ᠲᠣᠩᠬᠢᠯ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠣᠩᠬᠢᠯ (ᠲᠣᠩᠬᠢᠯ) ᠨᠢ ᠭᠣᠪᠢ-ᠠᠯᠲᠠᠢ ᠠᠶᠢᠮᠠᠭ ᠤᠨ ᠰᠤᠮᠤ ᠶᠤᠮ᠃ 1924 ᠣᠨ ᠳᠤ ᠪᠠᠶᠢᠭᠤᠯᠤᠭᠳᠠᠭᠰᠠᠨ᠃ ᠠᠯᠲᠠᠨ-ᠰᠣᠶᠣᠮᠪᠣ᠂ ᠠᠯᠲᠠᠢ ᠶᠢᠨ-ᠣᠷᠭᠢᠯ᠂ ᠲᠠᠮᠴᠢ᠂ ᠪᠥᠰᠡ᠂ ᠵᠦᠢᠯ ᠭᠡᠰᠡᠨ 5 ᠪᠠᠭ ᠲᠠᠢ᠃ ᠤᠯᠠᠭᠠᠨᠪᠠᠭᠠᠲᠤᠷ ᠬᠣᠲᠠ ᠠᠴᠠ 1200 ᠺᠢᠯᠣᠮᠧᠲ᠋ᠷ᠂ ᠭᠣᠪᠢ-ᠠᠯᠲᠠᠢ ᠠᠶᠢᠮᠠᠭ ᠤᠨ ᠲᠥᠪ ᠡᠴᠡ 210 ᠺᠢᠯᠣᠮᠧᠲ᠋ᠷ ᠵᠠᠢ ᠳᠤ ᠣᠷᠣᠰᠢᠳᠠᠭ᠂ ᠠᠯᠤᠰᠯᠠᠭᠳᠠᠭᠰᠠᠨ ᠰᠤᠮᠤ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤᠨ ᠳᠤ 2008 ᠣᠨ ᠳᠤ ᠶᠡᠷᠦᠩᠬᠡᠶᠢᠯᠡᠭᠴᠢ ᠶᠢᠨ ᠵᠠᠷᠯᠢᠭ ᠢᠶᠠᠷ 《ᠲᠥᠷᠥ ᠶᠢᠨ ᠲᠠᠬᠢᠯᠭᠠᠲᠤ》 ᠠᠭᠤᠯᠠ ᠪᠣᠯᠤᠭᠰᠠᠨ ᠰᠤ ᠲᠠᠢ ᠬᠠᠶᠢᠷᠬᠠᠨ᠂ ᠮᠥᠨ ᠬᠠᠷᠠᠭᠠᠲᠤ᠂ ᠰᠢᠷᠡᠭᠡᠲᠦ᠂ ᠪᠠᠮᠪᠠᠭᠠᠷ ᠢᠮᠠᠭᠠᠲᠤ᠂ ᠪᠥᠰᠡ-ᠬᠠᠶᠢᠷᠬᠠᠨ ᠵᠡᠷᠭᠡ ᠮᠣᠩᠭᠣᠯ ᠠᠯᠲᠠᠢ ᠶᠢᠨ ᠨᠢᠷᠤᠭᠤᠨ ᠤ 1 ᠍ ᠳᠦᠭᠡᠷ ᠰᠠᠯᠪᠤᠷᠢ ᠡᠩᠨᠡᠭᠡ ᠪᠣᠯᠤᠭᠰᠠᠨ ᠠᠭᠤᠯᠠ ᠨᠤᠷ ᠤᠳ ᠲᠠᠢ᠃ ᠨᠤᠲᠤᠭ ᠤᠨ ᠡᠮᠦᠨᠡᠲᠦ ᠬᠡᠰᠡᠭ ᠢᠶᠡᠷ ᠬᠣᠨᠢᠨ ᠤᠰᠤᠨ ᠤ ᠭᠣᠪᠢ ᠪᠠᠶᠢᠬᠤ ᠪᠠ ᠤᠭ ᠭᠣᠪᠢ ᠨᠢ ᠬᠤᠯᠠᠨᠬᠠᠷ᠎ᠠ ᠰᠡᠭᠦᠯᠲᠦᠲᠠᠬᠢ ᠵᠡᠷᠭᠡ ᠬᠣᠪᠣᠷᠳᠠᠭᠰᠠᠨ ᠠᠮᠢᠲᠠᠳ᠂ ᠮᠥᠨ ᠬᠣᠪᠣᠷᠳᠠᠭᠰᠠᠨ ᠤᠷᠭᠤᠮᠠᠯ ᠲᠠᠢ᠃ ᠪᠠᠶᠢᠭᠠᠯᠢ ᠶᠢᠨ ᠪᠥᠰᠡ ᠶᠢᠨ ᠬᠤᠪᠢ ᠳᠤ ᠭᠣᠪᠢ ᠴᠥᠯᠢᠢᠨ᠂ ᠬᠡᠭᠡᠷ᠎ᠡ ᠶᠢᠨ᠂ ᠥᠨᠳᠥᠷ ᠠᠭᠤᠯᠠ ᠶᠢᠨ ᠭᠡᠰᠡᠨ 3 ᠪᠦᠰᠡᠲᠡᠢ᠃ ᠲᠣᠩᠬᠢᠯ᠂ ᠬᠤᠯᠠᠮ᠂ ᠠᠮᠲᠠᠲᠠᠢ ᠵᠡᠷᠭᠡ ᠨᠠᠭᠤᠷ ᠤᠳ᠂ ᠵᠦᠢᠯ᠂ ᠬᠤᠵᠢᠷᠲᠤ᠂ ᠬᠤᠯᠠ ᠳᠤ ᠵᠡᠷᠭᠡ ᠭᠣᠣᠯ᠂ ᠭᠣᠷᠭᠢ ᠲᠠᠢ᠃ ᠪᠠᠷᠠᠭᠤᠨ ᠲᠠᠯ᠎ᠠ ᠪᠠᠷ ᠢᠶᠠᠨ ᠬᠣᠪᠳᠣ ᠠᠶᠢᠮᠠᠭ ᠤᠨ ᠳᠠᠷᠪᠢ᠂ ᠵᠡᠭᠦᠨ ᠲᠠᠯ᠎ᠠ ᠪᠠᠷ ᠢᠶᠠᠨ ᠪᠤᠭᠤᠳᠤᠲᠥᠭᠥᠷᠢᠭᠳᠠᠷᠪᠢ ᠰᠤᠮᠤᠳ ᠲᠠᠢ᠂ ᠤᠷᠢᠳᠤ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ ᠬᠢᠯᠢ ᠵᠠᠯᠭᠠᠳᠠᠭ᠃

ᠪᠢᠴᠢᠭᠡᠰᠦ