ᠲᠣᠷᠭᠠᠨ ᠵᠠᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠣᠷᠭᠠᠨ ᠵᠠᠮ

ᠲᠣᠷᠭᠠᠨ ᠵᠠᠮ (ᠠᠩᠭᠯᠢ ᠪᠠᠷ Silk Road) ᠨᠢ ᠬᠢᠲᠠᠳᠠ ᠠᠴᠠ ᠭᠠᠵᠠᠷ ᠤᠨ ᠳᠤᠮᠳᠠᠳᠤ ᠲᠡᠩᠭᠢᠰ ᠬᠦᠷᠲᠡᠯᠡᠬᠢ ᠤᠯᠤᠰ ᠣᠷᠣᠨ ᠨᠤᠭᠤᠳ ᠢ ᠬᠣᠯᠪᠣᠭᠰᠠᠨ ᠳᠠᠯᠠᠢ ᠶᠢᠨ ᠪᠣᠯᠤᠨ ᠡᠬᠡ ᠭᠠᠵᠠᠷ ᠤᠨ ᠴᠢᠭᠯᠡᠯᠡᠷᠬᠡ ᠲᠡᠦᠬᠡᠨ ᠠᠴᠢ ᠬᠣᠯᠪᠣᠭᠳᠠᠯ ᠪᠦᠬᠦᠢ ᠬᠤᠳᠠᠯᠳᠤᠭ᠎ᠠ ᠠᠷᠠᠯᠵᠢᠶᠠᠨ ᠤ ᠵᠠᠮ ᠶᠤᠮ᠃

ᠨᠡᠷ᠎ᠡ ᠶᠢᠨ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

19 ᠍ ᠳᠦᠭᠡᠷ ᠵᠠᠭᠤᠨᠭᠧᠷᠮᠠᠨᠭᠠᠵᠠᠷᠵᠦᠶᠢᠴᠢ ᠹᠧᠷᠳ᠋ᠢᠨᠠᠩ ᠳᠤ ᠹᠣᠨ ᠷᠢᠬᠳᠬᠣᠹᠧᠨ ᠥᠪᠡᠷ ᠦᠨ 《China》 (ᠬᠢᠲᠠᠳ) (1 ᠍ ᠳᠦᠭᠡᠷ ᠳᠡᠪᠲᠡᠷ᠂ 1877 ᠣᠨ) ᠬᠡᠮᠡᠬᠦ ᠪᠦᠲᠦᠭᠡᠯ ᠳᠦ ᠪᠡᠨ Seidenstrassen ᠪᠤᠶᠤ ᠭᠧᠷᠮᠠᠨ ᠬᠡᠯᠡᠡᠭᠡᠷᠡ 《ᠲᠣᠷᠭ᠎ᠠᠨ ᠤ ᠵᠠᠮ》 ᠬᠡᠮᠡᠬᠦ ᠤᠳᠬ᠎ᠠ ᠲᠠᠢ ᠦᠭᠡ ᠶᠢ ᠠᠩᠬ᠎ᠠ ᠠᠰᠢᠭᠯᠠᠭᠰᠠᠨ ᠪᠥᠭᠡᠳ ᠲᠡᠭᠦᠨ ᠦ ᠱᠠᠪᠢ ᠰᠸᠧᠨ ᠬᠧᠳᠢᠨ 《ᠲᠥᠪ ᠠᠽᠢ ᠪᠠᠷ ᠠᠶᠠᠯᠠᠭᠰᠠᠨ ᠲᠡᠮᠳᠡᠭᠯᠡᠯ》 ᠍ ᠦᠨ ᠢᠶᠡᠨ ᠨᠢᠭᠡ ᠪᠦᠯᠦᠭ ᠢ ᠲᠡᠭᠦᠪᠡᠷ ᠨᠢ ᠨᠡᠷᠡᠯᠡᠭᠰᠡᠨ ᠪᠠᠶᠢᠳᠠᠭ ᠨᠢ ᠣᠯᠣᠩ ᠳᠤ ᠲᠦᠭᠵᠢᠶ᠎ᠡ᠃

ᠲᠣᠷᠭᠠᠨ ᠵᠠᠮ ᠬᠡᠮᠡᠬᠦ ᠨᠡᠷ᠎ᠡ ᠶᠢ ᠡᠬᠢᠨ ᠦᠶ᠎ᠡ ᠳᠦ ᠳᠣᠷᠣᠨᠠᠲᠤ ᠲᠦᠺᠧᠰᠲᠠᠨ (ᠣᠳᠣ ᠶᠢᠨ ᠬᠢᠲᠠᠳ ᠤᠨ ᠰᠢᠨᠵᠢᠶᠠᠩ ᠤᠶᠢᠭᠤᠷ ᠤᠨ ᠥᠪᠡᠷᠲᠡᠭᠡᠨ ᠵᠠᠰᠠᠬᠤ ᠣᠷᠣᠨ) ᠍ ᠢ ᠵᠡᠭᠦᠨ ᠡᠴᠡ ᠪᠠᠷᠠᠭᠤᠨ ᠲᠡᠰᠢ ᠣᠭᠲᠣᠯᠤᠭᠰᠠᠨ ᠬᠤᠳᠠᠯᠳᠤᠭᠠᠨ ᠤ ᠵᠠᠮ ᠬᠡᠮᠡᠬᠦ ᠤᠳᠬ᠎ᠠ ᠪᠠᠷ ᠬᠡᠷᠡᠭᠯᠡᠳᠡᠭ ᠪᠠᠶᠢᠭᠰᠠᠨ ᠪᠣᠯᠪᠠᠴᠤ ᠬᠣᠵᠢᠮ ᠢᠶᠠᠨ ᠬᠢᠲᠠᠳ ᠠᠴᠠ ᠡᠬᠢ ᠲᠡᠢ ᠣᠯᠠᠨ ᠤᠯᠤᠰ ᠤᠨ ᠬᠤᠳᠠᠯᠳᠤᠭᠠᠨ ᠤ ᠵᠠᠮ ᠤᠨ ᠶᠡᠷᠦᠩᠬᠡᠢ ᠨᠡᠷ᠎ᠡ ᠪᠣᠯᠤᠨ ᠬᠤᠪᠢᠷᠠᠭᠰᠠᠨ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠲᠣᠷᠭᠠᠨ ᠵᠠᠮ

ᠪᠢᠴᠢᠭᠡᠰᠦ