ᠲᠣᠭᠣᠷᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
"ᠲᠣᠭᠣᠷᠢᠭ" ᠨᠢ ᠡᠨᠡ ᠬᠠᠭᠤᠳᠠᠰᠤᠨ ᠳᠤ ᠰᠢᠭᠤᠳ ᠬᠣᠯᠪᠣᠭᠳᠠᠵᠠᠢ᠃ ᠥᠭᠡᠷ᠎ᠡ ᠤᠳᠬ᠎ᠠ ᠶᠢ ᠦᠵᠡᠬᠦ ᠶᠢ ᠬᠦᠰᠡᠪᠡᠯ᠂ ᠲᠣᠭᠣᠷᠢᠭ (ᠵᠠᠰᠠᠭ ᠵᠠᠬᠢᠷᠭᠠᠨ ᠤ ᠨᠢᠭᠡᠴᠡ) ᠍ ᠢ ᠦᠵᠡᠨ᠎ᠡ ᠦᠦ᠃
ᠲᠣᠭᠣᠷᠢᠭ ᠤᠨ ᠵᠢᠷᠤᠭ

[[ᠧᠦᠺᠯᠢᠳ ᠦᠨ ᠭ᠍ᠸᠣᠮᠧᠲ᠋ᠷᠢ]ᠲ ᠲᠣᠭᠣᠷᠢᠭ ᠭᠡᠳᠡᠭ ᠨᠢ ᠬᠠᠪᠲᠠᠭᠠᠢ ᠳᠡᠭᠡᠷ᠎ᠡ ᠥᠭᠭᠦᠭᠳᠡᠭᠰᠡᠨ ᠴᠡᠭ ᠪᠤᠶᠤ ᠲᠥᠪ ᠡᠴᠡ ᠲᠣᠭᠲᠠᠮᠠᠯ ᠵᠠᠢ ᠳᠤ (ᠷᠠᠳᠢᠦ᠋ᠰ ᠬᠡᠮᠡᠳᠡᠭ) ᠤᠷᠤᠰᠢᠬᠤ ᠪᠦᠬᠦ ᠴᠡᠭᠡ ᠨᠦᠭᠦᠳ ᠦᠨ ᠣᠯᠠᠨᠯᠢᠭ ᠶᠤᠮ᠃

ᠲᠣᠭᠣᠷᠢᠭ ᠤᠳ ᠨᠢ ᠬᠠᠪᠲᠠᠭᠠᠢ ᠶᠢ ᠭᠠᠳᠠᠭᠠᠳᠤ ᠪᠣᠯᠤᠨ ᠳᠣᠲᠣᠭᠠᠳᠤ ᠬᠣᠶᠠᠷ ᠬᠡᠰᠡᠭ ᠲᠦ ᠬᠤᠪᠢᠶᠠᠳᠠᠭ ᠡᠩ ᠦᠨ ᠪᠢᠲᠡᠭᠦᠦ ᠮᠤᠷᠤᠢᠨ ᠨᠤᠭᠤᠳ ᠶᠤᠮ᠃ ᠲᠣᠭᠣᠷᠢᠭ ᠤᠨ ᠤᠷᠲᠤ ᠭᠡᠳᠡᠭ ᠨᠢ ᠲᠣᠭᠣᠷᠢᠭ ᠤᠨ ᠮᠤᠷᠤᠶᠢᠨ ᠤᠷᠲᠤ ᠶᠢ ᠬᠡᠯᠡᠳᠡᠭ ᠪᠠ ᠲᠣᠭᠣᠷᠢᠭ ᠤᠨ ᠳᠣᠲᠣᠭᠠᠳᠤ ᠬᠡᠰᠡᠭ ᠢ ᠳ᠋ᠢᠰᠺ ᠭᠡᠳᠡᠭ᠃ ᠲᠣᠭᠣᠷᠢᠭ ᠤᠨ ᠨᠤᠮᠤ ᠨᠢ ᠲᠣᠭᠣᠷᠢᠭ ᠤᠨ ᠳᠤᠷ᠎ᠠ ᠶᠢᠨ ᠲᠠᠰᠤᠷᠠᠯᠲᠠ ᠦᠭᠡᠢ ᠴᠡᠭᠡ ᠨᠦᠭᠦᠳ ᠦᠨ ᠣᠯᠠᠨᠯᠢᠭ ᠶᠤᠮ᠃

ᠲᠣᠭᠣᠷᠢᠭ ᠨᠢ ᠬᠣᠶᠠᠷ ᠹᠣᠺᠦ᠋ᠰ ᠨᠢ ᠳᠠᠪᠬᠤᠴᠠᠭᠰᠠᠨ ᠡᠯᠯᠢᠫᠰ ᠶᠤᠮ᠃ ᠲᠣᠭᠣᠷᠢᠭ ᠨᠢ ᠲᠡᠭᠰᠢ ᠺᠣᠨᠤᠶᠢᠰ ᠤᠨ ᠲᠡᠩᠬᠡᠯᠢᠭ ᠲᠡᠢ ᠪᠡᠨ ᠫᠧᠷᠫᠡᠨᠳᠢᠺᠦᠶᠢᠯᠢᠶᠠᠷ ᠬᠠᠪᠲᠠᠭᠠᠢ ᠲᠠᠢ ᠣᠭᠲᠣᠯᠤᠯᠴᠠᠭᠰᠠᠨ ᠬᠥᠨᠳᠡᠯᠡᠨ ᠣᠭᠲᠣᠯᠤᠯ ᠪᠣᠯᠳᠠᠭ᠃

ᠠᠨᠠᠯᠢᠲ᠋ᠢᠭ ᠲᠣᠮᠢᠶᠠᠯᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠭᠣᠷᠢᠭ ᠤᠨ ᠲᠡᠭᠰᠢᠳᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

x-y ᠺ ᠢᠶᠠᠷᠳᠢᠨᠠᠲ ᠤᠨ ᠰᠢᠰᠲ᠋ᠧᠮ ᠳᠤ ᠲᠣᠭᠣᠷᠢᠭ ᠤᠨ ᠲᠥᠪ ᠨᠢ (a, b), ᠷᠠᠳᠢᠦ᠋ᠰ ᠨᠢ r ᠪᠥᠭᠡᠳ ᠪᠦᠬᠦ ᠴᠡᠭᠡ ᠨᠦᠭᠦᠳ ᠦᠨ ᠣᠯᠠᠨᠯᠢᠭ ᠨᠢ (x, y) ᠪᠣᠯ ᠲᠣᠭᠣᠷᠢᠭ ᠤᠨ ᠲᠡᠭᠰᠢᠳᠬᠡᠯ ᠨᠢ

<math>

\left( x - a \right)^2 + \left( y - b \right)^2=r^2. </math>

ᠪᠣᠯᠤᠨ᠎ᠠ᠃ ᠲᠣᠭᠣᠷᠢᠭ ᠤᠨ ᠳᠤᠷ᠎ᠠ ᠶᠢᠨ ᠴᠡᠭ ᠳᠡᠭᠡᠷ᠎ᠡ ᠫᠢᠹᠠᠭᠤᠷ ᠤᠨ ᠣᠨᠣᠯ ᠍ ᠢ ᠬᠡᠷᠡᠭᠯᠡᠭᠰᠡᠨ ᠢᠶᠡᠷ ᠳᠡᠭᠡᠷᠡᠬᠢ ᠲᠡᠭᠰᠢᠳᠬᠡᠯ ᠢ ᠭᠠᠷᠭᠠᠵᠤ ᠪᠣᠯᠤᠨ᠎ᠠ᠃

ᠬᠥᠪᠴᠢ᠂ ᠣᠭᠲᠣᠯᠤᠯ᠂ ᠱᠦᠷᠭᠡᠭᠴᠢ

ᠬᠡᠷᠪᠡ ᠲᠣᠭᠣᠷᠢᠭ ᠤᠨ ᠲᠥᠪ ᠨᠢ ᠺ ᠢᠶᠠᠷᠳᠢᠨᠠᠲ ᠤᠨ ᠡᠬᠡ (0, 0) ᠳᠡᠭᠡᠷ᠎ᠡ ᠪᠠᠶᠢᠪᠠᠯ ᠡᠨᠡ ᠲᠣᠮᠢᠶ᠎ᠠ ᠨᠢ ᠳᠠᠷᠠᠭᠠᠬᠢ ᠪᠠᠶᠢᠳᠠᠯ ᠢᠶᠠᠷ ᠬᠢᠯᠪᠠᠷᠴᠢᠯᠠᠭᠳᠠᠨ᠎ᠠ᠃

<math>x^2 + y^2 = r^2 \!\ </math>

ᠡᠭᠦᠨ ᠦ ᠱᠦᠷᠭᠡᠭᠴᠢᠡᠶᠢᠨ ᠬᠤᠪᠢ ᠳᠤ ᠳᠠᠷᠠᠭᠠᠬᠢ ᠪᠠᠶᠢᠳᠠᠯ ᠢᠶᠠᠷ ᠢᠯᠡᠷᠡᠬᠡᠶᠢᠯᠡᠭᠳᠡᠨ᠎ᠡ᠃

<math>xx_1+yy_1=r^2 \!\ </math>

ᠡᠨᠳᠡ <math>x_1</math>, <math>y_1</math> ᠍ ᠨᠦᠭᠦᠳ ᠨᠢ ᠳᠤᠷ᠎ᠠ ᠶᠢᠨ ᠴᠡᠭ ᠦᠨ ᠺ ᠢᠶᠠᠷᠳᠢᠨᠠᠲ ᠤᠳ ᠪᠣᠯᠤᠨ᠎ᠠ᠃

ᠬᠤᠪᠢᠰᠤᠭᠴᠢ ᠲᠠᠢ ᠲᠡᠭᠰᠢᠳᠬᠡᠯ ᠢᠶᠡᠷ ᠢᠯᠡᠷᠬᠡᠶᠢᠯᠡᠪᠡᠯ (xy) ᠍ ᠢ ᠲᠷᠢᠭᠣᠨᠣᠮᠧᠲ᠋ᠷ ᠹᠦᠨᠺᠼ ᠰᠢᠨᠤᠶᠢᠰᠺᠣᠰᠢᠨᠤᠶᠢᠰ ᠍ ᠢ ᠠᠰᠢᠭᠯᠠᠨ

<math>x = a+r\,\cos t,\,\!</math>
<math>y = b+r\,\sin t\,\!</math>

ᠭᠠᠷᠭᠠᠨ᠎ᠠ᠃ ᠡᠨᠳᠡ t ᠨᠢ ᠬᠤᠪᠢᠰᠤᠭᠴᠢ ᠪᠥᠭᠡᠳ ᠡᠭᠦᠨ ᠢ x ᠍ ᠲᠡᠩᠬᠡᠯᠢᠭ ᠪᠣᠯᠤᠨ (xy) ᠴᠡᠭ ᠬᠦᠷᠲᠡᠯᠡᠬᠢ ᠰᠠᠴᠤᠷᠠᠭ ᠬᠣᠶᠠᠷ ᠤᠨ ᠬᠣᠭᠣᠷᠣᠨᠳᠣ ᠶᠢᠨ ᠥᠨᠴᠥᠭ ᠭᠡᠵᠦ ᠣᠶᠢᠯᠠᠭᠠᠵᠤ ᠪᠣᠯᠤᠨ᠎ᠠ᠃

http://wiki.uhaan.com/index.php?title=ᠲᠣᠭᠣᠷᠢᠭ&oldid=327660》 ᠍  ᠡᠴᠡ ᠠᠪᠤᠭᠰᠠᠨ

ᠪᠢᠴᠢᠭᠡᠰᠦ