ᠲᠣᠷᠭᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠲᠣᠷᠭᠤᠳ («ᠲᠣᠷᠭᠠᠨ») ᠶᠠᠰᠤᠲᠠᠨ
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — 200 ᠮᠢᠩᠭ᠎ᠠ. ᠡᠭᠦᠨ ᠡᠴᠡ:

ᠣᠷᠣᠰ ᠣᠷᠣᠰ (ᠣᠷᠣᠰ ᠬᠣᠯᠪᠣᠭᠠᠨ ᠤ ᠤᠯᠤᠰ) — 82,500 (ᠲᠣᠭᠠᠴᠠᠭ᠎ᠠ)

ᠬᠠᠯᠢᠮᠠᠭ ᠶᠠᠰᠤᠲᠠᠨ ᠤ 45% ᠭᠡᠵᠦ ᠲᠣᠭᠠᠴᠠᠳᠠᠭ[1]

Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) — ᠲᠣᠭ᠎ᠠ ᠲᠣᠭᠠᠴᠠᠭ᠎ᠠ ᠦᠭᠡᠢ

ᠮᠣᠩᠭᠣᠯ ᠮᠣᠩᠭᠣᠯ (ᠮᠣᠩᠭᠣᠯ ᠤᠯᠤᠰ) — 14,176 (2010)[2]
ᠬᠡᠯᠡ ᠠᠶᠠᠯᠭᠤᠮᠣᠩᠭᠣᠯ ᠬᠡᠯᠡ (ᠥᠷᠥᠨᠡᠲᠦ ᠠᠶᠠᠯᠭᠤᠥᠷᠥᠨᠡᠲᠦ ᠲᠥᠪᠥᠶᠢᠨ
ᠵᠠᠪᠰᠠᠷ ᠤᠨ ᠠᠶᠠᠯᠭᠤ
), ᠮᠥᠨ ᠣᠷᠣᠰ ᠬᠡᠯᠡᠬᠢᠲᠠᠳ ᠬᠡᠯᠡ
ᠪᠢᠴᠢᠭ ᠦᠰᠦᠭᠬᠤᠳᠤᠮ᠂ ᠲᠣᠳᠣ ᠬᠣᠶᠠᠷ ᠮᠣᠩᠭᠣᠯ ᠦᠰᠦᠭ; ᠮᠣᠩᠭᠣᠯ᠂ ᠬᠠᠯᠢᠮᠠᠭ
ᠬᠣᠶᠠᠷ ᠺᠢᠷᠢᠯ ᠦᠰᠦᠭ
; ᠪᠠᠰᠠ ᠣᠷᠣᠰ ᠺᠢᠷᠢᠯ᠂ ᠬᠢᠲᠠᠳ ᠬᠠᠨᠵᠤ
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠪᠤᠰᠤᠳ ᠣᠶᠢᠷᠠᠳ᠂ ᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ

ᠲᠣᠷᠭᠤᠳ ᠪᠣᠯ ᠣᠶᠢᠷᠠᠳ ᠍ ᠤᠨ ᠨᠢᠭᠡᠨ ᠣᠪᠤᠭ ᠠᠶᠢᠮᠠᠭ ᠶᠤᠮ᠃ ᠠᠷᠪᠠᠨ ᠲᠠᠪᠤᠳᠤᠭᠠᠷ ᠵᠠᠭᠤᠨ ᠤ ᠦᠶ᠎ᠡ ᠳᠦ ᠣᠶᠢᠷᠠᠳ ᠤᠨ ᠪᠦᠷᠢᠯᠳᠦᠬᠦᠨ ᠳᠦ ᠣᠷᠣᠵᠠᠢ᠃ ᠲᠣᠷᠭᠤᠳ ᠤᠨ ᠵᠠᠷᠢᠮ ᠬᠡᠰᠡᠭ ᠳᠥᠷᠪᠡᠳᠬᠣᠱᠤᠳ ᠍ ᠤᠨ ᠬᠠᠮᠲᠤ ᠢᠵᠢᠯ ᠮᠥᠷᠡᠨ ᠳᠤ ᠣᠴᠢᠵᠤ ᠬᠠᠯᠢᠮᠠᠭᠡᠶᠢᠨ ᠬᠠᠭᠠᠨᠲᠤ ᠤᠯᠤᠰ ᠢ ᠪᠠᠶᠢᠭᠤᠯᠵᠤ ᠪᠠᠶᠢᠪᠠ᠃ ᠲᠣᠷᠭᠤᠳ ᠤᠨ ᠦᠯᠡᠳᠡᠭᠰᠡᠨ ᠬᠡᠰᠡᠭ ᠨᠢ ᠵᠦᠩᠭᠠᠷ ᠤᠨ ᠬᠠᠭᠠᠨᠲᠤ ᠤᠯᠤᠰ ᠍ ᠤᠨ ᠵᠠᠬᠢᠷᠭᠠᠨ ᠳᠤ ᠣᠷᠣᠭᠰᠠᠨ ᠪᠠ ᠪᠠᠰᠠ ᠵᠠᠷᠢᠮ ᠬᠡᠰᠡᠭ ᠨᠢ ᠬᠥᠬᠡ ᠨᠠᠭᠤᠷᠡᠵᠡᠨ ᠦ ᠭᠣᠣᠯ ᠳᠤ ᠣᠷᠣᠰᠢᠨ ᠰᠠᠭᠤᠵᠤ ᠪᠠᠶᠢᠪᠠ᠃ ᠲᠣᠷᠭᠤᠳ ᠤᠳ ᠣᠳᠣ ᠦᠶ᠎ᠡ ᠳᠦ ᠣᠷᠣᠰ ᠬᠣᠯᠪᠣᠭᠠᠨ ᠤ ᠤᠯᠤᠰ ᠍ ᠤᠨ ᠪᠦᠭᠦᠳᠡ ᠨᠠᠶᠢᠷᠠᠮᠳᠠᠬᠤ ᠬᠠᠯᠢᠮᠠᠭ ᠤᠯᠤᠰᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠶᠠᠩ-ᠤᠶᠢᠭᠤᠷ ᠤᠨ ᠥᠪᠡᠷᠲᠡᠭᠡᠨ ᠵᠠᠰᠠᠬᠤ ᠣᠷᠣᠨᠭᠠᠨᠢᠰᠤ ᠮᠤᠵᠢ᠂ ᠮᠣᠩᠭᠣᠯ ᠤᠯᠤᠰ ᠍ ᠤᠨ ᠬᠣᠪᠳᠣ ᠠᠶᠢᠮᠠᠭ ᠲᠤ ᠣᠷᠣᠰᠢᠨ ᠰᠠᠭᠤᠳᠠᠭ᠃

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠷᠭᠤᠳ ᠤᠳ ᠤᠨ ᠭᠠᠷᠤᠯ ᠡᠭᠦᠰᠦᠯ ᠦᠨ ᠲᠤᠬᠠᠢ ᠣᠯᠠᠨ ᠰᠠᠨᠠᠯ ᠪᠠᠶᠢᠳᠠᠭ᠃ ᠲᠣᠷᠭᠤᠳ ᠬᠡᠮᠡᠬᠦ ᠨᠡᠷ᠎ᠡ ᠨᠢ "ᠲᠤᠷᠬᠠᠭ" ᠭᠡᠰᠡᠨ ᠦᠭᠡᠨ ᠡᠴᠡ ᠡᠭᠦᠰᠦᠭᠰᠡᠨ ᠪᠣᠯᠤᠯᠲᠠᠢ᠃ "ᠲᠤᠷᠬᠠᠭ" ᠭᠡᠳᠡᠭ ᠨᠢ ᠲᠤᠷᠤᠭ ᠪᠡᠶᠡᠲᠡᠨ᠂ ᠲᠤᠷᠤᠭ ᠰᠢᠪᠠᠭᠤ ᠭᠡᠳᠡᠭ ᠦᠨ "ᠲᠤᠷᠤᠭ" ᠭᠡᠳᠡᠭ ᠦᠭᠡ ᠲᠡᠢ ᠬᠣᠪ᠎ᠠ ᠲᠠᠢ ᠪᠣᠯᠤᠯᠲᠠᠢ ᠪᠠᠶᠢᠳᠠᠭ᠃ "ᠲᠤᠷᠤᠭ" ᠭᠡᠳᠡᠭ ᠨᠢ ᠲᠣᠮᠣ᠂ ᠶᠡᠬᠡ ᠭᠡᠰᠡᠨ ᠤᠳᠬ᠎ᠠ ᠲᠠᠢ ᠦᠭᠡ ᠶᠤᠮ᠃ ᠲᠣᠷᠭᠤᠳ ᠤᠳ ᠢ ᠬᠡᠷᠡᠶᠢᠳ ᠠᠶᠢᠮᠠᠭ ᠤᠨ ᠤᠳᠤᠮ ᠭᠡᠵᠦ ᠵᠠᠷᠢᠮ ᠰᠤᠳᠤᠯᠤᠭᠠᠴᠢᠳ ᠦᠵᠡᠳᠡᠭ᠃ ᠡᠨᠡ ᠨᠢ ᠲᠣᠷᠭᠤᠳ ᠤᠨ ᠨᠣᠶᠠᠳ ᠤᠨ ᠤᠭ ᠤᠨ ᠪᠢᠴᠢᠭ ᠬᠡᠷᠡᠶᠢᠳ ᠦᠨᠸᠠᠩ ᠬᠠᠭᠠᠨ ᠠᠴᠠ ᠡᠬᠢᠯᠡᠭᠰᠡᠨ ᠲᠡᠢ ᠬᠣᠯᠪᠣᠭ᠎ᠠ ᠲᠠᠢ᠃ ᠲᠣᠷᠭᠤᠳ ᠤᠳ ᠬᠡᠷᠬᠢᠨ ᠲᠣᠷᠭᠤᠳ ᠬᠡᠮᠡᠨ ᠨᠡᠷᠡᠯᠡᠭᠳᠡᠬᠦ ᠪᠣᠯᠤᠭᠰᠠᠨ ᠲᠤᠬᠠᠢ ᠨᠢᠭᠡᠨ ᠡᠬᠢ ᠰᠤᠷᠪᠤᠯᠵᠢ ᠪᠠᠶᠢᠳᠠᠭ᠃ ᠲᠡᠭᠦᠨ ᠳᠦ: ᠲᠣᠷᠭᠤᠳ ᠤᠨ ᠡᠪᠦᠭᠡ ᠳᠡᠭᠡᠳᠦᠰ ᠢ ᠵᠠᠬᠢᠷᠴᠢ ᠪᠠᠶᠢᠭᠰᠠᠨ ᠠᠮᠤᠭᠤᠯᠠᠩ ᠲᠠᠶᠢᠰᠢ ᠥᠪᠡᠷ ᠦᠨ ᠬᠠᠷᠢᠶᠠᠲᠤ ᠠᠯᠪᠠᠲᠤ ᠶᠢᠨ ᠬᠠᠮᠲᠤ ᠣᠶᠢᠷᠠᠳ ᠤᠨ ᠲᠣᠭᠣᠭᠠᠨ ᠲᠠᠶᠢᠰᠢ ᠳᠤ ᠳᠠᠭᠠᠷ᠎ᠠ ᠣᠷᠣᠬᠤ ᠳᠤ ᠲᠣᠭᠣᠭᠠᠨ ᠲᠠᠶᠢᠰᠢ "ᠬᠥᠳᠡᠷ ᠴᠢᠭᠢᠷᠠᠭ ᠲᠤᠯᠠ ᠲᠣᠷᠭᠤᠳ ᠬᠡᠮᠡᠨ ᠨᠡᠷᠡᠯᠡᠶ᠎ᠡ" ᠬᠡᠮᠡᠭᠰᠡᠨ ᠲᠤᠯᠠ ᠲᠣᠷᠭᠤᠳ ᠬᠡᠮᠡᠭᠳᠡᠬᠦ ᠪᠣᠯᠤᠭᠰᠠᠨ ᠬᠡᠮᠡᠨ ᠦᠭᠦᠯᠡᠭᠰᠡᠨ ᠪᠠᠶᠢᠳᠠᠭ᠃ "ᠮᠣᠩᠭᠣᠯ ᠤᠨ ᠨᠢᠭᠤᠴᠠ ᠲᠣᠪᠴᠢᠶ᠎ᠠ" ᠍ ᠳᠦ ᠬᠡᠷᠡᠶᠢᠳ ᠦᠨ ᠸᠠᠩ ᠬᠠᠭᠠᠨ 1000 ᠲᠤᠷᠬᠠᠭ ᠴᠡᠷᠢᠭ ᠲᠡᠢ ᠪᠠᠶᠢᠭᠰᠠᠨ ᠲᠤᠬᠠᠢ ᠦᠭᠦᠯᠡᠭᠰᠡᠨ ᠪᠠᠶᠢᠳᠠᠭ᠃ ᠴᠢᠩᠭᠢᠰ ᠬᠠᠭᠠᠨᠢ 10000 ᠰᠢᠳᠠᠷ ᠬᠡᠰᠢᠭᠲᠡᠨ ᠴᠡᠷᠢᠭ ᠦᠨ 8000 ᠴᠡᠷᠢᠭ ᠨᠢ ᠲᠤᠷᠬᠠᠭ ᠴᠡᠷᠢᠭ ᠦᠳ ᠪᠠᠶᠢᠴᠠᠢ᠃ ᠮᠥᠨ ᠲᠣᠷᠭᠤᠳ ᠬᠡᠮᠡᠬᠦ ᠨᠡᠷ᠎ᠡ ᠶᠢᠨ ᠭᠠᠷᠤᠯ ᠡᠭᠦᠰᠦᠯ ᠢ ᠲᠦᠺ᠂ ᠲᠦᠷᠺ ᠤᠳ᠂ ᠲᠦᠷᠦᠭ ᠦᠳ᠂ ᠲᠦᠷᠺ ᠲᠤ ᠬᠡᠮᠡᠬᠦ ᠦᠭᠡ ᠨᠦᠭᠦᠳ ᠲᠡᠢ ᠬᠣᠯᠪᠣᠵᠤ ᠦᠵᠡᠬᠦ ᠶᠠᠪᠤᠳᠠᠯ ᠪᠠᠶᠢᠳᠠᠭ᠃

ᠠᠷᠪᠠᠨ ᠭᠤᠷᠪᠠ-ᠠᠷᠪᠠᠨ ᠲᠠᠪᠤᠳᠤᠭᠠᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠷᠭᠤᠳ ᠤᠨ ᠡᠭᠦᠰᠦᠯ ᠨᠢ ᠠᠷᠪᠠᠨ ᠭᠤᠷᠪᠠᠳᠤᠭᠠᠷ ᠵᠠᠭᠤᠨ ᠠᠴᠠ ᠡᠬᠢ ᠲᠡᠢ ᠭᠡᠵᠦ ᠪᠣᠯᠤᠨ᠎ᠠ᠃ ᠤᠴᠢᠷ ᠨᠢ ᠴᠢᠩᠭᠢᠰ ᠬᠠᠭᠠᠨ ᠤ ᠰᠢᠳᠠᠷ ᠬᠡᠰᠢᠭᠲᠡᠨ ᠴᠡᠷᠢᠭ ᠦᠨ ᠳᠣᠲᠣᠷ᠎ᠠ ᠲᠤᠷᠬᠠᠭ ᠬᠡᠮᠡᠬᠦ ᠴᠡᠷᠢᠭ ᠦᠳ ᠪᠠᠶᠢᠭᠰᠠᠨ ᠨᠢ ᠲᠣᠷᠭᠤᠳ ᠤᠨ ᠡᠪᠦᠭᠡ ᠳᠡᠭᠡᠳᠦᠰ ᠪᠣᠯᠤᠭᠰᠠᠨ ᠪᠠᠶᠢᠬᠤ ᠲᠠᠯ᠎ᠠ ᠲᠠᠢ᠃ 1368 ᠣᠨ ᠳᠤ ᠶᠤᠸᠠᠨ ᠤᠯᠤᠰ ᠮᠥᠬᠦᠭᠰᠡᠨ ᠦ ᠳᠠᠷᠠᠭ᠎ᠠ ᠮᠣᠩᠭᠣᠯᠴᠤᠳ ᠬᠣᠭᠣᠷᠣᠨᠳᠣ ᠪᠠᠨ ᠰᠢᠷᠦᠭᠦᠨ ᠲᠡᠮᠡᠴᠡᠯᠳᠦᠬᠦ ᠪᠣᠯᠪᠠ᠃ ᠡᠨᠡ ᠲᠡᠮᠡᠴᠡᠯ ᠦᠨ ᠦᠶ᠎ᠡ ᠪᠡᠷ ᠠᠷᠪᠠᠨ ᠲᠠᠪᠤᠳᠤᠭᠠᠷ ᠵᠠᠭᠤᠨ ᠤ ᠦᠶ᠎ᠡ ᠳᠦ ᠬᠡᠷᠡᠶᠢᠳ ᠦᠨ ᠠᠮᠤᠭᠤᠯᠠᠩ ᠲᠠᠶᠢᠰᠢ ᠬᠠᠷᠢᠶᠠᠲᠤ ᠠᠯᠪᠠᠲᠤ ᠪᠠᠨ ᠠᠪᠴᠤ᠂ ᠣᠶᠢᠷᠠᠳ ᠤᠨ ᠲᠣᠭᠣᠭᠠᠨ ᠲᠠᠶᠢᠰᠢᠢᠳᠡ ᠳᠠᠭᠠᠷ᠎ᠠ ᠤᠷᠤᠪᠠ᠃ ᠡᠨᠡ ᠦᠶᠡᠰ ᠬᠣᠶᠢᠰᠢ ᠲᠣᠷᠭᠤᠳ ᠠᠶᠢᠮᠠᠭ ᠣᠶᠢᠷᠠᠳ ᠤᠨ ᠨᠢᠭᠡᠨ ᠬᠡᠰᠡᠭ ᠪᠣᠯᠤᠭᠰᠠᠨ ᠶᠤᠮ᠃


ᠠᠷᠪᠠᠨ ᠵᠢᠷᠭᠤᠳᠤᠭᠠᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠵᠢᠷᠭᠤᠳᠤᠭᠠᠷ ᠵᠠᠭᠤᠨ ᠤ ᠦᠶ᠎ᠡ ᠳᠦ ᠣᠶᠢᠷᠠᠳ ᠤᠨ ᠳᠣᠲᠣᠭᠠᠳᠤ ᠪᠠᠶᠢᠳᠠᠯ ᠨᠡᠯᠢᠶᠡᠳ ᠵᠥᠷᠢᠴᠡᠯ ᠲᠡᠢ ᠪᠠᠶᠢᠯ᠎ᠠ᠃ ᠠᠷᠪᠠᠨ ᠲᠠᠪᠤᠳᠤᠭᠠᠷ ᠵᠠᠭᠤᠨ ᠤ ᠦᠶ᠎ᠡ ᠳᠦ ᠪᠣᠯᠤᠭᠰᠠᠨ ᠡᠰᠡᠨ ᠬᠠᠭᠠᠨ ᠤ ᠤᠨᠠᠯᠲᠠ ᠶᠢᠨ ᠤᠯᠠᠮ ᠠᠴᠠ ᠳᠥᠷᠪᠡᠨ ᠣᠶᠢᠷᠠᠳ ᠤᠨ ᠬᠣᠯᠪᠣᠭ᠎ᠠ ᠵᠠᠳᠠᠷᠠᠵᠤ᠂ ᠬᠡᠳᠦᠨ ᠬᠡᠰᠡᠭ ᠲᠦ ᠬᠤᠪᠢᠶᠠᠭᠳᠠᠵᠠᠢ᠃ ᠵᠡᠭᠦᠨ ᠮᠣᠩᠭᠣᠯ ᠤᠨ ᠢᠵᠠᠭᠤᠷᠲᠠᠨ ᠨᠤᠭᠤᠳ ᠡᠭᠦᠨ ᠢ ᠠᠰᠢᠭᠯᠠᠨ ᠳᠥᠷᠪᠡᠨ ᠣᠶᠢᠷᠠᠳ ᠤᠨ ᠬᠣᠯᠪᠣᠭᠠᠨ ᠳᠤ ᠪᠠᠭᠳᠠᠵᠣ ᠪᠠᠶᠢᠭᠰᠠᠨ ᠪᠠᠷᠭᠤᠪᠤᠷᠢᠶᠠᠳᠲᠦᠮᠡᠳᠡᠶᠢᠭ ᠡᠷᠬᠡᠨ ᠳᠦ ᠪᠡᠨ ᠣᠷᠣᠭᠤᠯᠵᠠᠢ᠃ ᠭᠡᠰᠡᠨ ᠬᠡᠳᠦᠢ ᠴᠤ ᠣᠶᠢᠷᠠᠳ ᠤᠳ ᠬᠦᠴᠦᠷᠬᠡᠭ ᠬᠡᠪ ᠢᠶᠡᠷ ᠪᠠᠶᠢᠭᠰᠠᠨ ᠲᠤᠯᠠ Xᠵᠢᠷᠭᠤᠳᠤᠭᠠᠷ ᠵᠠᠭᠤᠨ ᠤ ᠡᠬᠢᠨ᠂ ᠳᠤᠮᠳᠠ ᠦᠶ᠎ᠡ ᠳᠦ ᠲᠦᠮᠡᠳ ᠦᠨ ᠠᠯᠲᠠᠨ ᠬᠠᠨᠬᠠᠯᠬ᠎ᠠ ᠍ ᠤᠨ ᠠᠪ ᠲᠠᠢ ᠰᠠᠶᠢᠨ ᠬᠠᠨ ᠨᠠᠷ ᠣᠶᠢᠷᠠᠳ ᠢ ᠣᠯᠠᠨᠲᠠ ᠳᠣᠪᠲᠣᠯᠤᠭᠰᠠᠨ ᠠᠵᠡᠢ᠃ ᠠᠷᠪᠠᠨ ᠵᠢᠷᠭᠤᠳᠤᠭᠠᠷ ᠵᠠᠭᠤᠨ ᠤ ᠳᠤᠮᠳᠠ ᠦᠶ᠎ᠡ ᠳᠦ ᠣᠷᠳᠣᠰ ᠍ ᠤᠨ ᠬᠤᠲᠤᠭ ᠲᠠᠢ ᠰᠡᠴᠡᠨ ᠬᠤᠩᠲᠠᠶᠢᠵᠢ ᠣᠶᠢᠷᠠᠳ ᠢ ᠬᠣᠶᠠᠷ ᠤᠳᠠᠭ᠎ᠠ ᠳᠣᠪᠲᠣᠯᠤᠭᠰᠠᠨ ᠪᠠᠶᠢᠳᠠᠭ᠃ ᠲᠦᠮᠡᠳ᠂ ᠣᠷᠳᠣᠰ ᠤᠨ ᠨᠣᠶᠠᠳ ᠤᠨ ᠳᠣᠪᠲᠣᠯᠭᠠᠨ ᠳᠤ ᠣᠶᠢᠷᠠᠳ ᠤᠨ ᠠᠶᠢᠮᠠᠭ ᠤᠳ ᠪᠠᠶᠢᠩᠭᠤ ᠥᠷᠲᠥᠵᠦ᠂ ᠬᠣᠬᠢᠷᠠᠯ ᠠᠮᠰᠠᠭᠰᠠᠭᠠᠷ ᠪᠠᠶᠢᠪᠠ᠃ ᠲᠦᠮᠡᠳ ᠦᠨ ᠠᠯᠲᠠᠨ ᠬᠠᠨ ᠨᠢᠭᠡᠨ ᠤᠳᠠᠭ᠎ᠠ ᠶᠢᠨ ᠳᠣᠪᠲᠣᠯᠭᠠᠨ ᠢᠶᠠᠷ ᠢᠶᠠᠨ ᠲᠣᠷᠭᠤᠳ ᠤᠨ ᠪᠤᠤᠷ᠎ᠠ ᠨᠣᠶᠠᠨ ᠢ ᠪᠤᠲᠠ ᠴᠣᠬᠢᠵᠤ᠂ ᠴᠣᠷᠣᠰᠪᠠᠭᠠᠲᠤ ᠨᠤᠭᠤᠳ ᠠᠶᠢᠮᠠᠭ ᠤᠳ ᠢ ᠲᠦᠢᠪᠡᠭᠡᠵᠢ ᠪᠡᠨ᠃ Xᠵᠢᠷᠭᠤᠳᠤᠭᠠᠷ ᠵᠠᠭᠤᠨ ᠤ ᠰᠡᠭᠦᠯ ᠦᠶᠡᠰ ᠬᠣᠲᠣᠭᠣᠶᠢᠳ ᠍ ᠤᠨ ᠱᠣᠯᠣᠢ ᠤᠪᠠᠰᠢ ᠬᠤᠨ ᠲᠠᠶᠢᠵᠢ ᠣᠶᠢᠷᠠᠳ ᠢ ᠳᠣᠪᠲᠣᠯᠬᠤ ᠪᠣᠯᠵᠠᠢ᠃ ᠲᠡᠷᠡᠪᠡᠷ ᠣᠶᠢᠷᠠᠳ ᠲᠠᠢ ᠣᠯᠠᠨ ᠤᠳᠠᠭ᠎ᠠ ᠳᠠᠶᠢᠲᠤᠵᠤ᠂ ᠵᠠᠷᠢᠮ ᠦᠶ᠎ᠡ ᠳᠦ ᠠᠮᠵᠢᠯᠲᠠ ᠣᠯᠵᠤ ᠪᠠᠶᠢᠴᠠᠢ᠃

ᠠᠷᠪᠠᠨ ᠳᠣᠯᠤᠳᠤᠭᠠᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠳᠣᠯᠤᠳᠤᠭᠠᠷ ᠵᠠᠭᠤᠨ ᠤ ᠡᠬᠢᠨ ᠦᠶ᠎ᠡ ᠳᠦ ᠣᠶᠢᠷᠠᠳ ᠤᠳ ᠵᠡᠭᠦᠨ ᠵᠦᠭ ᠲᠤ ᠬᠣᠲᠣᠭᠣᠶᠢᠳ ᠤᠨ ᠱᠣᠯᠣᠢ ᠤᠪᠠᠰᠢ ᠬᠤᠨ ᠲᠠᠶᠢᠵᠢ ᠲᠠᠢ᠂ ᠪᠠᠷᠠᠭᠤᠨ ᠵᠦᠭ ᠲᠤ ᠬᠠᠰᠠᠭ ᠤᠳ ᠲᠠᠢ ᠵᠥᠷᠢᠴᠡᠯᠳᠦᠨ ᠳᠠᠶᠢᠲᠤᠵᠤ ᠪᠠᠶᠢᠪᠠ᠃ ᠡᠨᠡ ᠲᠡᠮᠡᠴᠡᠯ ᠳᠦ ᠣᠶᠢᠷᠠᠳ ᠤᠳ ᠶᠡᠬᠡ ᠬᠣᠬᠢᠷᠠᠯ ᠦᠵᠡᠵᠦ ᠪᠠᠶᠢᠯ᠎ᠠ᠃ ᠡᠭᠦᠨ ᠦ ᠵᠡᠷᠭᠡᠴᠡᠭᠡ ᠳᠣᠲᠣᠭᠠᠳᠤ ᠶᠢᠨ ᠵᠥᠷᠢᠴᠡᠯ ᠬᠤᠷᠴᠠᠳᠠᠵᠤ᠂ ᠲᠡᠭᠦᠨ ᠢ ᠵᠣᠬᠢᠴᠠᠭᠤᠯᠬᠤ ᠳᠤ ᠶᠡᠬᠡᠬᠡᠨ ᠪᠡᠷᠬᠡᠰᠢᠶᠡᠯ ᠲᠡᠢ ᠪᠣᠯᠤᠭᠰᠠᠭᠠᠷ ᠪᠠᠶᠢᠪᠠ᠃ ᠳᠣᠲᠣᠭᠠᠳᠤ ᠶᠢᠨ ᠲᠡᠮᠡᠴᠡᠯ ᠦᠨ ᠭᠣᠣᠯ ᠰᠢᠯᠲᠠᠭᠠᠨ ᠨᠢ ᠨᠤᠲᠤᠭ ᠪᠡᠯᠴᠢᠭᠡᠷ᠂ ᠬᠠᠷᠢᠶᠠᠲᠤ ᠠᠯᠪᠠᠲᠤ ᠪᠠᠨ ᠪᠤᠯᠢᠶᠠᠯᠳᠤᠭᠰᠠᠨ ᠶᠠᠪᠤᠳᠠᠯ ᠪᠠᠶᠢᠴᠠᠢ᠃ ᠣᠶᠢᠷᠠᠳ ᠤᠨ ᠨᠣᠶᠠᠳ ᠰᠢᠨ᠎ᠡ ᠨᠤᠲᠤᠭ ᠪᠡᠯᠴᠢᠭᠡᠷ ᠣᠯᠵᠤ ᠠᠪᠬᠤ ᠵᠣᠷᠢᠯᠭ᠎ᠠ ᠪᠠᠷ ᠬᠣᠯᠠ ᠣᠶᠢᠷ᠎ᠠ ᠶᠢᠨ ᠨᠡᠭᠦᠳᠡᠯ ᠬᠢᠬᠦ ᠪᠣᠯᠵᠠᠢ᠃ 1620 ᠍  ᠣᠨ ᠳᠤ ᠲᠣᠷᠭᠤᠳ ᠤᠨ ᠬᠠ ᠥᠷᠯᠥᠭ ᠳᠥᠷᠪᠡᠳ ᠦᠨ ᠳᠠᠯᠠᠢ ᠲᠠᠶᠢᠰᠢ ᠶᠢᠨ ᠬᠠᠮᠲᠤ ᠢᠵᠢᠯ ᠮᠥᠷᠡᠨ ᠳᠦ ᠨᠡᠭᠦᠵᠦ ᠣᠴᠢᠵᠠᠢ᠃ ᠲᠡᠳᠡᠨ ᠦ ᠬᠣᠶᠢᠨ᠎ᠠ ᠠᠴᠠ ᠬᠣᠱᠤᠳ ᠤᠨ ᠬᠥᠨᠳᠡᠯᠡᠨ ᠤᠪᠠᠰᠢ ᠥᠪᠡᠷ ᠦᠨ ᠠᠬ᠎ᠠ ᠣᠴᠢᠷ ᠲᠤ ᠰᠡᠴᠡᠨ ᠬᠠᠨ ᠲᠠᠢ ᠮᠠᠭᠤᠳᠠᠯᠴᠠᠭᠰᠠᠨ ᠤ ᠤᠯᠠᠮ ᠠᠴᠠ ᠬᠠᠷᠢᠶᠠᠲᠤ ᠠᠯᠪᠠᠲᠤ ᠪᠠᠨ ᠠᠪᠤᠨ ᠣᠴᠢᠵᠤ ᠨᠡᠶᠢᠯᠡᠵᠡᠢ᠃ 1630 ᠍ ᠊ᠭᠠᠳ ᠣᠨ ᠳᠤ ᠬᠣᠱᠤᠳ ᠠᠶᠢᠮᠠᠭ ᠤᠨ ᠨᠢᠭᠡᠨ ᠬᠡᠰᠡᠭ ᠭᠦᠦᠰᠢ ᠬᠠᠨ ᠲᠥᠷᠦᠪᠠᠶᠢᠬᠤ ᠶᠢᠨ ᠤᠳᠤᠷᠢᠳᠤᠯᠭ᠎ᠠ ᠪᠠᠷ ᠬᠥᠬᠡ ᠨᠠᠭᠤᠷ ᠲᠤ ᠣᠴᠢᠵᠤ ᠰᠠᠭᠤᠴᠠᠢ᠃ ᠨᠤᠲᠤᠭ ᠲᠤ ᠪᠠᠨ ᠦᠯᠡᠳᠡᠭᠰᠡᠨ ᠣᠶᠢᠷᠠᠳ ᠤᠳ ᠤᠨ ᠳᠣᠲᠣᠷ᠎ᠠ ᠴᠣᠷᠣᠰ ᠤᠳ ᠮᠠᠩᠯᠠᠶᠢᠯᠠᠬᠤ ᠪᠣᠯᠵᠤ᠂ ᠵᠦᠩᠭᠠᠷ ᠤᠨ ᠬᠠᠭᠠᠨᠲᠤ ᠤᠯᠤᠰ ᠍ ᠢ ᠪᠠᠶᠢᠭᠤᠯᠵᠠᠢ᠃ ᠴᠣᠷᠣᠰ ᠠᠶᠢᠮᠠᠭ ᠤᠨ ᠡᠵᠡᠨ ᠪᠠᠭᠠᠲᠤᠷ ᠬᠤᠩᠲᠠᠶᠢᠵᠢ ᠨᠡᠭᠦᠵᠦ ᠣᠳᠤᠭᠰᠠᠨ ᠣᠶᠢᠷᠠᠳ ᠤᠳ ᠲᠠᠢ ᠬᠠᠷᠢᠯᠴᠠᠭ᠎ᠠ ᠪᠠᠨ ᠬᠡᠪ ᠢᠶᠡᠷ ᠬᠠᠳᠠᠭᠠᠯᠠᠬᠤ ᠪᠣᠳᠣᠯᠭ᠎ᠠ ᠶᠠᠪᠤᠭᠤᠯᠵᠤ᠂ ᠲᠣᠷᠭᠤᠳ ᠤᠨ ᠬᠠ ᠥᠷᠯᠥᠭ᠂ ᠰᠢᠬᠦᠷ ᠳᠠᠶᠢᠴᠢᠨ ᠨᠠᠷᠠᠲᠠᠢ ᠤᠷᠤᠭ ᠪᠠᠷᠢᠯᠳᠤᠵᠠᠢ᠃ ᠮᠥᠨ ᠭᠦᠦᠰᠢ ᠬᠠᠨ ᠲᠥᠷᠦᠪᠠᠶᠢᠬᠤ ᠲᠠᠢ ᠬᠤᠳᠠ ᠤᠷᠤᠭ ᠪᠣᠯᠤᠯᠴᠠᠪᠠ᠃ ᠢᠵᠢᠯ ᠮᠥᠷᠡᠨ ᠳᠦ ᠣᠴᠢᠭᠰᠠᠨ ᠲᠣᠷᠭᠤᠳ ᠭᠣᠣᠯᠳᠠᠭᠤ ᠣᠶᠢᠷᠠᠳ ᠤᠳ ᠠᠶᠤᠱᠢ ᠬᠠᠭᠠᠨ ᠤ ᠦᠶ᠎ᠡ ᠳᠦ ᠤᠯᠠᠮ ᠬᠦᠴᠦᠷᠬᠡᠭᠵᠢᠵᠦ᠂ ᠬᠠᠯᠢᠮᠠᠭ ᠤᠨ ᠬᠠᠭᠠᠨᠲᠤ ᠤᠯᠤᠰ ᠢ ᠪᠠᠶᠢᠭᠤᠯᠵᠠᠢ᠃ ᠬᠠᠯᠢᠮᠠᠭ ᠤᠳ ᠣᠷᠣᠰ ᠲᠠᠢ ᠣᠷᠣᠰ ᠤᠨ ᠵᠡᠭᠦᠨ ᠡᠮᠦᠨᠡᠲᠦ ᠬᠢᠯᠢ ᠶᠢ ᠭᠠᠳᠠᠨ᠎ᠠ ᠶᠢᠨ ᠬᠠᠯᠳᠠᠯᠭ᠎ᠠ ᠠᠴᠠ ᠬᠠᠮᠠᠭᠠᠯᠠᠬᠤ ᠬᠣᠯᠪᠣᠭᠠᠲᠠᠨ ᠤ ᠭᠡᠷ᠎ᠡ ᠶᠢ ᠬᠡᠶᠢᠵᠢᠭᠡ᠃ ᠬᠠᠯᠢᠮᠠᠭ ᠤᠳ ᠬᠣᠯᠪᠣᠭᠠᠲᠠᠨ ᠤ ᠡᠭᠦᠷᠭᠡ ᠪᠡᠨ ᠠᠮᠵᠢᠯᠲᠠ ᠲᠠᠢ ᠪᠡᠶᠡᠯᠡᠭᠦᠯᠵᠦ᠂ ᠣᠷᠣᠰ ᠤᠨ ᠴᠡᠷᠢᠭ ᠦᠨ ᠬᠢᠭᠰᠡᠨ ᠪᠦᠬᠦᠢ ᠯᠠ ᠠᠶᠠᠨ ᠳᠠᠶᠢᠨ ᠳᠤ ᠬᠠᠮᠲᠤᠷᠠᠨ ᠳᠠᠶᠢᠲᠤᠵᠤ ᠪᠠᠶᠢᠯ᠎ᠠ᠃ ᠨᠤᠲᠤᠭ ᠲᠤ ᠪᠠᠨ ᠦᠯᠡᠳᠡᠭᠰᠡᠨ ᠲᠣᠷᠭᠤᠳ ᠤᠳ ᠵᠦᠩᠭᠠᠷ ᠤᠨ ᠬᠠᠭᠠᠨᠲᠤ ᠤᠯᠤᠰ ᠤᠨ ᠵᠠᠬᠢᠷᠭᠠᠨ ᠳᠤ ᠣᠷᠣᠵᠠᠢ᠃

ᠠᠷᠪᠠᠨ ᠨᠠᠢᠮᠠᠳᠤᠭᠠᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠨ ᠨᠠᠢᠮᠠᠳᠤᠭᠠᠷ ᠵᠠᠭᠤᠨ ᠤ ᠡᠬᠢᠨ ᠦᠶ᠎ᠡ ᠳᠦ ᠵᠦᠩᠭᠠᠷ ᠤᠨ ᠬᠠᠭᠠᠨᠲᠤ ᠤᠯᠤᠰ ᠢ ᠰᠡᠸᠡᠩᠷᠠᠪᠳᠠᠨ ᠵᠠᠬᠢᠷᠴᠦ ᠪᠠᠶᠢᠯ᠎ᠠ᠃ ᠰᠡᠸᠡᠩᠷᠠᠪᠳᠠᠨ ᠬᠠᠯᠢᠮᠠᠭ ᠤᠨ ᠠᠶᠤᠱᠢ ᠬᠠᠭᠠᠨ ᠲᠠᠢ ᠬᠤᠳᠠ ᠤᠷᠤᠭ ᠪᠣᠯᠤᠯᠴᠠᠵᠤ ᠪᠠᠶᠢᠪᠠ᠃ ᠡᠨᠡ ᠬᠠᠷᠢᠯᠴᠠᠭ᠎ᠠ ᠶᠢ ᠰᠡᠸᠡᠩᠷᠠᠪᠳᠤᠩ ᠤᠨ ᠵᠠᠯᠭᠠᠮᠵᠢᠯᠠᠭᠴᠢ ᠭᠠᠯᠳᠠᠨᠴᠡᠷᠡᠩ ᠴᠤ ᠦᠷᠭᠦᠯᠵᠢᠯᠡᠭᠦᠯᠵᠦ ᠪᠠᠶᠢᠯ᠎ᠠ᠃ ᠬᠠᠯᠢᠮᠠᠭ ᠤᠨ ᠠᠶᠤᠱᠢ ᠬᠠᠭᠠᠨ ᠤ ᠠᠴᠢ ᠬᠦᠦ ᠷᠠᠪᠵᠢᠷ 450 ᠬᠦᠮᠦᠨ ᠦ ᠬᠠᠮᠲᠤ ᠲᠦᠪᠡᠳ ᠲᠦ ᠣᠴᠢᠵᠤ᠂ ᠮᠥᠷᠭᠥᠯ ᠦᠢᠯᠡᠳᠦᠭᠡᠳ ᠪᠤᠴᠠᠬᠤ ᠭᠡᠰᠡᠨ ᠪᠣᠯᠪᠠᠴᠤ ᠵᠤᠩᠭ᠋ᠠᠷ᠂ ᠬᠠᠯᠢᠮᠠᠭ ᠤᠨ ᠬᠠᠷᠢᠯᠴᠠᠭ᠎ᠠ ᠬᠤᠷᠴᠠᠳᠠᠭᠰᠠᠨ ᠲᠤᠯᠠ ᠮᠠᠨᠵᠤ ᠶᠢᠨ ᠨᠤᠲᠤᠭ ᠢᠶᠠᠷ ᠳᠠᠭᠠᠷᠢᠨ ᠢᠵᠢᠯ ᠮᠥᠷᠡᠨ ᠷᠦᠦ ᠪᠤᠴᠠᠬᠤ ᠶᠢ ᠣᠷᠣᠯᠳᠤᠵᠠᠢ᠃ ᠭᠡᠪᠡᠴᠦ ᠮᠠᠨᠵᠤ ᠶᠢᠨ ᠡᠩᠬᠡ ᠠᠮᠤᠭᠤᠯᠠᠩ ᠬᠠᠭᠠᠨ ᠲᠡᠭᠦᠨ ᠢ ᠪᠡᠭᠡᠵᠢᠩ ᠳᠦ ᠠᠪᠠᠴᠢᠵᠤ᠂ ᠴᠣᠯᠠ ᠬᠡᠷᠭᠡᠮ ᠱᠠᠩᠨᠠᠭᠠᠳ ᠷᠠᠪᠵᠢᠷ ᠤᠨ ᠲᠣᠷᠭᠤᠳ ᠤᠳ ᠢᠶᠠᠷ ᠡᠵᠡᠨ ᠦ ᠭᠣᠣᠯ ᠳᠤ ᠬᠣᠰᠢᠭᠤ ᠪᠠᠶᠢᠭᠤᠯᠵᠤ᠂ ᠵᠠᠬᠢᠷᠤᠭᠤᠯᠤᠨ ᠰᠠᠭᠤᠯᠭᠠᠵᠠᠢ᠃ ᠡᠨᠡ ᠨᠢ ᠡᠵᠡᠨ ᠦ ᠭᠣᠣᠯ ᠤᠨ ᠲᠣᠷᠭᠤᠳ ᠤᠳ ᠪᠣᠯᠤᠭᠰᠠᠨ ᠶᠤᠮ᠃ ᠬᠠᠯᠢᠮᠠᠭ ᠤᠨ ᠠᠶᠤᠱᠢ ᠬᠠᠭᠠᠨ ᠷᠠᠪᠵᠢᠷ ᠢ ᠡᠷᠭᠢᠭᠦᠯᠦᠨ ᠥᠭᠬᠦ ᠶᠢ ᠮᠠᠨᠵᠤ ᠶᠢᠨ ᠡᠩᠬᠡ ᠠᠮᠤᠭᠤᠯᠠᠩ ᠬᠠᠭᠠᠨ ᠠᠴᠠ ᠬᠦᠰᠡᠭᠰᠡᠨ ᠪᠣᠯᠪᠠᠴᠤ ᠪᠦᠲᠦᠭᠡ ᠦᠭᠡᠢ ᠪᠠᠶᠢᠨ᠎ᠠ᠃ ᠠᠷᠪᠠᠨ ᠨᠠᠢᠮᠠᠳᠤᠭᠠᠷ ᠵᠠᠭᠤᠨ ᠤ ᠳᠤᠮᠳᠠ ᠦᠶ᠎ᠡ ᠳᠦ ᠵᠦᠩᠭᠠᠷ ᠤᠨ ᠬᠠᠭᠠᠨᠲᠤ ᠤᠯᠤᠰ ᠮᠠᠨᠵᠤ ᠴᠢᠩ ᠤᠯᠤᠰ ᠲᠤ ᠡᠵᠡᠯᠡᠭᠳᠡᠵᠡᠢ᠃ ᠠᠷᠪᠠᠨ ᠨᠠᠢᠮᠠᠳᠤᠭᠠᠷ ᠵᠠᠭᠤᠨ ᠤ ᠰᠡᠭᠦᠯ ᠦᠶ᠎ᠡ ᠳᠦ ᠣᠷᠣᠰ ᠤᠳ ᠬᠠᠯᠢᠮᠠᠭ ᠤᠨ ᠬᠠᠭᠠᠨᠲᠤ ᠤᠯᠤᠰ ᠤᠨ ᠡᠷᠬᠡ ᠮᠡᠳᠡᠯ ᠢ ᠵᠦᠢᠯ ᠪᠦᠷᠢ ᠪᠡᠷ ᠬᠢᠵᠠᠭᠠᠷᠯᠠᠬᠤ ᠪᠣᠯᠪᠠ᠃ ᠬᠠᠯᠢᠮᠠᠭ ᠤᠨ ᠬᠠᠭᠠᠨᠲᠤ ᠤᠯᠤᠰ ᠣᠷᠣᠰ ᠤᠨ ᠬᠠᠷᠢᠶᠠᠲᠤ ᠪᠣᠯᠤᠨ ᠬᠤᠪᠢᠷᠠᠯ᠎ᠠ᠃ ᠲᠡᠭᠦᠨ ᠦ ᠤᠯᠠᠮ ᠠᠴᠠ ᠬᠠᠯᠢᠮᠠᠭ ᠤᠨ ᠤᠪᠠᠰᠢ ᠬᠠᠭᠠᠨ ᠢᠵᠢᠯ ᠮᠥᠷᠡᠨ ᠦ ᠵᠡᠭᠦᠨ ᠡᠷᠭᠢ ᠳᠦ ᠰᠠᠭᠤᠵᠤ ᠪᠠᠶᠢᠭᠰᠠᠨ ᠬᠠᠯᠢᠮᠠᠭ ᠤᠳ ᠢ ᠠᠪᠤᠨ ᠵᠦᠩᠭᠠᠷ ᠤᠨ ᠵᠦᠭ ᠨᠡᠭᠦᠵᠠᠢ᠃ ᠢᠵᠢᠯ ᠮᠥᠷᠡᠨ ᠦ ᠪᠠᠷᠠᠭᠤᠨ ᠡᠷᠭᠢ ᠳᠦ ᠰᠠᠭᠤᠵᠤ ᠪᠠᠶᠢᠭᠰᠠᠨ ᠬᠠᠯᠢᠮᠠᠭ ᠤᠳ ᠮᠥᠷᠡᠨ ᠦ ᠮᠥᠰᠥ ᠴᠥᠮᠦᠷᠡᠭᠰᠡᠨ ᠡᠴᠡ ᠪᠣᠯᠵᠤ᠂ ᠨᠡᠭᠦᠵᠦ ᠴᠢᠳᠠᠭ᠎ᠠ ᠦᠭᠡᠢ ᠪᠠᠶᠢᠨ᠎ᠠ᠃ ᠶᠢᠰᠦᠨ ᠰᠠᠷ᠎ᠠ ᠶᠢᠨ ᠲᠤᠷᠰᠢ ᠦᠷᠭᠦᠯᠵᠢᠯᠡᠭᠰᠡᠨ ᠬᠦᠨᠳᠦ ᠬᠡᠴᠡᠭᠦᠦ ᠨᠡᠭᠦᠳᠡᠯ ᠦᠨ ᠡᠴᠦᠰ ᠲᠦ ᠮᠠᠨᠵᠤ ᠴᠢᠩ ᠤᠯᠤᠰ ᠤᠨ ᠮᠡᠳᠡᠯ ᠳᠦ ᠣᠷᠣᠭᠰᠠᠨ ᠵᠦᠩᠭᠠᠷ ᠤᠨ ᠨᠤᠲᠤᠭ ᠲᠤ ᠢᠷᠡᠵᠡᠢ᠃ ᠶᠡᠬᠡ ᠨᠡᠭᠦᠳᠡᠯ ᠦᠨ ᠵᠠᠮ ᠳᠤ ᠶᠡᠬᠡ ᠬᠣᠬᠢᠷᠠᠯ ᠠᠮᠰᠠᠭᠰᠠᠨ ᠤᠪᠠᠰᠢ ᠬᠠᠭᠠᠨ ᠠᠷᠭ᠎ᠠ ᠪᠤᠶᠤ ᠮᠠᠨᠵᠤ ᠴᠢᠩ ᠤᠯᠤᠰ ᠲᠤ ᠳᠠᠭᠠᠷ᠎ᠠ ᠣᠷᠣᠭᠰᠠᠨ ᠠᠵᠡᠢ᠃ ᠮᠠᠨᠵᠤ ᠨᠠᠷ ᠲᠡᠳᠡᠨ ᠢ ᠰᠢᠨᠵᠢᠶᠠᠩ ᠮᠤᠵᠢ ᠶᠢᠨ ᠨᠤᠲᠤᠭ ᠢᠶᠠᠷ ᠲᠠᠷᠠᠭᠠᠨ ᠰᠠᠭᠤᠯᠭᠠᠵᠤ᠂ ᠲᠠᠪᠤᠨ ᠴᠢᠭᠤᠯᠭᠠᠨ ᠪᠦᠬᠦᠢ ᠬᠣᠱᠤᠳ ᠲᠤ ᠬᠤᠪᠢᠶᠠᠵᠤ᠂ ᠵᠣᠬᠢᠶᠠᠨ ᠪᠠᠶᠢᠭᠤᠯᠤᠯᠲᠠᠨ ᠳᠤ ᠣᠷᠣᠭᠤᠯᠵᠠᠢ᠃

19 ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

19 ᠵᠠᠭᠤᠨ ᠤ ᠦᠶ᠎ᠡ ᠳᠦ ᠰᠢᠨᠵᠢᠶᠠᠩ ᠤᠨ ᠲᠣᠷᠭᠤᠳ ᠤᠳ ᠮᠠᠨᠵᠤ ᠴᠢᠩ ᠤᠯᠤᠰ ᠤᠨ ᠵᠠᠬᠢᠷᠭᠠᠨ ᠳᠤ ᠣᠷᠣᠰᠢᠭᠰᠠᠭᠠᠷ ᠪᠠᠶᠢᠪᠠ᠃ 19 ᠵᠠᠭᠤᠨ ᠤ ᠦᠶ᠎ᠡ ᠳᠦ ᠰᠢᠨᠵᠢᠶᠠᠩ ᠳᠤ ᠭᠠᠷᠤᠭᠰᠠᠨ ᠤᠶᠢᠭᠤᠷ᠂ ᠳᠤᠩᠭᠠᠨ ᠨᠠᠷ ᠤᠨ ᠪᠣᠰᠤᠯᠭ᠎ᠠ ᠨᠤᠭᠤᠳ ᠲᠤ ᠰᠢᠨᠵᠢᠶᠠᠩ ᠤᠨ ᠮᠣᠩᠭᠣᠯᠴᠤᠳ ᠤᠨ ᠵᠠᠷᠢᠮ ᠬᠡᠰᠡᠭ ᠣᠷᠣᠯᠴᠠᠵᠤ ᠪᠠᠶᠢᠴᠠᠢ᠃ ᠬᠠᠯᠢᠮᠠᠭ ᠤᠳ ᠣᠷᠣᠰ ᠤᠨ ᠺᠦᠽᠠᠺ ᠴᠡᠷᠢᠭ ᠦᠳ ᠦᠨ ᠡᠩᠨᠡᠭᠡᠨ ᠳᠦ ᠡᠯᠰᠡᠬᠦ ᠶᠠᠪᠤᠳᠠᠯ ᠶᠡᠬᠡᠰᠴᠢ᠂ ᠲᠡᠳᠡ ᠣᠷᠣᠰ ᠤᠨ ᠰᠢᠯᠢᠳᠡᠭ ᠮᠣᠷᠢᠨ ᠴᠡᠷᠢᠭ ᠪᠣᠯᠵᠤ ᠪᠠᠶᠢᠯ᠎ᠠ᠃ ᠰᠢᠨᠵᠢᠶᠠᠩ ᠤᠨ ᠲᠣᠷᠭᠤᠳ ᠤᠳ ᠤᠨ ᠵᠠᠷᠢᠮ ᠬᠡᠰᠡᠭ ᠨᠢ ᠪᠤᠯᠠᠭᠠᠨ ᠭᠣᠣᠯ ᠤᠨ ᠭᠠᠵᠠᠷ ᠲᠤ ᠠᠮᠢᠳᠤᠷᠠᠬᠤ ᠪᠣᠯᠵᠠᠢ᠃

ᠬᠤᠷᠢᠳᠤᠭᠠᠷ ᠵᠠᠭᠤᠨ ᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠷᠢᠳᠤᠭᠠᠷ ᠤ ᠦᠶ᠎ᠡ ᠳᠦ ᠮᠠᠨᠵᠤ ᠴᠢᠩ ᠤᠯᠤᠰ ᠮᠥᠬᠥᠵᠦ᠂ ᠳᠤᠮᠳᠠᠳᠤ ᠢᠷᠭᠡᠨ ᠤᠯᠤᠰ (ᠳᠤᠮᠳᠠᠳᠤ ᠢᠷᠭᠡᠨ ᠤᠯᠤᠰ) ᠪᠠᠶᠢᠭᠤᠯᠤᠭᠳᠠᠪᠠ᠃ ᠰᠢᠨᠵᠢᠶᠠᠩ ᠮᠤᠵᠢ ᠳᠤᠮᠳᠠᠳᠤ ᠢᠷᠭᠡᠨ ᠤᠯᠤᠰ ᠤᠨ ᠵᠠᠬᠢᠷᠭᠠᠨ ᠳᠤ ᠶᠣᠰᠣ ᠲᠡᠳᠦᠢ ᠣᠷᠣᠰᠢᠭᠰᠠᠭᠠᠷ ᠪᠠᠶᠢᠪᠠ᠃ 1920-1950 ᠍ ᠊ᠭᠠᠳ ᠣᠨ ᠳᠤ ᠰᠢᠨᠵᠢᠶᠠᠩ ᠤᠨ ᠳᠡᠭᠡᠷᠡᠮᠴᠢᠳ ᠪᠣᠯᠤᠨ ᠭᠣᠮᠢᠨᠳᠠᠨ ᠤ ᠴᠡᠷᠢᠭ ᠦᠳ ᠮᠣᠩᠭᠣᠯ ᠤᠯᠤᠰ ᠤᠨ ᠬᠢᠯᠢ ᠶᠢ ᠵᠦᠷᠢᠴᠡᠬᠦ ᠨᠢ ᠶᠡᠬᠡ ᠪᠠᠶᠢᠯ᠎ᠠ᠃ 1940 ᠍ ᠊ᠭᠡᠳ ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠵᠤ᠂ ᠰᠢᠨᠵᠢᠶᠠᠩ ᠢ ᠡᠷᠬᠡᠨ ᠳᠦ ᠪᠡᠨ ᠤᠷᠤᠭᠤᠯᠪᠠ᠃ ᠤᠯᠠᠮ ᠢᠶᠠᠷ ᠰᠢᠨᠵᠢᠶᠠᠩ-ᠤᠶᠢᠭᠤᠷ ᠥᠨᠳᠦᠰᠦᠲᠡᠨ ᠦ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠵᠠᠢ᠃ 1920 ᠍ ᠣᠨ ᠳᠤ ᠬᠠᠯᠢᠮᠠᠭ ᠤᠨ ᠪᠦᠭᠦᠳᠡ ᠨᠠᠶᠢᠷᠠᠮᠳᠠᠬᠤ ᠤᠯᠤᠰ ᠪᠠᠶᠢᠭᠤᠯᠤᠭᠳᠠᠵᠠᠢ᠃ 1930 ᠍ ᠊ᠭᠠᠳ ᠣᠨ ᠳᠤ ᠣᠷᠣᠰ ᠤᠨ ᠢᠷᠭᠡᠨ ᠦ ᠳᠠᠶᠢᠨ ᠪᠣᠯᠤᠨ ᠬᠡᠯᠮᠡᠭᠳᠡᠭᠦᠯᠦᠯᠲᠡ ᠶᠢᠨ ᠤᠯᠠᠮ ᠠᠴᠠ ᠬᠠᠯᠢᠮᠠᠭ ᠤᠳ ᠪᠦᠷᠢᠨ ᠲᠤᠰᠠᠭᠠᠷ ᠲᠣᠭᠲᠠᠨᠢᠬᠤ ᠬᠡᠮᠡᠨ ᠣᠷᠣᠯᠳᠤᠭᠰᠠᠨ ᠲᠤᠯᠠ ᠣᠷᠣᠰ ᠤᠳ ᠬᠠᠯᠢᠮᠠᠭ ᠤᠨ ᠪᠦᠭᠦᠳᠡ ᠨᠠᠶᠢᠷᠠᠮᠳᠠᠬᠤ ᠤᠯᠤᠰ ᠢ ᠲᠠᠲᠠᠨ ᠪᠠᠭᠤᠯᠭᠠᠵᠠᠢ᠃ ᠳᠡᠯᠡᠬᠡᠢ ᠶᠢᠨ II ᠳᠠᠶᠢᠨ ᠳᠤ ᠣᠷᠣᠰ ᠤᠨ ᠪᠣᠳᠣᠯᠭ᠎ᠠ ᠳᠤ ᠳᠤᠷᠠᠭᠦᠶᠢᠴᠡᠵᠦ ᠪᠠᠶᠢᠭᠰᠠᠨ ᠬᠠᠯᠢᠮᠠᠭ ᠤᠳ ᠭᠧᠷᠮᠠᠨ ᠤ ᠲᠠᠯ᠎ᠠ ᠳᠤ ᠣᠷᠣᠵᠤ ᠪᠠᠶᠢᠯᠳᠤᠭᠰᠠᠨ ᠪᠠᠶᠢᠨ᠎ᠠ᠃ ᠳᠡᠯᠡᠬᠡᠢ ᠶᠢᠨ II ᠳᠠᠶᠢᠨ ᠳᠠᠭᠤᠰᠤᠭᠰᠠᠨ ᠤ ᠳᠠᠷᠠᠭ᠎ᠠ ᠬᠠᠯᠢᠮᠠᠭ ᠤᠳ ᠢ ᠰᠢᠪᠢᠷᠢᠶ ᠠ᠂ ᠳᠤᠮᠳᠠᠳᠤ ᠠᠽᠢᠶ᠎ᠠ ᠳᠤ ᠴᠥᠯᠡᠵᠡᠢ᠃ 1950 ᠍ ᠊ᠭᠠᠳ ᠣᠨ ᠳᠤ ᠬᠠᠯᠢᠮᠠᠭ ᠤᠳ ᠢ ᠴᠥᠯᠡᠯᠭᠡᠨ ᠡᠴᠡ ᠪᠤᠴᠠᠭᠠᠭᠰᠠᠨ ᠪᠥᠭᠡᠳ ᠬᠠᠯᠢᠮᠠᠭ ᠤᠨ ᠪᠦᠭᠦᠳᠡ ᠨᠠᠶᠢᠷᠠᠮᠳᠠᠬᠤ ᠤᠯᠤᠰ ᠢ ᠰᠡᠷᠭᠦᠭᠡᠨ ᠪᠠᠶᠢᠭᠤᠯᠵᠠᠢ᠃ 1930 ᠍ ᠊ᠭᠠᠳ ᠣᠨ ᠳᠤ ᠮᠣᠩᠭᠣᠯ ᠤᠯᠤᠰ ᠤᠨ ᠠᠶᠢᠮᠠᠭ ᠤᠳ ᠪᠠᠶᠢᠭᠤᠯᠤᠭᠳᠠᠬᠤ ᠳᠤ ᠪᠤᠯᠠᠭᠠᠨ ᠭᠣᠣᠯ ᠤᠨ ᠲᠣᠷᠭᠤᠳ ᠤᠳ ᠬᠣᠪᠳᠣ ᠠᠶᠢᠮᠠᠭ ᠤᠨ ᠪᠤᠯᠠᠭᠠᠨ ᠰᠤᠮᠤᠨ ᠳᠤ ᠬᠠᠷᠢᠶᠠᠯᠠᠭᠳᠠᠬᠤ ᠪᠣᠯᠵᠠᠢ᠃

ᠣᠳᠣ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠷᠭᠤᠳ ᠤᠳ ᠣᠳᠣ ᠦᠶ᠎ᠡ ᠳᠦ ᠣᠷᠣᠰ ᠬᠣᠯᠪᠣᠭᠠᠨ ᠤ ᠤᠯᠤᠰ ᠤᠨ ᠬᠠᠯᠢᠮᠠᠭ ᠲᠠᠩᠭᠠᠴᠢ ᠤᠯᠤᠰ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠢᠨᠵᠢᠶᠠᠩ-ᠤᠶᠢᠭᠤᠷ ᠤᠨ ᠥᠪᠡᠷᠲᠡᠭᠡᠨ ᠵᠠᠰᠠᠬᠤ ᠣᠷᠣᠨ᠂ ᠭᠠᠨᠢᠰᠤ ᠮᠤᠵᠢ᠂ ᠮᠣᠩᠭᠣᠯ ᠤᠯᠤᠰ ᠤᠨ ᠬᠣᠪᠳᠣ ᠠᠶᠢᠮᠠᠭ ᠤᠨ ᠪᠤᠯᠠᠭᠠᠨ ᠰᠤᠮᠤᠨ ᠳᠤ ᠣᠷᠣᠰᠢᠨ ᠰᠠᠭᠤᠳᠠᠭ᠃

ᠠᠯᠳᠠᠷᠲᠠᠢ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠥᠳᠡᠯᠮᠦᠷᠢ ᠶᠢᠨ ᠪᠠᠭᠠᠲᠤᠷ ᠠᠭᠤᠷᠬᠠᠶᠢᠴᠢᠨ ᠵᠢᠭᠮᠢᠳ ᠤᠨ ᠪᠠᠲᠤᠯᠠᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠥᠳᠡᠯᠮᠦᠷᠢ ᠶᠢᠨ ᠪᠠᠭᠠᠲᠤᠷ᠂ ᠭᠠᠪᠢᠶᠠᠲᠤ ᠠᠭᠤᠷᠬᠠᠶᠢᠴᠢᠨ ᠵᠢᠭᠮᠢᠳ ᠤᠨ ᠣᠳᠬᠣᠨᠴᠠᠭᠠᠨ (ᠪᠠᠲᠤᠯᠠᠢ ᠶᠢᠨ ᠲᠦᠷᠦᠭᠰᠡᠨ ᠳᠡᠭᠦᠦ) ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠥᠳᠡᠯᠮᠦᠷᠢ ᠶᠢᠨ ᠪᠠᠭᠠᠲᠤᠷ᠂ ᠭᠠᠪᠢᠶᠠᠲᠤ ᠠᠭᠤᠷᠬᠠᠶᠢᠴᠢᠨ ᠬᠣᠣᠬᠣᠶᠢᠵᠢᠶᠠᠨ ᠲᠦᠪᠰᠢᠨ

  • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠭᠠᠪᠢᠶ᠎ᠠ ᠳᠤ ᠪᠠᠭᠰᠢ᠂ ᠠᠷᠠᠳ ᠤᠨ ᠪᠠᠭᠰᠢ ᠬ᠃ᠪᠠᠳᠮᠠᠰ ᠲᠦ

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠠᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠲᠣᠷᠭᠤᠳ&oldid=470902》 ᠍  ᠡᠴᠡ ᠠᠪᠤᠭᠰᠠᠨ

ᠪᠢᠴᠢᠭᠡᠰᠦ