠢᠯᠳᠤᠨ ᠳᠠᠭᠠᠭᠤᠯᠵᠤ ᠶᠤᠸᠠᠨ ᠭᠦᠷᠦᠨ ᠢ ᠪᠠᠶᠢᠭᠤᠯᠵᠠᠢ᠃ ᠬᠦᠯᠢᠭᠦ ᠨᠢ ᠪᠠᠷᠠᠭᠤᠨ ᠡᠮᠦᠨᠡᠲᠦ ᠠᠽᠢ ᠳᠤ ᠪᠠᠶᠢᠯᠳᠤᠨ ᠳᠠᠭᠠᠭᠤᠯᠤᠯᠲᠠ ᠬᠢᠵᠦ ᠢᠯ ᠬᠠᠭᠠᠨᠲᠤ ᠤᠯᠤᠰᠢ ᠤᠯᠤᠰ ᠢ ᠪᠠᠶᠢᠭᠤᠯᠤᠭᠰᠠᠨ ᠪᠠᠶᠢᠨ᠎ᠠ᠃ ᠲᠤᠯᠤᠢ ᠶᠢᠨ ᠤᠳᠤᠮ ᠤᠨ ᠬᠠᠭᠠᠳ ᠣᠯᠠᠨ ᠵᠠᠭᠤᠨ ᠤ ᠲᠤᠷᠰᠢ ᠮᠣᠩᠭᠣᠯ ᠤᠯᠤᠰ ᠢ ᠵᠠᠬᠢᠷᠴᠢ ᠶᠠᠪᠤᠵᠠᠢ᠃ᠡᠬᠢ ᠰᠤᠷᠪᠤᠯᠵᠢ ᠵᠠᠺ ᠤᠲ᠋ᠧᠷᠹᠣᠷ ᠲᠤ ᠥᠨᠥ ᠶᠢᠨ ᠶᠢᠷᠲᠢᠨᠴᠦ ᠶᠢ ᠦᠨᠳᠦᠰᠦᠯᠡᠭᠴᠢ ᠡᠵᠡᠨ

http://wiki.uhaan.com/index.php?title=ᠲᠤᠯᠤᠢ&oldid=471209》 ᠍  ᠡᠴᠡ ᠠᠪᠤᠭᠰᠠᠨ

ᠪᠢᠴᠢᠭᠡᠰᠦ