ᠲᠣᠤᠺᠢᠣ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠣᠤᠺᠢᠣ᠋ ᠬᠣᠲᠠ
ᠲᠣᠣᠺᠶᠣ᠋ ᠬᠣᠲᠠ
ᠠᠶᠢᠮᠠᠭ

ᠰᠦᠯᠳᠡ ᠲᠤᠭ

ᠰᠦᠯᠳᠡ ᠲᠡᠮᠳᠡᠭ
ᠡᠵᠡᠨ ᠤᠯᠤᠰ ᠶᠠᠫᠣᠨ ᠶᠠᠫᠣᠨ
ᠨᠤᠲᠤᠭ ᠢ ᠠᠭᠤᠯᠠᠭᠰᠠᠨ ᠺᠡᠨ ᠳᠤ ᠪᠠᠨ ᠮᠤᠵᠢ
ᠨᠤᠲᠤᠭ ᠳᠣᠲᠣᠷ᠎ᠠ ᠪᠠᠨ
(50 ᠭᠠᠵᠠᠷ)
ᠣᠨᠴᠠᠭᠠᠢ 23 ᠳᠡᠭᠦᠷᠭᠡ + 26 ᠬᠣᠲᠠ +
4 ᠰᠠᠭᠤᠷᠢᠨ ᠪᠦᠬᠦᠢ 1 ᠬᠣᠰᠢᠭᠤ
ᠭᠠᠵᠠᠷ ᠨᠤᠲᠤᠭ 2,188 ᠺᠦᠸᠠᠳ᠋ ᠺᠢᠯᠣᠮᠧᠲ᠋ᠷ
ᠬᠦᠮᠦᠨ ᠠᠮᠠ (2011) 13,185,502 ᠬᠦᠮᠦᠨ
ᠬᠦᠮᠦᠨ ᠠᠮᠠ (ᠪᠥᠭᠡ ᠶᠢ᠃) 35,682,460 ᠬᠦᠮᠦᠨ
ᠰᠦᠯᠳᠡ ᠴᠡᠴᠡᠭ ᠰᠠᠺᠥᠷᠠ
ᠰᠦᠯᠳᠡ ᠮᠣᠳᠣ ᠭᠢᠨᠺᠭᠣ
ᠰᠦᠯᠳᠡ ᠰᠢᠪᠠᠭᠤ ᠬᠠᠷ᠎ᠠ ᠲᠣᠯᠣᠭᠠᠶᠢᠲᠤ ᠴᠠᠬᠤᠯᠠᠢ
ᠴᠠᠭ ᠤᠨ ᠪᠥᠰᠡ ᠶᠠᠫᠣᠨ ᠤ ᠴᠠᠭ (ГЦ+8)
ᠴᠠᠬᠢᠮ ᠭᠠᠵᠠᠷ metro.tokyo.jp
ᠲᠣᠤᠺᠢᠣ᠋ (ᠲᠣᠣᠺᠶᠣ᠋; ᠶᠠᠫᠣᠨ: 東京
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 ᠲᠣᠣᠺᠶᠣᠣ, 《ᠵᠡᠭᠦᠨ ᠨᠡᠶᠢᠰᠯᠡᠯ》), ᠠᠯᠪᠠᠨ ᠶᠣᠰᠣᠭᠠᠷ ᠲᠣᠤᠺᠢᠣ᠋ ᠨᠡᠶᠢᠰᠯᠡᠯ ᠬᠣᠲᠠ (東京都 ᠲᠣᠣᠺᠶᠣᠣ ᠲᠠ) ᠨᠢ ᠶᠠᠫᠣᠨᠢ 47 ᠮᠤᠵᠢ ᠶᠢᠨ ᠨᠢᠭᠡ ᠶᠠᠭᠤᠮ᠎ᠠ᠃ ᠲᠣᠤᠺᠢᠣ᠋ ᠪᠣᠯ ᠤᠯᠤᠰ ᠤᠨ ᠨᠡᠶᠢᠰᠯᠡᠯ᠂ ᠳᠡᠯᠡᠬᠡᠢ ᠶᠢᠨ ᠬᠠᠮᠤᠭ ᠤᠨ ᠣᠯᠠᠨ ᠬᠦᠮᠦᠨ ᠲᠡᠢ ᠬᠣᠲᠠ ᠶᠢᠨ ᠲᠣᠭᠠᠨ ᠳᠤ ᠣᠷᠣᠨ᠎ᠠ᠃ 2013 ᠣᠨ ᠤ 4 ᠰᠠᠷ᠎ᠠ ᠶᠢᠨ 1 ᠨᠢᠭᠢ ᠪᠠᠶᠢᠳᠠᠯ ᠢᠶᠠᠷ ᠬᠦᠮᠦᠨ ᠠᠮᠠ ᠶᠢᠨ ᠲᠣᠭ᠎ᠠ 13,230,000 ᠬᠦᠮᠦᠨ ᠲᠡᠢ ᠪᠠᠶᠢᠨ᠎ᠠ᠃

ᠵᠠᠰᠠᠭ ᠵᠠᠬᠢᠷᠭᠠᠨ ᠤ ᠬᠤᠪᠢᠶᠠᠷᠢ ᠶᠢᠨ ᠪᠤᠰᠤ᠂ ᠤᠯᠠᠮᠵᠢᠯᠠᠯᠲᠤ ᠶᠠᠫᠣᠨ ᠤ 8 ᠪᠥᠰᠡ ᠨᠤᠲᠤᠭ ᠤᠨ ᠨᠢᠭᠡ ᠪᠣᠯᠬᠤ ᠺᠠᠨᠲ᠋ᠣ ᠪᠥᠰᠡ ᠶᠢᠨ ᠵᠡᠭᠦᠨ ᠡᠮᠦᠨᠡᠲᠦ ᠲᠠᠯ᠎ᠠ ᠳᠤ ᠪᠠᠶᠢᠷᠢᠯᠠᠳᠠᠭ᠃ ᠬᠣᠲᠠ ᠨᠢ 23 ᠳᠡᠭᠦᠷᠭᠡ ᠪᠣᠯᠤᠨ ᠪᠠᠷᠠᠭᠤᠨ ᠲᠠᠯ᠎ᠠ ᠶᠢᠨ ᠲᠠᠮ᠎ᠠ ᠪᠥᠰᠡ ᠶᠢᠨ 30 ᠳᠡᠭᠦᠷᠭᠡ᠂ ᠢᠰᠦ ᠪᠣᠯᠤᠨ ᠣᠭᠠᠰᠪᠠᠭᠠᠷᠠ ᠠᠷᠠᠯ ᠤᠳ ᠤᠨ 9 ᠪᠠᠭ᠎ᠠ ᠬᠣᠲᠠ ᠲᠣᠰᠬᠣᠳ ᠠᠴᠠ ᠪᠦᠷᠢᠳᠳᠡᠭ ᠪᠥᠭᠡᠳ 1943 ᠣᠨ ᠳᠤ 23 ᠳᠡᠭᠦᠷᠭᠡ ᠪᠣᠯᠤᠨ ᠪᠠᠷᠠᠭᠤᠨ ᠲᠠᠯ᠎ᠠ ᠶᠢᠨ ᠲᠠᠮ᠎ᠠ ᠪᠥᠰᠡ ᠶᠢ ᠨᠢᠭᠡᠳᠬᠡᠭᠰᠡᠨ ᠢᠶᠡᠷ ᠣᠳᠣ ᠶᠢᠨ ᠲᠣᠤᠺᠢᠣ᠋ ᠬᠣᠲᠠ ᠶᠢᠨ ᠰᠠᠭᠤᠷᠢ ᠪᠦᠲᠦᠴᠡ ᠲᠠᠯᠪᠢᠭᠳᠠᠭᠰᠠᠨ᠃

ᠲᠣᠤᠺᠢᠣ᠋ 1.479 ᠶᠡᠬᠡ ᠨᠠᠶᠤᠳ ᠠᠮᠧᠷᠢᠺᠠ ᠳ᠋ᠣᠯᠯᠠᠷ ᠢᠶᠠᠷ ᠬᠡᠮᠵᠢᠭᠳᠡᠭᠰᠡᠨ 2008 ᠣᠨ ᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠭᠢᠳᠬᠡᠭᠰᠡᠨ ДНБ ᠍ ᠍ ᠤᠨ ᠬᠡᠮᠵᠢᠶ᠎ᠡ ᠪᠡᠷ ᠢᠶᠡᠨ ᠨᠶᠤ-ᠢᠣᠷᠺ ᠬᠣᠲᠠ ᠶᠢᠨ ᠳᠠᠷᠤᠭ᠎ᠠ ᠳᠡᠯᠡᠬᠡᠢ ᠳᠦ ᠬᠣᠶᠠᠷ ᠲᠤ ᠡᠷᠢᠮᠪᠡᠯᠡᠭᠳᠡᠬᠦ ᠲᠣᠮᠣ ᠡᠳ᠋ ᠍ ᠍ ᠦᠨ ᠵᠠᠰᠠᠭ ᠲᠠᠢ ᠬᠣᠲᠠ ᠪᠠ Fortune ᠰᠡᠳᠬᠦᠯ ᠡᠴᠡ ᠵᠠᠷᠯᠠᠳᠠᠭ ᠳᠡᠯᠡᠬᠡᠢ ᠶᠢᠨ 500 ᠲᠣᠮᠣ ᠺᠣᠮᠫᠠᠨᠢ ᠶᠢᠨ 47 ᠨᠢ ᠲᠥᠪᠯᠡᠷᠡᠳᠡᠭ ᠬᠣᠲᠠ ᠪᠣᠯᠤᠨ᠎ᠠ᠃

ᠨᠡᠷᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠢᠳᠤ ᠨᠢ ᠡᠳᠣ (江戸᠂ 《ᠪᠤᠯᠤᠩ ᠤᠨ ᠡᠭᠦᠳᠡ》) ᠭᠡᠬᠦ ᠨᠡᠷ᠎ᠡ ᠲᠡᠢ ᠪᠠᠶᠢᠭᠰᠠᠨ ᠢᠶᠠᠨ᠂ 1868 ᠣᠨ ᠤ ᠮᠡᠶᠢᠵᠢᠭ ᠦᠨ ᠰᠢᠨᠡᠴᠢᠯᠡᠯ ᠢᠶᠡᠷ ᠺᠢᠣᠲ᠋ᠣ ᠬᠣᠲᠠ ᠠᠴᠠ ᠵᠡᠭᠦᠨ ᠵᠦᠭ ᠲᠤ ᠣᠷᠣᠰᠢᠳᠠᠭ᠂ ᠡᠵᠡᠨ ᠬᠠᠭᠠᠨ ᠤ ᠣᠷᠳᠣᠨ ᠪᠠᠶᠢᠷᠢᠯᠠᠳᠠᠭ ᠲᠤᠯᠠ 《ᠵᠡᠭᠦᠨ ᠨᠡᠶᠢᠰᠯᠡᠯ》 ᠭᠡᠬᠦ ᠤᠳᠬ᠎ᠠ ᠲᠠᠢ ᠲᠣᠣᠺᠶᠣᠣ (ᠲᠣᠭ᠎ᠠ (ᠵᠡᠭᠦᠨ) + ᠺᠶᠣᠣ (ᠨᠡᠶᠢᠰᠯᠡᠯ)) ᠬᠡᠮᠡᠨ ᠨᠡᠷᠡᠯᠡᠭᠳᠡᠵᠡᠢ᠃

ᠵᠠᠰᠠᠭ ᠵᠠᠬᠢᠷᠭᠠᠨ ᠤ ᠨᠢᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠤᠺᠢᠣ᠋ ᠬᠣᠲᠠ ᠨᠢ 23 ᠳᠡᠭᠦᠷᠭᠡ (区᠂ ku,《ᠳᠡᠭᠦᠷᠭᠡ》),ᠪᠠᠷᠠᠭᠤᠨ ᠲᠠᠯ᠎ᠠ ᠶᠢᠨ ᠲᠠᠮ᠎ᠠ ᠪᠥᠰᠡ ᠶᠢᠨ 30 ᠳᠠᠭᠠᠭᠤᠯᠢ ᠬᠣᠲᠠ (市᠂ shi,《ᠬᠣᠲᠠ》), ᠢᠰᠦ᠂ᠣᠭᠠᠰᠪᠠᠭᠠᠷᠠ ᠠᠷᠠᠯ ᠤᠨ 9 ᠪᠠᠭ᠎ᠠ ᠬᠣᠲᠠ ᠪᠣᠯᠤᠨ ᠲᠣᠰᠬᠣᠳ ᠠᠴᠠ ᠪᠥᠷᠢᠳᠦᠨ᠎ᠡ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠲᠣᠤᠺᠢᠣ᠋
http://wiki.uhaan.com/index.php?title=ᠲᠣᠤᠺᠢᠣ᠋&oldid=406071》 ᠍  ᠡᠴᠡ ᠠᠪᠤᠭᠰᠠᠨ

ᠪᠢᠴᠢᠭᠡᠰᠦ