ᠲᠣᠭᠯᠠᠭᠠᠮ ᠤᠨ ᠣᠨᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Game-theory2.jpg

ᠲᠣᠭᠯᠠᠭᠠᠮ ᠤᠨ ᠣᠨᠣᠯ (ᠠᠩᠭᠯᠢ: Game theory; ᠬᠢᠳᠠᠳ: 博弈论) ᠭᠡᠳᠡᠭ ᠨᠢ 20 ᠳ᠋ᠤᠭᠠᠷ ᠵᠠᠭᠤᠨ ᠤ ᠳᠤᠮᠳᠠᠭᠤᠷ ᠡᠬᠢᠯᠡᠵᠦ ᠬᠥᠭᠵᠢᠭᠰᠡᠨ ᠤᠬᠠᠭᠠᠨ ᠪᠥᠭᠡᠳ ᠦᠢᠯᠡᠳᠦᠯ ᠦᠨ ᠰᠢᠨᠵᠢᠯᠡᠭᠡᠮᠢᠺᠷᠣ᠋ ᠡᠳ᠋ ᠍ ᠦᠨ ᠵᠠᠰᠠᠭᠤᠯᠤᠰ ᠲᠥᠷᠥ ᠰᠤᠳᠤᠯᠤᠯᠣᠯᠠᠨ ᠤᠯᠤᠰ ᠤᠨ ᠬᠠᠷᠢᠯᠴᠠᠭ᠎ᠠᠰᠡᠳᠬᠢᠯ ᠰᠤᠳᠤᠯᠤᠯ ᠵᠡᠷᠭᠡ ᠲᠡᠢ ᠥᠷᠭᠡᠨ ᠬᠣᠯᠪᠣᠭ᠎ᠠ ᠲᠠᠢ᠃

1944 ᠤᠨ ᠳᠤ ᠵᠢᠶᠥᠨ ᠹᠣᠨ ᠨᠦᠢᠮᠠᠨᠣᠰᠺᠠᠷ ᠮᠣᠷᠭᠧᠨᠱᠲ᠋ᠧᠷᠠᠨ ᠨᠠᠷ ᠤᠨ 《ᠲᠣᠭᠯᠠᠭᠠᠮ ᠤᠨ ᠣᠨᠣᠯ ᠪᠠ ᠡᠳ᠋ ᠍ ᠦᠨ ᠵᠠᠰᠠᠭ ᠤᠨ ᠦᠢᠯᠡ ᠠᠵᠢᠯᠯᠠᠭ᠎ᠠ》 ᠬᠡᠮᠡᠬᠦ ᠨᠣᠮ ᠳᠤ ᠡᠨᠡᠬᠦ ᠣᠨᠣᠯ ᠢ ᠲᠣᠳᠣᠷᠬᠠᠶᠢᠯᠠᠭᠰᠠᠨ ᠭᠡᠵᠦ ᠦᠵᠡᠳᠡᠭ᠃


ᠵᠢᠶᠥᠨ ᠹᠣᠨ ᠨᠦᠢᠮᠠᠨ(John von neumann)

ᠲᠣᠭᠯᠠᠭᠠᠮ ᠤᠨ ᠣᠨᠣᠯ ᠳᠤ ᠠᠪᠴᠤ ᠦᠵᠡᠳᠡᠭ ᠲᠣᠭᠯᠠᠭᠠᠮ ᠭᠡᠳᠡᠭ ᠨᠢ ᠶᠡᠷᠦᠩᠬᠡᠢ ᠳᠤ ᠪᠡᠨ ᠳᠠᠷᠠᠭᠠᠬᠢ ᠰᠢᠨᠵᠢ ᠴᠢᠨᠠᠷ ᠢ ᠠᠭᠤᠯᠠᠭᠰᠠᠨ ᠲᠣᠭᠠᠨ ᠦ ᠤᠬᠠᠭᠠᠨ  ᠤ ᠠᠷᠭ᠎ᠠ ᠪᠠᠷ ᠢᠯᠡᠷᠬᠡᠶᠢᠯᠡᠵᠦ ᠪᠤᠯᠳᠠᠭ ᠬᠡᠶᠢᠰᠪᠦᠷᠢ ᠵᠠᠭᠪᠦᠷ ᠵᠢ ᠬᠡᠯᠡᠳᠡᠭ᠃

  • ᠬᠡᠳᠦ ᠬᠡᠳᠦᠨ ᠣᠷᠣᠯᠴᠠᠭᠴᠢ ᠪᠠᠶᠢᠨ᠎ᠠ᠃( ᠵᠠᠬ᠎ᠠ ᠵᠡᠭᠡᠯᠢ ᠶᠢᠨ ᠥᠪᠡᠷ ᠬᠣᠭᠣᠷᠣᠨᠳᠣ ᠪᠠᠨ ᠥᠷᠢᠰᠦᠯᠳᠦᠭᠴᠢ ᠺᠣᠮᠫᠠᠨᠢ ᠨᠤᠭᠤᠳ)
  • ᠣᠷᠣᠯᠴᠠᠭᠴᠢ ᠪᠦᠷᠢ ᠨᠢ ᠲᠣᠳᠣᠷᠬᠠᠢ ᠨᠥᠬᠥᠴᠡᠯ ᠳᠦ ᠲᠤᠰ ᠪᠦᠷᠢ ᠶᠢᠨ ᠵᠣᠷᠢᠯᠭ᠎ᠠ ᠪᠡᠨ ᠪᠡᠶᠡᠯᠡᠭᠦᠯᠬᠦ ᠦᠢᠯᠡᠳᠦᠯᠭᠡ ᠢ ᠰᠣᠩᠭᠣᠨ᠎ᠠ᠃(ᠵᠠᠬ᠎ᠠ ᠵᠡᠭᠡᠯᠢ ᠳ᠋ᠡᠬᠢ ᠪᠦᠲᠦᠭᠡᠭᠳᠡᠬᠦᠨ ᠦ ᠪᠡᠨ ᠦᠨ᠎ᠡ ᠶᠢ ᠲᠣᠭᠲᠠᠭᠠᠬᠤ)
  • ᠦᠢᠯᠡᠳᠦᠯᠭᠡ ᠪᠦᠷᠢ ᠨᠢ ᠳᠡᠬᠢᠨ ᠨᠥᠬᠥᠴᠡᠯ ᠪᠠᠶᠢᠳᠠᠯ ᠪᠣᠯᠤᠨ ᠣᠷᠣᠯᠴᠠᠭᠴᠢᠳ ᠵᠢ ᠨᠥᠯᠦᠭᠡᠯᠡᠨ᠎ᠡ᠃
  • ᠣᠷᠣᠯᠴᠠᠭᠴᠢ ᠪᠦᠷᠢ ᠶᠢᠨ ᠵᠣᠷᠢᠯᠭ᠎ᠠ᠂ ᠰᠤᠩᠭᠤᠬᠤ ᠪᠣᠯᠤᠮᠵᠢ ᠪᠦᠬᠦᠢ ᠦᠢᠯᠡᠳᠦᠯᠭᠡ ᠦᠨ ᠲᠥᠷᠥᠯ ᠨᠢ ᠲᠣᠭᠠᠨ ᠤ ᠣᠬᠠᠭᠠᠨ ᠤ ᠠᠷᠭ᠎ᠠ ᠪᠠᠷ ᠢᠯᠡᠷᠬᠡᠶᠢᠯᠡᠭᠳᠡᠬᠦ ᠬᠡᠯᠪᠡᠷᠢ ᠲᠡᠢ ᠪᠠᠶᠢᠨ᠎ᠠ᠃  

ᠡᠶᠢᠮᠦ ᠰᠢᠨᠵᠢ ᠴᠢᠨᠠᠷ ᠪᠦᠬᠦᠢ ᠵᠠᠭᠪᠤᠷ ᠤᠨ ᠵᠢᠱᠢᠶ᠎ᠡ ᠭᠡᠪᠡᠯ᠂ ᠰᠢᠲᠠᠷ᠎ᠠᠳᠠᠭᠠᠮ ᠵᠡᠷᠭᠡ 2 ᠲᠣᠭᠯᠠᠭᠴᠢ ᠲᠣᠳᠣᠷᠬᠠᠢ ᠬᠡᠯᠪᠡᠷᠢᠵᠢᠭᠰᠡᠨ(ᠥᠭᠡᠷ᠎ᠡ ᠪᠡᠷ ᠬᠡᠯᠡᠪᠡᠯ᠂ ᠲᠣᠭᠠᠨ ᠤ ᠣᠬᠠᠭᠠᠨ ᠤ ᠠᠷᠭ᠎ᠠ ᠪᠠᠷ ᠢᠯᠡᠷᠬᠡᠶᠢᠯᠡᠬᠦ ᠪᠣᠯᠤᠮᠵᠢ ᠲᠠᠢ)ᠳᠦᠷᠢᠮ ᠦᠨ ᠳᠠᠭᠠᠤ ᠲᠣᠳᠣᠷᠬᠠᠢ ᠵᠣᠷᠢᠯᠭ᠎ᠠ ᠪᠡᠶᠡᠯᠡᠭᠦᠯᠬᠦ ᠶᠢ ᠵᠣᠷᠢᠵᠤ ᠲᠣᠭᠯᠠᠬᠤ ᠲᠣᠭᠯᠠᠭᠠᠮ ᠤᠳ ᠪᠣᠯᠤᠨ᠎ᠠ᠃ ᠡᠶᠢᠮᠦ ᠡᠴᠡ ᠡᠨᠡ ᠣᠨᠣᠯ ᠢ 《ᠲᠣᠭᠯᠠᠭᠠᠮ ᠤᠨ ᠣᠨᠣᠯ》 ᠭᠡᠵᠦ ᠨᠡᠷᠡᠯᠡᠭᠰᠡᠨ ᠠᠵᠡᠢ᠃ ᠲᠣᠭᠯᠠᠭᠠᠮ ᠤᠨ ᠣᠨᠣᠯ ᠨᠢ ᠬᠡᠷᠡᠭᠯᠡᠭᠡᠨ ᠤ ᠲᠤᠭᠠᠨ ᠤ ᠤᠬᠠᠭᠠᠨ ᠤ ᠵᠠᠭᠪᠦᠷ ᠤᠨ ᠨᠢᠭᠡ ᠲᠦᠷᠦᠯ ᠳᠤ ᠪᠠᠭᠲᠠᠳᠠᠭ᠃

ᠡᠨᠡᠬᠦ ᠬᠡᠶᠢᠰᠪᠦᠷᠢ ᠵᠠᠭᠪᠤᠷ ᠨᠢ ᠳᠠᠷᠠᠭᠠᠬᠢ ᠬᠡᠯᠪᠡᠷᠢ ᠪᠡᠷ ᠣᠯᠠᠨ ᠰᠢᠨᠵᠢᠯᠡᠭᠡ᠂ ᠰᠤᠳᠤᠯᠭᠠᠨ ᠳᠤ ᠠᠰᠢᠭᠯᠠᠭᠳᠠᠳᠠᠭ᠃

  • ᠣᠳᠣ ᠶᠢᠨ ᠨᠥᠬᠥᠴᠡᠯ ᠪᠠᠶᠢᠳᠠᠯ ᠢ ᠵᠠᠭᠪᠤᠷᠴᠢᠯᠠᠵᠤ᠂ ᠡᠨᠡ ᠨᠥᠬᠥᠴᠡᠯ ᠪᠠᠶᠢᠳᠠᠯ ᠳᠠᠬᠢ ᠪᠣᠯᠤᠮᠵᠢᠲᠤ ᠦᠢᠯᠡᠳᠦᠯᠭᠡ ᠨᠦᠭᠦᠳ ᠦᠨ ᠳᠤᠮᠳᠠ ᠠᠴᠠ ᠬᠠᠮᠤᠭ ᠤᠨ ᠲᠣᠬᠢᠷᠠᠮᠵᠢᠲᠠᠢ ᠠᠷᠭ᠎ᠠ ᠵᠠᠮ ᠢ ᠤᠯᠬᠤ᠃ (ᠰᠣᠩᠭᠣᠭᠤᠯᠢ ᠳᠤ ᠨᠡᠷ᠎ᠡ ᠳᠡᠪᠰᠢᠭᠰᠡᠨ ᠤᠯᠤᠰ ᠲᠥᠷᠦᠴᠢᠳ ᠰᠣᠩᠭᠣᠭᠤᠯᠢ ᠶᠢᠨ ᠰᠤᠷᠲᠠᠯᠴᠢᠯᠠᠭ᠎ᠠ  ᠪᠠᠨ ᠶᠠᠭᠠᠬᠢᠵᠤ ᠶᠠᠪᠤᠭᠤᠯᠪᠠᠯ ᠳᠡᠭᠡᠷ᠎ᠡ ᠪᠤᠢ ᠭᠡᠳᠡᠭ ᠢᠶᠡᠨ ᠰᠤᠩᠭᠤᠬᠤ)
  • ᠣᠳᠣ ᠶᠢᠨ ᠨᠥᠬᠥᠴᠡᠯ ᠪᠠᠶᠢᠳᠠᠯ ᠢ ᠵᠠᠭᠪᠤᠷᠴᠢᠯᠠᠵᠤ᠂ ᠤᠭ ᠲᠣᠭᠯᠠᠭᠠᠮ ᠨᠢ ᠴᠢᠨᠠᠭᠰᠢ ᠦᠷᠭᠦᠯᠵᠢᠯᠡᠪᠡᠯ ᠶᠠᠮᠠᠷ ᠦᠷ᠎ᠡ ᠳ᠋ᠦᠩ ᠭᠠᠷᠬᠤ ᠪᠤᠢ ᠭᠡᠳᠡᠭ ᠢ ᠲᠣᠭᠲᠠᠭᠠᠬᠤ᠃
  •  ᠨᠥᠬᠥᠴᠡᠯ ᠪᠠᠶᠢᠳᠠᠯ ᠢ ᠵᠠᠭᠪᠤᠷᠴᠢᠯᠠᠵᠤ᠂ ᠣᠷᠣᠯᠴᠠᠭᠴᠢᠳ ᠪᠦᠭᠦᠳᠡ ᠵᠥᠪ ᠲᠣᠭᠯᠠᠳᠠᠭ ᠪᠣᠯ ᠶᠠᠮᠠᠷ ᠦᠷ᠎ᠡ ᠳ᠋ᠦᠩ ᠭᠠᠷᠬᠤ ᠶᠢ ᠲᠣᠭᠠᠴᠠᠭᠠᠯᠠᠬᠤ (ᠪᠦᠲᠦᠭᠡᠭᠳᠡᠬᠦᠨ ᠦ ᠦᠨ᠎ᠡ ᠶᠠᠭᠠᠬᠢᠵᠤ ᠥᠭᠡᠷᠡᠴᠢᠯᠡᠭᠳᠡᠬᠦ᠂ ᠡᠰᠡᠪᠡᠯ ᠲᠣᠭᠲᠠᠪᠤᠷᠢᠵᠢᠬᠤ)


ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ