ᠲᠣᠭᠲᠠᠮᠠᠯ ᠰᠠᠨᠠᠬᠤ ᠣᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠩᠬᠠᠨ ᠤ EPROM: Intel 1702

ᠲᠣᠭᠲᠠᠮᠠᠯ ᠰᠠᠨᠠᠬᠤ ᠣᠢ (ᠠᠩᠭᠯᠢ ᠪᠠᠷ Read-only memory, ROM) ᠨᠢ ᠺᠣᠮᠫᠢᠶᠦ᠋ᠲ᠋ᠧᠷ᠂ ᠪᠤᠰᠤᠳ ᠡᠯᠧᠺᠲ᠋ᠷᠣᠨᠢᠺᠡᠶᠢᠨ ᠲᠥᠬᠥᠭᠡᠷᠦᠮᠵᠢ ᠨᠦᠭᠦᠳ ᠲᠦ ᠬᠡᠷᠡᠭᠯᠡᠭᠳᠡᠳᠡᠭ ᠰᠠᠨᠠᠬᠤ ᠣᠢ ᠶᠢᠨ ᠲᠥᠷᠥᠯ᠃ ROM ᠍ ᠳᠦ ᠬᠠᠳᠠᠭᠠᠯᠠᠭᠳᠠᠭᠰᠠᠨ ᠥᠭᠭᠥᠭᠳᠡᠯ ᠨᠢ ᠶᠡᠬᠡᠩᠬᠢ ᠳᠦ ᠪᠡᠨ ᠥᠭᠡᠷᠡᠴᠢᠯᠡᠭᠳᠡᠬᠦ ᠦᠭᠡᠢ ᠲᠤᠯᠠ ᠭᠣᠣᠯᠳᠠᠭᠤ firmware (ᠲᠣᠳᠣᠷᠬᠠᠢ ᠲᠧᠭᠨᠢᠭ ᠬᠠᠩᠭᠠᠮᠵᠢᠲᠠᠢ ᠨᠢᠭᠲᠠᠴᠠ ᠬᠣᠯᠪᠣᠭ᠎ᠠ ᠪᠦᠬᠦᠢ ᠰᠢᠨᠡᠳᠭᠡᠬᠦ ᠱᠠᠭᠠᠷᠳᠠᠯᠭ᠎ᠠ ᠪᠠᠭ᠎ᠠ ᠫᠷᠣᠭᠷᠠᠮ) ᠍ ᠢ ᠲᠦᠭᠡᠭᠡᠬᠦ ᠳᠦ ᠬᠡᠷᠡᠭᠯᠡᠭᠳᠡᠨ᠎ᠡ᠃

ROM ᠭᠡᠵᠦ ᠶᠡᠬᠡᠩᠬᠢ ᠲᠣᠬᠢᠶᠠᠯᠳᠤᠯ ᠳᠤ mask ROM ᠍ ᠢ ᠢᠯᠡᠳᠭᠡᠬᠦ ᠪᠥᠭᠡᠳ ᠡᠨᠡ ᠨᠢ ᠥᠭᠭᠥᠭᠳᠡᠯ ᠲᠡᠢ ᠪᠡᠨ ᠬᠠᠮᠲᠤ ᠦᠢᠯᠡᠳᠪᠦᠷᠢᠯᠡᠭᠳᠡᠳᠡᠭ ᠪᠠ ᠡᠭᠦᠨ ᠢ ᠫᠷᠣᠭᠷᠠᠮᠴᠢᠯᠠᠬᠤ ᠪᠣᠯᠤᠮᠵᠢ ᠦᠭᠡᠢ᠃ ᠣᠷᠴᠢᠨ ᠦᠶ᠎ᠡ ᠶᠢᠨ EPROM, flash EEPROM ᠲᠥᠷᠥᠯ ᠦᠳ ᠦᠨ ᠥᠭᠭᠥᠭᠳᠡᠯ ᠢ ᠣᠯᠠᠨ ᠤᠳᠠᠭ᠎ᠠ (ᠬᠢᠵᠠᠭᠠᠷ ᠲᠠᠢ ᠬᠡᠮᠵᠢᠶ᠎ᠡ ᠪᠡᠷ) ᠤᠰᠠᠳᠬᠠᠵᠤ᠂ ᠳᠠᠬᠢᠨ ᠪᠢᠴᠢᠬᠦ ᠪᠣᠯᠤᠮᠵᠢ ᠲᠠᠢ ᠪᠠᠶᠢᠳᠠᠭ᠃ Mask ROM ᠨᠢ ᠬᠡᠳᠦᠢ ᠪᠡᠷ ᠬᠢᠯᠪᠠᠷ ᠪᠦᠲᠦᠴᠡ ᠲᠡᠢ ᠪᠠᠶᠢᠳᠠᠭ ᠴᠤ ᠥᠨᠥ ᠦᠶ᠎ᠡ ᠳᠦ ᠡᠳ᠋ ᠍ ᠦᠨ ᠵᠠᠰᠠᠭ ᠤᠨ ᠬᠤᠪᠢ ᠳᠤ ᠠᠰᠢᠭᠲᠠᠢ᠂ ᠬᠢᠯᠪᠠᠷ ᠫᠷᠣᠭᠷᠠᠮᠴᠢᠯᠠᠬᠤ ᠪᠣᠯᠤᠮᠵᠢ ᠲᠠᠢ ᠰᠢᠨ᠎ᠡ ᠲᠥᠷᠥᠯ ᠦᠨ ROM ᠍ ᠢ ᠬᠡᠷᠡᠭᠯᠡᠬᠦ ᠪᠣᠯᠤᠭᠰᠠᠨ᠃

ᠲᠥᠷᠥᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • Mask ROM
  • Programmable ROM (PROM) ᠪᠤᠶᠤ One-time Programmable ROM - ᠭᠠᠭᠴᠠ ᠤᠳᠠᠭ᠎ᠠ ᠥᠭᠡᠷᠡᠴᠢᠯᠡᠬᠦ ᠪᠣᠯᠤᠮᠵᠢ ᠲᠠᠢ ROM. ᠡᠨᠡ ᠨᠢ ᠥᠨᠳᠥᠷ ᠬᠦᠴᠦᠳᠡᠯ ᠠᠰᠢᠭᠯᠠᠨ ᠴᠢᠫ ᠳᠠᠬᠢ ᠬᠣᠯᠪᠣᠯᠲᠠ ᠨᠤᠭᠤᠳ ᠢ ᠲᠠᠰᠤᠯᠳᠠᠭ ᠲᠤᠯᠠ ᠭᠠᠭᠴᠠ ᠤᠳᠠᠭ᠎ᠠ ᠯᠠ ᠫᠷᠣᠭᠷᠠᠮᠴᠢᠯᠠᠭᠳᠠᠨ᠎ᠠ᠃
  • Erasable Programmable ROM (EPROM) - ᠥᠭᠭᠥᠭᠳᠡᠯ ᠢ ᠬᠦᠷᠢᠨ ᠤ ᠭᠠᠳᠠᠨᠠᠬᠢ ᠲᠤᠶᠠᠭ᠎ᠠ ᠪᠠᠷ ᠠᠷᠢᠯᠭᠠᠨ ᠥᠨᠳᠥᠷ ᠬᠦᠴᠦᠳᠡᠯ ᠠᠰᠢᠭᠯᠠᠨ ᠳᠠᠬᠢᠨ ᠫᠷᠣᠭᠷᠠᠮᠴᠢᠯᠠᠳᠠᠭ᠃
  • Electrically erasable programmable read-only memory (EEPROM) - EPROM ᠍ ᠲᠠᠢ ᠣᠶᠢᠷᠠᠯᠴᠠᠭ᠎ᠠ ᠪᠦᠲᠦᠴᠡ ᠲᠡᠢ ᠴᠤ ᠴᠠᠬᠢᠯᠭᠠᠨ ᠤ ᠲᠤᠰᠠᠯᠠᠮᠵᠢ ᠲᠠᠢ ᠪᠠᠷ ᠪᠦᠬᠦ ᠥᠭᠭᠥᠭᠳᠡᠯ ᠢ ᠤᠰᠠᠳᠬᠠᠵᠤ᠂ ᠳᠠᠬᠢᠨ ᠪᠢᠴᠢᠬᠦ ᠲᠤᠯᠠ ᠫᠷᠣᠭᠷᠠᠮᠴᠢᠯᠠᠬᠤ ᠦᠶ᠎ᠡ ᠳᠦ ᠺᠣᠮᠫᠢᠶᠦ᠋ᠲ᠋ᠧᠷ ᠠᠴᠠ ᠰᠠᠯᠭᠠᠬᠤ ᠱᠠᠭᠠᠷᠳᠠᠯᠭ᠎ᠠ ᠦᠭᠡᠢ᠃
    • Electrically alterable read-only memory (EAROM) - EEPROM ᠍ ᠦᠨ ᠲᠥᠷᠥᠯ᠃ ᠪᠢᠲᠡᠭᠦᠳ ᠢ ᠨᠢᠭᠡ ᠨᠢᠭᠡ ᠪᠡᠷ ᠨᠢ ᠥᠭᠡᠷᠡᠴᠢᠯᠡᠳᠡᠭ᠃
    • ᠹᠯᠤᠰᠢ ᠰᠠᠨᠠᠬᠤ ᠣᠢ ᠪᠤᠶᠤ Flash - 1984 ᠣᠨ ᠳᠤ ᠵᠣᠬᠢᠶᠠᠨ ᠪᠦᠲᠦᠭᠡᠭᠰᠡᠨ EEPROM ᠍ ᠦᠨ ᠲᠥᠷᠥᠯ᠃ ᠶᠡᠷᠦᠳᠡ ᠶᠢᠨ EEPROM ᠍ ᠢ ᠪᠣᠳᠣᠪᠠᠯ ᠤᠰᠠᠳᠬᠠᠬᠤ᠂ ᠳᠠᠬᠢᠨ ᠪᠢᠴᠢᠬᠦ ᠬᠤᠷᠳᠤ ᠨᠢ ᠥᠨᠳᠥᠷ ᠪᠥᠭᠡᠳ ᠲᠤᠰ ᠶᠠᠪᠤᠴᠠ ᠢ ᠮᠠᠰᠢ ᠣᠯᠠᠨ ᠤᠳᠠᠭ᠎ᠠ ᠭᠦᠢᠴᠡᠳᠭᠡᠬᠦ ᠪᠣᠯᠤᠮᠵᠢ ᠲᠠᠢ᠃

ROM-(Read only memory)[ᠵᠠᠰᠠᠪᠤᠷᠢᠯᠠᠬᠤ | ᠺᠣᠳ᠋ ᠢᠶᠠᠷ ᠵᠠᠰᠠᠬᠣ]

ROM (Read Only Memory). ᠲᠣᠭᠲᠠᠮᠠᠯ ᠰᠠᠨᠠᠬᠤ ᠣᠢ ᠷᠤ ᠥᠭᠭᠥᠭᠳᠡᠯ ᠢ ᠪᠢᠴᠢᠬᠦ ᠪᠣᠯᠤᠮᠵᠢ ᠦᠭᠡᠢ ᠵᠥᠪᠬᠡᠨ ᠤᠩᠰᠢᠳᠠᠭ ᠪᠥᠭᠡᠳ ᠺᠣᠮᠫᠢᠶᠦ᠋ᠲ᠋ᠧᠷ ᠢ ᠠᠰᠠᠭᠠᠬᠤ ᠳᠤ ᠠᠵᠢᠯᠯᠠᠭᠤᠯᠳᠠᠭ boot ᠫᠷᠣᠭᠷᠠᠮ ᠳᠤ ᠬᠠᠳᠠᠭᠠᠯᠠᠭᠳᠠᠳᠠᠭ᠃ RAMhttp://mn.wikipedia.org/wiki/RAM ᠍ ᠠᠴᠠ ᠢᠯᠭᠠᠭᠳᠠᠬᠤ ᠭᠣᠣᠯ ᠣᠨᠴᠠᠯᠢᠭ ᠨᠢ ᠺᠣᠮᠫᠢᠶᠦ᠋ᠲ᠋ᠧᠷ ᠢ ᠤᠨᠲᠠᠷᠠᠭᠠᠭᠰᠠᠨ ᠪᠠᠶᠢᠬᠤ ᠳᠤ ᠴᠤ ᠥᠪᠡᠷ ᠳᠡᠭᠡᠷᠡᠬᠢ ᠮᠡᠳᠡᠭᠡᠯᠡᠯ᠎ᠡ ᠠᠯᠠᠳᠠᠯ ᠦᠭᠡᠢ ᠬᠠᠳᠠᠭᠠᠯᠠᠭᠰᠠᠭᠠᠷ ᠪᠠᠶᠢᠳᠠᠭ᠃ PROM (Programmable read-only memory). ᠡᠨᠡ ᠲᠥᠷᠥᠯ ᠦᠨ ᠰᠠᠨᠠᠬᠤ ᠣᠢ ᠳᠤ ᠫᠷᠣᠭᠷᠠᠮ ᠢ ᠬᠠᠳᠠᠭᠠᠯᠠᠵᠤ ᠪᠣᠯᠤᠨ᠎ᠠ᠃ PROM ᠠᠰᠢᠭᠯᠠᠭᠳᠠᠵᠤ ᠪᠠᠶᠢᠪᠠᠯ ᠡᠨᠡ ᠫᠷᠣᠭᠷᠠᠮ ᠢ ᠤᠰᠠᠳᠬᠠᠵᠤ ᠴᠡᠪᠡᠷᠯᠡᠬᠦ ᠪᠣᠯᠤᠮᠵᠢ ᠦᠭᠡᠢ ᠪᠥᠭᠡᠳ ᠫᠷᠣᠭᠷᠠᠮ ᠢ ᠨᠢ ᠬᠠᠭᠤᠯᠵᠤ ᠪᠣᠯᠤᠨ᠎ᠠ᠃ EEPROM (Erasible programmable read-only memory). PROM ᠍ ᠶᠢᠨ ᠨᠢᠭᠡ ᠲᠥᠷᠥᠯ ᠪᠥᠭᠡᠳ ᠫᠷᠣᠭᠷᠠᠮ ᠢ ᠪᠢᠴᠢᠵᠦ ᠮᠥᠨ ᠤᠰᠠᠳᠬᠠᠵᠤ ᠪᠣᠯᠳᠠᠭ᠃ ᠬᠦᠷᠢᠨ ᠤ ᠭᠠᠳᠠᠨᠠᠬᠢ ᠲᠤᠶᠠᠭᠠᠨ ᠤ ᠲᠤᠰᠠᠯᠠᠮᠵᠢ ᠲᠠᠢ ᠪᠠᠷ ᠫᠷᠣᠭᠷᠠᠮ ᠢ ᠤᠰᠠᠳᠬᠠᠳᠠᠭ᠃ http://en.wikipedia.org/wiki/Eeprom (Electrically erasable programmable read-only memory). PROM ᠍ ᠶᠢᠨ ᠨᠢᠭᠡ ᠲᠥᠷᠥᠯ ᠪᠥᠭᠡᠳ ᠴᠠᠬᠢᠯᠭᠠᠨ ᠴᠡᠨᠡᠭ ᠦᠨ ᠲᠤᠰᠠᠯᠠᠮᠵᠢ ᠲᠠᠢ ᠪᠠᠷ ᠮᠡᠳᠡᠭᠡᠯᠡᠯ ᠢ ᠨᠢ ᠤᠰᠠᠳᠭᠠᠬᠤ᠂ ᠳᠠᠬᠢᠨ ᠫᠷᠣᠭᠷᠠᠮᠴᠢᠯᠠᠵᠤ ᠪᠣᠯᠬᠤ ᠨᠢᠭᠡᠨ ᠲᠥᠷᠥᠯ ᠦᠨ ᠲᠣᠭᠲᠠᠮᠠᠯ ᠰᠠᠨᠠᠬᠤ ᠣᠢ ᠶᠤᠮ᠃ ᠫᠷᠣᠭᠷᠠᠮᠴᠢᠯᠠᠬᠤ ᠶᠢᠨ ᠲᠤᠯᠠᠳᠠ motherboard ᠍ ᠰ ᠰᠤᠭᠤᠯᠬᠤ ᠱᠠᠭᠠᠷᠳᠠᠯᠭ᠎ᠠ ᠪᠠᠶᠢᠳᠠᠭ ᠦᠭᠡᠢ᠃ ᠤᠴᠢᠷ ᠨᠢ ᠺᠣᠮᠫᠢᠶᠦ᠋ᠲ᠋ᠧᠷ ᠲᠦ ᠬᠡᠷᠡᠭᠯᠡᠭᠳᠡᠳᠡᠭ ᠶᠡᠷᠦᠳᠡ ᠶᠢᠨ ᠬᠦᠴᠦᠳᠡᠯ ᠲᠡᠭᠦᠨ ᠢ ᠫᠷᠣᠭᠷᠠᠮᠴᠢᠯᠠᠬᠤ ᠳᠤ ᠬᠠᠩᠭᠠᠯᠲᠠ ᠲᠠᠢ ᠪᠠᠶᠢᠳᠠᠭ᠃ ᠵᠢᠱᠢᠶ᠎ᠡ ᠨᠢ BIOS ᠍ ᠤᠨ ᠮᠢᠺᠷᠣᠰᠾᠧᠮ ᠶᠤᠮ᠃ Input, Storage, Operation, Control, Output. • Input unit: ᠡᠨᠡ ᠲᠥᠬᠥᠭᠡᠷᠦᠮᠵᠢ ᠨᠢ ᠺᠣᠮᠫᠢᠶᠦ᠋ᠲ᠋ᠧᠷ ᠢᠶᠠᠷ ᠪᠣᠯᠪᠠᠷᠠᠭᠤᠯᠤᠭᠳᠠᠬᠤ ᠥᠭᠭᠥᠭᠳᠡᠯ ᠦᠳ ᠪᠣᠯᠤᠨ ᠫᠷᠣᠭᠷᠠᠮ ᠢ ᠣᠷᠣᠭᠤᠯᠤᠨ᠎ᠠ᠃ ᠬᠦᠮᠦᠨ ᠦ ᠨᠢᠳᠦ ᠪᠣᠯᠤᠨ ᠴᠢᠬᠢ ᠵᠡᠷᠭᠡ ᠡᠷᠬᠡᠲᠡᠨ ᠨᠦᠭᠦᠳ ᠲᠡᠢ ᠲᠥᠰᠲᠡᠢ᠃ • Storage unit: ᠡᠨᠡ ᠲᠥᠬᠥᠭᠡᠷᠦᠮᠵᠢ ᠨᠢ ᠥᠭᠭᠥᠭᠳᠡᠯ ᠦᠳ ᠪᠣᠯᠤᠨ ᠫᠷᠣᠭᠷᠠᠮ ᠢ ᠬᠠᠳᠠᠭᠠᠯᠠᠨ᠎ᠠ᠃ ᠬᠦᠮᠦᠨ ᠦ ᠲᠠᠷᠢᠬᠢᠨ ᠤ ᠮᠡᠳᠡᠭᠡᠯᠡᠯ ᠰᠠᠨᠠᠬᠤ ᠬᠡᠰᠡᠭ ᠲᠡᠢ ᠲᠥᠰᠲᠡᠢ᠃ • Arithmetic unit: ᠫᠷᠣᠭᠷᠠᠮ ᠤᠨ ᠵᠢᠭᠠᠪᠤᠷᠢ ᠶᠢᠨ ᠳᠠᠭᠠᠤ ᠬᠠᠳᠠᠭᠠᠯᠠᠭᠳᠠᠵᠤ ᠪᠠᠶᠢᠭ᠎ᠠ ᠥᠭᠭᠥᠭᠳᠡᠯ ᠦᠳ ᠳᠡᠭᠡᠷ᠎ᠡ ᠲᠣᠭᠠᠴᠠᠭᠠᠯᠠᠨ ᠪᠣᠳᠣᠯ ᠳᠤ ᠬᠢᠨ᠎ᠡ᠃ • Control unit: ᠡᠨᠡ ᠲᠥᠬᠥᠭᠡᠷᠦᠮᠵᠢ ᠨᠢ ᠤᠷᠤᠭᠤᠯᠬᠤ ᠲᠥᠬᠥᠭᠡᠷᠦᠮᠵᠢ᠂ ᠰᠠᠨᠠᠬᠤ ᠲᠥᠬᠥᠭᠡᠷᠦᠮᠵᠢ᠂ ᠠᠷᠢᠹᠮᠧᠲ᠋ᠢᠭ ᠲᠥᠬᠥᠭᠡᠷᠦᠮᠵᠢ ᠪᠣᠯᠤᠨ ᠭᠠᠷᠭᠠᠬᠤ ᠲᠥᠬᠥᠭᠡᠷᠦᠮᠵᠢ ᠨᠦᠭᠦᠳ ᠢ ᠤᠳᠤᠷᠢᠳᠤᠨ᠎ᠠ᠃ ᠬᠦᠮᠦᠨ ᠦ ᠮᠡᠳᠡᠷᠡᠯ ᠦᠨ ᠲᠥᠪ ᠰᠢᠰᠲ᠋ᠧᠮ ᠲᠡᠢ ᠲᠥᠰᠲᠡᠢ᠃ • Output unit: ᠡᠨᠡ ᠲᠥᠬᠥᠭᠡᠷᠦᠮᠵᠢ ᠨᠢ ᠺᠣᠮᠫᠢᠶᠦ᠋ᠲ᠋ᠧᠷ ᠢᠶᠡᠷ ᠪᠣᠯᠪᠠᠰᠤᠷᠠᠭᠤᠯᠤᠭᠳᠠᠭᠰᠠᠨ ᠬᠦᠨᠳᠦ ᠣᠶᠢᠯᠠᠭᠠᠮᠵᠢᠲᠠᠢ ᠬᠡᠯᠪᠡᠷᠢ ᠶᠢᠨ ᠥᠭᠭᠥᠭᠳᠡᠯ ᠢ ᠳᠠᠮᠵᠢᠭᠤᠯᠬᠤ ᠡᠭᠦᠷᠭᠡ ᠲᠡᠢ᠃ ᠬᠦᠮᠦᠨ ᠦ ᠭᠠᠷ ᠪᠣᠯᠤᠨ ᠠᠮᠠ ᠲᠠᠢ ᠲᠥᠰᠲᠡᠢ᠃ ᠤᠳᠤᠷᠢᠳᠬᠤ ᠲᠥᠬᠥᠭᠡᠷᠦᠮᠵᠢ ᠪᠣᠯᠤᠨ ᠠᠷᠢᠹᠮᠧᠲ᠋ᠢᠭ ᠲᠥᠬᠥᠭᠡᠷᠦᠮᠵᠢ ᠬᠣᠶᠠᠷ ᠢ ᠨᠢᠭᠡ ᠲᠥᠬᠥᠭᠡᠷᠦᠮᠵᠢ ᠭᠡᠵᠦ ᠦᠵᠡᠳᠡᠭ ᠪᠠ ᠲᠥᠪ ᠫᠷᠣᠼᠧᠰᠰᠣᠷ (CPU - central processing unit) ᠭᠡᠵᠦ ᠨᠡᠷᠡᠯᠡᠳᠡᠭ᠃ 《Peripheral devices》 ᠭᠡᠳᠡᠭ ᠲᠦ ᠣᠷᠣᠯᠲᠠ᠂ ᠭᠠᠷᠤᠯᠲᠠ ᠪᠣᠯᠤᠨ ᠲᠤᠰᠯᠠᠬᠤ ᠰᠠᠨᠠᠬᠤ ᠲᠥᠬᠥᠭᠡᠷᠦᠮᠵᠢ ᠨᠦᠭᠦᠳ ᠬᠠᠮᠤᠷᠤᠭᠳᠠᠬᠤ ᠪᠠ ᠲᠡᠳᠡᠭᠡᠷ ᠨᠢ ᠫᠷᠣᠼᠧᠰᠰᠣᠷ ᠠᠴᠠ ᠭᠠᠳᠠᠨ᠎ᠠ ᠲᠤᠰ ᠲᠤ ᠪᠠᠨ ᠣᠷᠣᠰᠢᠨ᠎ᠠ᠃ ᠦᠨᠳᠦᠰᠦᠨ ᠰᠠᠨᠠᠬᠤ ᠲᠥᠬᠥᠭᠡᠷᠦᠮᠵᠢ ᠲᠡᠢ ᠮᠡᠳᠡᠭᠡᠯᠡᠯ ᠰᠣᠯᠢᠯᠴᠠᠨ᠎ᠠ᠃ ᠰᠠᠨᠠᠬᠤ ᠲᠥᠬᠥᠭᠡᠷᠦᠮᠵᠢ ᠨᠢ ᠵᠣᠷᠢᠭᠤᠯᠤᠯᠲᠠ ᠠᠴᠠ ᠪᠠᠨ ᠬᠠᠮᠢᠶᠠᠷᠴᠢ ᠦᠨᠳᠦᠰᠦᠨ ᠰᠠᠨᠠᠬᠤ ᠲᠥᠬᠥᠭᠡᠷᠦᠮᠵᠢ ᠪᠣᠯᠤᠨ ᠲᠤᠰᠯᠠᠬᠤ ᠰᠠᠨᠠᠬᠤ ᠲᠥᠬᠥᠭᠡᠷᠦᠮᠵᠢ ᠭᠡᠵᠦ ᠬᠤᠪᠢᠶᠠᠭᠳᠠᠨ᠎ᠠ᠃

ᠪᠢᠴᠢᠭᠡᠰᠦ