ᠲᠣᠯᠠᠭᠠᠨ ᠤ ᠬᠡᠮᠵᠢᠶ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠠᠷ᠎ᠠ ᠍ ᠤᠨ ᠳᠤᠮᠳᠠᠴᠢ ᠳᠤᠯᠠᠭᠠᠨ ᠤ ᠬᠡᠮ ᠢ ᠬᠠᠷᠠᠭᠤᠯᠤᠭᠰᠠᠨ ᠳᠦᠷᠰᠦᠯᠡᠯ

ᠲᠣᠯᠠᠭᠠᠨ ᠤ ᠬᠡᠮᠵᠢᠶ᠎ᠡ ᠨᠢ ᠬᠠᠯᠠᠭᠤᠨ ᠬᠦᠢᠲᠡᠨ ᠢ ᠢᠯᠡᠷᠬᠡᠶᠢᠯᠡᠬᠦ ᠲᠣᠭᠠᠨ ᠬᠡᠮᠵᠢᠭᠦᠷ ᠶᠤᠮ᠃ ᠲᠡᠮᠳᠡᠭᠯᠡᠭᠡ ᠨᠢ . ᠲᠧᠮᠳᠧᠷᠠᠲ᠋ᠦ᠋ᠷ ᠤᠨ ᠬᠡᠮᠵᠢᠶ᠎ᠡ ᠶᠢ ᠢᠯᠡᠷᠬᠡᠶᠢᠯᠡᠬᠦ ᠣᠯᠠᠨ ᠲᠥᠷᠥᠯ ᠦᠨ ᠨᠢᠭᠡᠴᠡ ᠶᠢᠨ ᠱᠠᠲᠤᠯᠠᠪᠤᠷᠢ ᠪᠠᠶᠢᠳᠠᠭ᠃ ᠵᠢᠱᠢᠶ᠎ᠡ ᠨᠢ: ᠺᠧᠯᠸᠢᠨᠢᠢ᠂ ᠼᠧᠯᠰ ᠦᠨᠹᠠᠷᠧᠩ ᠢᠶᠠᠶᠢᠲ ᠤᠨ ᠱᠠᠲᠤᠯᠠᠪᠤᠷᠢ ᠭᠡᠬᠦ ᠮᠡᠲᠦ᠃ ᠲᠣᠯᠠᠭᠠᠨ ᠤ ᠬᠡᠮᠵᠢᠶ᠎ᠡ ᠢ ᠬᠡᠮᠵᠢᠬᠦ ᠪᠠᠭᠠᠵᠢ ᠶᠢ ᠲᠧᠷᠮᠣᠮᠧᠲ᠋ᠷ ᠭᠡᠨ᠎ᠡ᠃

ᠲᠣᠯᠠᠭᠠᠨ ᠤ ᠬᠡᠮᠵᠢᠶ᠎ᠡ ᠨᠢ ᠪᠠᠶᠢᠭᠠᠯᠢ ᠶᠢᠨ ᠰᠢᠨᠵᠢᠯᠡᠬᠦ ᠤᠬᠠᠭᠠᠨ ᠤ ᠪᠦᠬᠦ ᠰᠠᠯᠪᠤᠷᠢ ᠳᠤ ᠮᠠᠰᠢ ᠴᠢᠬᠤᠯᠠ ᠬᠡᠮᠵᠢᠭᠳᠡᠬᠦᠨ ᠶᠤᠮ᠃ ᠲᠣᠯᠠᠭᠠᠨ ᠤ ᠬᠡᠮᠵᠢᠶ᠎ᠡ ᠤᠨ ᠦᠨᠳᠦᠰᠦᠨ ᠹᠢᠽᠢᠺ ᠲᠣᠳᠣᠷᠬᠠᠶᠢᠯᠠᠯᠲᠠ ᠶᠢ ᠲᠧᠷᠮᠣᠳᠣᠨᠠᠮᠢᠺ ᠢᠶᠠᠷ ᠲᠣᠳᠣᠷᠬᠠᠶᠢᠯᠠᠳᠠᠭ᠃

ᠠᠯᠢᠪᠠ ᠪᠡᠶ᠎ᠡ ᠶᠢᠨ ᠲᠣᠯᠠᠭᠠᠨ ᠤ ᠬᠡᠮᠵᠢᠶ᠎ᠡ ᠨᠢ ᠬᠡᠰᠡᠭ ᠡᠴᠡ ᠬᠡᠰᠡᠭ ᠦᠨ ᠬᠣᠭᠣᠷᠣᠨᠳᠣ ᠪᠣᠯᠤᠨ ᠴᠠᠭ ᠬᠤᠭᠤᠴᠠᠭ᠎ᠠ ᠥᠩᠭᠡᠷᠡᠬᠦ ᠶᠢᠨ ᠰᠠᠴᠠᠭᠤ ᠪᠠᠶᠢᠩᠭᠤ ᠬᠤᠪᠢᠰᠤᠨ ᠪᠠᠶᠢᠳᠠᠭ᠃ ᠡᠭᠦᠨ ᠢ ᠵᠢᠵᠢᠭ ᠲᠧᠷᠮᠣᠮᠧᠲ᠋ᠷᠡᠭᠡᠷᠡ ᠶᠤᠮ ᠤᠤ ᠡᠰᠡᠪᠡᠯ ᠲᠤᠬᠠᠢ ᠶᠢᠨ ᠪᠡᠶᠡᠲᠦ ᠶᠢᠨ ᠳᠤᠯᠠᠭᠠᠨ ᠤ ᠰᠠᠴᠤᠷᠠᠭᠠᠯᠲᠠ ᠶᠢ ᠪᠦᠷᠢᠳᠬᠡᠨ ᠬᠠᠷᠠᠵᠤ ᠪᠣᠯᠤᠨ᠎ᠠ᠃ ᠬᠡᠷᠪᠡ ᠪᠡᠶᠡᠲᠦ ᠶᠢᠨ ᠲᠣᠯᠠᠭᠠᠨ ᠤ ᠬᠡᠮᠵᠢᠶ᠎ᠡ ᠬᠡᠲᠦ ᠬᠤᠷᠳᠤᠨ ᠥᠭᠡᠷᠡᠴᠢᠯᠡᠭᠳᠡᠪᠡᠯ᠂ ᠡᠰᠡᠪᠡᠯ ᠬᠡᠲᠦ ᠵᠢᠵᠢᠭ ᠬᠡᠰᠡᠭ ᠦᠨ ᠲᠣᠯᠠᠭᠠᠨ ᠤ ᠬᠡᠮᠵᠢᠶ᠎ᠡ ᠥᠭᠡᠷᠡᠴᠢᠯᠡᠭᠳᠡᠪᠡᠯ ᠲᠣᠯᠠᠭᠠᠨ ᠤ ᠬᠡᠮᠵᠢᠶ᠎ᠡ ᠢ ᠬᠡᠮᠵᠢᠬᠦ ᠳᠦ ᠬᠦᠨᠳᠦᠷᠡᠯᠲᠡᠢ ᠪᠣᠯᠬᠤ ᠪᠥᠭᠡᠳ ᠵᠠᠷᠢᠮ ᠲᠣᠬᠢᠶᠠᠯᠳᠤᠯ ᠳᠤ ᠬᠡᠮᠵᠢᠬᠦ ᠪᠣᠯᠤᠮᠵᠢ ᠦᠭᠡᠢ ᠪᠣᠯᠤᠨ᠎ᠠ᠃

ᠬᠦᠷᠢᠶᠡᠯᠡᠨ ᠪᠤᠢ ᠭᠠᠳᠠᠭᠠᠳᠤ ᠣᠷᠴᠢᠨ ᠲᠠᠢ ᠡᠨᠧᠷᠭᠢ ᠪᠣᠯᠤᠨ ᠪᠣᠳᠠᠰ ᠰᠣᠯᠢᠯᠴᠠᠬᠤ ᠦᠭᠡᠢ ᠪᠠᠶᠢᠭ᠎ᠠ ᠪᠡᠶᠡᠲᠦ ᠶᠢᠨ ᠲᠣᠯᠠᠭᠠᠨ ᠤ ᠬᠡᠮᠵᠢᠶ᠎ᠡ ᠠᠶᠠᠨ ᠳᠤ ᠪᠠᠨ ᠨᠢᠭᠡᠨ ᠵᠢᠭᠳᠡ ᠪᠣᠯᠳᠠᠭ᠃ 2 ᠪᠡᠶ᠎ᠡ ᠳᠤᠯᠠᠭᠠᠨ ᠰᠣᠯᠢᠯᠴᠠᠬᠤ ᠳᠤ ᠬᠠᠯᠠᠭᠤᠨ ᠪᠡᠶ᠎ᠡ ᠪᠡᠨ ᠡᠴᠡ ᠬᠦᠢᠲᠡᠨ ᠪᠡᠶ᠎ᠡ ᠤᠷᠤᠭᠤ ᠳᠤᠯᠠᠭᠠᠨ ᠳᠠᠮᠵᠢᠳᠠᠭ᠃ ᠢᠵᠢᠯ ᠲᠣᠯᠠᠭᠠᠨ ᠤ ᠬᠡᠮᠵᠢᠶ᠎ᠡ ᠲᠠᠢ ᠬᠣᠶᠠᠷ ᠪᠡᠶ᠎ᠡ ᠶᠢᠨ ᠬᠣᠭᠣᠷᠣᠨᠳᠣ ᠳᠤᠯᠠᠭᠠᠨ ᠰᠣᠯᠢᠯᠴᠠᠯ ᠶᠠᠪᠤᠭᠳᠠᠬᠤ ᠦᠭᠡᠢ᠃ ᠡᠳᠡᠭᠡᠷ ᠢᠵᠢᠯ ᠲᠣᠯᠠᠭᠠᠨ ᠤ ᠬᠡᠮᠵᠢᠶ᠎ᠡ ᠲᠠᠢ ᠪᠡᠶᠡᠰ ᠢ ᠳᠤᠯᠠᠭᠠᠨ ᠤ ᠲᠡᠩᠴᠡᠪᠦᠷᠢᠲᠡᠢ ᠪᠡᠶᠡᠰ ᠬᠡᠮᠡᠳᠡᠭ᠃

ᠣᠨᠣᠯ ᠤᠨ ᠡᠭᠦᠳᠡᠨ ᠡᠴᠡ ᠪᠠᠶᠢᠵᠤ ᠪᠣᠯᠬᠤ ᠬᠠᠮᠤᠭ ᠤᠨ ᠬᠦᠢᠲᠡᠨ ᠲᠣᠯᠠᠭᠠᠨ ᠤ ᠬᠡᠮᠵᠢᠶ᠎ᠡ ᠪᠣᠯ 0 ᠪᠤᠶᠤ ᠣᠶᠢᠷᠠᠯᠴᠠᠭ᠎ᠠ ᠪᠠᠷ -273.15°C ᠶᠤᠮ᠃ ᠡᠭᠦᠨ ᠢ ᠠᠪᠰᠣᠯᠢᠶᠦᠲ ᠲᠡᠭ ᠬᠡᠮ ᠪᠤᠶᠤ ᠠᠪᠰᠣᠯᠢᠶᠦᠲ ᠲᠡᠭ ᠲᠣᠯᠠᠭᠠᠨ ᠤ ᠬᠡᠮᠵᠢᠶ᠎ᠡ ᠭᠡᠳᠡᠭ᠃ ᠠᠪᠰᠣᠯᠢᠶᠦᠲ ᠲᠡᠭ ᠲᠧᠮᠫᠧᠷᠠᠲᠦ᠋ᠷᠯᠤ ᠳᠥᠬᠦᠵᠦ ᠪᠣᠯᠬᠤ ᠪᠣᠯᠪᠠᠴᠤ ᠶᠠᠭ ᠠᠪᠰᠣᠯᠢᠶᠦᠲ ᠲᠡᠭ ᠬᠡᠮ ᠢ ᠪᠣᠳᠠᠲᠤ ᠹᠢᠽᠢᠺ ᠦᠨ ᠰᠢᠰᠲ᠋ᠧᠮ ᠳᠦ ᠭᠠᠷᠭᠠᠨ ᠠᠪᠬᠤ ᠪᠣᠯᠤᠮᠵᠢ ᠦᠭᠡᠢ ᠶᠤᠮ᠃


ᠵᠢᠯ ᠦᠨ ᠳᠤᠮᠳᠠᠴᠢ ᠲᠣᠯᠠᠭᠠᠨ ᠤ ᠬᠡᠮᠵᠢᠶ᠎ᠡ

ᠪᠢᠴᠢᠭᠡᠰᠦ