ᠲᠣᠳᠣ ᠪᠢᠴᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠣᠳᠣ ᠪᠢᠴᠢᠭ ᠢᠶᠡᠷᠬᠡ ᠰᠤᠳᠤᠷ ᠤᠨ ᠬᠠᠭᠤᠳᠠᠰᠤ
Prijutnoe1.jpg

ᠲᠣᠳᠣ ᠪᠢᠴᠢᠭ ᠨᠢ ᠣᠶᠢᠷᠠᠳ ᠍ ᠤᠨ ᠵᠠᠶ᠎ᠠ ᠪᠠᠨᠳᠢᠳᠠ ᠣᠭᠲᠠᠷᠭᠤᠢ ᠶᠢᠨ ᠳᠠᠯᠠᠢ (ᠨᠠᠮᠬᠠᠶᠢᠵᠠᠮᠼᠤ) /1599-1662/ ᠍ ᠦᠨ 1648 ᠤᠨ ᠳᠤ ᠵᠣᠬᠢᠶᠠᠭᠰᠠᠨ ᠪᠢᠴᠢᠭ ᠶᠤᠮ᠃ ᠮᠣᠩᠭᠣᠯ ᠪᠢᠴᠢᠭ ᠢ ᠵᠢᠩᠬᠢᠨᠢ ᠠᠶᠠᠯᠭ᠎ᠠ ᠲᠠᠢ ᠨᠢ ᠣᠶᠢᠷᠠᠲᠤᠭᠤᠯᠤᠭᠰᠠᠨ᠂ ᠣᠶᠢᠷᠠᠳ ᠠᠶᠠᠯᠭᠤᠨ ᠳᠤ ᠨᠡᠶᠢᠴᠡᠭᠦᠯᠦᠭᠰᠡᠨ ᠮᠣᠩᠭᠣᠯ ᠪᠢᠴᠢᠭ ᠦᠨ ᠢᠵᠢᠯ ᠦᠰᠦᠭ ᠢ ᠲᠤᠰ ᠲᠤᠰ ᠢᠯᠭᠠᠬᠤ᠂ ᠤᠷᠲᠤ ᠡᠭᠡᠰᠢᠭ ᠢ ᠤᠷᠲᠤᠳᠬᠠᠯ ᠤᠨ ᠲᠡᠮᠳᠡᠭ ᠢᠶᠡᠷ ᠲᠡᠮᠳᠡᠭᠯᠡᠬᠦ ᠭᠡᠬᠦ ᠮᠡᠲᠦ ᠨᠡᠮᠡᠯᠲᠡ ᠲᠣᠳᠣᠯᠳᠠ ᠬᠢᠵᠦ᠂ ᠮᠥᠨ ᠲᠥᠪᠡᠳ ᠪᠠ ᠰᠠᠨᠰᠺᠷᠢᠳ᠋ ᠬᠡᠯᠡ ᠶᠢᠨ ᠦᠭᠡ ᠨᠦᠭᠦᠳ ᠢ ᠬᠢᠯᠪᠠᠷ ᠪᠢᠴᠢᠬᠦ ᠣᠨᠴᠠᠯᠢᠭ ᠲᠠᠢ ᠶᠤᠮ᠃ ᠲᠣᠳᠣ ᠪᠢᠴᠢᠭ ᠬᠡᠮᠡᠨ ᠨᠡᠷᠡᠯᠡᠭᠰᠡᠨ ᠦ ᠤᠴᠢᠷ ᠨᠢ ᠮᠣᠩᠭᠣᠯ ᠪᠢᠴᠢᠭ ᠢ ᠲᠣᠳᠣᠷᠬᠠᠢ ᠨᠠᠷᠢᠨ ᠪᠣᠯᠭᠠᠭᠰᠠᠨ ᠢ ᠦᠭᠦᠯᠡᠵᠦ ᠪᠤᠢ᠃  ᠨᠠᠮᠬᠠᠶᠢᠵᠠᠨᠼᠠᠨ ᠯᠠᠮ᠎ᠠ ᠬᠦᠮᠦᠨ ᠪᠠᠶᠢᠭᠰᠠᠨ ᠲᠤᠯᠠ ᠪᠤᠷᠬᠠᠨ ᠤ ᠱᠠᠰᠢᠨ ᠢ ᠨᠡᠶᠢᠲᠡ ᠮᠣᠩᠭᠣᠯᠴᠤᠳ ᠲᠤ ᠲᠦᠭᠡᠭᠡᠨ ᠳᠡᠯᠭᠡᠷᠡᠭᠦᠯᠬᠦ᠂ ᠪᠠᠰᠠ ᠬᠠᠯᠬ᠎ᠠ-ᠣᠶᠢᠷᠠᠳ ᠮᠣᠩᠭᠣᠯᠴᠤᠳ ᠤᠨ ᠲᠡᠮᠡᠴᠡᠯ ᠢ ᠱᠠᠰᠢᠨ ᠰᠤᠶᠤᠯ ᠤᠨ ᠨᠥᠯᠥᠭᠡ ᠪᠡᠷ ᠵᠣᠭᠰᠣᠭᠠᠬᠤ᠂ ᠣᠶᠢᠷᠠᠳ ᠲᠦᠮᠡᠨ ᠢ ᠭᠡᠭᠡᠷᠡᠭᠦᠯᠬᠦ ᠵᠣᠷᠢᠯᠭ᠎ᠠ ᠪᠠᠷ ᠤᠭ ᠪᠢᠴᠢᠭ ᠢ ᠵᠣᠬᠢᠶᠠᠭᠰᠠᠨ ᠶᠤᠮ᠃

ᠲᠣᠳᠣ ᠪᠢᠴᠢᠭ ᠨᠢ ᠣᠶᠢᠷᠠᠳ ᠮᠣᠩᠭᠣᠯ ᠬᠡᠯᠡᠨ ᠦ ᠠᠶᠠᠯᠭᠤᠨ ᠳᠤ ᠴᠤᠬᠤᠮ ᠨᠡᠶᠢᠴᠡᠭᠰᠡᠨ ᠲᠤᠯᠠ ᠲᠡᠳᠡᠨ ᠦ ᠤᠳᠬ᠎ᠠ ᠵᠣᠬᠢᠶᠠᠯ ᠤᠨ ᠬᠡᠯᠡ ᠪᠣᠯᠵᠤ ᠡᠯ᠎ᠡ ᠪᠢᠴᠢᠭ ᠢᠶᠡᠷ ᠲᠡᠦᠬᠡ᠂ ᠱᠠᠰᠢᠨ᠂ ᠤᠷᠠᠨ ᠵᠣᠬᠢᠶᠠᠯ᠂ ᠠᠨᠠᠭᠠᠬᠤ ᠤᠬᠠᠭᠠᠨ᠂ ᠣᠷᠴᠢᠭᠤᠯᠭ᠎ᠠ ᠶᠢᠨ ᠨᠣᠮ ᠵᠣᠬᠢᠶᠠᠯ ᠣᠯᠠᠨ ᠢᠶᠠᠷ ᠪᠢᠴᠢᠭᠳᠡᠵᠦ ᠪᠠᠶᠢᠵᠠᠢ᠃ ᠲᠣᠳᠣ ᠪᠢᠴᠢᠭ ᠦᠨ ᠳᠤᠷᠠᠰᠬᠠᠯ ᠦᠯᠡᠮᠵᠢᠬᠡᠨ ᠦᠯᠡᠳᠡᠭᠰᠡᠨ ᠨᠢ ᠤᠯᠤᠰ ᠤᠨ ᠲᠥᠪ ᠨᠣᠮ ᠤᠨ ᠰᠠᠩ᠂ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠨᠣᠮ ᠤᠨ ᠰᠠᠩ ᠬᠥᠮᠥᠷᠭᠡ ᠳᠦ ᠬᠠᠳᠠᠭᠠᠯᠠᠭᠳᠠᠵᠤ ᠪᠠᠶᠢᠨ᠎ᠠ . 1924 ᠤᠨ ᠬᠦᠷᠲᠡᠯ᠎ᠡ ᠬᠠᠯᠢᠮᠠᠭ ᠦᠳ ᠬᠡᠷᠡᠭᠯᠡᠵᠦ ᠪᠠᠶᠢᠭᠰᠠᠨ᠃ 1991 ᠤᠨ ᠠᠴᠠ ᠣᠷᠣᠰ ᠬᠣᠯᠪᠣᠭᠠᠨ ᠤ ᠤᠯᠤᠰ ᠪᠠᠶᠢᠭᠤᠯᠤᠭᠳᠠᠰᠤᠨ ᠠᠴᠠ ᠬᠣᠶᠢᠰᠢ ᠬᠠᠯᠢᠮᠠᠭ ᠤᠯᠤᠰ ᠲᠤ ᠲᠣᠳᠣ ᠪᠢᠴᠢᠭ ᠢ ᠰᠤᠷᠬᠤ ᠬᠥᠳᠡᠯᠭᠡᠭᠡᠨ ᠥᠷᠨᠢᠵᠦ᠂ ᠲᠣᠳᠣ ᠦᠰᠦᠭ ᠢᠶᠡᠷ ᠰᠣᠨᠢᠨ ᠰᠡᠳᠬᠦᠯ ᠬᠡᠪᠯᠡᠭᠳᠡᠨ᠂ ᠰᠤᠷᠭᠠᠭᠤᠯᠢ ᠨᠤᠭᠤᠳ ᠲᠤ ᠵᠢᠭᠠᠵᠤ ᠪᠠᠶᠢᠨ᠎ᠠ᠃ ᠬᠢᠲᠠᠳ ᠍ ᠤᠨ ᠰᠢᠨᠵᠢᠶᠠᠩ ᠮᠤᠵᠢ ᠳᠤ ᠣᠶᠢᠷᠠᠳ ᠤᠳ ᠲᠤ ᠲᠣᠳᠣ ᠪᠢᠴᠢᠭ ᠡᠳᠦᠭᠡ ᠪᠣᠯᠲᠠᠯ᠎ᠠ ᠬᠡᠷᠡᠭᠯᠡᠭᠳᠡᠵᠦ ᠪᠠᠶᠢᠨ᠎ᠠ᠃

ᠲᠣᠳᠣ ᠦᠰᠦᠭ ᠤᠨ ᠴᠠᠭᠠᠨ ᠲᠣᠯᠣᠭᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

Code ᠲᠣᠳᠣ ᠦᠰᠦᠭ ᠬᠠᠯᠢᠮᠠᠭ ᠺᠢᠷᠢᠯ ᠦᠰᠦᠭ ᠯᠠᠲ᠋ᠢᠨ ᠦᠰᠦᠭ ᠬᠣᠳᠣᠮ ᠮᠣᠩᠭᠣᠯ ᠦᠰᠦᠭ ᠤᠷᠲᠤ ᠨᠡᠷ᠎ᠡ(ᠬᠠᠯᠢᠮᠠᠭ ᠢᠶᠠᠷ)
6176 ᠎А A хойр арата
6212 ᠎Э E нег арата, дөгә сүлтә
6213 И I нег арата, киисквр сүлтә
6214 О O нег арата, дөрвлҗн геестә
6216 У U нег арата, бүтү геестә, унҗу өргстә
6215 Ө Ö нег арата, дөрвлҗн геестә, ардан өргстә
6217 Ү Ü нег арата, бүтү геестә
6184 Н N нег арата, өмнән цегтә
6218 Ң Ng
6221 ᡍ‍ Х X хойр арата, өмнән хойр цегтә
6222 ᡎ‍ Һ Q хойр арата, өмнән төгрг цегтә
6219 Б B бүтү толһата
6220 П P
6192 С S сарвһр толһата, нег арата
6193 Ш W сарвһр толһата, ардан хойр цегтә
6224 Т T шанһ толһата, нег арата
6225 Д D хавтха толһата
6191 Л L өөдән өвртә, нег арата
6223 М M матьхр толһата, нег арата
6228 Ц C цах толһата, нег арата
6226 Ч H
6227 З Z цацу эргцтә, шуд көлтә
6234 Җ J
6229 Й Y  ᠶ яман хоңшарта, шуд көлтә
6233 Г G дөгә көлтә
6232 К K көлн толһата, көндлң өргстә
6231 Қ Kh катһр ка
6199 Р R хамр дөөрән өргстә, нег арата
6230 В V дөгә көлтә
6235 NIA
6236 DZA
6296 TA
6297 ZHA


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠲᠣᠳᠣ ᠪᠢᠴᠢᠭ»

ᠪᠢᠴᠢᠭᠡᠰᠦ