ᠲᠣᠭᠣᠷᠢᠯ ᠬᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠣᠭᠣᠷᠢᠯ ᠬᠠᠨ (? - 1203) 12 ᠍ ᠳᠦᠭᠡᠷ ᠵᠠᠭᠤᠨ ᠤ ᠦᠶ᠎ᠡ ᠳᠦ ᠮᠣᠩᠭᠣᠯ ᠤᠨ ᠲᠠᠯ᠎ᠠ ᠨᠤᠲᠤᠭ ᠲᠤ ᠲᠤᠭᠤᠯ ᠭᠣᠣᠯ ᠍ ᠤᠨ ᠰᠠᠪᠠ ᠭᠠᠵᠠᠷ ᠢᠶᠠᠷ ᠨᠡᠭᠦᠳᠡᠯᠯᠡᠨ ᠰᠠᠭᠤᠷᠢᠰᠢᠵᠤ ᠪᠠᠶᠢᠭᠰᠠᠨ ᠬᠦᠴᠦᠷᠬᠡᠭ ᠬᠡᠷᠡᠶᠢᠳ ᠠᠶᠢᠮᠠᠭ ᠤᠨ ᠤᠳᠤᠷᠢᠳᠤᠭᠴᠢ ᠪᠠᠶᠢᠴᠠᠢ᠃ ᠲᠣᠭᠣᠷᠢᠯ ᠬᠠᠨ ᠨᠢ ᠴᠢᠩᠭᠢᠰ ᠬᠠᠭᠠᠨᠢ ᠡᠴᠢᠭᠡ ᠶᠡᠰᠦᠭᠡᠢ ᠪᠠᠭᠠᠲᠤᠷ ᠤᠨ ᠲᠠᠩᠭᠠᠷᠢᠭ ᠲᠠᠯᠪᠢᠭᠰᠠᠨ ᠠᠨᠳᠠ ᠪᠠᠶᠢᠭᠰᠠᠨ ᠪᠥᠭᠡᠳ ᠰᠡᠭᠦᠯ ᠳᠦ ᠶᠡᠰᠦᠭᠡᠢ ᠶᠢᠨ ᠤᠤᠭᠠᠨ ᠬᠦᠦ ᠲᠡᠮᠦᠵᠢᠨ ᠦ (ᠰᠡᠭᠦᠯ ᠳᠦ ᠴᠢᠩᠭᠢᠰ ᠬᠠᠭᠠᠨ) ᠬᠠᠭᠤᠷᠠᠢ ᠡᠴᠢᠭᠡ᠂ ᠬᠣᠯᠪᠣᠭᠠᠲᠠᠨ ᠨᠢ ᠪᠣᠯᠵᠠᠢ᠃ 12 ᠍ ᠳᠦᠭᠡᠷ ᠵᠠᠭᠤᠨ ᠤ ᠰᠡᠭᠦᠯ ᠢᠶᠡᠷ ᠮᠡᠷᠬᠢᠳ᠂ ᠲᠠᠶᠢᠴᠢᠭᠤᠳ᠂ ᠲᠠᠲᠠᠷ᠂ ᠨᠠᠶᠢᠮᠠᠨ ᠠᠶᠢᠮᠠᠭ ᠤᠳ ᠤᠨ ᠡᠰᠡᠷᠬᠦ ᠠᠶᠠᠨ ᠳᠠᠶᠢᠨ ᠨᠤᠭᠤᠳ ᠢ ᠠᠮᠵᠢᠯᠲᠠ ᠲᠠᠢ ᠬᠢᠵᠦ ᠪᠠᠶᠢᠭᠰᠠᠨ᠃ 1203 ᠣᠨ ᠳᠤ ᠲᠡᠮᠦᠵᠢᠨ ᠢ ᠤᠰᠠᠳᠬᠠᠬᠤ ᠪᠠᠷ ᠳᠠᠶᠢᠰᠤᠩᠨᠠᠭᠰᠠᠨ ᠤ ᠳᠦᠩ ᠳᠦ ᠢᠯᠠᠭᠳᠠᠯ ᠬᠦᠯᠢᠶᠡᠨ ᠪᠠᠷᠠᠭᠤᠨ ᠵᠦᠭ ᠵᠢᠭᠤᠳᠠᠵᠤ ᠶᠠᠪᠤᠭᠠᠳ ᠨᠠᠶᠢᠮᠠᠨ ᠠᠶᠢᠮᠠᠭ ᠤᠨ ᠬᠠᠷᠠᠭᠤᠯ ᠤᠨ ᠴᠡᠷᠢᠭ ᠦᠳ ᠲᠦ ᠠᠯᠠᠭᠳᠠᠵᠠᠢ᠃ ᠨᠧᠰᠲ᠋ᠣᠷ ᠤᠨ ᠾᠷᠢᠰᠤᠰ ᠤᠨ ᠱᠠᠰᠢᠨ ᠲᠠᠢ ᠪᠠᠶᠢᠭᠰᠠᠨ ᠭᠡᠵᠦ ᠦᠵᠡᠳᠡᠭ᠃ ᠲᠡᠭᠦᠨ ᠦ ᠳᠡᠭᠦᠦ ᠵᠢᠬᠠ ᠬᠠᠮᠪᠤᠭᠡᠶᠢᠨ ᠥᠬᠢᠨ ᠰᠣᠷᠬᠠᠭᠲᠠᠨᠢ ᠪᠡᠬᠢ ᠨᠢ ᠴᠢᠩᠭᠢᠰ ᠬᠠᠭᠠᠨ ᠤ ᠪᠠᠭ᠎ᠠ ᠬᠦᠦ ᠲᠣᠯᠤᠢᠨ ᠶᠡᠬᠡ ᠬᠠᠲᠤᠨ ᠪᠥᠭᠡᠳ ᠮᠥᠩᠬᠡ ᠬᠠᠭᠠᠨᠬᠤᠯᠡᠭᠤ ᠬᠠᠭᠠᠨᠬᠤᠪᠢᠯᠠᠢ ᠬᠠᠭᠠᠨᠠᠷᠭᠦᠪᠡᠬᠦ ᠨᠠᠷ ᠤᠨ ᠡᠬᠡ ᠪᠠᠶᠢᠴᠠᠢ᠃

ᠲᠡᠮᠦᠵᠢᠨ ᠦ ᠬᠣᠯᠪᠣᠭᠠᠲᠠᠨ ᠪᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠶᠢᠴᠢᠭᠤᠳ᠂ ᠮᠡᠷᠬᠢᠳ᠂ ᠲᠠᠲ᠋ᠠᠷ ᠠᠶᠢᠮᠠᠭ ᠤᠳ ᠢ ᠳᠣᠪᠲᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠵᠢᠨ ᠦ ᠡᠰᠡᠷᠬᠦ ᠬᠤᠤᠪᠢᠯᠳᠤᠭᠠᠨ᠂ ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1203 ᠣᠨ ᠳᠤ ᠵᠠᠮᠤᠬ᠎ᠠ᠂ ᠬᠦᠦ ᠰᠡᠩᠭᠦᠮ ᠪᠣᠯᠤᠨ ᠪᠤᠰᠤᠳ ᠨᠣᠶᠠᠳ ᠤᠨ ᠬᠠᠳᠬᠠᠯᠭ᠎ᠠ ᠪᠠᠷ ᠲᠡᠮᠦᠵᠢᠨ ᠢ ᠭᠡᠨᠡᠳᠡᠭᠦᠯᠦᠨ ᠳᠣᠪᠲᠣᠯᠵᠤ ᠤᠰᠠᠳᠭᠠᠬᠤ ᠲᠥᠯᠥᠪᠯᠡᠭᠡ ᠪᠣᠯᠪᠠᠰᠤᠷᠠᠭᠤᠯᠤᠨ ᠰᠡᠩᠭᠦᠮ ᠦᠨ ᠥᠬᠢᠨ ᠴᠠᠦ᠋ᠷ ᠪᠡᠬᠢ ᠶᠢ ᠵᠦᠴᠢ ᠳᠤ ᠪᠠᠭᠤᠯᠭᠠᠨ ᠥᠭᠬᠦ ᠪᠡᠷ ᠳᠠᠭᠤᠳᠠᠵᠠᠢ᠃ ᠡᠨᠡ ᠬᠤᠤᠪᠢᠯᠳᠤᠭᠠᠨ ᠢ ᠪᠠᠳᠠᠢ᠂ ᠬᠡᠰᠢᠯᠢᠭ ᠬᠡᠮᠡᠬᠦ ᠬᠣᠶᠠᠷ ᠠᠳᠤᠭᠤᠴᠢᠨ ᠲᠡᠮᠦᠵᠢᠨ ᠳᠦ ᠬᠦᠷᠴᠦ ᠳᠠᠭᠤᠯᠭᠠᠭᠰᠠᠨ ᠳᠤ ᠵᠡᠭᠦᠨ ᠵᠦᠭ ᠵᠢᠭᠤᠲᠠᠭᠠᠭᠰᠠᠨ ᠢᠶᠠᠷ ᠮᠠᠭᠤ ᠥᠨᠳᠥᠷ ᠬᠡᠮᠡᠬᠦ ᠭᠠᠵᠠᠷ ᠬᠣᠷᠢᠭᠯᠠᠨ ᠲᠤᠯᠤᠯᠳᠤᠵᠠᠢ᠃ ᠲᠣᠭᠣᠷᠢᠯ ᠬᠠᠭᠠᠨ ᠪᠠ ᠵᠠᠮᠤᠬ᠎ᠠ ᠶᠢᠨ ᠴᠡᠷᠢᠭ ᠦᠨ ᠬᠦᠴᠦ ᠳᠠᠪᠠᠭᠤ ᠪᠠᠶᠢᠭᠰᠠᠨ ᠪᠣᠯᠪᠠᠴᠤ ᠲᠡᠮᠦᠵᠢᠨ ᠦ ᠬᠠᠷᠢᠶᠠᠨ ᠳᠤ ᠪᠠᠶᠢᠭᠰᠠᠨ ᠤᠷᠤᠭᠤ ᠳᠤ᠂ ᠮᠠᠩᠭᠤᠲᠠᠭᠤᠳ ᠡᠷᠡᠯᠬᠡᠭ ᠵᠣᠷᠢᠭᠲᠠᠢ ᠪᠠᠶᠢᠯᠳᠤᠭᠰᠠᠨ᠂ ᠰᠡᠩᠭᠦᠮ ᠰᠢᠷᠬᠠᠲᠤᠭᠰᠠᠨ ᠵᠡᠷᠭᠡ ᠡᠴᠡ ᠬᠠᠮᠢᠶᠠᠷᠤᠨ ᠪᠦᠷᠢᠨ ᠢᠯᠠᠯᠲᠠ ᠪᠠᠶᠢᠭᠤᠯᠵᠤ ᠴᠢᠳᠠᠭ᠎ᠠ ᠦᠭᠡᠢ ᠪᠠᠶᠢᠨ᠎ᠠ᠃ ᠤᠳᠠᠯ ᠦᠭᠡᠢ ᠲᠡᠮᠦᠵᠢᠨ ᠲᠣᠭᠣᠷᠢᠯ ᠬᠠᠨ ᠢ ᠭᠡᠨᠡᠳᠡᠭᠦᠯᠦᠨ ᠳᠣᠪᠲᠣᠯᠵᠤ ᠢᠯᠠᠯᠲᠠ ᠪᠠᠶᠢᠭᠤᠯᠤᠭᠰᠠᠨ ᠢᠶᠠᠷ ᠬᠡᠷᠡᠶᠢᠳ ᠠᠶᠢᠮᠠᠭ ᠮᠥᠬᠦᠵᠡᠢ᠃ ᠵᠢᠭᠤᠳᠠᠵᠤ ᠶᠠᠪᠤᠭᠰᠠᠨ ᠲᠣᠭᠣᠷᠢᠯ ᠬᠠᠨ ᠢ ᠨᠠᠶᠢᠮᠠᠨ ᠤ ᠬᠠᠷᠠᠭᠤᠯ ᠬᠣᠷᠢᠰᠤ ᠪᠦᠴᠢ ᠦᠯᠦ ᠲᠠᠨᠢᠨ ᠠᠯᠠᠭᠰᠠᠨ ᠪᠠᠶᠢᠨ᠎ᠠ᠃

ᠪᠢᠴᠢᠭᠡᠰᠦ