ᠲᠤᠭᠤᠯ ᠭᠣᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠤᠭᠤᠯ ᠭᠣᠣᠯ

ᠭᠣᠷᠭᠢ-ᠲᠡᠷᠡᠯᠵᠢ ᠶᠢᠨ ᠪᠠᠶᠢᠭᠠᠯᠢ ᠶᠢᠨ ᠴᠣᠭᠴᠠᠯᠠᠪᠤᠷᠢ ᠭᠠᠵᠠᠷ ᠲᠤ
ᠡᠬᠡ ᠬᠠᠭ ᠤᠨ ᠬᠠᠷ᠎ᠠ ᠨᠠᠭᠤᠷᠭᠣᠷᠭᠢ-ᠲᠡᠷᠡᠯᠵᠢ ᠶᠢᠨ ᠪᠠᠶᠢᠭᠠᠯᠢ ᠶᠢᠨ ᠴᠣᠭᠴᠠᠯᠠᠪᠤᠷᠢ ᠭᠠᠵᠠᠷ (ᠬᠡᠨᠲᠡᠢ ᠠᠶᠢᠮᠠᠭ)
ᠠᠳᠠᠭ ᠣᠷᠬᠣᠨ ᠭᠣᠣᠯ 48°56′53″N 104°47′55″E / 表达式错误:未预料的<操作符 表达式错误:未预料的<操作符 / 表达式错误:未预料的<操作符; 表达式错误:未预料的<操作符ᠰᠣᠯᠪᠢᠴᠠᠯ: 48°56′53″N 104°47′55″E / 表达式错误:未预料的<操作符 表达式错误:未预料的<操作符 / 表达式错误:未预料的<操作符; 表达式错误:未预料的<操作符
ᠤᠰᠤ ᠪᠠᠨ ᠴᠤᠭᠯᠠᠭᠤᠯᠳᠠᠭ ᠣᠷᠣᠨ ᠨᠤᠭᠤᠳ Flag of Mongolia.svg ᠮᠣᠩᠭᠣᠯ (ᠬᠡᠨᠲᠡᠢᠲᠥᠪᠪᠤᠯᠠᠭᠠᠨᠰᠡᠯᠡᠩᠭᠡ)
ᠤᠷᠲᠤ 704 ᠺᠢᠯᠣᠮᠧᠲ᠋ᠷ
ᠤᠰᠤ ᠴᠤᠭᠯᠠᠭᠤᠯᠬᠤ ᠲᠠᠯᠠᠪᠠᠢ 49840 ᠺᠦᠸᠠᠳ᠋ ᠺᠢᠯᠣᠮᠧᠲ᠋ᠷ
ᠭᠣᠣᠯ ᠤᠨ ᠰᠢᠰᠲ᠋ᠧᠮ ᠣᠷᠬᠣᠨ-ᠰᠡᠯᠡᠩᠭᠡ-ᠶᠡᠨᠢᠰᠡᠢ

ᠲᠤᠭᠤᠯ ᠭᠣᠣᠯ ᠨᠢ ᠮᠣᠩᠭᠣᠯ ᠤᠯᠤᠰ ᠍ ᠤᠨ ᠲᠥᠪ᠂ ᠬᠣᠶᠢᠳᠤ ᠬᠡᠰᠡᠭ ᠢᠶᠡᠷ ᠤᠷᠤᠰᠬᠤ ᠭᠣᠣᠯ ᠶᠤᠮ᠃ 704 ᠺᠢᠯᠣᠮᠧᠲ᠋ᠷ ᠤᠷᠲᠤ ᠲᠠᠢ ᠪᠥᠭᠡᠳ ᠤᠰᠤ ᠴᠤᠭᠯᠠᠭᠤᠯᠬᠤ ᠲᠠᠯᠠᠪᠠᠢ ᠨᠢ 49,840 ᠺᠢᠯᠣᠮᠧᠲ᠋ᠷ2. ᠬᠡᠨᠲᠡᠢᠲᠥᠪᠰᠡᠯᠡᠩᠭᠡ ᠠᠶᠢᠮᠠᠭ ᠪᠣᠯᠤᠨ ᠤᠯᠠᠭᠠᠨᠪᠠᠭᠠᠲᠤᠷ ᠬᠣᠲᠠ ᠶᠢᠨ ᠨᠤᠲᠤᠭ ᠢᠶᠠᠷ ᠤᠷᠤᠰᠤᠨ ᠥᠩᠭᠡᠷᠡᠨ᠎ᠡ᠃ ᠰᠠᠪᠠ ᠭᠠᠵᠠᠷ ᠤᠨ ᠥᠨᠳᠥᠷᠰᠢᠯ ᠨᠢ 770-2800 ᠮᠧᠲ᠋ᠷ ᠦᠨ ᠬᠣᠭᠣᠷᠣᠨᠳᠣ ᠪᠠᠶᠢᠬᠤ ᠪᠠ ᠬᠠᠮᠤᠭ ᠤᠨ ᠥᠨᠳᠥᠷ ᠴᠡᠭ ᠨᠢ ᠳᠠᠯᠠᠢ ᠶᠢᠨ ᠲᠦᠪᠰᠢᠨ ᠡᠴᠡ ᠳᠡᠭᠡᠭᠰᠢ 2799.3 ᠮᠧᠲ᠋ᠷ ᠦᠨ ᠥᠨᠳᠥᠷ ᠲᠦ ᠡᠷᠭᠦᠭᠳᠡᠭᠰᠡᠨ ᠠᠰᠠᠷᠠᠯᠲᠤ ᠬᠠᠶᠢᠷᠬᠠᠨ ᠠᠭᠤᠯᠠ᠂ ᠬᠠᠮᠤᠭ ᠤᠨ ᠨᠠᠮ ᠴᠡᠭ ᠨᠢ ᠳᠠᠯᠠᠢ ᠶᠢᠨ ᠲᠦᠪᠰᠢᠨ ᠡᠴᠡ ᠳᠡᠭᠡᠭᠰᠢ 770 ᠮᠧᠲ᠋ᠷ ᠦᠨ ᠥᠨᠳᠥᠷ ᠣᠷᠬᠣᠨ-ᠲᠤᠤᠯ ᠤᠨ ᠪᠡᠯᠴᠢᠷ ᠭᠠᠵᠠᠷ ᠶᠤᠮ᠃

ᠬᠡᠨᠲᠡᠢ ᠶᠢᠨ ᠨᠢᠷᠤᠭᠤᠨ ᠳᠠᠬᠢ ᠭᠣᠷᠭᠢ-ᠲᠡᠷᠡᠯᠵᠢ ᠶᠢᠨ ᠪᠠᠶᠢᠭᠠᠯᠢ ᠶᠢᠨ ᠴᠣᠭᠴᠠᠯᠠᠪᠤᠷᠢ ᠲᠤ ᠪᠠᠭᠠᠳᠬᠤ ᠬᠠᠭ ᠤᠨ ᠬᠠᠷ᠎ᠠ ᠨᠠᠭᠤᠷ᠂ ᠨᠣᠮᠢᠩ ᠦᠨ ᠭᠣᠣᠯ ᠠᠴᠠ ᠲᠤᠰ ᠪᠦᠷᠢ ᠡᠬᠢ ᠠᠪᠴᠤ᠂ ᠨᠡᠶᠢᠰᠯᠡᠯ ᠤᠯᠠᠭᠠᠨᠪᠠᠭᠠᠲᠤᠷ ᠬᠣᠲᠠ ᠶᠢᠨ ᠤᠷᠳᠤ ᠬᠡᠰᠡᠭ ᠢᠶᠡᠷ ᠤᠷᠤᠰᠴᠢ ᠥᠩᠭᠡᠷᠡᠨ ᠣᠷᠬᠣᠨ ᠭᠣᠣᠯ ᠳᠤ ᠴᠢᠳᠬᠤᠨ᠎ᠠ᠃ 11 ᠰᠠᠷ᠎ᠠ ᠶᠢᠨ ᠳᠤᠮᠳᠠ ᠠᠴᠠ 4 ᠰᠠᠷ᠎ᠠ ᠶᠢᠨ ᠳᠤᠮᠳᠠ ᠬᠦᠷᠲᠡᠯ᠎ᠡ ᠬᠥᠯᠳᠡᠨ᠎ᠡ᠃

ᠣᠷᠣᠨ ᠨᠤᠲᠤᠭ ᠢ ᠳᠠᠮᠵᠢᠬᠤ ᠬᠦᠷᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠭᠤᠯ ᠭᠣᠣᠯ ᠤᠨ ᠰᠠᠪᠠ ᠭᠠᠵᠠᠷ ᠨᠢ 5 ᠠᠶᠢᠮᠠᠭ ᠤᠨ 37 ᠰᠤᠮᠤ᠂ ᠤᠯᠠᠭᠠᠨᠪᠠᠭᠠᠲᠤᠷ ᠬᠣᠲᠠ ᠶᠢᠨ 7 ᠳᠡᠭᠦᠷᠭᠡ ᠶᠢᠨ ᠨᠤᠲᠤᠭ ᠳᠡᠪᠢᠰᠬᠡᠷ ᠢ ᠬᠠᠮᠤᠷᠤᠨ ᠨᠡᠶᠢᠲᠡ ᠳᠦ ᠪᠡᠨ 49774.3 ᠺᠢᠯᠣᠮᠧᠲ᠋ᠷ 2 ᠲᠠᠯᠠᠪᠠᠢ ᠶᠢ ᠡᠵᠡᠯᠡᠵᠦ ᠪᠠᠶᠢᠨ᠎ᠠ᠃ ᠲᠤᠭᠤᠯ ᠭᠣᠣᠯ ᠤᠨ ᠰᠠᠪᠠ ᠭᠠᠵᠠᠷ ᠲᠤ ᠤᠯᠠᠭᠠᠨᠪᠠᠭᠠᠲᠤᠷ ᠬᠣᠲᠠ ᠶᠢᠨ ᠡᠳ᠋ᠯᠡᠪᠦᠷᠢ ᠭᠠᠵᠠᠷ ᠤᠨ 65.5 ᠬᠤᠪᠢ᠂ ᠲᠥᠪ ᠠᠶᠢᠮᠠᠭ ᠤᠨ ᠭᠠᠵᠠᠷ ᠨᠤᠲᠤᠭ ᠤᠨ 39.8 ᠬᠤᠪᠢ᠂ ᠪᠤᠯᠠᠭᠠᠨ ᠠᠶᠢᠮᠠᠭ ᠤᠨ 20.8 ᠬᠤᠪᠢ᠂ ᠥᠪᠦᠷᠬᠠᠩᠭᠠᠢ ᠠᠶᠢᠮᠠᠭ ᠤᠨ 6.0 ᠬᠤᠪᠢ᠂ ᠠᠷᠤᠬᠠᠩᠭᠠᠢ ᠠᠶᠢᠮᠠᠭ ᠤᠨ 4.4 ᠬᠤᠪᠢ᠂ ᠰᠡᠯᠡᠩᠭᠡ ᠠᠶᠢᠮᠠᠭ ᠤᠨ 2.2 ᠬᠤᠪᠢ ᠨᠢ ᠬᠠᠮᠤᠷᠤᠭᠳᠠᠵᠤ ᠪᠠᠶᠢᠨ᠎ᠠ᠃

ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠨᠲᠡᠢ ᠶᠢᠨ ᠨᠢᠷᠤᠭᠤᠨ ᠤ ᠴᠢᠭᠢᠭᠯᠢᠭ ᠰᠡᠷᠢᠭᠦᠨ ᠠᠭᠤᠷ ᠠᠮᠢᠰᠬᠤᠯ᠂ ᠥᠨᠳᠥᠷ ᠦᠨ ᠪᠥᠰᠡ ᠪᠦᠰᠡᠯᠡᠭᠦᠷ᠂ ᠭᠣᠪᠢ᠂ ᠲᠠᠯ᠎ᠠ ᠬᠡᠭᠡᠷ᠎ᠡ ᠶᠢᠨ ᠪᠥᠰᠡ ᠶᠢᠨ ᠢᠯᠭᠠᠭ᠎ᠠ ᠪᠠᠷ ᠤᠷᠭᠤᠮᠠᠯ ᠤᠨ ᠪᠦᠷᠬᠦᠪᠴᠢ ᠥᠨᠳᠥᠷ ᠠᠭᠤᠯᠠᠨ ᠠᠴᠠ ᠨᠠᠮ ᠬᠣᠲᠠᠰ ᠬᠦᠷᠲᠡᠯ᠎ᠡ ᠨᠡᠯᠢᠶᠡᠳ ᠢᠯᠭᠠᠭ᠎ᠠ ᠲᠠᠢ ᠪᠥᠷᠢᠯᠳᠦᠨ ᠲᠣᠭᠲᠠᠭᠰᠠᠨ ᠪᠠ ᠤᠷᠭᠤᠮᠠᠯ ᠤᠨ ᠪᠦᠲᠦᠴᠡ ᠪᠦᠷᠢᠯᠳᠦᠬᠦᠨ ᠬᠠᠩᠭᠠᠢ ᠶᠢᠨ ᠪᠥᠰᠡ ᠳᠦ ᠪᠠᠶᠠᠯᠢᠭ᠂ ᠲᠠᠯ᠎ᠠ ᠬᠡᠭᠡᠷ᠎ᠡ ᠳᠦ ᠶᠠᠳᠠᠮᠠᠭ ᠪᠠᠶᠢᠳᠠᠭ ᠪᠠᠶᠢᠨ᠎ᠠ᠃ ᠰᠠᠪᠠ ᠭᠠᠵᠠᠷ ᠨᠢ ᠲᠤᠨᠳ᠋ᠷ ᠤᠨ᠂ ᠣᠢ ᠶᠢᠨ᠂ ᠬᠡᠭᠡᠷ᠎ᠡ ᠶᠢᠨ᠂ ᠨᠤᠭᠤ ᠶᠢᠨ ᠬᠡᠪ ᠰᠢᠨᠵᠢ ᠶᠢᠨ ᠤᠷᠭᠤᠮᠠᠯᠰᠢᠯᠲᠠ ᠲᠠᠢ᠃ ᠰᠠᠪᠠ ᠭᠠᠵᠠᠷ ᠤᠨ 30 ᠣᠷᠴᠢᠮ ᠬᠤᠪᠢ ᠶᠢ ᠠᠭᠤᠯᠠ ᠶᠢᠨ ᠣᠢ ᠳᠤ ᠬᠡᠭᠡᠷ᠎ᠡ ᠶᠢᠨ ᠤᠷᠭᠤᠮᠠᠯ᠂ 20 ᠭᠠᠷᠤᠢ ᠬᠤᠪᠢ ᠶᠢ ᠬᠡᠭᠡᠷ᠎ᠡ᠂ ᠬᠠᠭᠤᠷᠠᠢ ᠬᠡᠭᠡᠷ᠎ᠡ ᠶᠢᠨ ᠤᠷᠭᠤᠮᠠᠯ ᠲᠤᠰ ᠲᠤᠰ ᠡᠵᠡᠯᠡᠳᠡᠭ᠃

ᠠᠮᠢᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠭᠤᠯ ᠭᠣᠣᠯ ᠤᠨ ᠰᠠᠪᠠ ᠭᠠᠵᠠᠷ ᠨᠢ ᠤᠤᠯ ᠤᠨ ᠲᠠᠶᠢᠭ᠎ᠠ᠂ ᠣᠶᠢᠲᠤ ᠬᠡᠭᠡᠷ᠎ᠡ᠂ ᠬᠡᠭᠡᠷ᠎ᠡ ᠶᠢᠨ ᠭᠤᠷᠪᠠᠨ ᠪᠥᠰᠡ ᠶᠢ ᠳᠠᠮᠨᠠᠨ ᠲᠣᠭᠲᠠᠭᠰᠠᠨ ᠤᠴᠢᠷ ᠠᠴᠠ ᠲᠤᠰ ᠰᠠᠪᠠ ᠭᠠᠵᠠᠷ ᠳᠠᠬᠢ ᠠᠮᠢᠲᠠᠨ ᠤ ᠠᠶᠢᠮᠠᠭ ᠨᠢ ᠡᠳᠡᠭᠡᠷ ᠪᠠᠶᠢᠭᠠᠯᠢ ᠶᠢᠨ ᠪᠥᠰᠡ ᠶᠢᠨ ᠠᠮᠢᠲᠠᠨ ᠤ ᠠᠶᠢᠮᠠᠭ ᠤᠨ ᠲᠠᠷᠬᠠᠯᠲᠠ ᠶᠢᠨ ᠶᠡᠷᠦᠩᠬᠡᠢ ᠣᠨᠴᠠᠯᠢᠭ ᠢ ᠬᠠᠳᠠᠭᠠᠯᠠᠳᠠᠭ᠃

ᠨᠥᠭᠥᠭᠡ ᠲᠠᠯ᠎ᠠ ᠪᠠᠷ ᠠᠮᠢᠲᠠᠨ ᠤ ᠠᠶᠢᠮᠠᠭ ᠤᠨ ᠲᠠᠷᠬᠠᠯᠲᠠ ᠶᠢᠨ ᠪᠠᠶᠢᠭᠠᠯᠢ ᠶᠢᠨ ᠣᠨᠴᠠᠯᠢᠭ ᠶᠠᠮᠠᠷ ᠨᠢᠭᠡᠨ ᠪᠠᠶᠢᠳᠠᠯ ᠢᠶᠠᠷ ᠥᠭᠡᠷᠡᠴᠢᠯᠡᠭᠳᠡᠵᠦ ᠪᠠᠶᠢᠭ᠎ᠠ ᠠᠴᠠ ᠲᠡᠭᠦᠨ ᠢ ᠢᠯᠡᠭᠦᠦ ᠨᠠᠷᠢᠪᠴᠢᠯᠠᠯᠲᠠᠢ ᠠᠪᠴᠤ ᠦᠵᠡᠬᠦ ᠳᠦ ᠬᠦᠷᠭᠡᠳᠡᠭ ᠪᠠ ᠲᠤᠰ ᠰᠠᠪᠠ ᠭᠠᠵᠠᠷ ᠤᠨ ᠨᠡᠶᠢᠲᠡ ᠨᠤᠲᠤᠭ ᠳᠡᠪᠢᠰᠬᠡᠷ ᠦᠨ 82.8 ᠬᠤᠪᠢ ᠶᠢ ᠬᠡᠭᠡᠷ᠎ᠡ ᠶᠢᠨ ᠪᠥᠰᠡ᠂ 11.8 ᠬᠤᠪᠢ ᠶᠢ ᠣᠢ ᠳᠤ ᠬᠡᠭᠡᠷ᠎ᠡ ᠶᠢᠨ ᠪᠥᠰᠡ᠂ 5.4 ᠬᠤᠪᠢ ᠶᠢ ᠤᠤᠯ ᠤᠨ ᠲᠠᠶᠢᠭ᠎ᠠ ᠡᠵᠡᠯᠡᠳᠡᠭ᠃

ᠲᠤᠭᠤᠯ ᠭᠣᠣᠯ ᠤᠨ ᠰᠠᠪᠠ ᠭᠠᠵᠠᠷ ᠤᠨ ᠬᠡᠮᠵᠢᠶ᠎ᠡ ᠪᠡᠷ 10 ᠣᠪᠤᠭ ᠤᠨ 16 ᠵᠦᠢᠯ ᠵᠢᠭᠠᠰᠤ᠂ 2 ᠵᠦᠢᠯ ᠦᠨ ᠬᠣᠶᠠᠷ ᠨᠤᠲᠤᠭᠲᠠᠨ᠂ 7 ᠪᠠᠭ᠂ 18 ᠠᠶᠢᠮᠠᠭ ᠤᠨ 60 ᠰᠢᠬᠠᠮ ᠵᠦᠢᠯ ᠬᠥᠬᠥᠲᠡᠨ᠂ 171 ᠵᠦᠢᠯ ᠰᠢᠪᠠᠭᠤ ᠪᠦᠷᠢᠳᠬᠡᠭᠳᠡᠭᠰᠡᠨ ᠡᠴᠡ 5 ᠵᠦᠢᠯ ᠵᠢᠭᠠᠰᠤ᠂ 11 ᠵᠦᠢᠯ ᠬᠥᠬᠥᠲᠡᠨ ᠬᠣᠪᠣᠷᠳᠠᠵᠤ ᠪᠣᠯᠵᠣᠰᠢ ᠦᠭᠡᠢ᠂ 12 ᠵᠦᠢᠯ ᠰᠢᠪᠠᠭᠤ᠂ ᠨᠢᠭᠡ ᠵᠦᠢᠯ ᠬᠥᠬᠥᠲᠡᠨ ᠬᠣᠪᠣᠷ᠂ ᠨᠢᠭᠡ ᠵᠦᠢᠯ ᠰᠢᠪᠠᠭᠤ᠂ ᠨᠢᠭᠡ ᠵᠦᠢᠯ ᠬᠥᠬᠥᠲᠡᠨ ᠨᠡᠩ ᠬᠣᠪᠣᠷ ᠠᠩᠬᠢᠯᠠᠯ ᠳᠤ ᠪᠠᠭᠳᠠᠵᠣ ᠪᠠᠶᠢᠨ᠎ᠠ᠃

ᠴᠠᠭ ᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠭᠤᠯ ᠭᠣᠣᠯ ᠤᠨ ᠰᠠᠪᠠ ᠭᠠᠵᠠᠷ ᠳᠠᠯᠠᠢ ᠶᠢᠨ ᠲᠦᠪᠰᠢᠨ ᠡᠴᠡ ᠬᠠᠷᠢᠴᠠᠩᠭᠤᠢ ᠥᠨᠳᠥᠷ ᠡᠷᠭᠦᠭᠳᠡᠭᠰᠡᠨ᠂ ᠳᠠᠯᠠᠢ ᠲᠡᠩᠭᠢᠰ ᠡᠴᠡ ᠠᠯᠤᠰᠯᠠᠭᠳᠠᠭᠰᠠᠨ᠂ ᠡᠷᠭᠢᠨ ᠲᠣᠭᠣᠷᠢᠨ ᠠᠤᠯᠠᠯᠠᠰ ᠢᠶᠠᠷ ᠬᠦᠷᠢᠶᠡᠯᠡᠭᠳᠡᠭᠰᠡᠨ ᠲᠤᠯᠠ ᠪᠢᠴᠢᠯ ᠮᠠᠰᠱᠲᠠᠪ ᠤᠨ ᠬᠤᠪᠢ ᠳᠤ ᠥᠪᠡᠷ ᠦᠨ ᠣᠨᠴᠠᠯᠢᠭ ᠲᠠᠢ ᠪᠥᠭᠡᠳ ᠲᠡᠭᠦᠨ ᠦ ᠠᠭᠤᠷ ᠠᠮᠢᠰᠬᠤᠯ ᠤᠨ ᠣᠨᠴᠠᠯᠢᠭ ᠰᠢᠨᠵᠢ ᠶᠢ ᠠᠪᠴᠤ ᠦᠵᠡᠪᠡᠯ ᠡᠳᠦᠷ᠂ ᠰᠥᠨᠢ ᠶᠢᠨ ᠠᠭᠠᠷ ᠤᠨ ᠲᠣᠯᠠᠭᠠᠨ ᠤ ᠬᠡᠮᠵᠢᠶ᠎ᠡ ᠤᠨ ᠢᠯᠭᠠᠭ᠎ᠠ ᠶᠡᠬᠡ᠂ ᠬᠦᠢᠲᠡᠨ ᠦ ᠤᠯᠠᠷᠢᠯ ᠬᠠᠷᠢᠴᠠᠩᠭᠤᠢ ᠤᠷᠲᠤ ᠦᠷᠭᠦᠯᠵᠢᠯᠡᠳᠡᠭ ᠪᠥᠭᠡᠳ ᠲᠣᠭᠲᠠᠭᠤᠨ᠂ ᠬᠠᠷᠢᠨ ᠵᠤᠨ ᠪᠣᠭᠣᠨᠢ᠂ ᠬᠤᠷ᠎ᠠ ᠲᠤᠨᠳᠠᠰᠤᠨ ᠤ ᠶᠡᠬᠡᠩᠬᠢ ᠬᠤᠪᠢ ᠡᠨᠡ ᠤᠯᠠᠷᠢᠯ ᠳᠤ ᠤᠷᠤᠬᠤ ᠪᠥᠭᠡᠳ ᠭᠣᠣᠯᠳᠠᠭᠤ ᠠᠭᠠᠷ ᠤᠨ ᠲᠣᠭᠲᠠᠪᠤᠷᠢᠭᠦᠶᠢᠰᠢᠯ ᠡᠴᠡ ᠡᠭᠦᠳᠬᠦ ᠺᠣᠨᠸᠧᠺᠼᠢ ᠠᠴᠠ ᠭᠠᠷᠤᠯ ᠲᠠᠢ ᠪᠠᠶᠢᠳᠠᠭ᠃

ᠵᠤᠨ ᠤ ᠤᠯᠠᠷᠢᠯ ᠳᠤ ᠡᠬᠡ ᠭᠠᠵᠠᠷ ᠤᠨ ᠳᠤᠯᠠᠭᠠᠨ ᠬᠠᠭᠤᠷᠠᠢ ᠠᠭᠠᠷ ᠵᠣᠩᠬᠢᠯᠠᠳᠠᠭ᠃ ᠡᠶᠢᠮᠦ ᠡᠴᠡ ᠤᠷᠤᠬᠤ ᠬᠤᠷ᠎ᠠ ᠲᠤᠨᠤᠳᠠᠰᠤ ᠶᠡᠬᠡᠩᠬᠢ ᠳᠦ ᠪᠡᠨ ᠠᠭᠠᠳᠠᠷ ᠰᠢᠨᠵᠢ ᠲᠡᠢ ᠪᠠᠶᠢᠳᠠᠭ᠃ ᠨᠠᠮᠤᠷ ᠬᠤᠷ᠎ᠠ ᠲᠤᠨᠳᠠᠰᠤ ᠪᠠᠭᠠᠰᠴᠤ᠂ ᠴᠣᠴᠢᠷ ᠬᠦᠢᠲᠡᠷᠡᠯᠲᠡ 8 ᠳ᠋ᠤᠭᠠᠷ ᠰᠠᠷ᠎ᠠ ᠶᠢᠨ ᠰᠡᠭᠦᠯᠴᠢ᠂ 9 ᠳᠦᠭᠡᠷ ᠰᠠᠷ᠎ᠠ ᠶᠢᠨ ᠡᠬᠢ ᠪᠡᠷ ᠠᠵᠢᠭᠡᠯᠡᠭᠳᠠᠨ 10 ᠳ᠋ᠤᠭᠠᠷ ᠰᠠᠷ᠎ᠠ ᠶᠢᠨ ᠰᠡᠭᠦᠯ᠂ 11 ᠳᠦᠭᠡᠷ ᠰᠠᠷ᠎ᠠ ᠶᠢᠨ ᠡᠬᠢ ᠪᠡᠷ ᠡᠪᠦᠯ ᠦᠨ ᠨᠥᠬᠥᠴᠡᠯ ᠳᠦ ᠪᠡᠨ ᠰᠢᠯᠵᠢᠨ ᠣᠷᠣᠳᠠᠭ᠃

ᠲᠡᠷᠡᠯᠵᠢ ᠡᠴᠡ ᠤᠯᠠᠭᠠᠨᠪᠠᠭᠠᠲᠤᠷ ᠤᠨ ᠬᠣᠭᠣᠷᠣᠨᠳᠣ ᠵᠢᠯ ᠦᠨ ᠠᠭᠠᠷ ᠤᠨ ᠳᠤᠮᠳᠠᠴᠢ ᠲᠣᠯᠠᠭᠠᠨ ᠤ ᠬᠡᠮᠵᠢᠶ᠎ᠡ – 3.30 ᠰ – 0.40 ᠰ ᠪᠠᠷ ᠬᠡᠯᠪᠡᠯᠵᠡᠳᠡᠭ ᠪᠠᠶᠢᠬᠤ ᠳᠤ ᠤᠯᠠᠭᠠᠨᠪᠠᠭᠠᠲᠤᠷ ᠬᠣᠲᠠ ᠠᠴᠠ ᠣᠷᠬᠣᠨ ᠲᠤᠤᠯ ᠤᠨ ᠪᠡᠯᠴᠢᠷ ᠬᠦᠷᠲᠡᠯ᠎ᠡ – 0.40 ᠰ -1.10 ᠰ ᠪᠠᠷ ᠬᠡᠯᠪᠡᠯᠵᠡᠳᠡᠭ ᠪᠠᠶᠢᠨ᠎ᠠ᠃

ᠬᠠᠮᠤᠭ ᠤᠨ ᠬᠦᠢᠲᠡᠨ ᠰᠠᠷᠠ ᠪᠣᠯ 1 ᠳᠦᠭᠡᠷ ᠰᠠᠷᠠ ᠪᠥᠭᠡᠳ ᠡᠨᠡ ᠦᠶ᠎ᠡ ᠳᠦ ᠠᠽᠢᠶ᠎ᠠ ᠶᠢᠨ ᠡᠰᠡᠷᠬᠦ ᠼᠢᠺᠯᠣᠨ ᠤ ᠬᠥᠭᠵᠢᠯ ᠳᠡᠭᠡᠳᠦ ᠴᠡᠭ ᠲᠦ ᠪᠡᠨ ᠬᠦᠷᠡᠨ᠎ᠡ᠃ ᠲᠡᠭᠦᠨ ᠦ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ ᠲᠡᠷᠡᠯᠵᠢ᠂ ᠤᠯᠠᠭᠠᠨᠪᠠᠭᠠᠲᠤᠷ ᠣᠷᠴᠢᠮ ᠳᠤ -21.60 ᠰ᠂ ᠪᠤᠶᠠᠨᠲᠤ-ᠬᠤᠸᠠ ᠣᠷᠴᠢᠮ ᠳᠤ -25.20 ᠰ᠂ ᠯᠦᠨᠳ -25.70 ᠰ᠂ ᠡᠷᠳᠡᠨᠢᠰᠠᠩᠲᠤ ᠳᠤ -17.80 ᠰ᠂ ᠭᠤᠷᠪᠠᠨᠪᠤᠯᠠᠭ ᠲᠤ -19.00 ᠰ᠂ ᠣᠷᠬᠣᠨ ᠲᠤᠤᠯ ᠤᠨ ᠪᠡᠯᠴᠢᠷ ᠲᠦ -24.80 ᠰ ᠪᠠᠶᠢᠭ᠎ᠠ ᠪᠥᠭᠡᠳ ᠬᠠᠮᠤᠭ ᠤᠨ ᠳᠤᠯᠠᠭᠠᠨ 7 ᠳ᠋ᠤᠭᠠᠷ ᠰᠠᠷ᠎ᠠ ᠳᠤ ᠲᠡᠷᠡᠯᠵᠢ ᠶᠢᠨ ᠣᠷᠴᠢᠮ ᠳᠤ 13.00 ᠰ᠂ ᠬᠠᠷᠢᠨ ᠵᠠᠭᠤᠨᠠᠮᠣᠳᠣᠳ 18.70 ᠰ᠂ ᠡᠷᠳᠡᠨᠢᠰᠠᠩᠲᠤ ᠳᠤ 17.5, 0 ᠰ᠂ ᠭᠤᠷᠪᠠᠨᠪᠤᠯᠠᠭ ᠲᠤ -19.00 ᠰ᠂ ᠣᠷᠬᠣᠨ ᠲᠤᠤᠯ ᠤᠨ ᠪᠡᠯᠴᠢᠷ ᠲᠦ 19.30 ᠰ ᠪᠠᠶᠢᠨ᠎ᠠ᠃

ᠠᠭᠠᠷ ᠤᠨ ᠲᠣᠯᠠᠭᠠᠨ ᠤ ᠬᠡᠮᠵᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠠᠭᠤᠷ ᠠᠮᠢᠰᠬᠤᠯ ᠤᠨ ᠳᠤᠯᠠᠭᠠᠷᠠᠯ ᠳᠤ ᠮᠣᠩᠭᠣᠯ ᠨᠤᠲᠤᠭ ᠲᠤ᠂ ᠲᠡᠭᠦᠨ ᠦ ᠳᠣᠲᠣᠷ᠎ᠠ ᠲᠤᠭᠤᠯ ᠭᠣᠣᠯ ᠤᠨ ᠰᠠᠪᠠ ᠭᠠᠵᠠᠷ ᠲᠤ ᠴᠤ ᠡᠷᠴᠢᠮᠲᠡᠢ ᠶᠠᠪᠤᠭᠳᠠᠵᠤ ᠪᠠᠶᠢᠨ᠎ᠠ᠃ ᠰᠡᠭᠦᠯ ᠦᠨ 60 ᠰᠢᠬᠠᠮ ᠵᠢᠯ ᠳᠤ ᠡᠨᠡ ᠰᠠᠪᠠ ᠭᠠᠵᠠᠷ ᠤᠨ ᠠᠭᠠᠷ ᠤᠨ ᠳᠤᠮᠳᠠᠴᠢ ᠲᠣᠯᠠᠭᠠᠨ ᠤ ᠬᠡᠮᠵᠢᠶ᠎ᠡ 2.00 ᠰ ᠪᠠᠷ ᠳᠤᠯᠠᠭᠠᠷᠠᠭᠰᠠᠨ ᠪᠠᠶᠢᠨ᠎ᠠ᠃ ᠳᠡᠯᠡᠬᠡᠢ ᠶᠢᠨ ᠠᠭᠤᠷ ᠠᠮᠢᠰᠬᠤᠯ ᠤᠨ ᠳᠤᠯᠠᠭᠠᠷᠠᠯᠲᠠ ᠪᠠᠷ ᠬᠠᠯᠠᠭᠤᠨ ᠡᠳᠦᠷ ᠦᠨ ᠳᠠᠪᠲᠠᠭᠳᠠᠯ ᠨᠡᠮᠡᠭᠳᠡᠬᠦ ᠶᠢᠨ ᠬᠢᠷᠢ ᠪᠡᠷ ᠠᠭᠠᠷ ᠤᠨ ᠬᠠᠮᠤᠭ ᠤᠨ ᠥᠨᠳᠥᠷ ᠲᠣᠯᠠᠭᠠᠨ ᠤ ᠬᠡᠮᠵᠢᠶ᠎ᠡ ᠰᠡᠭᠦᠯ ᠦᠨ ᠵᠢᠯ ᠤᠨᠳ ᠲᠤ ᠠᠵᠢᠭᠡᠯᠡᠭᠳᠠᠬᠤ ᠪᠣᠯᠤᠭᠰᠠᠨ ᠪᠠᠶᠢᠨ᠎ᠠ᠃

ᠬᠤᠷ᠎ᠠ ᠲᠤᠨᠤᠳᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠭᠤᠯ ᠭᠣᠣᠯ ᠤᠨ ᠰᠠᠪᠠ ᠭᠠᠵᠠᠷ ᠮᠣᠩᠭᠣᠯ ᠳᠤ ᠪᠠᠨ ᠶᠡᠬᠡᠬᠡᠨ ᠴᠢᠭᠢᠭᠯᠢᠭ ᠠᠭᠤᠷ ᠠᠮᠢᠰᠬᠤᠯ ᠲᠠᠢ᠂ ᠵᠢᠯ ᠦᠨ ᠬᠤᠷ᠎ᠠ ᠲᠤᠨᠳᠠᠰᠤᠨ ᠤ ᠨᠡᠶᠢᠯᠡᠪᠦᠷᠢ ᠨᠢ 200-400 ᠮᠢᠯᠯᠢᠮᠧᠲ᠋ᠷ ᠣᠷᠴᠢᠮ ᠪᠠᠶᠢᠳᠠᠭ᠃ ᠥᠨᠳᠥᠷ ᠠᠭᠤᠯᠠ ᠶᠢᠨ ᠪᠤᠶᠤ ᠭᠣᠣᠯ ᠮᠥᠷᠡᠨ ᠦ ᠤᠷᠤᠰᠠᠴᠠ ᠪᠥᠷᠢᠳᠬᠦ ᠪᠥᠰᠡ ᠳᠦ 350 ᠮᠢᠯᠯᠢᠮᠧᠲ᠋ᠷ ᠡᠴᠡ ᠶᠡᠬᠡ ᠬᠤᠷ᠎ᠠ ᠲᠤᠨᠤᠳᠠᠰᠤ ᠵᠢᠯ ᠳᠤ ᠣᠷᠣᠳᠠᠭ ᠪᠥᠭᠡᠳ ᠬᠤᠷ᠎ᠠ ᠲᠤᠨᠳᠠᠰᠤᠨ ᠤ 85-90 ᠣᠷᠴᠢᠮ ᠬᠤᠪᠢ ᠨᠢ ᠵᠢᠯ ᠦᠨ ᠳᠤᠯᠠᠭᠠᠨ ᠤᠯᠠᠷᠢᠯ ᠳᠤ ᠤᠨᠠᠳᠠᠭ᠂ ᠬᠦᠢᠲᠡᠨ ᠤᠯᠠᠷᠢᠯ ᠳᠤ ᠬᠤᠷ᠎ᠠ ᠲᠤᠨᠤᠳᠠᠰᠤ ᠲᠤᠩ ᠪᠠᠭ᠎ᠠ ᠣᠷᠣᠳᠠᠭ ᠪᠠᠶᠢᠳᠠᠯ ᠬᠠᠷᠠᠭᠳᠠᠨ᠎ᠠ᠃


ᠡᠺᠣᠯᠣᠭ ᠤᠨ ᠪᠣᠬᠢᠷᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2013 ᠣᠨ ᠤ ᠳᠥᠷᠪᠡᠳᠦᠭᠡᠷ ᠰᠠᠷ᠎ᠠ ᠶᠢᠨ 12-24 ᠍ ᠳᠦ ᠠᠪᠤᠭᠰᠠᠨ ᠤᠰᠤᠨ ᠤ ᠰᠣᠷᠢᠴᠠᠳ ᠬᠢᠭᠰᠡᠨ ᠰᠢᠨᠵᠢᠯᠡᠭᠡᠨ ᠦ ᠳᠦᠩᠭᠡ ᠪᠡᠷ ᠭᠣᠣᠯ ᠤᠨ ᠲᠤᠭᠤᠯ-ᠰᠣᠩᠭᠢᠨ᠎ᠠ ᠪᠠ ᠲᠤᠭᠤᠯ-ᠬᠠᠳᠤᠨ ᠬᠡᠰᠡᠭ ᠲᠦ ᠤᠰᠤ ᠮᠠᠰᠢ ᠶᠡᠬᠡ᠂ ᠪᠦᠷ ᠣᠨᠴᠠᠭᠠᠢ ᠪᠣᠬᠢᠷᠳᠠᠯᠲᠠ ᠲᠠᠢ ᠪᠠᠶᠢᠭ᠎ᠠ ᠨᠢ ᠲᠣᠭᠲᠠᠭᠠᠭᠳᠠᠭᠰᠠᠨ ᠪᠠᠶᠢᠨ᠎ᠠ᠃ ᠲᠣᠳᠣᠷᠬᠠᠢ ᠬᠡᠯᠡᠪᠡᠯ᠂ ᠲᠤᠭᠤᠯ ᠭᠣᠣᠯ ᠤᠨ ᠤᠰᠤ ᠲᠥᠪ ᠴᠡᠪᠡᠷᠯᠡᠬᠦ ᠪᠠᠶᠢᠭᠤᠯᠤᠮᠵᠢ ᠶᠢᠨ ᠴᠡᠪᠡᠷᠯᠡᠭᠳᠡᠭᠡᠳ ᠭᠠᠷᠴᠤ ᠪᠤᠢ ᠤᠰᠤ ᠨᠡᠶᠢᠯᠡᠭᠰᠡᠨ ᠡᠴᠡ ᠳᠣᠭᠣᠭᠰᠢ ᠪᠤᠶᠤ ᠰᠣᠩᠭᠢᠨ᠎ᠠ ᠳ᠋ᠣᠣ ᠳᠤ᠂ ᠰᠢᠨ᠎ᠡ ᠴᠡᠭ᠂ ᠬᠠᠳᠠᠨ ᠬᠢᠰᠠᠭᠠᠨ ᠤ ᠣᠷᠴᠢᠮ ᠳᠤ ᠭᠣᠣᠯ ᠤᠨ ᠤᠰᠤᠨ ᠤ ᠬᠦᠴᠢᠯᠲᠥᠷᠦᠭᠴᠢ ᠶᠢᠨ ᠭᠣᠷᠢᠮ ᠠᠯᠳᠠᠭᠳᠠᠵᠤ᠂ 0.05- 2.79 ᠮᠢᠯᠯᠢᠭᠷᠠᠮ/ᠯᠠ ᠳᠦ ᠬᠡᠯᠪᠡᠯᠵᠡᠵᠦ ᠪᠠᠶᠢᠭ᠎ᠠ ᠨᠢ ᠣᠨᠴᠠᠭᠠᠢ ᠶᠡᠬᠡ ᠪᠣᠬᠢᠷᠳᠠᠯ ᠤᠨ ᠲᠦᠪᠰᠢᠨ ᠳᠦ ᠬᠦᠷᠦᠭᠰᠡᠨ ᠪᠠᠶᠢᠨ᠎ᠠ᠃

ᠮᠥᠨ ᠪᠢᠣᠬᠢᠮᠢ ᠶᠢᠨ ᠬᠡᠷᠡᠭᠴᠡᠭᠡᠲᠦ ᠬᠦᠴᠢᠯᠲᠥᠷᠦᠭᠴᠢ (БХХ 5) ᠍ ᠶᠢᠨ ᠠᠭᠤᠯᠤᠮᠵᠢ ᠤᠰᠤᠨ ᠤ ᠴᠢᠨᠠᠷ ᠤᠨ ᠰᠲ᠋ᠠᠨᠳᠠᠷᠲ ᠪᠣᠯᠬᠤ ᠬᠦᠯᠢᠴᠡᠬᠦ ᠠᠭᠤᠯᠤᠮᠵᠢ ᠠᠴᠠ 27-78 ᠳᠠᠬᠢᠨ ᠳᠠᠪᠠᠵᠤ᠂ ᠣᠨᠴᠠᠭᠠᠢ ᠶᠡᠬᠡ ᠪᠣᠬᠢᠷᠳᠠᠯ ᠤᠨ ᠲᠦᠪᠰᠢᠨ ᠳᠦ ᠬᠦᠷᠴᠡᠢ᠃ ᠮᠥᠨ ᠤᠰᠤᠨ ᠳᠠᠬᠢ ᠠᠮᠮᠣᠨᠢ ᠶᠢᠨ ᠠᠽᠣᠲ ᠤᠨ ᠠᠭᠤᠯᠤᠮᠵᠢ 36-94 ᠳᠠᠬᠢᠨ ᠶᠡᠬᠡ᠂ ᠡᠷᠦᠳᠡᠰᠦ ᠹᠣᠰᠹᠣᠷ ᠤᠨ ᠠᠭᠤᠯᠤᠮᠵᠢ 5-30 ᠳᠠᠬᠢᠨ ᠶᠡᠬᠡ ᠪᠤᠶᠤ ᠶᠡᠬᠡ ᠪᠣᠬᠢᠷᠳᠠᠯ ᠤᠨ ᠲᠦᠪᠰᠢᠨ ᠳᠦ ᠭᠠᠷᠪᠠ᠃ ᠲᠡᠭᠦᠨᠴᠢᠯᠡᠨ ᠫᠧᠷ ᠮᠠᠩᠭᠠᠨᠠᠲᠤ ᠶᠢᠨ ᠢᠰᠦᠯ ᠳ᠋ᠡᠬᠢ ᠴᠢᠨᠠᠷ ᠤᠨ ᠠᠭᠤᠯᠤᠮᠵᠢ ᠬᠦᠯᠢᠴᠡᠬᠦ ᠠᠭᠤᠯᠤᠮᠵᠢ ᠠᠴᠠ 1.5-5.7 ᠳᠠᠬᠢᠨ ᠳᠠᠪᠠᠭᠰᠠᠨ ᠨᠢ ᠲᠤᠭᠤᠯ ᠭᠣᠣᠯ ᠤᠨ ᠡᠨᠡ ᠬᠡᠰᠡᠭ ᠲᠦ ᠤᠰᠤ ᠮᠠᠰᠢ ᠶᠡᠬᠡ ᠪᠣᠬᠢᠷᠳᠠᠯᠲᠠ ᠲᠠᠢ ᠨᠢ ᠪᠠᠲᠤᠯᠠᠭᠳᠠᠭᠰᠠᠨ ᠪᠠᠶᠢᠨ᠎ᠠ᠃

-ᠤᠯᠠᠭᠠᠨᠪᠠᠭᠠᠲᠤᠷ ᠬᠣᠲᠠ ᠶᠢᠨ ᠲᠥᠪ ᠴᠡᠪᠡᠷᠯᠡᠬᠦ ᠪᠠᠶᠢᠭᠤᠯᠤᠮᠵᠢ ᠶᠢᠨ ᠤᠷᠤᠬᠤ᠂ ᠭᠠᠷᠬᠤ ᠴᠡᠭ ᠡᠴᠡ ᠡᠩ ᠦᠨ ᠪᠣᠯᠤᠨ ᠬᠣᠨᠣᠭ ᠤᠨ ᠨᠡᠶᠢᠯᠡᠪᠦᠷᠢ ᠰᠣᠷᠢᠴᠠ ᠠᠪᠴᠤ ᠰᠢᠨᠵᠢᠯᠡᠭᠡ ᠬᠢᠭᠰᠡᠨ ᠳᠦᠩᠭᠡ ᠡᠴᠡ ᠦᠵᠡᠬᠦ ᠳᠦ ᠴᠡᠪᠡᠷᠰᠢᠭᠦᠯᠬᠦ ᠴᠢᠳᠠᠪᠤᠷᠢ ᠨᠢ 50.7-52.8 ᠬᠤᠪᠢ ᠲᠠᠢ ᠪᠠᠶᠢᠭᠰᠠᠨ᠃ ᠴᠡᠪᠡᠷᠰᠢ ᠡᠭᠦᠯᠡᠭᠡᠳ ᠭᠠᠷᠭᠠᠵᠤ ᠪᠠᠶᠢᠭ᠎ᠠ ᠤᠰᠤᠨ ᠳᠤ ᠪᠢᠣᠬᠢᠮᠢ ᠶᠢᠨ ᠬᠡᠷᠡᠭᠴᠡᠭᠡᠲᠦ ᠬᠦᠴᠢᠯᠲᠥᠷᠦᠭᠴᠢ 248-402 ᠮᠢᠯᠯᠢᠭᠷᠠᠮᠮ/ᠯᠠ᠂ ᠵᠢᠩᠯᠡᠭᠳᠡᠭᠰᠡᠨ ᠪᠣᠳᠠᠰ 117-263 ᠮᠢᠯᠯᠢᠭᠷᠠᠮ/ᠯᠠ᠂ ᠬᠢᠮᠢ ᠶᠢᠨ ᠬᠡᠷᠡᠭᠴᠡᠭᠡᠲᠦ ᠬᠦᠴᠢᠯᠲᠥᠷᠦᠭᠴᠢ 282 ᠮᠢᠯᠯᠢᠭᠷᠠᠮ/ᠯᠠ᠂ ᠠᠮᠮᠣᠨᠢ ᠶᠢᠨ ᠠᠽᠣᠲ 24.0-28.7 ᠮᠢᠯᠯᠢᠭᠷᠠᠮ/ᠯᠠ᠂ ᠡᠷᠦᠳᠡᠰᠦ ᠹᠣᠰᠹᠣᠷ 2.226-2.702 ᠮᠢᠯᠯᠢᠭᠷᠠᠮ/ᠯᠠ ᠠᠭᠤᠯᠤᠭᠳᠠᠵᠤ ᠪᠠᠶᠢᠯ᠎ᠠ᠃ ᠡᠨᠡ ᠨᠢ ᠬᠦᠷᠢᠶᠡᠯᠡᠨ ᠪᠤᠢ ᠤᠷᠴᠢᠨ ᠳᠤ ᠨᠡᠶᠢᠯᠡᠭᠦᠯᠬᠦ ᠴᠡᠪᠡᠷᠰᠢᠭᠦᠯᠦᠭᠰᠡᠨ ᠪᠣᠬᠢᠷ ᠤᠰᠤᠨ ᠤ MNS4943:2011 ᠰᠲ᠋ᠠᠨᠳᠠᠷᠲ ᠳᠠᠬᠢ ᠵᠥᠪᠰᠢᠶᠡᠷᠡᠭᠳᠡᠬᠦ ᠳᠡᠭᠡᠳᠦ ᠠᠭᠤᠯᠤᠮᠵᠢ ᠠᠴᠠ ᠪᠢᠣᠬᠢᠮᠢ ᠶᠢᠨ ᠬᠡᠷᠡᠭᠴᠡᠭᠡᠲᠦ ᠬᠦᠴᠢᠯᠲᠦ ᠥᠷᠥᠭᠴᠢ ᠶᠢᠨ ᠠᠭᠤᠯᠤᠮᠵᠢ 12-20 ᠳᠠᠬᠢᠨ᠂ ᠵᠢᠩᠯᠡᠭᠳᠡᠭᠰᠡᠨ ᠪᠣᠳᠠᠰ ᠤᠨ ᠠᠭᠤᠯᠤᠮᠵᠢ 2-5 ᠳᠠᠬᠢᠨ ᠶᠡᠬᠡ᠃ ᠮᠥᠨ ᠠᠮᠮᠣᠨᠢ ᠶᠢᠨ ᠠᠽᠣᠲ ᠤᠨ ᠠᠭᠤᠯᠤᠮᠵᠢ 4-5 ᠳᠠᠬᠢᠨ᠂ ᠡᠷᠦᠳᠡᠰᠦ ᠹᠣᠰᠹᠣᠷ ᠤᠨᠠᠭᠤᠯᠤᠮᠵᠢ 11-13 ᠳᠠᠬᠢᠨ ᠶᠡᠬᠡ ᠠᠭᠤᠯᠤᠭᠳᠠᠵᠤ ᠪᠠᠶᠢᠨ᠎ᠠ ᠭᠡᠰᠡᠨ ᠦᠭᠡ᠃ ᠡᠶᠢᠮᠦ ᠯᠠ ᠤᠰᠤ ᠶᠢ ᠲᠤᠭᠤᠯ ᠭᠣᠣᠯ ᠳᠤ ᠨᠡᠶᠢᠯᠡᠭᠦᠯᠵᠦ ᠪᠠᠶᠢᠨ᠎ᠠ᠃ ᠲᠡᠭᠦᠨᠴᠢᠯᠡᠨ ᠡᠨᠡᠬᠦ ᠰᠤᠳᠤᠯᠭ᠎ᠠ ᠶᠢ ᠬᠢᠬᠦ ᠦᠶ᠎ᠡ ᠳᠦ 《ᠬᠠᠷᠭᠢᠶ᠎ᠠ》 ᠴᠡᠪᠡᠷᠯᠡᠬᠦ ᠪᠠᠶᠢᠭᠤᠯᠤᠮᠵᠢ ᠪᠣᠯᠤᠨ ᠠᠷᠠᠰᠤ ᠰᠢᠷᠢᠨ ᠦ ᠦᠢᠯᠡᠳᠪᠦᠷᠢ ᠨᠦᠭᠦᠳ ᠠᠵᠢᠯᠯᠠᠭ᠎ᠠ ᠦᠭᠡᠢ ᠪᠠᠶᠢᠭᠰᠠᠨ᠃

ᠰᠡᠭᠦᠯ ᠦᠨ ᠵᠢᠯ ᠤᠨᠳ ᠲᠤ ᠨᠡᠶᠢᠰᠯᠡᠯ ᠤᠯᠠᠭᠠᠨᠪᠠᠭᠠᠲᠤᠷ ᠤᠨ ᠪᠠᠶᠢᠭᠠᠯᠢ ᠣᠷᠴᠢᠨ ᠤ ᠪᠣᠬᠢᠷᠳᠠᠯ ᠨᠢ ᠲᠤᠭᠤᠯ ᠭᠣᠣᠯ ᠳᠤ ᠨᠥᠯᠦᠭᠡᠯᠡᠵᠦ ᠰᠢᠷᠭᠢᠬᠦ ᠠᠶᠤᠯ ᠳᠤ ᠣᠷᠣᠭᠠᠳ ᠪᠠᠶᠢᠭ᠎ᠠ ᠪᠢᠯᠡ᠃ ᠡᠨᠡ ᠨᠢᠭᠡ 1 ᠍ ᠷᠲ ᠲᠡᠭᠦᠨ ᠳᠦ ᠴᠢᠳᠬᠤᠳᠠᠭ ᠣᠯᠠᠨ ᠵᠢᠵᠢᠭ ᠭᠣᠣᠯ᠂ ᠭᠣᠷᠭᠢ ᠶᠢ ᠬᠦᠮᠦᠨ ᠦ ᠪᠤᠷᠤᠭᠤ ᠲᠠᠢ ᠦᠢᠯᠡ ᠠᠵᠢᠯᠯᠠᠭᠠᠨ ᠠᠴᠠ ᠪᠣᠯᠵᠤ ᠰᠢᠷᠭᠢᠭᠰᠡᠨ/ᠲᠤᠬᠠᠶᠢᠯᠠᠪᠠᠯ ᠲᠦᠷᠭᠡᠨ ᠦ᠂ ᠤᠯᠢᠶᠠᠰᠤᠲᠠᠢ᠂ ᠰᠡᠯᠪᠢ᠂ ᠳᠤᠮᠳᠠ᠂ ᠲᠣᠯᠣᠭᠠᠢ ᠳᠤ/ 2 ᠍ ᠷᠲ 1950,60 ᠍ ᠊ᠭᠠᠳ ᠣᠨ ᠤ ᠦᠶ᠎ᠡ ᠳᠦ ᠭᠣᠣᠯ ᠤᠨ ᠡᠬᠢᠨ ᠬᠡᠰᠡᠭ ᠦᠨ ᠣᠢ᠂ ᠰᠢᠭᠤᠢ ᠶᠢ ᠶᠠᠮᠠᠷ ᠴᠤ ᠪᠣᠳᠣᠯᠭ᠎ᠠ ᠦᠭᠡᠢ ᠪᠡᠷ ᠣᠭᠲᠣᠯᠤᠭᠰᠠᠨ/ᠠᠬᠠᠮᠠᠳ ᠦᠶ᠎ᠡ ᠶᠢᠨ ᠬᠢᠨ ᠦ ᠳᠤᠷᠠᠰᠤᠮᠵᠢ ᠪᠠᠷ ᠰᠠᠯ᠂ ᠵᠠᠪᠢ ᠤᠷᠤᠰᠳᠠᠭ ᠪᠠᠶᠢᠭᠰᠠᠨ//. 3 ᠍ ᠷᠲ ᠤᠯᠠᠭᠠᠨᠪᠠᠭᠠᠲᠤᠷ ᠤᠨ ᠲᠥᠪ ᠴᠡᠪᠡᠷᠯᠡᠬᠦ ᠪᠠᠶᠢᠭᠤᠯᠤᠮᠵᠢ ᠶᠢᠨ ᠬᠠᠶᠠᠭᠳᠠᠯ ᠨᠢ ᠲᠤᠭᠤᠯ ᠭᠣᠣᠯ ᠳᠤ ᠴᠢᠳᠬᠤᠨ ᠣᠷᠣᠬᠤ ᠠᠴᠠ ᠭᠠᠳᠠᠨ᠎ᠠ ᠵᠠᠭᠠᠮᠠᠷ ᠳᠠᠬᠢ ᠠᠯᠲᠠ ᠣᠯᠪᠤᠷᠢᠯᠠᠯᠲᠠ 4 ᠍ ᠷᠲ ᠦᠢᠯᠡᠳᠪᠦᠷᠢ ᠶᠢᠨ ᠪᠣᠯᠤᠨ ᠠᠬᠤᠢ ᠶᠢᠨ ᠵᠣᠷᠢᠯᠭ᠎ᠠ ᠪᠠᠷ ᠬᠣᠲᠠ ᠶᠢᠨ ᠬᠡᠮᠵᠢᠶᠡᠨ ᠳᠦ ᠦᠢᠯᠡ ᠠᠵᠢᠯᠯᠠᠭ᠎ᠠ ᠶᠠᠪᠤᠭᠤᠯᠵᠤ ᠪᠠᠶᠢᠭ᠎ᠠ 3 ᠲᠣᠮᠣ ᠳᠤᠯᠠᠭᠠᠨ ᠤ ᠴᠠᠬᠢᠯᠭᠠᠨ ᠰᠲ᠋ᠠᠨᠼ᠂ ᠮᠥᠨ ᠦᠯᠡᠮᠵᠢ ᠲᠣᠭᠠᠨ ᠤ ᠠᠭᠤᠷ ᠤᠨ ᠵᠠᠭᠤᠬᠠᠨ ᠨᠤᠭᠤᠳ᠂ ᠢᠷᠭᠡᠳ ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ ᠨᠤᠭᠤᠳ ᠤᠨ ᠭᠦᠨ ᠦ ᠤᠰᠤᠨ ᠤ ᠬᠡᠷᠡᠭᠯᠡᠭᠡ᠂ 6 ᠍ ᠷᠲ ᠨᠡᠶᠢᠰᠯᠡᠯ ᠦᠨ ᠭᠠᠵᠠᠷ ᠨᠤᠲᠤᠭ ᠤᠨ ᠦᠯᠡᠮᠵᠢ ᠬᠡᠰᠡᠭ ᠦᠨ ᠮᠥᠩᠬᠡ ᠴᠡᠪᠳᠡᠭ ᠲᠡᠢ ᠬᠡᠰᠡᠭ ᠦᠨ ᠬᠥᠷᠥᠰᠥᠲᠡᠢ ᠬᠡᠰᠡᠭ ᠲᠦ ᠪᠠᠷᠢᠯᠭ᠎ᠠ ᠪᠠᠶᠢᠰᠢᠩ ᠣᠯᠠᠨ ᠢᠶᠠᠷ ᠪᠠᠷᠢᠭᠰᠠᠨ ᠨᠢ ᠬᠥᠷᠦᠰᠦᠨ ᠦ ᠤᠰᠤ ᠶᠢ ᠦᠯᠡᠮᠵᠢ ᠬᠡᠮᠵᠢᠶ᠎ᠡ ᠪᠡᠷ᠂ ᠡᠭᠦᠨ ᠳᠡᠭᠡᠷ᠎ᠡ ᠨᠡᠷᠮᠡᠭᠡᠰᠦ ᠪᠣᠯᠵᠤ ᠴᠠᠭ ᠠᠭᠤᠷ ᠤᠨ ᠳᠤᠯᠠᠭᠠᠷᠠᠯ ᠠᠴᠠ ᠰᠢᠯᠲᠠᠭᠠᠯᠠᠨ ᠠᠭᠤᠷᠰᠢᠬᠤ ᠳᠤ ᠳᠠᠪᠬᠤᠷ ᠨᠥᠯᠦᠭᠡᠯᠡᠵᠦ ᠪᠤᠢ ᠭᠡᠵᠦ ᠦᠵᠡᠳᠡᠭ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ