ᠲᠢᠮ ᠳᠠᠩᠺᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠠᠭᠪᠤᠷ:ᠢᠨᠹᠣᠪᠣᠺᠰ NBA ᠍ ᠦᠨ ᠰᠠᠭᠰᠤᠨ ᠪᠥᠮᠪᠥᠭᠴᠢ

ᠲᠢᠮᠣᠲ᠋ᠢ "ᠲᠢᠮ" ᠲᠧᠣᠳᠣᠷ ᠳᠠᠩᠺᠠᠨ (ᠠᠩᠭᠯᠢ ᠪᠠᠷ Timothy "Tim" Theodore Duncan) ᠨᠢ 1976 ᠣᠨ4 ᠰᠠᠷ᠎ᠠ ᠶᠢᠨ 25 ᠍ ᠳᠦ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠬᠠᠷᠢᠶᠠᠨ ᠳᠠᠬᠢ ᠸᠢᠷᠵᠢᠩ ᠦᠨ ᠠᠷᠠᠯ ᠤᠳ ᠍ ᠤᠨ ᠨᠢᠭᠡ ᠪᠣᠯᠬᠤ ᠰᠧᠢᠨᠲ ᠺᠷᠣᠢᠺᠰ ᠲᠤ ᠲᠦᠷᠦᠭᠰᠡᠨ᠂ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠰᠠᠨ ᠠᠨᠲ᠋ᠣᠨᠢ ᠪᠠᠨ ᠰᠫᠥᠷᠰ ᠪᠠᠭ ᠤᠨ ᠲᠣᠭᠯᠠᠭᠴᠢ ᠶᠤᠮ᠃ 2,11 ᠮ ᠥᠨᠳᠥᠷ ᠲᠡᠢ᠂ 116 ᠺᠢᠯᠣᠭ᠍ᠷᠠᠮ ᠵᠢᠩᠲᠡᠢ ᠬᠦᠴᠦᠨ ᠦ ᠳᠣᠪᠲᠣᠯᠤᠭᠴᠢ᠂ ᠬᠦᠴᠦᠨ ᠦ ᠪᠠ ᠲᠥᠪ ᠦᠨ ᠲᠣᠭᠯᠠᠭᠴᠢ ᠶᠢᠨ ᠪᠠᠶᠢᠷᠢᠯᠠᠯ ᠳᠤ ᠲᠣᠭᠯᠠᠳᠠᠭ᠂ NBA ᠍ ᠦᠨ ᠠᠪᠤᠷᠭᠤ ᠴᠣᠯᠠ ᠶᠢ 5 ᠤᠳᠠᠭ᠎ᠠ᠂ NBA ᠍ ᠦᠨ ᠹᠢᠨᠠᠯ ᠤᠨ МВП ᠱᠠᠩᠨᠠᠯ ᠢ 3 ᠤᠳᠠᠭ᠎ᠠ᠂ ᠤᠯᠠᠷᠢᠯ ᠤᠨ ᠦᠨ᠎ᠡ ᠴᠡᠨ ᠲᠡᠢ ᠲᠣᠭᠯᠠᠭᠴᠢ 2 ᠤᠳᠠᠭ᠎ᠠ᠂ ᠣᠨ ᠤ ᠰᠢᠯᠢᠳᠡᠭ ᠰᠢᠨ᠎ᠡ ᠲᠣᠭᠯᠠᠭᠴᠢᠡᠶᠢᠨ ᠱᠠᠩᠨᠠᠯ ᠢ ᠬᠦᠷᠢᠲᠦᠵᠦ ᠪᠠᠶᠢᠭᠰᠠᠨ ᠪᠥᠭᠡᠳ ᠰᠫᠥᠷᠰ ᠪᠠᠭ ᠤᠨ ᠠᠬᠠᠯᠠᠭᠴᠢ ᠪᠢᠯᠡ᠃ 15 ᠤᠳᠠᠭ᠎ᠠ NBA ᠍ ᠦᠨ ᠪᠦᠬᠦ ᠣᠳᠣᠳ ᠤᠨ ᠲᠣᠭᠯᠠᠯᠲᠠ ᠍ ᠳᠦ ᠣᠷᠣᠯᠴᠠᠭᠰᠠᠨ ᠲᠡᠷᠡ ᠪᠡᠷ NBA ᠍ ᠳᠦ ᠣᠷᠣᠭᠰᠠᠨ ᠡᠬᠢᠨ ᠦ 13 ᠤᠯᠠᠷᠢᠯ ᠳᠤ ᠪᠠᠨ ᠳᠠᠷᠠᠭᠠᠯᠠᠯᠠᠨ ᠪᠦᠬᠦ NBA ᠍ ᠦᠨ ᠪᠠᠭ NBA ᠍ ᠦᠨ ᠰᠢᠯᠢᠳᠡᠭ ᠬᠠᠮᠠᠭᠠᠯᠠᠯᠲᠠ ᠶᠢᠨ ᠪᠠᠭ ᠍ ᠳᠦ ᠨᠡᠷᠡᠯᠡᠭᠳᠡᠭᠰᠡᠨ ᠲᠡᠦᠬᠡᠨ ᠳ᠋ᠡᠬᠢ ᠴᠣᠷ ᠤᠨ ᠭᠠᠭᠴᠠ ᠲᠣᠭᠯᠠᠭᠴᠢ ᠶᠤᠮ᠃ ᠲᠣᠭᠯᠠᠬᠤ ᠠᠷᠭ᠎ᠠ ᠪᠠᠷᠢᠯ ᠨᠢ ᠬᠡᠲᠦᠷᠬᠡᠢ ᠳᠠᠷᠤᠤᠬᠠᠨ ᠢᠮᠡᠵᠦ ᠲᠡᠢ ᠲᠡᠭᠦᠨ ᠢ ᠮᠠᠶᠢᠺᠯ ᠵᠣᠷᠳᠠᠨᠠ ᠠᠴᠠ ᠬᠣᠶᠢᠰᠢ NBA ᠍ ᠳᠦ ᠬᠠᠮᠤᠭ ᠤᠨᠲᠣᠮᠣ ᠨᠥᠯᠥᠭᠡ ᠦᠵᠡᠭᠦᠯᠦᠭᠰᠡᠨ ᠲᠠᠮᠢᠷᠴᠢᠳ ᠤᠨ ᠨᠢᠭᠡ ᠳᠦ ᠲᠣᠭᠠᠴᠠᠳᠠᠭ ᠪᠥᠭᠡᠳ᠂ NBA ᠍ ᠦᠨ ᠮᠡᠷᠭᠡᠵᠢᠯᠲᠡᠨ ᠨᠦᠭᠦᠳ ᠲᠡᠭᠦᠨ ᠢ ᠪᠦᠬᠦ ᠴᠠᠭ ᠦᠶ᠎ᠡ ᠶᠢᠨ ᠲᠡᠦᠬᠡᠨ ᠳ᠋ᠡᠬᠢ ᠬᠠᠮᠤᠭ ᠤᠨ ᠠᠤᠭ᠎ᠠ ᠰᠢᠯᠢᠳᠡᠭ ᠬᠦᠴᠦᠨ ᠦ ᠳᠣᠪᠲᠣᠯᠤᠭᠴᠢ ᠬᠡᠮᠡᠨ ᠦᠨᠡᠯᠡᠳᠡᠭ᠃ ᠮᠥᠨ ᠰᠠᠭᠰᠤᠨ ᠪᠥᠮᠪᠥᠭᠡ ᠶᠢᠨ ᠰᠠᠭᠤᠷᠢᠨ ᠳᠤ ᠲᠤᠯᠭᠠᠭᠤᠷᠢᠯᠠᠭᠰᠠᠨ ᠲᠣᠭᠯᠠᠬᠤ ᠠᠷᠭ᠎ᠠ ᠪᠠᠷᠢᠯ ᠲᠠᠢ ᠲᠡᠭᠦᠨ ᠢ "The Big Fundamental" ᠬᠡᠮᠡᠨ ᠱᠠᠺ ᠬᠣᠴᠢᠯᠠᠭᠰᠠᠨ ᠶᠤᠮ᠃

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠢᠮᠣᠲ᠋ᠢ ᠲᠧᠣᠳᠣᠷ ᠳᠠᠩᠺᠠᠨ ᠨᠢ ᠮᠸᠺᠰᠢᠺᠣ ᠶᠢᠨ ᠪᠣᠯᠣᠩ ᠪᠠ ᠨᠣᠮᠣᠬᠠᠨ ᠳᠠᠯᠠᠢᠨ ᠳᠤᠮᠳᠠ ᠤᠷᠤᠰᠢᠬᠤ ᠵᠢᠵᠢᠭ᠍ᠭᠡᠨ ᠠᠷᠠᠯ ᠰᠧᠢᠨᠲ ᠺᠷᠣᠢᠺᠰᠲ ᠥᠷᠥᠯᠡᠭᠴᠢᠨ ᠸᠢᠯᠤᠮ᠂ ᠡᠬᠡ ᠪᠠᠷᠢᠭᠴᠢ ᠯᠣᠨᠧ ᠬᠣᠶᠠᠷ ᠤᠨ 3 ᠳᠠᠬᠢ ᠬᠡᠦᠬᠡᠳ ᠨᠢ ᠪᠣᠯᠵᠤ ᠮᠡᠨᠳᠦᠯᠡᠵᠡᠢ᠃ ᠠᠷᠠᠯ ᠳᠡᠭᠡᠷᠡᠬᠢ ᠣᠯᠠᠨ ᠬᠡᠦᠬᠡᠳ ᠦᠳ ᠡᠴᠡ ᠮᠠᠭᠠᠳ ᠦᠭᠡᠢ ᠳᠠᠩᠺᠠᠨ ᠬᠠᠮᠤᠭ ᠤᠨ ᠶᠡᠬᠡ ᠠᠮᠵᠢᠯᠲᠠ ᠳᠤ ᠬᠦᠷᠦᠭᠰᠡᠨ ᠬᠡᠦᠬᠡᠳ ᠦᠳ ᠦᠨ ᠨᠢᠭᠡ ᠪᠠᠶᠢᠬᠤ᠃ ᠲᠢᠮ ᠪᠠᠭ᠎ᠠ ᠶᠢᠨ ᠥᠰᠬᠡᠯᠡᠭᠦᠨ ᠲᠣᠮᠣ ᠪᠡᠶ᠎ᠡ ᠲᠡᠢ ᠬᠡᠦᠬᠡᠳ ᠪᠠᠶᠢᠭᠰᠠᠨ ᠪᠠ ᠠᠩᠭᠢ ᠶᠢᠨ ᠬᠢᠨ ᠠᠴᠠ ᠪᠠᠨ ᠦᠷᠭᠦᠯᠵᠢ ᠲᠣᠯᠣᠭᠠᠢ ᠢᠯᠡᠭᠦᠦ ᠲᠡᠢ ᠥᠨᠳᠥᠷ ᠪᠠᠶᠢᠳᠠᠭ ᠪᠠᠶᠢᠪᠠ᠃ ᠲᠡᠷᠡ ᠪᠡᠷ 8 ᠍ ᠶᠢᠨ ᠨᠠᠰᠤᠲᠠᠢ ᠳᠤ ᠪᠠᠨ ᠠᠩᠭᠢ ᠳᠡᠪᠰᠢᠭᠰᠡᠨ ᠪᠠ ᠬᠣᠵᠢᠮ ᠺᠣᠯᠯᠧᠵᠢᠢᠳᠡ ᠣᠷᠣᠬᠤ ᠳᠤ ᠪᠠᠨ ᠦᠶ᠎ᠡ ᠶᠢᠬᠡᠨ ᠡᠴᠡ ᠪᠡᠨ ᠨᠢᠭᠡ ᠨᠠᠰᠤ ᠪᠠᠷ ᠳᠡᠭᠦᠦ ᠪᠠᠶᠢᠯ᠎ᠠ᠃

ᠲᠡᠷᠡᠪᠡᠷ ᠥᠪᠡᠷ ᠦᠨ ᠡᠭᠡᠴᠢ ᠨᠠᠷ ᠪᠣᠯᠬᠤ ᠱᠧᠷᠢᠯ᠂ ᠲᠷᠢᠰᠢᠶᠠ ᠨᠠᠷ ᠤᠨ ᠠᠳᠠᠯᠢ ᠡᠷᠡᠭᠦᠯ ᠴᠢᠭᠢᠷᠠᠭ ᠥᠰᠬᠡᠯᠡᠭᠦᠨ ᠪᠠᠳᠠᠷᠢᠭᠤᠨ ᠪᠡᠶ᠎ᠡ ᠲᠡᠢ ᠪᠠᠶᠢᠪᠠ᠃ ᠰᠧᠢᠨᠲ ᠺᠷᠣᠢᠺᠰ ᠠᠷᠠᠯ ᠨᠢ ᠰᠠᠭᠰᠤᠨ ᠪᠥᠮᠪᠥᠭᠡᠴᠢᠳ ᠢ ᠪᠢᠰᠢ ᠬᠠᠷᠢᠨ ᠤᠰᠤᠨ ᠳᠤ ᠰᠡᠯᠢᠭᠴᠢᠳ᠋ᠢ ᠶᠢ ᠲᠥᠷᠥᠭᠦᠯᠦᠨ ᠭᠠᠷᠭᠠᠳᠠᠭ ᠭᠠᠵᠠᠷ ᠶᠤᠮ᠃ ᠲᠡᠭᠦᠨ ᠦ ᠡᠭᠡᠴᠢ ᠲᠷᠢᠰᠢᠶᠠ ᠨᠢ ᠮᠥᠨ ᠡᠨᠡ ᠵᠠᠮᠨᠠᠯ ᠤᠨ ᠳᠠᠭᠠᠤ ᠮᠡᠷᠭᠡᠵᠢᠯ ᠦᠨ ᠤᠰᠤᠨ ᠳᠤ ᠰᠡᠯᠢᠭᠴᠢ ᠪᠣᠯᠤᠭᠰᠠᠨ ᠪᠠ 100 ᠮᠧᠲ᠋ᠷ , 200 ᠮᠧᠲ᠋ᠷ ᠦᠨ ᠠᠷᠤ ᠪᠠᠷ ᠰᠡᠯᠡᠬᠦ ᠲᠥᠷᠥᠯ ᠳᠦ ᠳᠡᠯᠡᠬᠡᠢ ᠳᠦ ᠴᠢᠨᠰᠠᠭ᠎ᠠ ᠪᠠᠷ ᠢᠶᠠᠨ ᠳᠡᠭᠡᠭᠦᠷ ᠪᠢᠴᠢᠭᠳᠡᠵᠦ 1988 ᠣᠨ ᠤ ᠰᠡᠭᠦᠯ ᠤᠨ ᠣᠯᠢᠮᠫᠢᠺᠣᠳᠣ ᠬᠦᠷᠲᠡᠯ᠎ᠡ ᠣᠷᠣᠯᠴᠠᠭᠠᠳ ᠠᠮᠵᠢᠭ᠌ᠰᠠᠨ ᠨᠢᠭᠡᠨ ᠠᠵᠤ᠃ ᠲᠷᠢᠰᠢᠶᠠ ᠥᠪᠡᠷ ᠦᠨ ᠢᠶᠡᠨ ᠳᠡᠭᠦᠦ ᠲᠢᠮ ᠢ ᠥᠪᠡᠷ ᠡᠴᠡ ᠨᠢ ᠴᠤ ᠳᠠᠪᠠᠭᠰᠠᠨ ᠠᠮᠵᠢᠯᠲᠠ ᠦᠵᠡᠭᠦᠯᠬᠦ ᠤᠰᠤᠨ ᠳᠤ ᠰᠡᠯᠢᠭᠴᠢ ᠪᠣᠯᠤᠨ᠎ᠠ ᠭᠡᠳᠡᠭ ᠲᠦ ᠢᠲᠡᠭᠡᠳᠡᠭ ᠪᠠᠶᠢᠯᠠaa.

ᠲᠢᠮ ᠴᠤ ᠮᠥᠨ ᠪᠠᠭ᠎ᠠ ᠳᠤ ᠪᠠᠨ ᠠᠯᠢ ᠬᠡᠳᠦᠶᠢᠨ ᠣᠯᠢᠮᠫᠢᠺ ᠤᠨ ᠠᠪᠤᠷᠭᠤ ᠪᠣᠯᠤᠨ᠎ᠠ ᠭᠡᠰᠡᠨ ᠮᠠᠰᠢ ᠲᠣᠮᠣ ᠵᠣᠷᠢᠯᠭ᠎ᠠ ᠥᠪᠡᠷᠲᠡᠭᠡᠨ ᠲᠠᠯᠪᠢᠵᠤ , ᠭᠡᠷ ᠪᠦᠯᠡᠶᠢᠬᠡᠨ ᠨᠢ ᠴᠤ ᠲᠡᠭᠦᠨ ᠢ ᠲᠠᠯ᠎ᠠ ᠪᠦᠷᠢ ᠪᠡᠷ ᠳᠡᠮᠵᠢᠳᠡᠭ ᠪᠠᠶᠢᠪᠠ᠃ ᠲᠢᠮ ᠦᠨ ᠡᠵᠢ ᠯᠣᠨᠧ ᠲᠡᠭᠦᠨ ᠲᠡᠢ ᠠᠭᠤᠯᠵᠠᠬᠤ ᠪᠣᠯᠭᠠᠨ ᠳᠤ ᠪᠠᠨ ᠤᠷᠲᠤ ᠭᠡᠭᠴᠢ ᠶᠢᠨ ᠵᠥᠪᠯᠡᠭᠡ ᠥᠭᠴᠦ , ᠮᠥᠨ ᠰᠢᠭᠦᠮᠵᠢᠯᠡᠯ , ᠤᠷᠮ᠎ᠠ ᠵᠡᠷᠭᠡ ᠪᠡᠷ ᠪᠠᠷᠤᠭ ᠯᠠ ᠲᠢᠮ ᠢ ᠭᠠᠯᠵᠠᠭᠤᠷᠠᠲᠠᠯ᠎ᠠ ᠨᠢ ᠵᠠᠯᠬᠠᠭᠠᠳᠠᠭ ᠪᠠᠶᠢᠪᠠ᠃ ᠡᠵᠢᠢᠬᠤ ᠨᠢ ᠬᠡᠯᠡᠬᠦ ᠳᠤᠷᠠᠲᠠᠢ ᠦᠭᠡ ᠨᠢ 《ᠰᠠᠶᠢᠨ , ᠪᠦᠷ ᠰᠠᠶᠢᠨ , ᠰᠢᠯᠢᠳᠡᠭ . ᠥᠪᠡᠷ ᠦᠨ ᠢᠶᠡᠨ ᠰᠠᠶᠢᠨ ᠢ ᠪᠦᠷ ᠰᠠᠶᠢᠨ , ᠪᠦᠷ ᠰᠠᠶᠢᠨ ᠢ ᠪᠠᠨ ᠰᠢᠯᠢᠳᠡᠭ ᠪᠣᠯᠲᠠᠯ᠎ᠠ ᠬᠡᠵᠢᠶ᠎ᠡ ᠴᠤ ᠨᠢᠴᠤᠵᠤ ᠪᠣᠯᠬᠤ ᠦᠭᠡᠢ 《 ᠭᠡᠳᠡᠭ ᠪᠠᠶᠢᠭᠰᠠᠨ ᠪᠠ ᠦᠷᠭᠦᠯᠵᠢ ᠯᠠ ᠲᠢᠮ ᠳᠦ ᠡᠨᠡ ᠦᠭᠡ ᠬᠡᠯᠡᠳᠡᠭ ᠪᠠᠶᠢᠵᠤ᠃

ᠲᠢᠮ 400 ᠮᠧᠲ᠋ᠷ ᠦᠨ ᠴᠢᠯᠦᠭᠡᠲᠦ ᠰᠡᠯᠢᠯᠲᠡᠨ ᠳᠦ ᠤᠷᠤᠯᠳᠤᠳᠠᠭ ᠪᠠᠶᠢᠯ᠎ᠠ᠃ ᠲᠡᠷᠡ ᠪᠡᠷ ᠥᠰᠪᠦᠷᠢ ᠨᠠᠰᠤᠨ ᠳᠤ ᠪᠠᠨ ᠭᠡᠬᠦ ᠳᠦ ᠯᠠ ᠣᠯᠠᠨ ᠤᠯᠤᠰ ᠤᠨ ᠤᠰᠤᠨ ᠳᠤ ᠰᠡᠯᠢᠯᠲᠡ ᠶᠢᠨ ᠬᠣᠯᠪᠣᠭᠠᠨ ᠤ ᠠᠩᠬᠠᠷᠤᠯ ᠢ ᠲᠠᠲᠠᠵᠤ ᠡᠬᠢᠯᠡᠭᠡᠳ ᠪᠠᠶᠢᠪᠠ᠃ 12 , 13 ᠍ ᠶᠢᠨ ᠨᠠᠰᠤᠲᠠᠢ ᠠᠴᠠ ᠪᠠᠨ ᠡᠬᠢᠯᠡᠭᠡᠳ ᠯᠠ ᠵᠠᠷᠢᠮ ᠨᠢᠭᠡ ᠷᠧᠺᠣᠷᠳ᠋ ᠍ ᠨᠤᠭᠤᠳ ᠢ ᠡᠪᠳᠡᠵᠦ ᠡᠬᠢᠯᠡᠭᠰᠡᠨ ᠪᠠ ᠲᠡᠭᠦᠨ ᠦ ᠡᠨᠡ ᠨᠠᠰᠤᠨ ᠳᠡᠭᠡᠷᠡᠬᠢ ᠠᠮᠵᠢᠯᠲᠠ ᠨᠢ ᠪᠤᠰᠤᠳ ᠨᠢᠭᠡᠳᠦᠭᠰᠡᠨ ᠤᠯᠤᠰ ᠤᠨ ᠳᠣᠮᠣᠭᠲᠤ ᠰᠡᠯᠢᠭᠴᠢᠳ ᠦᠨ ᠲᠤᠬᠠᠢ ᠶᠢᠨ ᠨᠠᠰᠤᠨ ᠳᠡᠭᠡᠷᠡᠬᠢ ᠠᠮᠵᠢᠯᠲᠠ ᠠᠴᠠ ᠴᠤ ᠳᠠᠪᠠᠵᠤ ᠪᠠᠶᠢᠯ᠎ᠠ᠃ ᠲᠡᠷᠡ ᠪᠡᠷ ᠤᠯᠠᠮ ᠯᠠ ᠥᠨᠳᠥᠷ ᠪᠣᠯᠤᠭᠰᠠᠭᠠᠷ , ᠤᠯᠠᠮ ᠯᠠ ᠬᠦᠴᠦᠲᠡᠢ ᠪᠣᠯᠤᠭᠰᠠᠭᠠᠷ ᠪᠠᠶᠢᠪᠠ᠃ ᠢᠨ ᠲᠣᠷᠫᠧ –ᠡᠶᠢᠨ ᠤᠷᠲᠤ ᠬᠥᠯ , ᠲᠣᠮᠣ ᠭᠠᠷ ᠢ ᠲᠠ ᠪᠦᠬᠦᠨ ᠰᠠᠨᠠᠵᠤ ᠪᠤᠢ ᠪᠢᠵᠡ ᠪᠡᠨ᠃ ᠲᠢᠮ ᠳᠦ ᠪᠠᠶᠢᠭᠠᠯᠢ ᠠᠴᠠ ᠵᠠᠶᠠᠭᠠᠭᠰᠠᠨ ᠪᠡᠯᠡᠭ ᠨᠢ ᠢᠨ ᠲᠣᠷᠫᠧ ᠠᠴᠠ ᠴᠤ ᠢᠯᠡᠭᠦᠦ ᠲᠡᠢ ᠪᠠᠶᠢᠭᠰᠠᠨ ᠪᠠ ᠡᠭᠦᠨ ᠡᠴᠡ ᠭᠠᠳᠠᠨ᠎ᠠ ᠲᠢᠮ ᠦᠨ ᠠᠩᠬᠠᠷᠤᠯ ᠢᠶᠠᠨ ᠲᠥᠪᠯᠡᠷᠡᠭᠦᠯᠬᠦ ᠣᠨᠴᠠᠭᠠᠢ ᠴᠢᠳᠠᠪᠤᠷᠢ ᠨᠢ ᠲᠡᠭᠦᠨ ᠢ ᠦᠷᠭᠦᠯᠵᠢ ᠲᠡᠮᠡᠴᠡᠭᠡᠨ ᠦ ᠲᠡᠷᠢᠭᠦᠨ ᠪᠠᠶᠢᠷᠢ ᠡᠵᠡᠯᠡᠬᠦ ᠳᠦ ᠲᠤᠰᠠᠯᠠᠳᠠᠭ ᠪᠠᠶᠢᠪᠠ᠃ ᠲᠢᠮ ᠦᠷᠭᠦᠯᠵᠢ ᠯᠠ ᠥᠪᠡᠷ ᠦᠨ ᠢᠶᠡᠨ ᠠᠷᠭ᠎ᠠ ᠪᠠᠷᠢᠯ ᠢ ᠵᠠᠳᠠᠯᠵᠤ ᠨᠠᠷᠢᠨ ᠳ᠋ᠦᠩᠨᠡᠯᠲᠡ ᠬᠢᠵᠦ ᠬᠡᠷᠬᠢᠨ ᠵᠠᠰᠠᠪᠠᠯ ᠤᠯᠠᠮ ᠰᠠᠶᠢᠵᠢᠷᠠᠬᠤ ᠪᠤᠢ ᠭᠡᠵᠦ ᠪᠠᠶᠢᠩᠭᠤ ᠯᠠ ᠪᠣᠳᠣᠳᠠᠭ ᠲᠤᠩ ᠪᠦᠲᠦᠭᠡᠯᠴᠢ ᠬᠦᠦ ᠪᠠᠶᠢᠯ᠎ᠠ᠃ ᠲᠡᠷᠡ ᠪᠡᠷ ᠶᠠᠭ ᠯᠠ ᠪᠦᠬᠦ ᠯᠠ ᠳᠠᠰᠬᠠᠯᠵᠢᠭᠤᠯᠤᠭᠴᠢᠳ ᠤᠨ ᠮᠥᠷᠥᠭᠡᠳᠦᠯ ᠦᠨ ᠲᠠᠮᠢᠷᠴᠢᠨ ᠪᠣᠯᠵᠤ ᠥᠰᠦᠨ ᠪᠣᠶᠢᠵᠢᠵᠤ ᠪᠠᠶᠢᠭᠰᠠᠨ ᠶᠤᠮ᠃

ᠪᠠᠷᠰᠧᠯᠤᠨ ᠤ ᠣᠯᠢᠮᠫᠢᠺ ᠪᠣᠯᠬᠤ ᠳᠤ 3 ᠍ ᠶᠢᠨ ᠵᠢᠯ ᠦᠯᠡᠳᠡᠭᠡᠳ ᠪᠠᠶᠢᠬᠤ ᠳᠤ ᠲᠢᠮ ᠥᠪᠡᠷ ᠢ ᠪᠡᠨ ᠣᠯᠢᠮᠫᠣᠳ ᠤᠷᠤᠯᠴᠠᠬᠤ ᠵᠣᠷᠢᠯᠭ᠎ᠠ ᠲᠠᠯᠪᠢᠨ 50 , 100 , 400 ᠍ ᠦᠨ ᠮᠧᠲ᠋ᠷ ᠳᠦ ᠥᠪᠡᠷ ᠢ ᠪᠡᠨ ᠪᠡᠯᠡᠳᠦᠭᠰᠡᠭᠡᠷ᠃ ᠶᠡᠷᠦ ᠨᠢ ᠴᠤ ᠲᠢᠮ ᠪᠡᠯᠡᠳᠬᠡᠯ ᠢᠶᠡᠨ ᠦᠷᠭᠦᠯᠵᠢᠯᠡᠭᠦᠯᠦᠭᠰᠡᠨ ᠪᠣᠯ ᠨᠢᠭᠡᠳᠦᠭᠰᠡᠨ ᠤᠯᠤᠰ ᠤᠨ ᠰᠢᠭᠰᠢᠭᠡ ᠳᠦ ᠬᠡᠯᠲᠡᠭᠡ ᠵᠢᠭᠠᠰᠤ ᠮᠡᠲᠦ ᠰᠡᠯᠡᠬᠦ ᠲᠡᠷᠡ ᠬᠦ ᠵᠣᠪᠠᠬᠤ ᠶᠠᠭᠤᠮ᠎ᠠ ᠦᠭᠡᠢ ᠤᠷᠤᠬᠤ ᠪᠠᠶᠢᠭᠰᠠᠨ ᠪᠢᠵᠡ ᠪᠡᠨ᠃

1989 ᠣᠨ ᠤ 9 ᠍ ᠶᠢᠨ ᠰᠠᠷ᠎ᠠ ᠶᠢᠨ 17 ᠍ ᠤ ᠲᠡᠷᠡ ᠨᠢᠭᠡᠨ ᠬᠠᠷ᠎ᠠ ᠡᠳᠦᠷ , ᠳᠠᠯᠠᠢ ᠶᠢᠨ ᠬᠡᠶᠣᠭᠣ ᠬᠡᠮᠡᠬᠦ ᠬᠠᠷ᠎ᠠ ᠰᠠᠯᠬᠢ ᠰᠧᠢᠨᠲ ᠺᠷᠣᠢᠺᠰ ᠠᠷᠠᠯ ᠤᠨ ᠰᠦᠢᠳᠬᠡᠭᠰᠡᠨ ᠢᠶᠡᠷ ᠪᠦᠬᠦ ᠵᠦᠢᠯ ᠥᠭᠡᠷᠡᠴᠢᠯᠡᠭᠳᠡᠭᠰᠡᠨ ᠶᠤᠮ᠃ ᠲᠢᠮ ᠶᠢᠨ ᠡᠴᠢᠭᠡ ᠸᠢᠯᠤᠮ ᠤᠭ ᠠᠶᠤᠮᠰᠢᠭᠲᠠᠢ ᠰᠢᠭᠤᠷᠭᠠᠨ ᠳᠤ ᠥᠪᠡᠷ ᠦᠨ ᠢᠶᠡᠨ ᠣᠷᠣᠨ ᠭᠡᠷ ᠢ ᠴᠢᠮ᠎ᠠ ᠦᠭᠡᠢ ᠪᠡᠯᠡᠳᠬᠡᠵᠦ ᠪᠠᠶᠢᠭᠰᠠᠨ ᠴᠤ ᠪᠠᠶᠢᠭᠠᠯᠢ ᠶᠢᠨ ᠳᠡᠶᠢᠯᠳᠡᠰᠢ ᠦᠭᠡᠢ ᠰᠦᠷ ᠬᠦᠴᠦ ᠤᠭ ᠠᠷᠠᠯ ᠢ ᠲᠡᠷᠡ ᠴᠢᠭ ᠢᠶᠡᠷ ᠨᠢ ᠰᠦᠢᠳᠬᠡᠵᠡᠢ᠃ ᠲᠢᠮ ᠦᠨ ᠪᠦᠬᠦ ᠴᠠᠭ ᠢᠶᠠᠨ ᠥᠩᠭᠡᠷᠡᠭᠡᠳᠡᠭ ᠪᠠᠶᠢᠭᠰᠠᠨ ᠤᠰᠤᠨ ᠰᠠᠩ ᠴᠤ ᠰᠦᠢᠷᠡᠯ ᠳᠦ ᠥᠷᠲᠦᠭᠰᠡᠨ ᠶᠤᠮ᠃ ᠪᠡᠯᠡᠳᠬᠡᠯ ᠬᠢᠬᠦ ᠲᠠᠯᠠᠪᠠᠢ ᠦᠭᠡᠢ ᠪᠣᠯᠤᠭᠰᠠᠨ ᠬᠦᠦ ᠵᠠᠳᠠᠭᠠᠢ ᠳᠠᠯᠠᠢ ᠳᠤ ᠪᠡᠯᠡᠳᠬᠡᠯ ᠬᠢᠬᠦ ᠪᠣᠯᠪᠠ᠃ ᠭᠡᠪᠡᠴᠦ ᠬᠦᠦ ᠦᠬᠦᠬᠦ ᠠᠶᠤᠯ ᠪᠣᠯᠤᠨ ᠲᠡᠨᠳᠡᠬᠢ ᠶᠢᠨ ᠳᠠᠯᠠᠢ ᠳᠤ ᠡᠯᠪᠡᠭ ᠠᠪᠤᠷᠭᠤ ᠵᠢᠭᠠᠰᠤᠨ ᠨᠤᠭᠤᠳ ᠠᠴᠠ ᠲᠤᠩ ᠶᠡᠬᠡ ᠠᠶᠤᠳᠠᠭ ᠪᠠᠶᠢᠵᠤ᠃ ᠳᠠᠯᠠᠢ ᠶᠢᠨ ᠤᠰᠤᠨ ᠳᠤ ᠤᠷᠤᠬᠤ ᠪᠣᠯᠭᠠᠨ ᠳᠤ ᠲᠢᠮᠮᠢ ᠶᠠᠭ ᠯᠠ ᠥᠪᠡᠷ ᠢ ᠪᠡᠨ ᠲᠠᠪᠠᠭᠠᠨ ᠳᠡᠭᠡᠷ᠎ᠡ ᠪᠠᠶᠢᠭ᠎ᠠ ᠪᠡᠯᠡᠨ ᠵᠠᠭᠤᠰᠢ ᠮᠡᠲᠦ ᠲᠥᠰᠥᠭᠡᠯᠡᠭᠳᠡᠵᠦ ᠲᠤᠩ ᠶᠡᠬᠡ ᠠᠶᠤᠵᠤ ᠡᠮᠢᠶᠡᠳᠡᠭ ᠪᠠᠶᠢᠯ᠎ᠠ᠃ ᠲᠡᠷᠡ ᠪᠡᠷ ᠪᠡᠯᠡᠳᠬᠡᠯ ᠢᠶᠡᠨ ᠪᠠᠶᠢᠩᠭᠤ ᠲᠠᠰᠤᠯᠬᠤ ᠪᠣᠯᠵᠤ ᠤᠳᠠᠯ ᠦᠭᠡᠢ ᠪᠠᠭ᠎ᠠ ᠠᠴᠠ ᠪᠠᠨ ᠲᠣᠮᠣ ᠰᠢᠳᠬᠡᠯ ᠦᠳ ᠠᠮᠰᠠᠭᠰᠠᠨ ᠪᠠᠶᠢᠨ᠎ᠠ᠃

ᠮᠡᠳᠡᠭᠡᠵᠢ ᠲᠠ ᠪᠦᠬᠦᠨ ᠳᠦ ᠳᠠᠯᠠᠢ ᠠᠴᠠ ᠠᠶᠤᠳᠠᠭ ᠲᠢᠮᠮᠢ ᠪᠠᠭ᠎ᠠ ᠵᠡᠷᠭᠡ ᠶᠢᠨ ᠢᠨᠢᠶᠡᠳᠦᠲᠡᠢ ᠰᠠᠨᠠᠭᠳᠠᠵᠤ ᠪᠣᠯᠬᠤ ᠴᠤ ᠪᠢᠴᠢᠬᠠᠨ ᠬᠦᠦ ᠦᠨ ᠰᠠᠨᠠᠭ᠎ᠠ ᠶᠢ ᠨᠢᠭᠡᠨ ᠵᠦᠢᠯ ᠲᠤᠩ ᠬᠦᠴᠢᠲᠡᠢ ᠪᠡᠷ ᠵᠣᠪᠠᠭᠠᠵᠤ ᠦᠷᠭᠦᠯᠵᠢ ᠰᠢᠨᠠᠯᠭᠠᠵᠤ ᠪᠠᠶᠢᠯ᠎ᠠ᠃ 1989 ᠣᠨ ᠤ ᠵᠤᠨ ᠲᠡᠭᠦᠨ ᠦ ᠡᠵᠢ ᠬᠥᠬᠦᠨ ᠦ ᠬᠣᠣᠷᠲᠤ ᠬᠠᠪᠤᠳᠠᠷ ᠢᠶᠠᠷ ᠡᠪᠡᠳᠴᠢᠯᠡᠭᠰᠡᠨ ᠪᠣᠯᠬᠤ ᠨᠢ ᠢᠯᠡᠷᠡᠭᠰᠡᠨ ᠶᠤᠮ᠃ ᠭᠡᠪᠡᠴᠦ ᠲᠢᠮ ᠦᠨ ᠡᠵᠢ ᠥᠪᠡᠷ ᠦᠨ ᠢᠶᠡᠨ ᠡᠪᠡᠳᠴᠢᠨ ᠲᠡᠢ ᠪᠡᠨ ᠲᠡᠮᠡᠴᠡᠭᠰᠡᠭᠡᠷ , ᠮᠥᠨ ᠬᠦᠨᠳᠦ ᠬᠡᠴᠡᠭᠦᠦ ᠡᠪᠡᠳᠴᠢᠨ ᠦ ᠪᠡᠨ ᠬᠠᠵᠠᠭᠤ ᠪᠠᠷ ᠲᠢᠮ ᠢ ᠦᠷᠭᠦᠯᠵᠢ ᠯᠠ ᠪᠡᠯᠡᠳᠬᠡᠯ ᠰᠤᠷᠭᠠᠭᠤᠯᠢ ᠳᠤ ᠨᠢ ᠶᠠᠪᠤᠭᠤᠯᠵᠤ ᠬᠦᠦ ᠪᠡᠨ ᠪᠡᠯᠡᠳᠬᠡᠯ ᠬᠢᠵᠦ ᠪᠠᠶᠢᠬᠤ ᠳᠤ ᠨᠢ ᠣᠴᠢᠵᠤ ᠦᠵᠡᠵᠦ ᠬᠦᠦ ᠳᠦ ᠪᠡᠨ ᠤᠷᠮ᠎ᠠ ᠬᠠᠶᠢᠷᠠᠯᠠᠭᠰᠠᠭᠠᠷ ᠪᠠᠶᠢᠯ᠎ᠠ᠃ ᠲᠢᠮ ᠦᠨ ᠡᠵᠢ 1990 ᠣᠨ ᠤ ᠬᠠᠪᠤᠷ ᠲᠢᠮ ᠦᠨ14 ᠍ ᠶᠢᠨ ᠨᠠᠰᠤᠨ ᠤ ᠲᠦᠷᠦᠭᠰᠡᠨ ᠡᠳᠦᠷ ᠦᠨ ᠶᠠᠭ ᠡᠮᠦᠨᠡᠬᠢ ᠡᠳᠦᠷ ᠬᠣᠷᠸ᠎ᠠ ᠠᠴᠠ ᠬᠠᠯᠢᠵᠠᠢ᠃ ᠲᠢᠮ ᠴᠤ ᠠᠬᠢᠵᠤ ᠬᠡᠵᠢᠶ᠎ᠡ ᠴᠤ ᠤᠰᠤᠨ ᠳᠤ ᠰᠡᠯᠢᠯᠲᠡ ᠶᠢᠨ ᠲᠡᠮᠡᠴᠡᠭᠡᠨ ᠳᠦ ᠣᠷᠣᠭ᠎ᠠ ᠦᠭᠡᠢ ᠶᠤᠮ᠃

ᠠᠵᠠ ᠪᠣᠯᠵᠤ ᠵᠠᠷᠢᠮ ᠵᠦᠢᠯᠡᠰ ᠲᠡᠭᠦᠨ ᠦ ᠠᠩᠬᠠᠷᠤᠯ ᠢ ᠲᠠᠲᠠᠵᠤ ᠡᠬᠢᠯᠡᠯ᠎ᠡ᠃ ᠵᠢᠯ ᠦᠨ ᠡᠮᠦᠨ᠎ᠡ ᠲᠡᠭᠦᠨ ᠦ ᠡᠭᠡᠴᠢ ᠴᠧᠷᠢᠯᠯ ᠬᠦᠮᠦᠨ ᠲᠡᠢ ᠭᠡᠷᠯᠡᠵᠦ ᠺᠣᠯᠤᠮᠪᠦ᠋ᠰ ᠳᠦ ᠠᠮᠢᠳᠤᠷᠠᠬᠤ ᠪᠣᠯᠤᠭᠰᠠᠨ ᠪᠠ ᠲᠡᠷᠡ ᠪᠡᠷ ᠰᠠᠭᠰᠤᠨ ᠪᠥᠮᠪᠥᠭᠡ ᠶᠢᠨ ᠪᠥᠮᠪᠥᠭᠡ᠂ ᠰᠢᠢᠳ ᠳᠡᠭᠦᠦ ᠳᠦ ᠪᠡᠨ ᠶᠠᠪᠤᠭᠤᠯᠵᠠᠢ᠃ ᠲᠢᠮ ᠦᠨ ᠠᠪᠤ ᠲᠡᠷᠡ ᠰᠢᠢᠳ ᠢ ᠪᠣᠰᠬᠠᠭᠰᠠᠨ ᠪᠠ ᠺᠣᠯᠢᠽᠣ ᠶᠢ ᠨᠢ ᠭᠠᠵᠠᠷ ᠠᠴᠠ 10 ᠍ ᠶᠢᠨ ᠹᠦᠲ ᠤᠨ (305 ᠰᠠᠨᠲ᠋ᠢᠮᠧᠲ᠋ᠷ) ᠥᠨᠳᠥᠷ ᠲᠦ ᠪᠠᠶᠢᠬᠤ ᠪᠠᠷ ᠬᠢᠵᠦ ᠮᠥᠨ ᠶᠠᠮᠠᠷ ᠴᠤ ᠰᠢᠭᠤᠷᠭ᠎ᠠ ᠪᠣᠯᠤᠭᠰᠠᠨ ᠤᠨᠠᠬᠤ ᠦᠭᠡᠢ ᠪᠠᠶᠢᠬᠤ ᠪᠠᠷ ᠰᠠᠶᠢᠨ ᠭᠡᠭᠴᠢ ᠶᠢᠨ ᠼᠧᠮᠧᠨᠲ᠋ᠧᠯᠵᠠᠢ᠃ ᠦᠨᠡᠬᠡᠷ ᠴᠤ ᠲᠡᠭᠦᠨ ᠦ ᠵᠥᠪ ᠪᠠᠶᠢᠭᠰᠠᠨ ᠪᠠ ᠰᠲ᠋ᠠᠨᠳᠠᠷ ᠲᠤ ᠺᠣᠯᠢᠽᠣ 10 ᠍ ᠶᠢᠨ ᠹᠦᠲ ᠣᠷᠴᠢᠮ ᠤᠨ ᠥᠨᠳᠥᠷ ᠲᠦ ᠪᠠᠶᠢᠳᠠᠭ ᠪᠢᠯᠡ᠃

ᠲᠢᠮ ᠦᠨ ᠡᠵᠢ ᠥᠩᠭᠡᠷᠡᠭᠰᠡᠨ ᠦ ᠳᠠᠷᠠᠭ᠎ᠠ ᠲᠡᠭᠦᠨ ᠦ ᠡᠭᠡᠴᠢ ᠴᠧᠷᠢᠯ ᠨᠥᠬᠥᠷ ᠲᠡᠢ ᠪᠡᠨ ᠭᠡᠷ ᠲᠦ ᠪᠡᠨ ᠪᠤᠴᠠᠵᠤ ᠢᠷᠡᠵᠦ ᠲᠡᠳᠡ ᠬᠠᠮᠲᠤ ᠳᠤ ᠪᠠᠨ ᠠᠮᠢᠳᠤᠷᠠᠬᠤ ᠪᠣᠯᠵᠠᠢ᠃ ᠴᠧᠷᠢᠯ ᠦᠨ ᠨᠥᠬᠥᠷ ᠷᠢᠺᠠ ᠯᠠᠪᠠᠷᠢ ᠨᠢ ᠴᠠᠭ ᠲᠤ ᠪᠠᠨ ᠺᠣᠯᠤᠮᠪᠢᠶ ᠠ ᠶᠢᠨ ᠺᠠᠫᠢᠲ᠋ᠠᠯ ᠶᠡᠬᠡ ᠰᠤᠷᠭᠤᠤᠯ ᠤᠨ ᠭᠠᠷᠠᠭᠠᠨ ᠤ ᠬᠣᠯᠪᠣᠨ ᠲᠣᠭᠯᠠᠭᠴᠢ ᠬᠢᠵᠦ ᠶᠠᠪᠤᠭᠰᠠᠨ ᠱᠠᠭ ᠦᠭᠡᠢ ᠰᠠᠭᠰᠤᠨ ᠪᠥᠮᠪᠥᠭᠴᠢ ᠪᠠᠶᠢᠵᠤ ᠲᠠᠭᠠᠷᠠᠯ᠎ᠠ᠃ ᠬᠡᠶᠣᠭᠣ ᠬᠠᠷ᠎ᠠ ᠰᠠᠯᠬᠢᠨ ᠠᠴᠠ ᠡᠮᠦᠨ᠎ᠡ ᠲᠢᠮ ᠵᠦᠭᠡᠷ ᠯᠠ ᠰᠢ ᠳᠦ ᠢ ᠲᠣᠭᠣᠷᠢᠵᠤ ᠡᠪ ᠬᠠᠪᠤ ᠦᠭᠡᠢ ᠯᠠ ᠰᠢᠳᠡᠳᠡᠭ ᠪᠠᠶᠢᠭᠰᠠᠨ ᠪᠣᠯ ᠷᠢᠺᠠ ᠢᠷᠡᠭᠰᠡᠨ ᠢᠶᠡᠷ ᠰᠠᠭᠰᠤᠨ ᠪᠥᠮᠪᠥᠭᠡ ᠲᠡᠭᠦᠨ ᠦ ᠬᠠᠮᠤᠭ ᠤᠨ ᠳᠤᠷᠠᠲᠠᠢ ᠵᠦᠢᠯ ᠪᠣᠯᠵᠤ ᠬᠤᠪᠢᠷᠠᠭᠰᠠᠨ ᠶᠤᠮ᠃ ᠲᠢᠮ ᠦᠶ᠎ᠡ ᠶᠢᠬᠡᠨ ᠡᠴᠡ ᠪᠡᠨ ᠥᠨᠳᠥᠷ ᠪᠣᠯᠪᠠᠴᠤ 6 ᠍ ᠶᠢᠨ ᠹᠦᠲ (180 ᠰᠠᠨᠲ᠋ᠢᠮᠧᠲ᠋ᠷ) ᠣᠷᠴᠢᠮ ᠯᠠ ᠥᠨᠳᠥᠷ ᠪᠠᠶᠢᠯ᠎ᠠ᠃ ᠬᠠᠷᠢᠨ ᠷᠢᠺᠠ 195 ᠰᠠᠨᠲ᠋ᠢᠮᠧᠲ᠋ᠷ ᠣᠷᠴᠢᠮ ᠥᠨᠳᠥᠷ ᠬᠠᠩᠬᠠᠷ ᠡᠷ᠎ᠡ ᠠᠵᠢ᠃ ᠲᠡᠶᠢᠮᠦ ᠡᠴᠡ ᠷᠢᠺᠠ ᠲᠢᠮ ᠳᠦ ᠫᠧᠷᠢᠮᠧᠲ᠋ᠧᠷ ᠲᠣᠭᠯᠠᠯᠲᠠ ᠪᠤᠶᠤ ᠬᠣᠯᠠ ᠶᠢᠨ ᠰᠢᠳᠡᠯᠲᠡ ᠬᠢᠭᠰᠡᠨ ᠭᠠᠳᠠᠭᠤᠷᠬᠢ ᠲᠣᠭᠯᠠᠯᠲᠠ ᠶᠢ ᠵᠢᠭᠠᠵᠤ ᠡᠬᠢᠯᠡᠭᠰᠡᠨ ᠪᠠᠶᠢᠨ᠎ᠠ᠃ ᠲᠢᠮ ᠴᠤ ᠬᠡᠷᠬᠢᠨ ᠪᠥᠮᠪᠥᠭᠡ ᠪᠡᠨ ᠤᠳᠤᠷᠢᠳᠬᠤ , ᠣᠷᠣᠯᠲᠠ ᠬᠢᠬᠦ , ᠪᠥᠮᠪᠥᠭᠡ ᠳᠠᠮᠵᠢᠭᠤᠯᠬᠤ ᠭᠡᠬᠦ ᠮᠡᠲᠦ ᠶᠢᠨ ᠰᠠᠭᠰᠤᠨ ᠪᠥᠮᠪᠥᠭᠡ ᠶᠢᠨ ᠦᠨᠳᠦᠰᠦᠨ ᠲᠧᠭᠨᠢᠭ ᠨᠤᠭᠤᠳ ᠢ ᠴᠤᠬᠤᠮ ᠡᠨᠡ ᠬᠦᠮᠦᠨ ᠦ ᠠᠴᠢ ᠪᠠᠷ ᠯᠠ ᠰᠤᠷᠠᠭᠰᠠᠨ ᠶᠤᠮ᠃

ᠲᠡᠷᠡ ᠨᠠᠮᠤᠷ ᠲᠤ ᠪᠠᠨ ᠲᠢᠮ ᠳᠠᠩᠰᠠᠲᠠᠨ ᠤ ᠠᠬᠠᠯᠠᠬᠤ ᠰᠤᠷᠭᠤᠤᠯ ᠤᠨ ᠪᠠᠭ ᠲᠤ 14 ᠍ ᠶᠢᠨ ᠨᠠᠰᠤᠲᠠᠢ ᠳᠤ ᠪᠠᠨ ᠪᠠᠭᠲᠠᠨ ᠲᠣᠭᠯᠠᠵᠤ ᠡᠬᠢᠯᠡᠵᠡᠢ᠃ ᠲᠡᠷᠡᠪᠡᠷ ᠰᠠᠭᠰᠤᠨ ᠪᠥᠮᠪᠥᠭᠡ ᠶᠢ ᠥᠪᠡᠷ ᠦᠨ ᠢᠶᠡᠨ ᠡᠬᠡ ᠶᠢ ᠠᠯᠠᠳᠠᠭᠰᠠᠨ ᠲᠡᠷᠡ ᠲᠣᠮᠣ ᠰᠡᠳᠬᠢᠯ ᠦᠨ ᠰᠢᠷᠬ᠎ᠠ ᠪᠠᠨ ᠮᠠᠷᠲᠠᠬᠤ ᠭᠡᠵᠦ ᠡᠳᠡᠭᠡᠭᠡᠬᠦ ᠭᠡᠵᠦ ᠯᠠ ᠲᠣᠭᠯᠠᠳᠠᠭ ᠪᠠᠶᠢᠪᠠ᠃ ᠳᠠᠷᠠᠭᠠᠬᠢ 3 ᠍ ᠶᠢᠨ ᠵᠢᠯ ᠳᠤ ᠨᠢ ᠲᠢᠮ ᠴᠤ 9 ᠍ ᠶᠢᠨ ᠢᠨᠴᠢ ᠥᠰᠦᠭᠰᠡᠨ ᠪᠠ ᠲᠡᠷᠡ ᠠᠷᠠᠯ ᠳᠡᠭᠡᠷᠡᠬᠢ ᠪᠡᠨ ᠮᠠᠭᠠᠳ ᠦᠭᠡᠢ ᠺᠠᠷᠠᠪ ᠤᠨ ᠲᠡᠩᠭᠢᠰ ᠦᠨ ᠠᠷᠠᠯ ᠤᠳ ᠳᠡᠭᠡᠷᠡᠬᠢ ᠬᠠᠮᠤᠭ ᠤᠨ ᠰᠢᠯᠢᠳᠡᠭ ᠲᠣᠭᠯᠠᠭᠴᠢ ᠪᠣᠯᠵᠤ ᠴᠢᠳᠠᠭᠰᠠᠨ ᠪᠠᠶᠢᠯ᠎ᠠ᠃ ᠲᠢᠮ ᠭᠡᠷ ᠦᠨ ᠪᠠᠭᠰᠢ ᠪᠠᠷ ᠢᠶᠠᠨ ᠵᠢᠭᠠᠯᠭᠠᠭᠰᠠᠨ ᠫᠧᠷᠢᠮᠧᠲ᠋ᠧᠷ ᠲᠣᠭᠯᠠᠯᠲᠠ ᠠᠴᠠ ᠪᠠᠨ ᠭᠠᠳᠠᠨ᠎ᠠ , ᠥᠪᠡᠷ ᠦᠨ ᠬᠤᠷᠳᠤ ᠲᠠᠢ ᠬᠥᠯ , ᠥᠨᠳᠥᠷ ᠪᠡᠶ᠎ᠡ ᠪᠡᠨ ᠢᠶᠡᠨ ᠠᠰᠢᠭᠯᠠᠨ ᠳᠣᠣᠷ᠎ᠠ ᠲᠥᠪ ᠦᠨ ᠪᠠᠶᠢᠷᠢᠯᠠᠯ ᠳᠤ ᠲᠣᠭᠯᠠᠵᠤ ᠡᠬᠢᠯᠡᠭᠰᠡᠨ ᠶᠤᠮ᠃ ᠰᠠᠭᠰᠤᠨ ᠪᠥᠮᠪᠥᠭᠡ ᠶᠢ ᠵᠥᠪᠬᠡᠨ ᠥᠪᠡᠷ ᠦᠨ ᠢᠶᠡᠨ ᠠᠷᠭ᠎ᠠ ᠵᠠᠮ ᠢᠶᠠᠷ ᠰᠤᠷᠠᠭᠰᠠᠨ ᠤᠴᠢᠷ ᠠᠴᠠ ᠲᠡᠷᠡ ᠪᠡᠷ ᠪᠣᠯᠤᠭ᠎ᠠ ᠦᠭᠡᠢ ᠯᠠ ᠪᠠᠶᠢᠭᠰᠠᠨ ᠴᠤ ᠪᠦᠬᠦ ᠯᠠ ᠰᠠᠭᠰᠤᠨ ᠪᠥᠮᠪᠥᠭᠡ ᠶᠢᠨ ᠠᠪᠢᠶᠠᠰ ᠴᠢᠳᠠᠪᠤᠷᠢ ᠲᠡᠭᠦᠨ ᠳᠦ ᠳᠡᠩᠳᠡᠭᠦᠦ ᠬᠠᠩᠭᠠᠯᠲᠠᠲᠠᠢ ᠪᠠᠶᠢᠴᠠᠢ᠃

ᠤᠳᠠᠯ ᠦᠭᠡᠢ ᠲᠡᠭᠦᠨ ᠦ ᠤᠰᠤᠨ ᠳᠤ ᠰᠡᠯᠢᠭᠴᠢ ᠡᠴᠡ ᠰᠠᠭᠰᠤᠨ ᠪᠥᠮᠪᠥᠭᠴᠢ ᠪᠣᠯᠤᠭᠰᠠᠨ ᠭᠠᠶᠢᠬᠠᠯᠲᠠᠢ ᠲᠡᠦᠬᠡ ᠬᠥᠪᠥᠷᠡᠵᠦ ᠡᠬᠢᠯᠡᠭᠰᠡᠨ ᠶᠤᠮ᠃ ᠲᠢᠮ ᠢ ᠠᠬᠠᠯᠠᠬᠤ ᠰᠤᠷᠭᠠᠭᠤᠯᠢ ᠪᠠᠨ ᠲᠡᠭᠦᠰᠬᠦ ᠦᠶ᠎ᠡ ᠳᠦ ᠰᠧᠢᠨᠲ ᠺᠷᠣᠢᠺᠰ ᠳᠡᠭᠡᠷᠡᠬᠢ ᠤᠰᠤᠨ ᠳᠤ ᠰᠡᠯᠢᠭᠴᠢ , ᠰᠠᠭᠰᠤᠨ ᠪᠥᠮᠪᠥᠭᠴᠢ ᠬᠦᠦ ᠶᠢᠨ ᠲᠠᠯ᠎ᠠ ᠪᠠᠷ ᠬᠦᠮᠦᠰ ᠪᠠᠭ᠎ᠠ ᠵᠡᠷᠭᠡ ᠳᠠᠭᠤᠯᠠᠵᠤ ᠡᠬᠢᠯᠡᠭᠰᠡᠨ ᠲᠤᠯᠠ 3 ᠍ ᠶᠢᠨ ᠰᠤᠷᠭᠠᠭᠤᠯᠢ ᠪᠣᠯᠬᠤ ᠬᠠᠷᠲ᠋ᠹᠣᠷ ᠲᠤ , ᠳᠧᠯᠪᠠᠶᠢᠷ , ᠫᠷᠣᠸᠢᠳᠢᠨᠰ ᠵᠡᠷᠭᠡ ᠰᠤᠷᠭᠠᠭᠤᠯᠢ ᠨᠤᠭᠤᠳ ᠲᠡᠭᠦᠨ ᠢ ᠢᠷᠡᠵᠦ ᠬᠠᠷᠠᠬᠤ ᠦᠭᠡᠢ ᠪᠡᠷ ᠵᠦᠭᠡᠷ ᠯᠠ ᠲᠡᠭᠦᠨ ᠳᠦ ᠲᠡᠳᠬᠦᠯᠭᠡ ᠠᠮᠠᠯᠠᠵᠠᠢ᠃ ᠬᠠᠷᠢᠨ 4 ᠍ ᠳᠡᠬᠢ ᠰᠤᠷᠭᠠᠭᠤᠯᠢ ᠪᠣᠯᠬᠤ ᠸᠧᠢᠺᠹᠣᠷᠧᠰᠲ ᠦᠨ ᠶᠡᠬᠡ ᠰᠤᠷᠭᠠᠭᠤᠯᠢ ᠲᠡᠭᠦᠨ ᠷᠦᠦ ᠪᠠᠭ ᠤᠨ ᠠᠬᠠᠯᠠᠬᠤ ᠳᠠᠰᠬᠠᠯᠵᠢᠭᠤᠯᠤᠭᠴᠢ ᠳᠧᠢᠪ ᠣᠳᠤᠮ᠎ᠠ ᠢ ᠢᠯᠡᠭᠡᠭᠰᠡᠨ ᠪᠠᠶᠢᠨ᠎ᠠ᠃

ᠣᠳᠤᠮ᠎ᠠ ᠥᠪᠡᠷ ᠦᠨ ᠪᠠᠭ ᠤᠨ ᠢᠶᠠᠨ ᠷᠧᠨᠳᠣᠯᠹ ᠴᠢᠯᠳᠤᠷᠧᠰ , ᠷᠣᠳᠨᠢ ᠷᠣᠵᠧᠷᠰ 2 ᠍ ᠲᠠᠢ ᠬᠠᠮᠲᠤᠷᠠᠭᠤᠯᠬᠤ BigMan ᠬᠠᠶᠢᠵᠤ ᠪᠠᠶᠢᠯ᠎ᠠ᠃ ᠤᠴᠢᠷ ᠨᠢ ᠲᠡᠳᠡᠨ ᠦ ᠪᠠᠭ ᠲᠤᠩ ᠨᠠᠮᠬᠠᠨ ᠨᠢᠷᠤᠭᠤ ᠲᠠᠢ ᠪᠠᠶᠢᠭᠰᠠᠨ ᠪᠠ ᠣᠳᠤᠮ᠎ᠠ ᠠ ᠵᠡᠷᠭᠡᠯᠡᠯ ᠦᠨ ᠲᠥᠪ ᠦᠨ ᠲᠣᠭᠯᠠᠭᠴᠢ ᠣᠯᠬᠤ ᠳᠤ ᠦᠨᠡᠬᠡᠷ ᠬᠦᠨᠳᠦᠷᠡᠯᠲᠡᠢ ᠪᠠᠶᠢᠴᠠᠢ᠃ ᠣᠳᠤᠮ᠎ᠠ ᠡᠭᠦᠨ ᠡᠴᠡ ᠡᠮᠦᠨ᠎ᠡ ᠠᠹᠷᠢᠺᠠ ᠧᠦ᠋ᠷᠣᠫᠠ ᠪᠠᠷ ᠬᠦᠷᠲᠡᠯ᠎ᠡ scout ᠬᠢᠵᠦ ᠶᠠᠪᠤᠭᠠᠳ ᠪᠠᠶᠢᠯ᠎ᠠ᠃ ᠣᠳᠤᠮ᠎ᠠ ᠢ ᠰᠧᠢᠨᠲ ᠺᠷᠣᠢᠺᠰ ᠷᠤ ᠢᠷᠡᠬᠦ ᠪᠣᠯᠤᠭᠰᠠᠨ ᠰᠢᠯᠲᠠᠭᠠᠨ ᠨᠢ ᠲᠡᠭᠦᠨ ᠦ ᠬᠠᠭᠤᠴᠢᠨ ᠲᠣᠭᠯᠠᠭᠴᠢ ᠪᠣᠯᠬᠤ ᠺᠷᠢᠰ ᠺᠢᠨ ᠢ ᠪᠠᠶᠢᠭᠰᠠᠨ ᠶᠤᠮ᠃ ᠤᠴᠢᠷ ᠨᠢ ᠺᠷᠢᠰ ᠪᠢᠴᠢᠬᠠᠨ ᠠᠷᠠᠯ ᠳᠡᠭᠡᠷᠡᠬᠢ ᠨᠤᠲᠤᠭ ᠤᠨ ᠪᠠᠭ ᠲᠠᠢ ᠬᠡᠰᠡᠭ NBA ᠍ ᠭ ᠤᠨ ᠲᠣᠭᠯᠠᠭᠴᠢᠳ ᠵᠦᠭᠡᠷ entertainment ᠠᠶᠢᠯᠴᠢᠯᠠᠨ ᠲᠣᠭᠯᠠᠯᠲᠠ ᠵᠣᠬᠢᠶᠠᠬᠤ ᠳᠤ ᠳᠠᠩᠺᠠᠨ ᠤ ᠡᠰᠡᠷᠬᠦ ᠲᠣᠭᠯᠠᠭᠰᠠᠨ ᠪᠠ ᠪᠦᠷ ᠬᠣᠵᠢᠭᠳᠠᠭᠰᠠᠨ ᠪᠠᠶᠢᠨ᠎ᠠ᠃ 16 ᠣᠷᠴᠢᠮ ᠨᠠᠰᠤᠲᠠᠢ ᠲᠢᠮ ᠳᠠᠩᠺᠠᠨ ᠬᠡᠮᠡᠬᠦ ᠲᠣᠭᠯᠠᠭᠴᠢ ᠲᠤᠬᠠᠢ ᠶᠢᠨ ᠦᠶᠡᠳᠡᠭᠡ ᠳᠥᠩᠭᠡᠵᠢ NBA ᠍ ᠳᠦ 2 ᠍ ᠳᠦᠭᠡᠷ ᠪᠠᠶᠢᠷᠢ ᠪᠠᠷ ᠳ᠋ᠷᠠᠹᠢᠯᠠᠭᠳᠠᠭᠠᠳ ᠪᠠᠶᠢᠭᠰᠠᠨ ᠠᠯᠣᠨᠵᠣ ᠮᠣᠦᠷᠨᠢᠨ ᠢ ᠲᠡᠢ ᠡᠨᠡ ᠲᠡᠩᠴᠡᠭᠦᠦ ᠥᠷᠢᠰᠦᠯᠳᠦᠵᠦ ᠪᠠᠶᠢᠭᠰᠠᠨ ᠭᠡᠬᠦ ᠶᠢ ᠳᠠᠭᠤᠯᠠᠭᠰᠠᠨ ᠣᠳᠤᠮ᠎ᠠ ᠬᠡᠷᠬᠢᠨ ᠡᠨᠡ ᠪᠢᠴᠢᠬᠠᠨ ᠠᠷᠠᠯ ᠷᠤ ᠢᠷᠦᠬᠦ ᠦᠭᠡᠢ ᠪᠠᠶᠢᠵᠤ ᠴᠢᠳᠠᠬᠤ ᠪᠢᠯᠡ ᠳ᠋ᠡ᠃ ᠣᠳᠤᠮ᠎ᠠ ᠠᠷᠠᠯ ᠳᠡᠭᠡᠷ᠎ᠡ ᠰᠠᠶᠢᠲᠤᠷ ᠵᠣᠬᠢᠶᠠᠨ ᠪᠠᠶᠢᠭᠤᠯᠤᠭᠰᠠᠨ ᠲᠡᠮᠡᠴᠡᠭᠡᠨ ᠦᠵᠡᠨ᠎ᠡ ᠪᠠᠶᠢᠬᠤ ᠭᠡᠵᠦ ᠪᠣᠳᠣᠵᠤ ᠢᠷᠡᠭᠰᠡᠨ ᠪᠣᠯᠪᠠᠴᠤ ᠭᠠᠳᠠᠭ᠎ᠠ ᠭᠤᠳᠤᠮᠵᠢᠨ ᠳᠤ 5-5 ᠍ ᠪᠠᠷ ᠢᠶᠠᠨ ᠲᠣᠭᠯᠠᠬᠤ ᠵᠠᠯᠠᠭᠤᠰ ᠢ ᠯᠠ ᠬᠠᠷᠠᠵᠤ᠃ ᠣᠳᠤᠮ᠎ᠠ ᠠᠭᠠᠳᠠᠷ ᠪᠣᠷᠣᠭᠠᠨ ᠳᠤᠮᠳᠠ ᠲᠣᠭᠯᠠᠬᠤ ᠵᠠᠯᠠᠭᠤᠰ ᠢ ᠢᠯᠠᠩᠭᠤᠶ᠎ᠠ ᠲᠢᠮ ᠢ ᠬᠠᠯᠢᠲᠤᠷᠢᠵᠦ ᠭᠤᠯᠭᠤᠭᠠᠳ ᠤᠷ᠎ᠠ ᠴᠢᠳᠠᠪᠤᠷᠢ ᠪᠠᠨ ᠪᠦᠷᠢᠨ ᠭᠦᠢᠴᠡᠳ ᠬᠠᠷᠠᠭᠤᠯᠵᠤ ᠴᠢᠳᠠᠬᠤ ᠦᠭᠡᠢ ᠪᠠᠶᠢᠬᠤ ᠪᠣᠯᠪᠠᠤ ᠭᠡᠵᠦ ᠰᠠᠨᠠᠭ᠎ᠠ ᠵᠣᠪᠠᠵᠤ ᠰᠠᠭᠤᠵᠤ ᠪᠠᠶᠢᠪᠠ᠃ ᠲᠢᠮ ᠲᠣᠭᠯᠠᠯᠲᠠ ᠡᠬᠢᠯᠡᠬᠦ ᠶᠢᠨ ᠡᠮᠦᠨ᠎ᠡ ᠣᠳᠤᠮ᠎ᠠ ᠦᠨ ᠡᠮᠦᠨ᠎ᠡ ᠢᠷᠡᠨ ᠶᠠᠮᠠᠷ ᠴᠤ ᠦᠶ᠎ᠡ ᠳᠦ ᠶᠠᠮᠠᠷ ᠴᠤ ᠨᠥᠬᠥᠴᠡᠯ ᠳᠦ ᠲᠣᠭᠯᠠᠵᠤ ᠴᠢᠳᠠᠬᠤ ᠪᠠᠨ ᠬᠡᠯᠡᠵᠦ ᠪᠠᠶᠢᠯ᠎ᠠ᠃ ᠠᠭᠠᠳᠠᠷ ᠪᠣᠷᠣᠭ᠎ᠠ ᠠᠰᠬᠠᠷᠠᠭᠰᠠᠭᠠᠷ ᠲᠢᠮ ᠴᠤ ᠲᠡᠷᠡ ᠣᠷᠣᠢ ᠬᠡᠯᠡᠭᠰᠡᠨ ᠳᠦ ᠪᠡᠨ ᠬᠦᠷᠢᠵᠢ ᠲᠢᠮ ᠦᠨ ᠱᠣᠤ ᠢ ᠬᠦᠮᠦᠨ ᠪᠦᠬᠦᠨ ᠦᠵᠡᠵᠦ ᠰᠠᠭᠤᠭᠰᠠᠨ ᠶᠤᠮ᠃ ᠡᠨᠡ ᠦᠳᠡᠰᠢ ᠴᠤ ᠣᠳᠤᠮ᠎ᠠ ᠥᠪᠡᠷ ᠦᠨ ᠢᠶᠡᠨ ᠬᠠᠮᠤᠭ ᠤᠨ ᠰᠠᠶᠢᠨ ᠮᠠᠶᠢᠮᠠᠭ᠎ᠠ ᠶᠢ ᠬᠢᠵᠦ ᠴᠢᠳᠠᠭᠰᠠᠨ ᠶᠤᠮ᠃ ᠭᠡᠪᠡᠴᠦ ᠣᠳᠤᠮ᠎ᠠ ᠲᠢᠮ ᠢ ᠳᠠᠷᠠᠭ᠎ᠠ ᠬᠠᠪᠤᠷ ᠬᠦᠷᠲᠡᠯ᠎ᠡ ᠪᠤᠶᠤ ᠲᠡᠭᠦᠰᠬᠦ ᠬᠦᠷᠲᠡᠯ᠎ᠡ ᠨᠢ ᠶᠠᠮᠠᠷ ᠨᠢᠭᠡᠨ ᠰᠢᠢᠳᠪᠦᠷᠢ ᠭᠠᠷᠭᠠᠬᠤ ᠦᠭᠡᠢ ᠬᠡᠮᠡᠨ ᠬᠡᠯᠡᠭᠡᠳ ᠶᠠᠪᠤᠭᠠᠳ ᠥᠭᠭᠦᠵᠡᠢ᠃ ᠣᠳᠤᠮ᠎ᠠ ᠰᠧᠢᠨᠲ ᠺᠷᠣᠢᠺᠰ ᠢ ᠣᠷᠬᠢᠬᠤ ᠳᠤ ᠪᠠᠨ ᠲᠡᠭᠦᠨ ᠢ ᠦᠯᠡᠳᠡᠭᠰᠡᠨ ᠬᠡᠳᠦᠨ ᠰᠠᠷ᠎ᠠ ᠳᠤ ᠰᠠᠭᠰᠤᠨ ᠪᠥᠮᠪᠥᠭᠡ ᠶᠢᠨ ᠲᠡᠮᠡᠴᠡᠯ ᠭᠡᠳᠡᠭ ᠢ ᠤᠬᠠᠭᠠᠷᠠᠵᠤ ᠣᠯᠵᠤ ᠴᠢᠳᠠᠨ᠎ᠠ ᠭᠡᠳᠡᠭ ᠢ ᠮᠡᠳᠡᠵᠦ ᠪᠠᠶᠢᠭᠰᠠᠨ ᠬᠡᠷᠡᠭ᠃

ᠲᠢᠮ ᠠᠬᠠᠯᠠᠬᠤ ᠰᠤᠷᠭᠠᠭᠤᠯᠢ ᠶᠢᠨ ᠰᠡᠭᠦᠯ ᠦᠨ ᠵᠢᠯ ᠳᠤ ᠪᠡᠨ ᠳᠤᠮᠳᠠᠴᠢ ᠪᠠᠷ 25 ᠍ ᠶᠢᠨ ᠣᠨᠣᠭ᠎ᠠ 12 ᠰᠠᠮᠪᠠᠷ᠎ᠠ 5 ᠍ ᠶᠢᠨ ᠪᠯᠣᠺ ᠭᠦᠢᠴᠡᠳᠭᠡᠭᠰᠡᠨ ᠢᠶᠡᠷ ᠥᠨᠳᠥᠷᠯᠡᠭᠰᠡᠨ ᠶᠤᠮ᠃ ᠲᠡᠷᠡ ᠵᠢᠯ ᠴᠤ ᠥᠩᠭᠡᠷᠡᠵᠦ ᠲᠢᠮ ᠣᠳᠤᠮ᠎ᠠ ᠢ АСС ᠍ ᠶᠢᠨ ᠬᠠᠮᠤᠭ ᠤᠨ ᠠᠵᠠ ᠵᠢᠷᠭᠠᠯ ᠲᠠᠢ ᠳᠠᠰᠬᠠᠯᠵᠢᠭᠤᠯᠤᠭᠴᠢ ᠪᠣᠯᠭᠠᠵᠤ ᠬᠤᠪᠢᠷᠠᠭᠠᠭᠰᠠᠨ ᠪᠢᠯᠡ

ᠺᠣᠯᠯᠧᠵᠢ ᠳᠠᠬᠤ ᠭᠠᠶᠢᠬᠠᠮᠰᠢᠭᠲᠠᠢ ᠣᠨ ᠵᠢᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1993 ᠣᠨ ᠤ 8 ᠍ ᠶᠢᠨ ᠰᠠᠷ᠎ᠠ ᠳᠤ ᠲᠢᠮ ᠺᠠᠮᠫᠤᠰ ᠲᠤ ᠪᠠᠨ ᠢᠷᠡᠭᠡᠳ ᠯᠠ ᠰᠢᠭᠤᠳ ᠪᠡᠯᠡᠳᠬᠡᠯ ᠦᠨ ᠥᠷᠥᠭᠡ ᠷᠦᠦ ᠶᠠᠪᠤᠪᠠ᠃ ᠠᠯᠪᠠᠨ ᠶᠣᠰᠣᠨ ᠤ ᠪᠡᠯᠡᠳᠬᠡᠯ ᠡᠬᠢᠯᠡᠲᠡᠯ᠎ᠡ ᠪᠠᠰᠠ ᠬᠡᠳᠦᠨ ᠳᠣᠯᠣᠭ᠎ᠠ ᠬᠣᠨᠣᠭ ᠤᠨ ᠵᠠᠢ ᠪᠠᠶᠢᠭᠰᠠᠨ ᠲᠤᠯᠠ ᠲᠡᠷᠡ ᠪᠡᠷ ᠥᠪᠡᠷ ᠢᠶᠡᠨ ᠬᠤᠪᠢᠶᠠᠷᠢ ᠪᠠᠨ ᠪᠡᠯᠡᠳᠴᠦ ᠡᠬᠢᠯᠡᠭᠰᠡᠨ ᠪᠠ ᠭᠤᠳᠠᠵᠢᠨ ᠳᠤ ᠵᠠᠯᠠᠭᠤᠰ ᠲᠠᠢ ᠲᠣᠭᠯᠠᠵᠤ ᠡᠬᠢᠯᠡᠭᠰᠡᠨᠪᠠᠶᠢᠨ᠎ᠠ᠃ ᠢᠨᠢᠶᠡᠳᠦ ᠲᠡᠢ ᠵᠦᠢᠯ ᠭᠡᠪᠡᠯ ᠪᠠᠭ ᠤᠨ ᠠᠨᠳᠠ ᠪᠣᠯᠬᠤ ᠴᠢᠯᠳᠤᠷᠧᠰ ᠲᠡᠭᠦᠨ ᠢ ᠠᠩᠬ᠎ᠠ ᠬᠠᠷᠠᠮᠠᠭᠴᠠ ᠪᠠᠨ ᠶᠠᠭᠠᠷᠠᠨ ᠳᠠᠰᠬᠠᠯᠵᠢᠭᠤᠯᠤᠭᠴᠢ ᠣᠳᠤᠮ᠎ᠠ ᠤᠨ ᠥᠷᠥᠭᠡᠨ ᠳᠦ ᠣᠷᠣᠵᠤ ᠢᠷᠡᠨ ᠪᠡᠯᠡᠳᠬᠡᠯ ᠦᠨ ᠥᠷᠥᠭᠡᠨ ᠳᠦ ᠨᠢᠭᠡᠨ ᠥᠨᠳᠥᠷ ᠬᠦᠦ ᠱᠠᠯᠠ ᠤᠭᠢᠶᠠᠭᠠᠳ ᠵᠣᠭᠰᠣᠵᠤ ᠪᠠᠶᠢᠨ᠎ᠠ , ᠲᠠ ᠬᠤᠷᠳᠤᠨ ᠲᠡᠶᠢᠰᠢ ᠪᠡᠨ ᠣᠴᠢᠵᠤ ᠲᠡᠭᠦᠨ ᠢ ᠪᠠᠭᠲᠠᠭ᠎ᠠ ᠠᠪᠬᠤ ᠲᠠᠯ᠎ᠠ ᠪᠠᠷ ᠢᠳᠬᠠᠭᠠᠴᠢ ᠭᠡᠵᠦ ᠪᠠᠶᠢᠵᠠᠢ

ᠲᠢᠮ ᠶᠠᠭ ᠯᠠ ᠳᠡᠶᠢᠺ , ᠮᠠᠷᠢᠯᠧᠨᠳ , ᠬᠣᠶᠢᠳᠤ ᠺᠠᠷᠣᠯᠢᠨ᠎ᠠ ᠵᠡᠷᠭᠡ ᠰᠤᠷᠭᠠᠭᠤᠯᠢ ᠨᠤᠭᠤᠳ ᠤᠨ ᠲᠣᠭᠯᠠᠳᠠᠭ ᠰᠲ᠋ᠢᠯ ᠦᠨ ᠲᠥᠪ ᠦᠨ ᠲᠣᠭᠯᠠᠭᠴᠢ ᠰᠢᠭ ᠲᠣᠭᠯᠠᠬᠤ ᠳᠤᠷᠠᠲᠠᠢ ᠪᠠᠶᠢᠯ᠎ᠠ᠃ ᠡᠶᠢᠮᠦ ᠲᠥᠪ ᠦᠨ ᠲᠣᠭᠯᠠᠭᠴᠢᠳ ᠪᠥᠮᠪᠥᠭᠡ ᠪᠡᠨ ᠥᠪᠡᠷᠲᠡᠭᠡᠨ ᠠᠪᠴᠤ , ᠵᠠᠢ ᠶᠢ ᠪᠠᠨ ᠠᠪᠴᠤ ᠳᠣᠪᠲᠣᠯᠬᠤ ᠡᠪᠰᠡᠯ ᠪᠥᠮᠪᠥᠭᠡ ᠪᠡᠨ ᠴᠢᠭᠯᠡᠭᠦᠯᠵᠦ ᠠᠯᠢ ᠴᠤ ᠥᠨᠴᠥᠭ ᠢᠶᠡᠷ ᠳᠠᠭᠠᠷᠢᠬᠤ , 3 ᠍ ᠶᠢᠨ ᠣᠨᠣᠭᠣᠨ ᠤ ᠵᠢᠷᠤᠭᠠᠰᠤ ᠷᠤ ᠭᠠᠷᠭᠠᠵᠤ ᠳᠠᠮᠵᠢᠭᠤᠯᠤᠯᠲᠠ ᠬᠢᠬᠦ , ᠲᠠᠯᠠᠪᠠᠢ ᠶᠢᠨ ᠬᠠᠮᠢᠭ᠎ᠠ ᠴᠤ ᠣᠴᠢᠵᠤ ᠪᠥᠮᠪᠥᠭᠡ ᠲᠡᠢ ᠲᠡᠮᠡᠴᠡᠯᠳᠦᠬᠦ ᠵᠡᠷᠭᠡ ᠦᠨᠳᠦᠰᠦᠨ ᠲᠥᠪ ᠦᠨ ᠲᠣᠭᠯᠠᠭᠴᠢ ᠶᠢᠨ ᠲᠣᠭᠯᠠᠯᠲᠠ ᠶᠢᠨ ᠰᠲ᠋ᠢᠯ ᠶᠤᠮ᠃ ᠳᠠᠰᠬᠠᠯᠵᠢᠭᠤᠯᠤᠭᠴᠢ ᠣᠳᠤᠮ᠎ᠠ ᠴᠤ ᠰᠢᠨᠡᠬᠡᠨ ᠢᠷᠡᠭᠰᠡᠨ ᠵᠠᠯᠠᠭᠤ ᠶᠢ ᠪᠠᠨ ᠬᠡᠷᠬᠢᠨ ᠲᠣᠭᠯᠠᠭᠤᠯᠬᠤ ᠪᠠᠨ ᠪᠣᠳᠣᠭᠰᠠᠭᠠᠷ ᠯᠠ ᠪᠠᠶᠢᠪᠠ᠃ ᠲᠡᠷᠡ ᠵᠢᠯ ᠰᠠᠬᠢᠯ ᠲᠠᠢ ᠴᠢᠳᠬᠥᠷ ᠦᠳ(Demon Deacons ᠍ ᠢ ᠢᠩᠭᠢᠵᠦ ᠤᠷᠴᠢᠭᠤᠯᠪᠠ :mrgreen: ) ᠪᠤᠶᠤ ᠸᠧᠢᠺᠹᠣᠷᠧᠰᠲ ᠳᠦ ᠲᠢᠮ ᠦᠨᠡᠬᠡᠷ ᠬᠡᠷᠡᠭᠲᠡᠢ ᠲᠣᠭᠯᠠᠭᠴᠢ ᠪᠠᠶᠢᠯ᠎ᠠ᠃ ᠤᠴᠢᠷ ᠨᠢ ᠡᠮᠦᠨᠡᠬᠢ ᠵᠢᠯ ᠨᠢ ᠲᠡᠳᠡ 16 ᠍ ᠳᠦ ᠦᠯᠡᠳᠡᠵᠦ ᠴᠢᠳᠠᠭᠰᠠᠨ ᠴᠤ ᠲᠡᠳᠡᠨ ᠦ ᠪᠠᠭ ᠤᠨ ᠷᠣᠵᠧᠷ NBA ᠍ ᠳᠦ ᠡᠯᠰᠡᠵᠦ , ᠲᠥᠪ ᠦᠨ ᠲᠣᠭᠯᠠᠭᠴᠢ ᠳᠧᠷᠷᠢᠺ ᠬᠢᠺᠰ ᠨᠢ ᠲᠡᠭᠦᠰ ᠢᠶᠡᠨ ᠳᠦ ᠪᠠᠶᠢᠪᠠ᠃ ᠶᠠᠮᠠᠷ ᠴᠤ ᠲᠥᠪ ᠦᠨ ᠲᠣᠭᠯᠠᠭᠴᠢ ᠭᠦᠢ ᠪᠣᠯᠣᠴᠢᠭᠠᠳ ᠪᠠᠶᠢᠭᠰᠠᠨ ᠦᠶ᠎ᠡ ᠪᠠ ᠴᠢᠯᠳᠤᠷᠧᠰ ᠭᠡᠰᠡᠨ ᠭᠠᠭᠴᠠ ᠯᠠ ᠲᠤᠷᠰᠢᠯᠭ᠎ᠠ ᠲᠠᠢ ᠲᠣᠭᠲᠠᠪᠤᠷᠢᠲᠠᠢ ᠣᠨᠣᠭ᠎ᠠ ᠠᠪᠤᠭᠴᠢ ᠲᠠᠢ ᠪᠠᠶᠢᠪᠠ᠃

ᠲᠢᠮ ᠦᠨ ᠺᠣᠯᠯᠧᠵᠢ ᠳ᠋ᠡᠬᠢ ᠠᠩᠬᠠᠨ ᠤ ᠲᠣᠭᠯᠠᠯᠲᠠ ᠨᠢ ᠠᠨᠺᠣᠷᠧᠵ ᠳᠦ ᠠᠯᠠᠰᠺᠠ ᠦᠨ ᠶᠡᠬᠡ ᠰᠤᠷᠭᠤᠤᠯ ᠤᠨ ᠡᠰᠡᠷᠬᠦ ᠪᠣᠯᠪᠠ᠃ ᠡᠨᠡ ᠲᠣᠭᠯᠠᠯᠲᠠᠨ ᠳᠤ ᠲᠡᠷᠡ ᠪᠡᠷ ᠠᠩᠬ᠎ᠠ ᠤᠳᠤᠭ᠎ᠠ ᠪᠠᠨ ᠴᠠᠰᠤ ᠬᠠᠷᠠᠭᠰᠠᠨ ᠪᠠ ᠮᠥᠨ ᠠᠩᠬ᠎ᠠ ᠤᠳᠠᠭ᠎ᠠ ᠰᠠᠭᠰᠤᠨ ᠪᠥᠮᠪᠥᠭᠡ ᠶᠢᠨ ᠲᠡᠮᠡᠴᠡᠭᠡᠨ ᠳᠦ ᠣᠨᠣᠭ᠎ᠠ ᠠᠪᠤᠭ᠎ᠠ ᠦᠭᠡᠢ ᠲᠣᠭᠯᠠᠯᠲᠠ ᠨᠢ ᠪᠣᠯᠵᠠᠢ᠃ ᠺᠣᠯᠯᠧᠵᠢ ᠦᠨ ᠰᠠᠭᠰᠤᠨ ᠪᠥᠮᠪᠥᠭᠡ ᠲᠡᠭᠦᠨ ᠦ ᠰᠧᠢᠨᠲ ᠺᠷᠣᠺᠰ ᠳᠦ ᠲᠣᠭᠯᠠᠳᠠᠭ ᠪᠠᠶᠢᠭᠰᠠᠨ ᠰᠠᠭᠰᠤᠨ ᠪᠥᠮᠪᠥᠭᠡ ᠡᠴᠡ ᠮᠠᠰᠢ ᠬᠤᠷᠳᠤᠨ ᠪᠥᠭᠡᠳ ᠲᠥᠪᠡᠭᠲᠡᠢ ᠪᠠᠶᠢᠭᠰᠠᠨ ᠲᠤᠯᠠ ᠲᠢᠮ ᠰᠢᠳᠡᠬᠦ ᠡᠴᠡ ᠴᠤ ᠬᠦᠷᠲᠡᠯ᠎ᠡ ᠡᠮᠢᠶᠡᠵᠦ ᠪᠠᠶᠢᠯ᠎ᠠ᠃ ᠲᠢᠮ ᠺᠣᠯᠯᠧᠵᠢ ᠤᠨ ᠢᠶᠠᠨ ᠬᠠᠲᠠᠭᠤ ᠴᠢᠩᠭ᠎ᠠ ᠬᠠᠮᠠᠭᠠᠯᠠᠯᠲᠠ ᠶᠢᠨ ᠡᠰᠡᠷᠬᠦ ᠳᠣᠪᠲᠣᠯᠬᠤ ᠡᠪ ᠢᠶᠡᠨ ᠣᠯᠲᠠᠯ᠎ᠠ ᠬᠡᠳᠦᠢ ᠬᠠᠭᠠᠰ ᠤᠯᠠᠷᠢᠯ ᠵᠠᠷᠤᠴᠠᠭᠤᠯᠤᠭᠰᠠᠨ ᠴᠤ ᠲᠡᠷᠡ ᠪᠡᠷ ᠪᠦᠭᠦᠳᠡ ᠶᠢ ᠯᠠ ᠶᠠᠭ ᠲᠠᠭ ᠨᠢᠬᠠᠭᠤᠷ ᠨᠢᠮᠪᠠᠢ ᠭᠦᠢᠴᠡᠳᠭᠡᠵᠦ ᠪᠠᠶᠢᠭᠰᠠᠨ ᠤ ᠦᠷ᠎ᠡ ᠳ᠋ᠦᠩ ᠪᠡᠷ ᠤᠳᠠᠯ ᠦᠭᠡᠢ ᠲᠡᠰᠡᠷᠦᠯᠲᠡ ᠨᠦᠭᠦᠳ ᠢ ᠬᠢᠵᠦ ᠡᠬᠢᠯᠡᠭᠰᠡᠨ ᠶᠤᠮ᠃

ᠤᠯᠠᠷᠢᠯ ᠤᠨ ᠦᠯᠡᠳᠡᠭᠰᠡᠨ ᠲᠣᠭᠯᠠᠯᠲᠠ ᠨᠤᠭᠤᠳ ᠲᠤ ᠸᠧᠢᠺᠹᠣᠷᠧᠰᠲ ᠤᠨ ᠡᠰᠡᠷᠬᠦ ᠲᠣᠭᠯᠠᠬᠤ ᠳᠤ ᠥᠷᠢᠰᠦᠯᠳᠦᠭᠴᠢᠳ ᠲᠦ ᠨᠢ ᠦᠨᠡᠬᠡᠷ ᠬᠦᠨᠳᠦ ᠬᠡᠴᠡᠭᠦᠦ ᠪᠣᠯᠵᠤ ᠡᠬᠢᠯᠡᠭᠰᠡᠨ ᠶᠤᠮ᠃ ᠲᠢᠮ ᠲᠣᠭᠯᠠᠯᠲᠠ ᠠᠴᠠ ᠲᠣᠭᠯᠠᠯᠲᠠᠨ ᠳᠤ ᠰᠠᠶᠢᠵᠢᠷᠠᠵᠤ ᠪᠠᠭᠡᠶᠢᠬᠠᠨ ᠤ ᠪᠠᠨ ᠥᠭᠭᠦᠭᠰᠡᠨ ᠳᠠᠮᠵᠢᠭᠤᠯᠤᠯᠲᠠ ᠶᠢ ᠴᠤ ᠠᠯᠠᠳᠠᠬᠤ ᠪᠠᠨ ᠪᠠᠶᠢᠵᠤ ᠡᠬᠢᠯᠡᠵᠡᠢ᠃ ᠢᠯᠠᠩᠭᠤᠶ᠎ᠠ ᠲᠡᠭᠦᠨ ᠦ ᠲᠠ ᠪᠢᠳᠡᠨ ᠦ ᠰᠠᠶᠢᠨ ᠮᠡᠳᠡᠬᠦ ᠰᠠᠮᠪᠠᠷᠳᠠᠬᠤ ᠰᠢᠳᠡᠯᠲᠡ ᠪᠡᠨ ᠬᠠᠮᠢᠭ᠎ᠠ ᠠᠴᠠ ᠯᠠ ᠪᠣᠯ ᠬᠠᠮᠢᠭ᠎ᠠ ᠠᠴᠠ ᠬᠡᠨ ᠳᠦ ᠴᠤ ᠵᠣᠭᠰᠣᠭᠠᠭᠳᠠᠬᠤ ᠦᠭᠡᠢ ᠪᠡᠷ ᠣᠷᠣᠭᠤᠯᠳᠠᠭ ᠪᠠᠶᠢᠪᠠ᠃ ᠲᠢᠮ ᠲᠡᠷᠡ ᠤᠯᠠᠷᠢᠯ ᠳᠤ ᠪᠠᠨ ᠥᠪᠡᠷ ᠦᠨ ᠰᠠᠬᠢᠯ ᠲᠠᠢ ᠴᠢᠳᠬᠥᠷ ᠦᠳ ᠢᠶᠡᠨ ᠤᠳᠤᠷᠢᠳᠤᠭᠰᠠᠭᠠᠷ ᠳᠡᠶᠢᠺ ᠦᠨ ᠴᠡᠩᠬᠡᠷ ᠴᠢᠳᠬᠥᠷ ᠦᠳ , ᠬᠣᠶᠢᠳᠤ ᠺᠠᠷᠣᠯᠢᠨ᠎ᠠ ᠭ ᠤᠨ ᠲᠠᠷᠠ ᠬᠧᠧᠯᠰ ᠴᠦᠳ ᠢ ᠱᠤᠤᠭᠢᠶᠠᠨᠲᠠᠶᠢᠬᠠᠨ ᠢᠯᠠᠭᠰᠠᠨ ᠠᠴᠠ ᠭᠠᠳᠠᠨ᠎ᠠ НСАА ᠍ ᠳᠦ 20-11 ᠭᠡᠰᠡᠨ ᠠᠮᠵᠢᠯᠲᠠ ᠶᠢ ᠦᠵᠡᠭᠦᠯᠵᠡᠢ᠃ ᠲᠡᠳᠡ ᠬᠠᠰᠤᠭᠳᠠᠬᠤ ᠱᠠᠲᠤᠨ ᠤ ᠡᠬᠢᠨ ᠦ ᠲᠣᠭᠣᠷᠢᠭ ᠲᠤ ᠪᠠᠨ ᠢᠯᠠᠯᠲᠠ ᠪᠠᠶᠢᠭᠤᠯᠵᠤ 2 ᠍ ᠳᠠᠬᠢ ᠲᠣᠭᠣᠷᠢᠭ ᠲᠤ ᠪᠠᠨ ᠺᠠᠨᠵᠠᠰ ᠴᠤᠳ ᠲᠤ ᠬᠣᠵᠢᠭᠳᠠᠭᠰᠠᠨ᠎ᠠ ᠪᠠᠷ ᠥᠪᠡᠷᠰᠡᠳ ᠦᠨ ᠡᠷᠴᠢ ᠬᠦᠴᠦᠲᠡᠢ ᠲᠡᠷᠡ ᠨᠢᠭᠡᠨ ᠤᠯᠠᠷᠢᠯ ᠢᠶᠠᠨ ᠥᠨᠳᠥᠷᠯᠡᠵᠡᠢ᠃ ᠤᠯᠠᠷᠢᠯ ᠤᠨ ᠡᠬᠢᠨ ᠳᠦ ᠲᠠᠭᠠᠷᠠᠤᠬᠠᠨ ᠡᠬᠢᠯᠡᠭᠰᠡᠨ ᠲᠤᠯᠠ ᠲᠢᠮ ᠲᠡᠷᠡ ᠤᠯᠠᠷᠢᠯ 10 ᠬᠦᠷᠬᠦ ᠦᠭᠡᠢ ᠣᠨᠣᠭ᠎ᠠ ᠳᠤᠮᠳᠠᠵᠢᠯᠠᠭᠰᠠᠨ ᠴᠤ ᠦᠳᠡᠰᠢ ᠪᠣᠯᠭᠠᠨ ᠤ ᠲᠣᠭᠯᠠᠯᠲᠠᠨ ᠳᠤ ᠪᠠᠨ 10-15 ᠍ ᠶᠢᠨ ᠰᠠᠮᠪᠠᠷ᠎ᠠ ᠠᠴᠠ ᠪᠥᠮᠪᠥᠭᠡ ᠠᠪᠴᠤ 2 ᠍ ᠳᠦᠭᠡᠷ ᠬᠠᠭᠠᠰ ᠲᠤ 4-5 ᠍ ᠶᠢᠨ ᠤᠳᠠᠭ᠎ᠠ ᠣᠨᠣᠪᠴᠢᠲᠠᠢ ᠰᠢᠳᠡᠯᠲᠡ ᠭᠦᠢᠴᠡᠳᠭᠡᠵᠦ ᠪᠠᠶᠢᠯ᠎ᠠ᠃ ᠲᠡᠷᠡ ᠵᠤᠨ ᠳᠤ ᠪᠠᠨ ᠲᠢᠮᠮᠢ ᠠᠮᠧᠷᠢᠺᠠ ᠦᠨ ᠨᠢᠭᠡᠳᠦᠭᠰᠡᠨ ᠤᠯᠤᠰ ᠤᠨ ᠰᠢᠭᠰᠢᠭᠡ ᠳᠦ ᠳᠠᠭᠤᠳᠠᠭᠳᠠᠵᠤ Goodwill games ᠭᠡᠳᠡᠭ ᠣᠯᠠᠨ ᠤᠯᠤᠰ ᠤᠨ ᠰᠠᠭᠰᠤᠨ ᠪᠥᠮᠪᠥᠭᠡ ᠶᠢᠨ ᠲᠡᠮᠡᠴᠡᠭᠡᠨ ᠳᠦ ᠣᠷᠣᠯᠴᠠᠭᠠᠳ ᠠᠮᠵᠢᠵᠠᠢ᠃

ᠸᠧᠢᠺᠹᠣᠷᠧᠰᠲ ᠳᠠᠬᠢ 2 ᠍ ᠳᠠᠬᠢ ᠵᠢᠯ ᠳᠤ ᠪᠡᠨ ᠲᠢᠮ ᠦᠷᠭᠦᠯᠵᠢᠯᠡᠭᠦᠯᠦᠨ ᠰᠠᠶᠢᠵᠢᠷᠠᠭᠰᠠᠭᠠᠷ ᠪᠠᠶᠢᠭᠰᠠᠨ ᠪᠠ ᠣᠨᠣᠭᠣᠨ ᠤ ᠮᠠᠰᠢᠨ ᠪᠣᠯᠪᠠ᠃ ᠰᠠᠬᠢᠯ ᠲᠠᠢ ᠴᠢᠳᠬᠥᠷ ᠦᠳ ᠦᠨ ᠷᠠᠩᠺ ᠪᠤᠶᠤ ᠷᠧᠲ᠋ᠢᠩ ᠤᠯᠠᠮ ᠳᠡᠭᠡᠭᠰᠢᠯᠡᠭᠰᠡᠭᠡᠷ ᠲᠢᠮ ᠴᠤ АСС ᠍ ᠤᠨ ᠰᠣᠹᠣᠮᠣᠷᠧ ᠪᠤᠶᠤ 2 ᠍ ᠳᠠᠬᠢ ᠵᠢᠯ ᠳᠤ ᠪᠡᠨ ᠲᠣᠭᠯᠠᠵᠤ ᠪᠤᠢ ᠰᠤᠫᠧᠷ 3 ᠍ ᠶᠢᠨ ᠲᠣᠭᠯᠠᠭᠴᠢᠳ ᠪᠣᠯᠬᠤ ᠵᠢᠶ᠎ᠡ ᠰᠮᠢᠲ , ᠵᠧᠷᠷᠢ ᠰᠲ᠋ᠧᠺᠬᠠᠦ᠋ᠰ , ᠷᠠᠰᠧ ᠲᠦ ᠸᠠᠯᠯᠧᠰ ᠨᠠᠷᠠ ᠲᠠᠢ ᠠᠳᠠᠯᠢ ᠬᠡᠮᠵᠢᠶᠡᠨ ᠳᠦ ᠦᠨᠡᠯᠡᠭᠳᠡᠬᠦ ᠪᠣᠯᠪᠠ᠃ ᠤᠯᠠᠷᠢᠯ ᠤᠨ ᠰᠡᠭᠦᠯ ᠳᠦ ᠬᠣᠶᠢᠳᠤ ᠺᠠᠷᠣᠯᠢᠨ᠎ᠠ ᠭ ᠤᠨ ᠶᠡᠬᠡ ᠰᠤᠷᠭᠠᠭᠤᠯᠢ ᠲᠠᠢ ᠲᠣᠭᠯᠠᠬᠤ ᠳᠤ ᠲᠢᠮ 25 ᠣᠨᠣᠭ᠎ᠠ ᠠᠪᠴᠤ ᠪᠠᠭ ᠨᠢ 79-70 ᠍ ᠪᠠᠷ ᠬᠣᠵᠢᠭ᠌ᠰᠠᠨ ᠠᠴᠠ ᠭᠠᠳᠠᠨ᠎ᠠ ᠲᠢᠮ ᠷᠠᠰᠧᠡᠳ᠋ ᠍ ᠢ ᠬᠠᠮᠠᠭᠠᠯᠠᠨ ᠲᠣᠭᠯᠠᠵᠤ ᠰᠢᠯᠢᠳᠡᠭ ᠲᠣᠭᠯᠠᠭᠴᠢᠳ ᠨᠢ ᠶᠡᠷᠦ ᠳᠡᠭᠡᠨ ᠯᠠ 4 ᠍ ᠶᠢᠨ ᠣᠨᠣᠭ᠎ᠠ ᠠᠯᠠᠳᠠᠵᠠᠢ᠃ ᠤᠭ ᠲᠣᠭᠯᠠᠯᠲᠠ ᠶᠢᠨ ᠳᠠᠷᠠᠭ᠎ᠠ ᠳᠣᠮᠣᠭᠲᠤ ᠲᠣᠭᠯᠠᠭᠴᠢ ᠵᠧᠷᠷᠢ ᠸᠧᠰᠲ ᠥᠪᠡᠷ ᠦᠨ ᠠᠨᠠᠯᠢᠽᠢ ᠳᠠᠭᠠᠨ ᠬᠡᠷᠪᠡ ᠲᠢᠮ ᠰᠤᠷᠭᠠᠭᠤᠯᠢ ᠪᠠᠨ ᠣᠷᠬᠢᠨ 1995 ᠣᠨ ᠤ NBA ᠳ᠋ᠷᠠᠹᠲ ᠳᠦ ᠨᠡᠷ᠎ᠡ ᠪᠡᠨ ᠳᠡᠪᠰᠢᠭᠦᠯᠪᠡᠯ 1 ᠍ ᠪᠡᠷ ᠰᠣᠩᠭᠣᠭᠳᠠᠬᠤ ᠥᠨᠳᠥᠷ ᠮᠠᠭᠠᠳᠯᠠᠯ ᠲᠠᠢ ᠲᠤᠬᠠᠢ ᠳᠤᠷᠠᠳᠴᠠᠢ᠃ 1996 ᠣᠨ ᠳᠤ NBA ᠬᠡᠳᠦᠢ ᠷᠦᠺᠢ ᠲᠣᠭᠯᠠᠭᠴᠢᠳ ᠤᠨ ᠴᠠᠯᠢᠩᠭᠤ ᠶᠢᠨ ᠼᠧᠰᠧ ᠶᠢ ᠨᠡᠮᠡᠬᠦ ᠪᠡᠷ ᠲᠥᠯᠥᠪᠯᠡᠭᠡᠳ ᠪᠠᠶᠢᠭᠰᠠᠨᠴᠢ ᠲᠢᠮ ᠲᠡᠭᠦᠰᠬᠦ ᠡᠴᠡ ᠪᠡᠨ ᠨᠠᠰᠢ ᠮᠡᠷᠭᠡᠵᠢᠯ ᠦᠨ ᠲᠠᠮᠢᠷᠴᠢᠨ ᠪᠣᠯᠬᠤ ᠦᠭᠡᠢ ᠪᠠ ᠰᠤᠷᠭᠠᠭᠤᠯᠢᠳᠠᠭ᠎ᠠ ᠦᠯᠡᠳᠡᠨ᠎ᠡ ᠬᠡᠮᠡᠨ ᠮᠡᠳᠡᠭᠳᠡᠵᠡᠢ᠃

АСС ᠲᠠᠦᠷᠨᠠᠮᠧᠨᠲ ᠦᠨ ᠠᠪᠤᠷᠭᠤ ᠶᠢᠨ ᠲᠥᠯᠥᠭᠡ ᠲᠣᠭᠯᠠᠯᠲᠠᠨ ᠳᠤ ᠸᠧᠢᠺᠹᠣᠷᠧᠰᠲ ᠴᠤᠤ ᠳᠤ ᠬᠣᠶᠢᠳᠤ ᠺᠠᠷᠣᠯᠢᠨ᠎ᠠ ᠭ ᠤᠨ ᠶᠡᠬᠡ ᠰᠤᠷᠭᠠᠭᠤᠯᠢ ᠲᠠᠢ ᠠᠬᠢᠨ ᠦᠯᠡᠳᠡᠵᠡᠢ᠃ ᠲᠢᠮ ᠮᠥᠨ ᠳᠠᠬᠢᠨ ᠷᠠᠰᠧ ᠲᠦ ᠢ ᠠᠵᠢᠯᠯᠠᠭ᠎ᠠ ᠦᠭᠡᠢ ᠪᠣᠯᠭᠠᠭᠰᠠᠨ ᠪᠠ 20 ᠍ ᠶᠢᠨ ᠤᠳᠠᠭ᠎ᠠ ᠰᠠᠮᠪᠠᠷ᠎ᠠ ᠠᠴᠠ ᠪᠥᠮᠪᠥᠭᠡ ᠠᠪᠴᠤ , ᠴᠢᠯᠳᠤᠷᠧᠰ ᠨᠡᠮᠡᠯᠲᠡ ᠴᠠᠭ ᠲᠤ 4 ᠍ ᠶᠢᠨ ᠰᠧᠺᠦᠶᠢᠨᠳ᠋ ᠦᠯᠡᠳᠡᠭᠡᠳ ᠪᠠᠶᠢᠬᠤ ᠳᠤ ᠰᠢᠳᠡᠯᠲᠡ ᠪᠡᠨ ᠠᠮᠵᠢᠯᠲᠠ ᠲᠠᠢ ᠭᠦᠢᠴᠡᠳᠭᠡᠭᠰᠡᠨ ᠢᠶᠡᠷ ᠲᠦᠷᠦᠭᠦᠯᠡᠵᠡᠢ᠃

НСАА ᠲᠠᠦᠷᠨᠠᠮᠧᠨᠲ ᠳᠦ ᠸᠧᠢᠺ ᠬᠥᠩᠭᠡᠬᠡᠨ 16 ᠍ ᠳᠦ ᠰᠢᠯᠭᠠᠷᠠᠭᠰᠠᠨ ᠪᠠ ᠬᠠᠷᠭᠢᠰ ᠬᠠᠲᠠᠭᠤ ᠴᠢᠩᠭ᠎ᠠ ᠲᠣᠭᠯᠠᠯᠲᠠ ᠪᠠᠷ ᠢᠶᠠᠨ ᠠᠯᠳᠠᠷᠲᠠᠢ ᠣᠺᠯᠠᠾᠣᠮᠠ ᠰᠲ᠋ᠧᠢᠲ ᠦᠨ ᠪᠠᠭ ᠲᠠᠢ ᠲᠠᠭᠠᠷᠠᠯ᠎ᠠ᠃ ᠰᠢᠢᠳᠪᠦᠷᠢᠯᠡᠬᠦ ᠲᠣᠭᠯᠠᠯᠲᠠᠨ ᠳᠤ ᠲᠢᠮ 22 ᠰᠠᠮᠪᠠᠷ᠎ᠠ ᠠᠴᠠ ᠪᠥᠮᠪᠥᠭᠡ ᠠᠪᠴᠤ 8 ᠍ ᠶᠢᠨ ᠤᠳᠠᠭ᠎ᠠ ᠣᠨᠣᠪᠴᠢᠲᠠᠢ ᠰᠢᠳᠡᠯᠲᠡ ᠭᠦᠢᠴᠡᠳᠭᠡᠵᠦ ᠠᠶᠢᠯ ᠤᠨ ᠲᠥᠪ ᠦᠨ ᠲᠣᠭᠯᠠᠭᠴᠢ ᠶᠢ 15 ᠍ ᠠᠴᠠ 4 ᠍ ᠶᠢᠨ ᠤᠳᠠᠭ᠎ᠠ ᠣᠨᠣᠪᠴᠢᠲᠠᠢ ᠳᠣᠪᠲᠣᠯᠤᠭᠤᠯᠵᠤ ᠠᠮᠵᠢᠯᠲᠠ ᠲᠠᠢ ᠬᠠᠮᠠᠭᠠᠯᠠᠭᠰᠠᠨ ᠴᠤ ᠲᠣᠭᠯᠠᠯᠲᠠ ᠶᠢᠨ ᠰᠡᠭᠦᠯ ᠳᠦ ᠣᠨᠣᠭ᠎ᠠ ᠲᠡᠩᠴᠡᠭᠦᠦ ᠪᠠᠶᠢᠬᠤ ᠦᠶ᠎ᠡ ᠳᠦ ᠴᠢᠯᠳᠤᠷᠧᠰ ᠪᠥᠮᠪᠥᠭᠡ ᠪᠡᠨ ᠠᠯᠳᠠᠰᠤᠨ ᠢᠶᠠᠷ 71-66 ᠍ ᠪᠠᠷ ᠬᠠᠷᠠᠮᠰᠠᠯᠲᠠᠢ ᠢᠯᠠᠭᠳᠠᠯ ᠬᠦᠯᠢᠶᠡᠵᠡᠢ᠃ ᠲᠢᠮ 2 ᠍ ᠳᠠᠬᠢ ᠤᠯᠠᠷᠢᠯ ᠳᠤ ᠪᠠᠨ 16.8 ᠣᠨᠣᠭ᠎ᠠ , 12.5 ᠰᠠᠮ᠃ᠪᠥᠮ᠃ᠠᠪᠤᠯᠲᠠ ᠬᠢᠭᠰᠡᠨ ᠪᠠ ᠦᠨᠳᠦᠰᠦᠨ ᠦ ᠰᠢᠯᠢᠳᠡᠭ ᠬᠠᠮᠠᠭᠠᠯᠠᠨ ᠲᠣᠭᠯᠠᠭᠴᠢ ᠪᠠᠷ ᠨᠡᠷᠡᠯᠡᠭᠳᠡᠭᠰᠡᠨ ᠪᠠᠶᠢᠨ᠎ᠠ᠃ ᠲᠤᠬᠠᠢ ᠶᠢᠨ ᠵᠢᠯ ᠳᠤ ᠪᠡᠨ ᠲᠢᠮ НСАА ᠍ ᠤᠨ ᠲᠡᠦᠬᠡᠨ ᠳᠦ 3 ᠍ ᠳᠦ ᠤᠷᠤᠬᠤ ᠠᠮᠵᠢᠯᠲᠠ ᠪᠤᠶᠤ 3.98 ᠪᠯᠣᠺ ᠱᠣᠲ ᠶᠢ ᠳᠤᠮᠳᠠᠴᠢ ᠪᠠᠷ ᠦᠵᠡᠭᠦᠯᠵᠡᠢ᠃

1995-1996 ᠣᠨ ᠤ ᠤᠯᠠᠷᠢᠯ ᠳᠤ ᠴᠢᠯᠳᠤᠷᠧᠰ ᠰᠤᠷᠭᠤᠯᠤᠯᠢᠶᠠ ᠲᠡᠭᠦᠰᠦᠭᠰᠡᠨ ᠲᠤᠯᠠ ᠶᠠᠮᠠᠷ ᠴᠤ ᠲᠤᠷᠰᠢᠯᠭ᠎ᠠ ᠦᠭᠡᠢ ᠪᠠᠭ ᠢ ᠲᠢᠮ ᠤᠳᠤᠷᠢᠳᠤᠨ ᠲᠤᠯᠤᠭᠠᠨ ᠳᠤ ᠪᠠᠨ ᠣᠷᠣᠯ᠎ᠠ᠃ ᠵᠧᠷᠷᠢᠪᠷᠠᠰᠸᠧᠯᠯ , ᠲᠣᠨᠢ ᠷᠠᠲ᠋ᠯᠧᠨᠳ ᠵᠡᠷᠭᠡ ᠲᠠᠭᠠᠷᠠᠤᠬᠠᠨ ᠬᠠᠮᠲᠤᠷᠠᠭᠴᠢᠳ ᠲᠠᠢ ᠪᠠᠶᠢᠭᠰᠠᠨ ᠲᠤᠯᠠ ᠥᠷᠢᠰᠦᠯᠳᠦᠭᠴᠢ ᠪᠠᠭ ᠨᠢ ᠲᠢᠮ ᠢ ᠲᠣᠭᠯᠠᠯᠲᠠ ᠶᠢᠨ ᠲᠤᠷᠰᠢ ᠬᠠᠮᠢᠭ᠎ᠠ ᠯᠠ ᠪᠣᠯ ᠬᠠᠮᠢᠭ᠎ᠠ double team ᠪᠤᠶᠤ ᠳᠠᠪᠬᠤᠷ ᠬᠠᠮᠠᠭᠠᠯᠠᠵᠤ ᠪᠠᠶᠢᠪᠠ᠃ ᠬᠠᠷᠢᠨ ᠲᠢᠮ 2 ᠬᠠᠮᠠᠭᠠᠯᠠᠭᠴᠢᠳ ᠤᠨ ᠥᠭᠡᠳᠡ ᠡᠴᠡ ᠲᠡᠩᠬᠡᠭᠡ ᠮᠡᠳᠡᠵᠦ ᠵᠢᠳᠬᠦᠬᠦ ᠶᠢᠨ ᠣᠷᠣᠨ ᠳᠤ ᠲᠡᠷᠡ ᠪᠡᠷ ᠥᠪᠡᠷ ᠦᠨ ᠬᠠᠮᠲᠤᠷᠠᠭᠴᠢᠳ ᠲᠤ ᠪᠠᠨ ᠢᠲᠡᠭᠡᠵᠦ ᠨᠠᠶᠢᠳᠠᠨ ᠬᠣᠯᠠ ᠶᠢᠨ ᠵᠠᠢ ᠶᠢᠨ ᠵᠢᠷᠤᠭᠠᠰᠤ ᠷᠤ ᠪᠥᠮᠪᠥᠭᠡ ᠪᠡᠨ ᠳᠠᠮᠵᠢᠭᠤᠯᠵᠤ ᠪᠠᠶᠢᠯ᠎ᠠ᠃ ᠡᠬᠢᠨ ᠳᠦ ᠪᠡᠨ ᠣᠷᠣᠭᠤᠯᠬᠤ ᠠᠴᠠ ᠪᠠᠨ ᠠᠯᠳᠠᠬᠤ ᠨᠢ ᠶᠡᠬᠡ ᠪᠠᠶᠢᠭᠰᠠᠨ ᠵᠠᠯᠠᠭᠤᠰ ᠰᠡᠭᠦᠯ ᠳᠦ ᠪᠡᠨ ᠴᠤ ᠲᠢᠮ ᠦᠨ ᠢᠲᠡᠭᠡᠯ ᠢ ᠠᠯᠠᠳᠠᠯ ᠦᠭᠡᠢ ᠰᠢᠳᠡᠯᠲᠡ ᠪᠡᠨ ᠨᠠᠶᠢᠳᠠᠪᠤᠷᠢᠲᠠᠢ ᠭᠦᠢᠴᠡᠳᠭᠡᠵᠦ ᠡᠬᠢᠯᠡᠬᠦ ᠪᠣᠯᠪᠠ᠃ ᠲᠤᠩ ᠣᠨᠴᠠᠭᠠᠢ᠂ ᠨᠠᠶᠢᠳᠠᠪᠤᠷᠢᠲᠠᠢ ᠦᠨᠡᠬᠡᠷ ᠯᠢᠳᠧᠷᠰᠢᠫ ᠪᠣᠯᠵᠤ ᠪᠤᠢ ᠲᠢᠮ ᠦᠨ ᠠᠴᠢ ᠪᠠᠷ ᠸᠧᠢᠺᠹᠣᠷᠧᠰᠲ ᠴᠤᠤ ᠳᠤ ᠤᠳᠠᠯ ᠦᠭᠡᠢ ᠨᠢᠭᠲᠠᠴᠠ ᠨᠢᠮᠪᠠᠢ ᠬᠦᠴᠦᠷᠬᠡᠭ ᠪᠣᠯᠵᠤ ᠬᠤᠪᠢᠷᠠᠭᠰᠠᠨ ᠶᠤᠮ᠃

ᠲᠡᠷᠡ ᠤᠯᠠᠷᠢᠯ ᠳᠤ ᠪᠠᠨ АСС ᠲᠠᠦᠷᠨᠠᠮᠧᠨᠲ ᠳᠦ ᠴᠢᠳᠬᠥᠷ ᠦᠳ ᠶᠡᠷᠦ ᠳᠡᠭᠡᠨ 4 ᠢᠯᠠᠭᠳᠠᠭᠰᠠᠨ ᠪᠠ ᠸᠢᠷᠵᠢᠨᠢᠶ ᠠ ᠪᠠᠨ᠂ ᠺᠯᠧᠮᠣᠰᠤᠨ , ᠵᠧᠣᠷᠵᠢᠶᠠ ᠲᠧᠺ ᠵᠡᠷᠭᠡ ᠬᠦᠴᠦᠲᠡᠢ ᠥᠷᠢᠰᠦᠯᠳᠦᠭᠴᠢᠳ ᠢᠶᠡᠨ ᠪᠠᠭᠤᠯᠭᠠᠨ ᠠᠪᠤᠭᠰᠠᠨ ᠢᠶᠠᠷ 2 ᠳᠠᠬᠤ ᠵᠢᠯ ᠳᠤ ᠪᠡᠨ ᠳᠠᠷᠠᠭᠠᠯᠠᠨ ᠠᠪᠤᠷᠭᠤ ᠪᠣᠯᠤᠭᠰᠠᠨ ᠶᠤᠮ᠃ ᠵᠧᠣᠷᠵᠢᠶᠠ ᠲᠧᠺ ᠦᠨ ᠡᠰᠡᠷᠬᠦ ᠠᠪᠤᠷᠭᠤ ᠶᠢᠨ ᠲᠥᠯᠥᠭᠡ ᠲᠣᠭᠯᠠᠯᠲᠠᠨ ᠳᠤ ᠲᠢᠮ 27 ᠣᠨᠣᠭ᠎ᠠ 22 ᠰᠠᠮ᠂ᠪᠥᠮ ᠠᠪᠴᠤ ᠪᠠᠭ ᠢᠶᠠᠨ ᠲᠡᠷᠢᠭᠦᠯᠡᠭᠰᠡᠨ ᠢᠶᠡᠷ ᠢᠯᠠᠵᠠᠢ᠃

ᠬᠠᠷᠠᠮᠰᠠᠯᠲᠠᠢ ᠨᠢ НСАА ᠲᠠᠦᠷᠨᠠᠮᠧᠨᠲ ᠡᠬᠢᠯᠡᠬᠦ ᠦᠶ᠎ᠡ ᠳᠦ ᠲᠢᠮ ᠬᠠᠨᠢᠶᠠᠳᠤ ᠬᠦᠷᠪᠡ᠃ ᠭᠡᠰᠡᠨ ᠴᠤ ᠡᠪᠡᠳᠴᠢᠲᠡᠢ ᠴᠤ ᠡᠪᠡᠳᠴᠢᠨ ᠢᠶᠡᠨ ᠬᠠᠶᠢᠬᠤᠷᠤᠯ ᠦᠭᠡᠢ ᠲᠢᠮ ᠲᠣᠭᠯᠠᠭᠰᠠᠭᠠᠷ ᠨᠣᠷᠲᠢᠶᠠᠰ ᠲᠤ ᠯᠤᠪᠢᠰᠠᠨᠢ , ᠲᠸᠺᠰᠰ , ᠯᠤᠪᠢᠰᠸᠢᠯᠯᠧ ᠵᠡᠷᠭᠡ ᠶᠢ ᠬᠣᠵᠢᠭ᠌ᠰᠠᠨ᠌ ᠠ ᠪᠠᠷ ᠺᠧᠨ᠋ᠲ᠋ᠠᠬᠢ ᠲᠡᠢ ᠲᠣᠭᠯᠠᠬᠤ ᠪᠠᠷ ᠪᠣᠯᠤᠯ᠎ᠠ᠃ ᠷᠢᠺ ᠫᠲ᠋ᠢᠨ᠎ᠠ ᠲᠣᠭᠯᠠᠭᠴᠢᠳ ᠢᠶᠠᠷ ᠢᠶᠠᠨ ᠲᠢᠮ ᠳᠡᠭᠡᠷ᠎ᠡ triple team ᠪᠤᠶᠤ ᠭᠤᠷᠪᠠᠯᠠᠭᠰᠠᠨ ᠬᠠᠮᠠᠭᠠᠯᠠᠯᠲᠠ ᠬᠢᠯᠭᠡᠵᠦ ᠲᠣᠭᠯᠠᠭᠰᠠᠨ ᠪᠠ ᠬᠠᠷᠠᠮᠰᠠᠯᠲᠠᠢ ᠨᠢ ᠲᠢᠮ ᠦᠨ ᠬᠠᠮᠲᠤᠷᠠᠭᠴᠢᠳ ᠤᠨ ᠬᠡᠨ ᠨᠢ ᠴᠤ ᠤᠭ ᠲᠣᠭᠯᠠᠯᠲᠠᠨ ᠳᠤ ᠲᠡᠭᠦᠨ ᠳᠦ ᠲᠤᠰᠠ ᠪᠣᠯᠵᠤ ᠴᠢᠳᠠᠭ᠎ᠠ ᠦᠭᠡᠢ ᠶᠤᠮ᠃ ᠸᠧᠢᠺ ᠲᠡᠷᠡ ᠵᠢᠯ ᠳᠤ ᠪᠡᠨ ᠰᠡᠭᠦᠯ ᠦᠨ 4 ᠍ ᠳᠦ ᠦᠯᠡᠳᠡᠭᠰᠡᠨ ᠠᠮᠵᠢᠯᠲᠠ ᠲᠠᠢ ᠪᠠᠷ , ᠲᠢᠮ ᠮᠥᠨ ᠳᠠᠬᠢᠨ ᠣᠨ ᠤ ᠰᠢᠯᠢᠳᠡᠭ ᠬᠠᠮᠠᠭᠠᠯᠠᠨ ᠲᠣᠭᠯᠠᠭᠴᠢ ᠶᠢᠨ ᠱᠠᠩᠨᠠᠯ ᠬᠦᠷᠢᠲᠦᠵᠦ ᠳᠤᠮᠳᠠᠴᠢ ᠪᠠᠷ 19.1 ᠣᠨᠣᠭ᠎ᠠ 12.3 ᠰᠠᠮᠪᠠᠷ᠎ᠠ ᠠᠴᠠ ᠪᠥᠮᠪᠥᠭᠡ ᠠᠪᠤᠯᠲᠠ ᠭᠡᠰᠡᠨ ᠦᠵᠡᠭᠦᠯᠦᠯᠲᠡ ᠪᠡᠷ ᠦᠳᠡᠵᠡᠢ᠃

ᠤᠯᠠᠷᠢᠯ ᠳᠠᠭᠤᠰᠤᠮᠠᠭᠴᠠ ᠬᠦᠮᠦᠨ ᠪᠣᠯᠭᠠᠨ ᠯᠠ ᠲᠢᠮ ᠦᠨ ᠴᠢᠨᠠᠭᠰᠢᠳᠠ ᠶᠢᠨ ᠲᠥᠯᠥᠪᠯᠡᠭᠡ ᠶᠢ ᠨᠢ ᠰᠣᠨᠢᠷᠬᠠᠵᠤ ᠪᠠᠶᠢᠯ᠎ᠠ᠃ ᠳᠠᠰᠬᠠᠯᠵᠢᠭᠤᠯᠤᠭᠴᠢ ᠣᠳᠤᠮ᠎ᠠ ᠲᠡᠭᠦᠨ ᠢ ᠥᠷᠥᠭᠡᠨ ᠳᠦ ᠪᠡᠨ ᠳᠠᠭᠤᠳᠠᠨ 2 ᠰᠣᠩᠭᠣᠯᠲᠠ ᠪᠦᠬᠦᠢ ᠴᠠᠭᠠᠰᠤ ᠶᠢ ᠲᠡᠭᠦᠨ ᠦ ᠡᠮᠦᠨ᠎ᠡ ᠳᠡᠯᠭᠡᠨ ᠲᠠᠯᠪᠢᠪᠠ᠃ ᠨᠢᠭᠡ ᠨᠢ ᠲᠢᠮ ᠢ ᠦᠷᠭᠦᠯᠵᠢᠯᠡᠭᠦᠯᠦᠨ ᠰᠤᠷᠭᠠᠭᠤᠯᠢᠳᠠᠭ᠎ᠠ ᠦᠯᠡᠳᠡᠵᠦ ᠠᠬᠢᠨ ᠢᠯᠠᠯᠲᠠ ᠶᠢᠨ ᠲᠥᠯᠥᠭᠡ ᠵᠢᠳᠬᠦᠬᠦ ᠨᠥᠭᠥᠭᠡᠬᠢ ᠨᠢ ᠮᠡᠳᠡᠭᠡᠵᠢ NBA ᠍ ᠳᠦ ᠣᠷᠣᠬᠤ ᠪᠠᠨ ᠵᠠᠷᠯᠠᠬᠤ ᠭᠡᠰᠡᠨ ᠰᠣᠩᠭᠣᠯᠲᠠ ᠨᠤᠭᠤᠳ ᠪᠠᠶᠢᠪᠠ᠃ ᠲᠡᠷᠡ ᠪᠡᠷ ᠬᠡᠰᠡᠭ ᠵᠣᠭᠰᠣᠭᠰᠠᠨ᠎ᠠ ᠪᠠᠨ ᠥᠭᠡᠳᠡ ᠡᠴᠡ ᠨᠢ ᠢᠨᠢᠶᠡᠮᠰᠦᠭᠯᠡᠬᠦ ᠳᠠᠰᠬᠠᠯᠵᠢᠭᠤᠯᠤᠭᠴᠢ ᠠᠴᠠ ᠪᠠᠨ ᠲᠡᠭᠦᠨ ᠢ ᠦᠯᠡᠳᠡᠭᠡᠬᠦ ᠰᠣᠨᠢᠷᠬᠠᠯᠲᠠᠢ ᠡᠰᠡᠬᠦ ᠶᠢ ᠨᠢ ᠯᠠᠪᠯᠠᠨ ᠠᠰᠠᠭᠤᠭᠰᠠᠨ ᠤ ᠳᠠᠷᠠᠭ᠎ᠠ ᠥᠪᠡᠷ ᠦᠨ ᠰᠣᠩᠭᠣᠯᠲᠠ ᠪᠠᠨ ᠡᠷᠡᠭᠡᠯᠵᠡᠯ ᠦᠭᠡᠢ ᠬᠢᠭᠰᠡᠨ ᠶᠤᠮ᠃

1996-1997 ᠣᠨ ᠳᠤ ᠸᠧᠢᠺᠹᠣᠷᠧᠰᠲ ᠴᠤᠤ ᠳᠤ ᠮᠡᠳᠡᠭᠡᠵᠢ ᠪᠦᠬᠦ ᠯᠠ ᠲᠡᠮᠡᠴᠡᠭᠡᠨ ᠳᠦ ᠲᠡᠷᠢᠭᠦᠯᠡᠬᠦ ᠮᠠᠭᠠᠳᠯᠠᠯ ᠲᠠᠢ ᠭᠣᠣᠯ ᠥᠷᠢᠰᠦᠯᠳᠦᠭᠴᠢ ᠪᠠᠭ ᠤᠨ ᠨᠢᠭᠡ ᠪᠠᠶᠢᠯ᠎ᠠ᠃ ᠲᠡᠷᠡ ᠤᠯᠠᠷᠢᠯ ᠳᠤ ᠪᠠᠨ 7 ᠹᠦᠲ 1 ᠢᠨᠴᠢ (215 cm) ᠥᠨᠳᠥᠷ ᠲᠡᠢ ᠯᠣᠷᠧᠨ ᠸᠦ᠋ ᠍ ᠳᠦᠰ ᠢ ᠡᠩᠨᠡᠭᠡᠨ ᠳᠦ ᠪᠡᠨ ᠡᠯᠰᠡᠭᠦᠯᠦᠭᠰᠡᠨ ᠪᠠᠶᠢᠭᠰᠠᠨ ᠪᠠ ᠸᠧᠢᠺ ᠹᠣᠷᠧᠰᠲ ᠦᠨ ᠲᠥᠪ ᠦᠨ ᠪᠠᠶᠢᠷᠢᠯᠠᠯ ᠪᠤᠰᠤᠳ ᠪᠠᠭ ᠤᠳ ᠤᠨ ᠢᠶᠠᠨ ᠵᠢᠷᠦᠬᠡᠨ ᠳᠤ ᠰᠢᠷ᠎ᠠ ᠤᠰᠤ ᠬᠤᠷᠠᠭᠤᠯᠵᠤ ᠪᠠᠶᠢᠭᠰᠠᠨ ᠶᠤᠮ᠃ ᠪᠠᠭ ᠤᠨ ᠵᠣᠷᠢᠯᠭ᠎ᠠ ᠴᠤ ᠲᠣᠳᠣᠷᠬᠠᠢ : ᠲᠢᠮ ᠳᠦ ᠵᠥᠪᠬᠡᠨ НСАА ᠍ ᠤᠨ ᠠᠪᠤᠷᠭᠤ ᠴᠣᠯᠠ ᠯᠠ ᠬᠡᠷᠡᠭᠲᠡᠢ . ᠤᠯᠠᠷᠢᠯ ᠡᠬᠢᠯᠡᠭᠡᠳ ᠯᠠ 13 ᠳᠠᠷᠠᠭᠠᠯᠠᠵᠤ ᠢᠯᠠᠭᠰᠠᠨ ᠪᠠ ᠡᠭᠦᠨ ᠳᠦ ᠢᠦᠲ᠋ᠠ , ᠬᠣᠶᠢᠳᠤ ᠺᠠᠷᠣᠯᠢᠨ᠎ᠠ ᠵᠡᠷᠭᠡ ᠬᠦᠴᠦᠷᠬᠡᠭ ᠪᠠᠭ ᠤᠳ ᠢ ᠬᠣᠵᠢᠭ᠌ᠰᠠᠨ ᠲᠣᠭᠯᠠᠯᠲᠠ ᠨᠤᠭᠤᠳ ᠣᠷᠣᠵᠠᠢ᠃ ᠸᠧᠢᠺ ᠲᠡᠷᠡ ᠵᠢᠯ ᠳᠤ ᠪᠡᠨ 2 ᠍ ᠳᠦᠭᠡᠷ ᠪᠠᠶᠢᠷᠢᠨ ᠳᠤ ᠵᠢᠭ᠌ᠰᠠᠭᠰᠠᠨ ᠪᠠ ᠡᠨᠡ ᠨᠢ ᠪᠠᠭ ᠤᠨ ᠲᠡᠦᠬᠡᠨ ᠳ᠋ᠡᠬᠢ ᠬᠠᠮᠤᠭ ᠤᠨ ᠣᠷᠭᠢᠯ ᠠᠮᠵᠢᠯᠲᠠ ᠶᠢᠨ ᠨᠢᠭᠡ ᠪᠠᠶᠢᠭᠰᠠᠨ ᠶᠤᠮ᠃ ᠲᠢᠮ ᠴᠤ NBA ᠍ ᠤᠨ ᠬᠦᠴᠦᠷᠬᠡᠭ ᠲᠥᠪ ᠦᠳ ᠲᠡᠢ ᠥᠷᠢᠰᠦᠯᠳᠦᠬᠦ ᠳᠦ ᠪᠦᠬᠦ ᠯᠠ ᠲᠠᠯ᠎ᠠ ᠪᠠᠷ ᠢᠶᠠᠨ ᠪᠡᠯᠡᠨ ᠪᠣᠯᠤᠭᠠᠳ ᠪᠠᠶᠢᠪᠠ᠃ ᠲᠡᠷᠡ ᠪᠡᠷ NBA ᠍ ᠳᠦ ᠣᠷᠣᠭᠰᠠᠨ ᠲᠥᠪ ᠦᠳ ᠢ ᠨᠠᠮ ᠳᠠᠷᠤᠵᠤ , ᠬᠦᠴᠦᠷᠬᠡᠭ ᠬᠠᠮᠠᠭᠠᠯᠠᠯᠲᠠ ᠨᠤᠭᠤᠳ ᠪᠣᠯᠬᠤ ᠬᠣᠶᠠᠷᠯᠠᠭᠰᠠᠨ ᠲᠡᠷᠡ ᠴᠤ ᠪᠠᠶᠢᠲᠤᠭᠠᠢ ᠭᠤᠷᠪᠠᠯᠠᠭᠰᠠᠨ ᠬᠠᠮᠠᠭᠠᠯᠠᠯᠲᠠ ᠨᠤᠭᠤᠳ ᠤᠨ ᠴᠤ ᠡᠰᠡᠷᠭᠦ ᠲᠣᠭᠯᠠᠵᠤ , ᠶᠠᠮᠠᠷ ᠴᠤ ᠪᠣᠯᠤᠮᠵᠢ ᠦᠭᠡᠢ ᠦᠶ᠎ᠡ ᠳᠦ ᠥᠪᠡᠷᠲᠡᠭᠡᠨ ᠱᠢ ᠳᠦ ᠬᠢ ᠵᠠᠢ ᠶᠢ ᠪᠠᠨ ᠬᠡᠷᠬᠢᠨ ᠭᠠᠷᠭᠠᠬᠤ ᠪᠠᠨ ᠴᠤ ᠲᠡᠭᠦᠰ ᠰᠤᠷᠠᠭᠰᠠᠨ ᠪᠠᠶᠢᠯ᠎ᠠ᠃ ᠲᠡᠶᠢᠮᠦ ᠪᠡᠨ ᠲᠢᠮ ᠦᠨᠡᠬᠡᠷ ᠪᠦᠬᠦ ᠯᠠ ᠲᠠᠯ᠎ᠠ ᠪᠠᠷ ᠢᠶᠠᠨ NBA ᠍ ᠳᠦ ᠲᠣᠭᠯᠠᠬᠤ ᠳᠤ ᠪᠡᠯᠡᠨ ᠪᠣᠯᠤᠭᠰᠠᠨ ᠪᠠᠶᠢᠪᠠ᠃

ᠲᠡᠷᠡ ᠤᠯᠠᠷᠢᠯ ᠳᠤ ᠪᠠᠨ ᠲᠢᠮ НСАА ᠍ ᠤᠨ ᠲᠡᠦᠬᠡᠨ ᠳ᠋ᠡᠬᠢ ᠠᠭᠤᠤ ᠲᠥᠪ ᠦᠨ ᠲᠣᠭᠯᠠᠭᠴᠢᠳ ᠤᠨ ᠠᠳᠠᠯᠢ ᠮᠠᠰᠢ ᠰᠠᠶᠢᠬᠠᠨ ᠦᠵᠡᠭᠦᠯᠦᠯᠲᠡ ᠲᠡᠢ ᠦᠳᠡᠵᠡᠢ᠃ ᠲᠡᠷᠡ ᠪᠡᠷ 20.8 ᠣᠨᠣᠭ᠎ᠠ ᠶᠢ 60 ᠬᠤᠪᠢ ᠤᠨ ᠣᠨᠣᠪᠴᠢᠲᠠᠢ ᠳᠣᠪᠲᠣᠯᠭ᠎ᠠ ᠪᠠᠷ ᠠᠪᠴᠤ , 3.2 ᠣᠨᠣᠪᠴᠢᠲᠠᠢ ᠳᠠᠮᠵᠢᠭᠤᠯᠤᠯᠲᠠ ᠪᠠ 14.7 ᠰᠠᠮᠪᠠᠷ᠎ᠠ ᠠᠴᠠ ᠪᠥᠮᠪᠥᠭᠡ ᠠᠪᠤᠯᠲᠠ ᠪᠠᠷ НСАА ᠍ ᠢ ᠲᠡᠷᠢᠭᠦᠯᠡᠭᠰᠡᠨ ᠪᠠᠶᠢᠨ᠎ᠠ᠃ ᠮᠥᠨ 3 ᠍ ᠳᠠᠬᠢ ᠵᠢᠯ ᠳᠤ ᠪᠡᠨ ᠳᠠᠷᠠᠭᠠᠯᠠᠨ ᠥᠷᠢᠰᠦᠯᠳᠦᠭᠴᠢᠳ ᠡᠴᠡ ᠪᠡᠨ ᠬᠣᠯᠠ ᠲᠠᠰᠤᠷᠬᠠᠢ ᠣᠨ ᠤ ᠰᠢᠯᠢᠳᠡᠭ ᠬᠠᠮᠠᠭᠠᠯᠠᠨ ᠲᠣᠭᠯᠠᠭᠴᠢ ᠶᠢᠨ ᠱᠠᠩᠨᠠᠯ ᠢ ᠬᠦᠷᠢᠲᠦᠵᠡᠢ᠃ ᠮᠥᠨ ᠲᠡᠷᠡᠪᠡᠷ ᠪᠦᠬᠦ ᠠᠮᠧᠷᠢᠺᠠ ᠶᠢᠨ 1 ᠍ ᠳᠦᠭᠡᠷ ᠪᠠᠭ ᠲᠤ ᠪᠠᠭᠳᠠᠵᠣ ᠲᠡᠷᠡ ᠣᠨ ᠤ ᠺᠣᠯᠯᠧᠵᠢ ᠶᠢᠨ ᠰᠢᠯᠢᠳᠡᠭ ᠲᠣᠭᠯᠠᠭᠴᠢ ᠦᠨ ᠱᠠᠩᠨᠠᠯ ᠢ ᠮᠥᠨ ᠬᠦᠷᠲᠡᠭᠰᠡᠨ ᠶᠤᠮ᠃

NBA ᠠᠮᠵᠢᠯᠲᠠ ᠶᠢᠨ ᠣᠷᠭᠢᠯ ᠳᠤ ᠬᠦᠷᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

97 ᠣᠨ ᠤ ᠳ᠋ᠷᠠᠹᠲ ᠤᠨ ᠨᠢᠭᠡᠳᠦᠭᠡᠷ ᠡᠷᠬᠡ ᠶᠢ ᠠᠯᠢ ᠪᠠᠭ ᠠᠪᠬᠤ ᠨᠢ ᠬᠦᠮᠦᠨ ᠪᠦᠬᠦᠨ ᠦ ᠰᠣᠨᠢᠷᠬᠠᠯ ᠢ ᠲᠠᠲᠠᠵᠤ ᠪᠠᠶᠢᠪᠠ᠃ ᠰᠫᠦ᠋ᠷᠰ , ᠪᠣᠰᠲᠠᠨ , ᠸᠠᠩᠺᠦᠪᠠᠶᠡᠷ ᠭᠷᠢᠰᠵᠡᠯᠢᠰ ᠪᠠᠭ ᠤᠳ ᠰᠤᠭᠤᠯᠤᠭᠠᠨ ᠤ ᠭᠣᠣᠯ ᠥᠷᠢᠰᠦᠯᠳᠦᠭᠴᠢᠳ ᠪᠠᠶᠢᠭᠰᠠᠨ ᠪᠠ ᠰᠫᠦ᠋ᠷᠰ ᠡᠮᠦᠨᠡᠬᠢ ᠤᠯᠠᠷᠢᠯ ᠳᠤ ᠨᠢ ᠠᠳᠮᠢᠷᠠᠯ ᠢ ᠭᠡᠮᠲᠦᠯ ᠳᠦ ᠠᠯᠳᠠᠰᠤᠨ ᠢᠶᠠᠷ 20-62 ᠭᠡᠰᠡᠨ ᠠᠮᠵᠢᠯᠲᠠ ᠦᠵᠡᠭᠦᠯᠦᠭᠡᠳ ᠪᠠᠶᠢᠭᠰᠠᠨ ᠶᠤᠮ᠃ ᠰᠠᠨ ᠠᠨᠲ᠋ᠣᠨᠢ ᠪᠠᠨ ᠰᠤᠭᠤᠯᠤᠭᠠᠨ ᠳᠤ ᠢᠯᠠᠵᠤ 1 ᠍ ᠳᠦᠭᠡᠷ ᠡᠷᠬᠡ ᠶᠢ ᠠᠪᠬᠤ ᠪᠠᠷ ᠪᠣᠯᠬᠤ ᠳᠤ ᠲᠢᠮ ᠲᠤᠩ ᠶᠡᠬᠡ ᠪᠠᠶᠠᠷᠯᠠᠵᠤ ᠪᠠᠶᠢᠭᠰᠠᠨ ᠭᠡᠳᠡᠭ᠃ 1997-1998 ᠣᠨ ᠤ ᠤᠯᠠᠷᠢᠯ ᠳᠤ ᠠᠳᠮᠢᠷᠠᠯ ᠡᠷᠡᠭᠦᠯ ᠴᠢᠭᠢᠷᠠᠭ ᠪᠤᠴᠠᠨ ᠢᠷᠡᠵᠦ ᠮᠥᠨ ᠳᠡᠭᠡᠷ᠎ᠡ ᠡᠴᠡ ᠨᠢ ᠬᠠᠮᠠᠭᠠᠯᠠᠭᠴᠢᠳ ᠪᠣᠯᠬᠤ ᠠᠤᠧᠷᠢ ᠵᠣᠩᠰᠣᠨ , ᠸᠢᠨᠨᠢ ᠳᠧᠯ ᠨᠧᠭᠷᠣ , ᠳᠣᠪᠲᠣᠯᠤᠭᠴᠢᠳ ᠪᠣᠯᠬᠤ ᠱᠣᠩ ᠡᠯᠯᠢᠣᠲ , ᠴᠠᠺ ᠫᠧᠷᠰᠣᠨ ᠵᠡᠷᠭᠡ ᠲᠣᠭᠯᠠᠭᠴᠢᠳ ᠰᠫᠤᠶᠢᠷᠰ ᠤᠨ ᠪᠦᠷᠢᠯᠳᠦᠬᠦᠨ ᠳᠦ ᠪᠠᠶᠢᠯ᠎ᠠ᠃ ᠡᠶᠢᠨᠬᠦᠦ ᠬᠣᠶᠠᠷ ᠰᠢᠯᠢᠳᠡᠭ ᠲᠥᠪ ᠦᠨ ᠲᠣᠭᠯᠠᠭᠴᠢ ᠲᠠᠢ ᠪᠣᠯᠤᠭᠰᠠᠨ ᠲᠤᠯᠠ ᠳᠠᠰᠬᠠᠯᠵᠢᠭᠤᠯᠤᠭᠴᠢ ᠫᠣᠫᠣ ᠡᠪᠦᠭᠡ ᠵᠤᠨᠵᠢᠩᠭᠠᠨ ᠪᠠᠭ ᠤᠨ ᠢᠶᠠᠨ ᠳᠣᠪᠲᠣᠯᠭᠠᠨ ᠢ ᠶᠠᠭᠠᠬᠢᠵᠤ ᠵᠣᠬᠢᠶᠠᠨ ᠪᠠᠶᠢᠭᠤᠯᠬᠤ ᠪᠠᠨ ᠪᠣᠳᠣᠵᠠᠢ᠃ ᠡᠨᠡ ᠴᠠᠭ ᠦᠶ᠎ᠡ ᠪᠡᠨ ᠡᠴᠡ ᠢᠬᠡᠷ᠎ᠡ ᠴᠠᠮᠬᠠᠭ ᠬᠡᠮᠡᠭᠳᠡᠭᠰᠡᠨ ᠭᠠᠶᠢᠬᠠᠯᠲᠠᠢ ᠬᠣᠷᠰᠢᠯ᠂ ᠭᠠᠶᠢᠬᠠᠯᠲᠠᠢ ᠠᠨᠳᠠ ᠨᠥᠬᠥᠳ ᠦᠨ ᠲᠡᠦᠬᠡ ᠡᠬᠢᠯᠡᠭᠰᠡᠨ ᠶᠤᠮ


ᠲᠢᠮ᠂ ᠠᠳᠮᠢᠷᠠᠯ 2 ᠰᠢᠬᠢᠷ ᠦᠨᠡᠬᠡᠷ ᠭᠠᠶᠢᠬᠠᠯᠲᠠᠢ ᠬᠣᠷᠰᠢᠵᠤ ᠡᠬᠢᠯᠡᠪᠡ᠃ ᠲᠡᠳᠡ ᠳᠣᠪᠲᠣᠯᠭᠠᠨ ᠳᠤ ᠬᠣᠭᠣᠷᠣᠨᠳᠣ ᠪᠠᠨ ᠪᠥᠮᠪᠥᠭᠡ ᠪᠡᠨ ᠰᠠᠶᠢᠨ ᠳᠠᠮᠵᠢᠭᠤᠯᠵᠤ᠂ ᠪᠡᠶ᠎ᠡ ᠪᠡᠶᠡᠩ ᠢᠶᠡᠨ ᠰᠠᠶᠢᠨ ᠣᠶᠢᠯᠠᠭᠠᠵᠤ , ᠨᠥᠬᠥᠵᠦ ᠲᠣᠭᠯᠠᠵᠤ ᠡᠬᠢᠯᠡᠭᠰᠡᠨ ᠪᠠᠶᠢᠨ᠎ᠠ᠃ ᠬᠠᠮᠠᠭᠠᠯᠠᠯᠲᠠᠨ ᠳᠡᠭᠡᠷ᠎ᠡ ᠪᠦᠷ ᠴᠤ ᠠᠰᠠᠭᠤᠳᠠᠯ ᠦᠭᠡᠢ ᠪᠠᠶᠢᠯ᠎ᠠ᠃ ᠤᠯᠠᠷᠢᠯ ᠤᠨ ᠡᠬᠢᠨ ᠳᠦ ᠯᠣᠰ ᠠᠨᠵᠧᠯᠧᠰ ᠯᠧᠢᠺᠧᠷᠰ ᠲᠡᠢᠲᠣᠭᠯᠠᠭᠰᠠᠨ ᠲᠣᠭᠯᠠᠯᠲᠠᠨ ᠳᠤ ᠲᠡᠷᠡ ᠦᠶᠡᠳᠡᠭᠡ ᠳᠠᠩᠴᠤ ᠳᠠᠪᠠᠮᠠᠭᠠᠢ ᠪᠠᠶᠢᠭᠰᠠᠨ ᠱᠠᠺᠢᠯ ᠣᠨᠧᠠᠯ ᠳᠥᠩᠭᠡᠵᠢ ᠣᠷᠣᠵᠤ ᠢᠷᠡᠭᠰᠡᠨ ᠲᠢᠮ ᠦᠨ ᠥᠭᠡᠳᠡ ᠡᠴᠡ ᠬᠦᠴᠦᠲᠡᠢ ᠳᠠᠩᠺ ᠬᠢᠵᠦ ᠣᠷᠢᠯᠠᠵᠤ ᠬᠠᠰᠬᠢᠷᠴᠤ ᠪᠠᠶᠢᠬᠤ ᠳᠤ ᠨᠢ ᠠᠳᠮᠢᠷᠠᠯ ᠭᠦᠶᠦᠨ ᠣᠷᠣᠵᠤ ᠢᠷᠡᠵᠦ ᠪᠥᠮᠪᠥᠭᠡ ᠶᠢ ᠱᠠᠺ ᠦᠨ ᠨᠢᠭᠤᠷ ᠯᠦᠦ ᠰᠠᠪᠠᠭᠰᠠᠨ ᠪᠠᠶᠢᠨ᠎ᠠ᠃ ᠮᠠᠨᠢ 2 ᠍ ᠤᠨ ᠨᠥᠬᠥᠷᠯᠡᠯ ᠴᠤ ᠡᠭᠦᠨ ᠡᠴᠡ ᠡᠬᠢᠯᠡᠨ ᠤᠯᠠᠮ ᠭᠦᠨᠵᠡᠭᠡᠶᠢᠷᠡᠭᠰᠡᠨ ᠪᠢᠵᠡ ᠪᠡᠨ᠃ ᠰᠫᠦ᠋ᠷᠰ ᠤᠨ ᠡᠰᠡᠷᠬᠦ ᠲᠣᠭᠯᠠᠵᠤ ᠪᠤᠢ ᠪᠠᠭ ᠤᠳ ᠲᠥᠪ ᠦᠨ ᠪᠠᠶᠢᠷᠢᠯᠠᠯ ᠤᠨ ᠫᠣᠰᠲ ᠲᠣᠭᠯᠠᠯᠲᠠ ᠪᠠᠷᠤᠭ ᠬᠢᠵᠦ ᠴᠢᠳᠠᠳᠠᠭ ᠦᠭᠡᠢ ᠪᠠᠶᠢᠭᠰᠠᠨ ᠪᠠ ᠶᠡᠬᠡᠪᠴᠢᠯᠡᠨ ᠬᠣᠯᠠ ᠶᠢᠨ ᠵᠠᠶᠢᠨ ᠠᠴᠠ ᠰᠢᠳᠡᠯᠲᠡ ᠬᠢᠳᠡᠭ ᠪᠠᠶᠢᠯ᠎ᠠ᠃ ᠬᠡᠷᠪᠡ ᠲᠡᠳᠡ ᠰᠢᠳᠡᠯᠲᠡ ᠨᠢ ᠣᠷᠣᠬᠣᠭᠤᠢ ᠯᠠ ᠪᠣᠯ ᠰᠫᠦ᠋ᠷᠰ ᠪᠠᠷᠤᠭ ᠪᠠᠶᠢᠩᠭᠤ ᠬᠣᠵᠢᠰᠤ ᠪᠠᠷ ᠪᠠᠶᠢᠪᠠ᠃ ᠲᠢᠮ ᠦᠨ ᠷᠦᠺᠢ ᠵᠢᠯ ᠰᠫᠦ᠋ᠷᠰ 52-26 ᠭᠡᠰᠡᠨ ᠠᠮᠵᠢᠯᠲᠠ ᠦᠵᠡᠭᠦᠯᠦᠭᠰᠡᠨ ᠪᠠ ᠡᠮᠦᠨᠡᠬᠢ ᠵᠢᠯ ᠦᠨ ᠢᠯᠠᠯᠲᠠ ᠠᠴᠠ ᠪᠠᠨ 32 ᠍ ᠢᠶᠠᠷ ᠢᠯᠡᠭᠦᠦ ᠢᠯᠠᠭᠰᠠᠨ ᠨᠢ ᠪᠠᠰᠠ ᠨᠢᠭᠡᠨ ᠯᠢᠭᠢ ᠶᠢᠨ ᠷᠧᠺᠣᠷᠳ᠋ ᠶᠤᠮ᠃ ᠲᠢᠮ ᠲᠤᠬᠠᠢ ᠶᠢᠨ ᠵᠢᠯ ᠳᠤ ᠪᠡᠨ 21.1 ᠣᠨᠣᠭ᠎ᠠ , 11.9 ᠰᠠᠮᠪᠠᠷ᠎ᠠ ᠠᠴᠠ ᠪᠥᠮᠪᠥᠭᠡ ᠠᠪᠤᠯᠲᠠ ᠶᠢ ᠳᠤᠮᠳᠠᠵᠢᠯᠵᠤ ᠯᠢᠭ ᠢ double double ᠦᠵᠡᠭᠦᠯᠦᠯᠲᠡ ᠪᠡᠷ ᠢᠶᠡᠨ 57 ᠍ ᠶᠢᠨ ᠤᠳᠠᠭ᠎ᠠ ᠬᠢᠭᠰᠡᠨ ᠢᠶᠡᠷ ᠢᠶᠡᠨ ᠲᠡᠷᠢᠭᠦᠯᠡᠭᠰᠡᠨ ᠪᠠᠶᠢᠨ᠎ᠠ᠃ ᠪᠠᠰᠠ ᠪᠦᠬᠦ NBA ᠍ ᠭ ᠤᠨ 1 ᠍ ᠳᠦᠭᠡᠷ ᠪᠠᠭ ᠲᠤ ᠪᠠᠭᠳᠠᠵᠣ ᠮᠡᠳᠡᠭᠡᠵᠢ ᠣᠨ ᠤ ᠰᠢᠯᠢᠳᠡᠭ ᠰᠢᠨ᠎ᠡ ᠲᠣᠭᠯᠠᠭᠴᠢ ᠶᠢᠨ ᠱᠠᠩᠨᠠᠯ ᠢ ᠬᠦᠷᠢᠲᠦᠵᠡᠢ᠃

ᠰᠫᠦ᠋ᠷᠰ ᠲᠡᠷᠡ ᠵᠢᠯ ᠢᠶᠡᠨ ᠠᠪᠤᠷᠭᠤ ᠠᠪᠬᠤ ᠨᠠᠶᠢᠳᠠᠯᠭ᠎ᠠ ᠥᠨᠳᠥᠷ ᠪᠠᠶᠢᠭᠰᠠᠨ ᠪᠣᠯᠪᠠᠴᠤ ᠪᠠᠭ ᠤᠨ ᠨᠥᠭᠡᠴᠡ ᠪᠣᠯᠤᠨ ᠰᠠᠶᠢᠨ ᠲᠤᠰᠠᠯᠠᠭᠴᠢ ᠦᠭᠡᠢ ᠡᠴᠡ ᠪᠣᠯᠵᠤ ᠴᠢᠳᠠᠭ᠎ᠠ ᠦᠭᠡᠢ ᠶᠤᠮ᠃ ᠲᠢᠮ ᠫᠣᠯᠢᠺᠠᠷᠫᠣᠪ ᠳᠦ ᠡᠬᠢᠨ ᠦ ᠲᠣᠭᠯᠠᠯᠲᠠᠨ ᠳᠤ ᠪᠠᠨ ᠨᠠᠷᠠᠨ ᠨᠤᠭᠤᠳ ᠤᠨ ᠡᠰᠡᠷᠬᠦ ᠮᠠᠰᠢ ᠶᠡᠬᠡ ᠬᠢᠴᠢᠶᠡᠵᠦ ᠪᠠᠶᠢᠭᠰᠠᠨ ᠴᠤ ᠣᠯᠢᠭᠲᠠᠢ ᠦᠷ᠎ᠡ ᠳ᠋ᠦᠩ ᠦᠭᠡᠢ ᠪᠠᠶᠢᠭᠰᠠᠨ ᠲᠤᠯᠠ ᠫᠣᠫᠣᠸᠢᠴ ᠲᠡᠭᠦᠨ ᠢ ᠨᠥᠭᠡᠴᠡ ᠶᠢᠨ ᠰᠠᠨᠳᠠᠯᠢ ᠳᠤ ᠰᠠᠭᠤᠯᠭᠠᠵᠠᠢ᠃ ᠬᠠᠭᠠᠰ ᠴᠠᠭ ᠤᠨ ᠵᠠᠪᠰᠠᠷᠯᠠᠭ᠎ᠠ ᠶᠢᠨ ᠦᠶ᠎ᠡ ᠪᠡᠨ ᠢᠶᠡᠷ ᠨᠠᠷᠠᠨ ᠨᠤᠭᠤᠳ ᠤᠨ ᠳᠠᠰᠬᠠᠯᠵᠢᠭᠤᠯᠤᠭᠴᠢ ᠳᠧᠨᠨᠢ ᠡᠢᠨᠵ ᠲᠣᠭᠯᠠᠭᠴᠢᠳ ᠲᠤ ᠪᠠᠨ ᠲᠢᠮ ᠳᠡᠭᠡᠷ᠎ᠡ ᠪᠢᠲᠡᠭᠡᠢ ᠳᠠᠪᠬᠤᠷ ᠬᠠᠮᠠᠭᠠᠯᠠᠯᠲᠠ ᠬᠡᠢ , ᠲᠡᠷᠡ ᠪᠣᠯ ᠵᠢᠷ ᠦᠨ ᠯᠠ ᠨᠢᠭᠡ ᠥᠨᠳᠥᠷ ᠦᠨᠡᠯᠡᠭᠳᠡᠭᠰᠡᠨ ᠷᠦᠺᠢ ᠲᠣᠭᠯᠠᠭᠴᠢ ᠭᠡᠵᠦ ᠵᠢᠭᠠᠪᠤᠷᠢᠴᠢᠯᠠᠬᠤ᠎ᠠ ᠥᠭᠴᠦ᠃ ᠬᠠᠷᠢᠨ ᠲᠢᠮ᠂ ᠳᠧᠨᠨᠢ ᠡᠢᠨᠵ ᠳᠦ ᠥᠪᠡᠷ ᠢ ᠪᠡᠨ ᠬᠡᠨ ᠭᠡᠳᠡᠭ ᠢᠶᠡᠨ ᠤᠳᠬ᠎ᠠ ᠪᠠᠷ ᠨᠢ ᠬᠠᠷᠠᠭᠤᠯᠵᠤ ᠲᠡᠷᠡ ᠣᠷᠣᠢ ᠳᠤ ᠪᠠᠨ 32 ᠣᠨᠣᠭ᠎ᠠ 10 ᠍ ᠶᠢᠨ ᠤᠳᠠᠭ᠎ᠠ ᠰᠠᠮᠪᠠᠷ᠎ᠠ ᠠᠴᠠ ᠰᠢᠭᠦᠷᠡᠵᠦ ᠰᠫᠦ᠋ᠷᠰ 102-96 ᠍ ᠪᠠᠷ ᠢᠯᠠᠯᠲᠠ ᠪᠠᠶᠢᠭᠤᠯᠤᠭᠰᠠᠨ ᠪᠠᠶᠢᠨ᠎ᠠ᠃ ᠰᠫᠦ᠋ᠷᠰ ᠴᠤᠪᠤᠷᠠᠯ 4 ᠍ ᠶᠢᠨ ᠲᠣᠭᠯᠠᠯᠲᠠᠨ ᠳᠤ ᠨᠠᠷᠠᠨ ᠨᠤᠭᠤᠳ ᠢ ᠪᠠᠭᠤᠯᠭᠠᠵᠤ ᠠᠪᠤᠭᠰᠠᠨ ᠪᠣᠯᠪᠠᠴᠤ ᠲᠡᠷᠡ ᠦᠶ᠎ᠡ ᠶᠢᠨ ᠠᠯᠳᠠᠷᠲᠤ ᠬᠣᠣᠰᠯᠠᠯ ᠪᠣᠯᠬᠤ ᠮᠧᠯᠦᠨ , ᠰᠲ᠋ᠣᠺᠲ᠋ᠣᠨ ᠬᠣᠶᠠᠷ ᠤᠨ ᠢᠦᠲ᠋ᠠ ᠵᠠᠽᠽ ᠳᠦ ᠳᠠᠷᠠᠭᠠᠭ ᠤᠨ ᠲᠣᠭᠣᠷᠢᠭ ᠲᠤ ᠪᠠᠨ ᠢᠯᠠᠭᠳᠠᠯ ᠬᠦᠯᠢᠶᠡᠵᠡᠢ᠃

1998-1999 ᠣᠨ ᠤ ᠯᠣᠺᠠᠦ᠋ᠲ ᠤᠨ ᠤᠷᠲᠤ ᠤᠳᠠᠭᠠᠨ ᠠᠮᠠᠷᠠᠯᠲᠠᠨ ᠳᠤ ᠬᠦᠮᠦᠨ ᠪᠦᠬᠦᠨ ᠠᠮᠠᠷᠠᠵᠤ ᠰᠠᠭᠤᠬᠤ ᠳᠤ ᠲᠢᠮ ᠠᠩᠬᠠᠨ ᠤ ᠠᠪᠤᠷᠭᠤ ᠴᠣᠯᠠ ᠪᠠᠨ ᠠᠪᠬᠤ ᠶᠢᠨ ᠲᠤᠯᠠᠳᠠ ᠲᠤᠩ ᠰᠢᠷᠭᠠᠭᠤ ᠪᠡᠯᠡᠳᠬᠡᠯ ᠬᠢᠵᠦ ᠡᠬᠢᠯᠡᠭᠰᠡᠨ ᠶᠤᠮ᠃ ᠰᠫᠦ᠋ᠷᠰ ᠲᠡᠷᠡ ᠤᠯᠠᠷᠢᠯ ᠳᠤ ᠪᠠᠨ ᠪᠣᠭᠣᠨᠢᠰᠬᠠᠭᠰᠠᠨ 50 ᠍ ᠶᠢᠨ ᠲᠣᠭᠯᠠᠯᠲᠠᠨ ᠳᠤ 37 ᠢᠯᠠᠭᠰᠠᠨ ᠪᠠ ᠲᠢᠮ 21.7 ᠣᠨᠣᠭ᠎ᠠ ᠪᠠ 11.4 ᠰᠪᠠ ᠭᠡᠰᠡᠨ ᠠᠮᠵᠢᠯᠲᠠ ᠠᠴᠠ ᠭᠠᠳᠠᠨ᠎ᠠ ᠪᠦᠬᠦ NBA ᠍ ᠤᠨ ᠨᠢᠭᠡᠳᠦᠭᠡᠷ ᠪᠠᠭ ᠮᠥᠨ ᠪᠦᠬᠦ NBA ᠍ ᠭ ᠤᠨ ᠬᠠᠮᠠᠭᠠᠯᠠᠯᠲᠠ ᠶᠢᠨ ᠨᠢᠭᠡᠳᠦᠭᠡᠷ ᠪᠠᠭ ᠲᠤ ᠲᠤᠰ ᠲᠤᠰ ᠨᠡᠷᠡᠯᠡᠭᠳᠡᠵᠡᠢ᠃ ᠰᠫᠦ᠋ᠷᠰ ᠴᠤ ᠦᠨᠡᠬᠡᠷ ᠬᠦᠴᠦᠲᠡᠢ ᠪᠠᠶᠢᠯ᠎ᠠ᠃ ᠨᠢᠭᠡ ᠵᠢᠯ ᠢᠯᠡᠭᠦᠦ ᠬᠠᠮᠲᠤ ᠳᠤ ᠪᠠᠨ ᠲᠣᠭᠯᠠᠵᠠᠭᠠᠵᠤ᠂ ᠡᠮᠦᠨᠡᠬᠢ ᠵᠢᠯ ᠡᠴᠡ ᠪᠡᠨ ᠢᠯᠡᠭᠦᠦ ᠰᠠᠶᠢᠵᠢᠷᠠᠭᠰᠠᠨ ᠪᠠ ᠠᠳᠮᠢᠷᠠᠯ ᠶᠢᠨ ᠨᠠᠰᠤ ᠴᠤ ᠲᠠᠨᠤᠭᠲᠠᠢ ᠪᠠᠶᠢᠪᠠ᠃ ᠮᠥᠨ ᠳᠡᠭᠡᠷ᠎ᠡ ᠡᠴᠡ ᠨᠢ ᠬᠦᠶᠤᠶᠢᠰᠲ᠋ᠣᠨ ᠳᠦ ᠠᠪᠤᠷᠭᠤ ᠪᠣᠯᠵᠤ ᠶᠠᠪᠤᠭᠰᠠᠨ ᠮᠠᠷᠢᠶ᠎ᠠ ᠡᠯᠯᠢᠶ᠎ᠡ ᠰᠢᠨ᠎ᠡ ᠪᠡᠷ ᠨᠡᠮᠡᠭᠳᠡᠭᠰᠡᠨ ᠪᠠ ᠲᠡᠷᠡ ᠪᠡᠷ ᠲᠣᠭᠯᠠᠯᠲᠠᠨ ᠳᠤ ᠨᠥᠭᠡᠴᠡ ᠲᠣᠭᠯᠠᠭᠴᠢ ᠪᠠᠷ ᠭᠠᠷᠴᠤ ᠮᠠᠰᠢ ᠶᠡᠬᠡ ᠦᠷ᠎ᠡ ᠳ᠋ᠦᠩ ᠲᠡᠢ ᠲᠣᠭᠯᠠᠵᠤ ᠪᠠᠶᠢᠯ᠎ᠠ᠃

ᠲᠢᠮ ᠡᠬᠢᠨ ᠦ ᠲᠣᠭᠣᠷᠢᠭ ᠲᠤ ᠪᠠᠨ ᠴᠥᠭᠡᠪᠦᠷᠢ ᠴᠢᠨᠤᠨ ᠨᠤᠭᠤᠳ ᠢ ᠢᠯᠠᠵᠤ , 2 ᠍ ᠳᠦᠭᠡᠷ ᠲᠣᠭᠣᠷᠢᠭ ᠲᠤ ᠪᠠᠨ ᠯᠧᠢᠺᠧᠷᠰ ᠢ ᠱᠤᠤᠭᠢᠶᠠᠨᠲᠠᠶᠢᠬᠠᠨ 4 ᠍ ᠶᠢᠨ ᠲᠣᠭᠯᠠᠯᠲᠠᠨ ᠳᠤ ᠱᠦᠭᠦᠷᠳᠡᠵᠦ ᠤᠷᠬᠢᠪᠠ᠃ ᠪᠠᠷᠠᠭᠤᠨ ᠪᠥᠰᠡ ᠶᠢᠨ ᠠᠪᠤᠷᠭᠤ ᠶᠢᠨ ᠲᠥᠯᠥᠭᠡ ᠬᠦᠴᠦᠷᠬᠡᠭ ᠫᠤᠷᠲᠯᠧᠨᠳ ᠢ ᠮᠥᠨ 4 ᠍ ᠶᠢᠨ ᠲᠣᠭᠯᠠᠯᠲᠠᠨ ᠳᠤ ᠪᠠᠭᠤᠯᠭᠠᠨ ᠠᠪᠤᠭᠰᠠᠨ ᠢᠶᠠᠷ ᠠᠪᠤᠷᠭᠤ ᠶᠢᠨ ᠲᠥᠯᠥᠭᠡ ᠨᠢᠺᠰ ᠴᠦᠳ ᠲᠡᠢ ᠥᠷᠢᠰᠦᠯᠳᠦᠬᠦ ᠪᠡᠷ ᠰᠢᠯᠭᠠᠷᠠᠵᠤ ᠦᠯᠡᠳᠡᠯ᠎ᠡ᠃ ᠲᠢᠮ ᠦᠨ ᠭᠠᠶᠢᠬᠠᠯᠲᠠᠢ ᠲᠣᠭᠯᠠᠯᠲᠠ ᠶᠢᠨ ᠠᠴᠢ ᠪᠠᠷ ᠨᠢᠺᠰ ᠢ ᠶᠠᠳᠠᠬᠤ ᠶᠠᠭᠤᠮ᠎ᠠ ᠦᠭᠡᠢ 5 ᠍ ᠶᠢᠨ ᠲᠣᠭᠯᠠᠯᠲᠠᠨ ᠳᠤ ᠢᠯᠠᠭᠰᠠᠨ ᠢᠶᠠᠷ 1999 ᠣᠨ ᠤ NBA ᠍ ᠭ ᠤᠨ ᠠᠪᠤᠷᠭᠤ ᠴᠣᠯᠠ ᠶᠢ ᠬᠦᠷᠲᠡᠯ᠎ᠡ᠃ ᠮᠡᠳᠡᠭᠡᠵᠢ ᠲᠢᠮ ᠹᠢᠨᠠᠯ ᠤᠨ МЮП ᠱᠠᠩᠨᠠᠯ ᠢ ᠬᠦᠷᠲᠡᠭᠰᠡᠨ ᠶᠤᠮ᠃

1999-2000 ᠣᠨ ᠤ ᠤᠯᠠᠷᠢᠯ ᠳᠤ ᠰᠫᠦ᠋ᠷᠰ ᠤᠨ ᠲᠣᠭᠯᠠᠭᠴᠢᠳ ᠤᠨ ᠶᠡᠬᠡᠩᠬᠢ ᠨᠢ ᠠᠬᠢᠮᠠᠭ ᠲᠣᠭᠯᠠᠭᠴᠢᠳ ᠪᠣᠯᠤᠭᠠᠳ ᠪᠠᠶᠢᠯ᠎ᠠ᠃ ᠲᠢᠮ ᠮᠡᠳᠡᠭᠡᠵᠢ ᠲᠣᠭᠲᠠᠪᠤᠷᠢᠲᠠᠢ ᠲᠣᠭᠯᠠᠯᠲᠠ ᠪᠠᠨ ᠦᠵᠡᠭᠦᠯᠦᠭᠰᠡᠭᠡᠷ ᠤᠯᠠᠷᠢᠯ ᠢ 22.3 ᠣᠨᠣᠭ᠎ᠠ ᠲᠠᠢ ᠳᠠᠭᠤᠰᠬᠠᠭᠰᠠᠨ ᠶᠤᠮ᠃ ᠬᠡᠳᠦᠢ ᠪᠠᠭ ᠨᠢ 53 ᠤᠯᠠᠷᠢᠯ ᠳᠤ ᠢᠯᠠᠭᠰᠠᠨ ᠴᠤ ᠤᠷᠲᠤ ᠤᠳᠠᠭᠠᠨ ᠬᠤᠭᠤᠴᠠᠭᠠᠨ ᠤ ᠤᠯᠠᠷᠢᠯ ᠤᠨ ᠳᠠᠷᠠᠭ᠎ᠠ ᠠᠬᠠᠮᠠᠳ ᠲᠣᠭᠯᠠᠭᠴᠢᠳ ᠤᠨ ᠬᠤᠪᠢ ᠳᠤ ᠬᠦᠴᠦ ᠲᠠᠮᠢᠷ ᠨᠢ ᠪᠠᠷᠠᠭᠳᠠᠬᠤ ᠶᠠᠳᠠᠷᠠᠵᠤ ᠴᠤᠴᠤᠬᠤ ᠪᠠᠶᠢᠳᠠᠯ ᠶᠡᠬᠡ ᠲᠣᠬᠢᠶᠠᠯᠳᠣᠬᠤ ᠪᠣᠯᠵᠠᠢ᠃ ᠲᠢᠮ ᠭᠡᠮᠲᠦᠯ ᠦᠨ ᠤᠯᠠᠮ ᠠᠴᠠ ᠫᠣᠯᠢᠺᠠᠷᠫᠣᠪ ᠤᠨ ᠡᠬᠢᠨ ᠦ ᠲᠣᠭᠣᠷᠢᠭ ᠲᠤ ᠪᠦᠲᠦᠨ ᠲᠣᠭᠯᠠᠭ᠎ᠠ ᠦᠭᠡᠢ ᠪᠠ ᠪᠠᠭ ᠨᠢ ᠨᠠᠷᠠᠨ ᠨᠤᠭᠤᠳ ᠲᠤ ᠬᠢᠯᠪᠠᠷᠬᠠᠨ ᠢᠶᠠᠷ 4 ᠍ ᠶᠢᠨ ᠲᠣᠭᠯᠠᠯᠲᠠᠨ ᠳᠤ ᠢᠯᠠᠭᠳᠠᠯ ᠢᠶᠠᠨ᠃ ᠬᠡᠳᠦᠢ ᠲᠢᠮ ᠮᠥᠨ ᠳᠠᠬᠢᠨ ᠪᠦᠬᠦ NBA ᠍ ᠭ ᠤᠨ ᠨᠢᠭᠡᠳᠦᠭᠡᠷ ᠪᠠᠭ ᠮᠥᠨ ᠬᠠᠮᠠᠭᠠᠯᠠᠯᠲᠠ ᠶᠢᠨ 1 ᠍ ᠳᠦᠭᠡᠷ ᠪᠠᠭ ᠲᠤ ᠳᠠᠬᠢᠨ ᠨᠡᠷᠡᠯᠡᠭᠳᠡᠭᠰᠡᠨ ᠴᠤ ᠪᠠᠭ ᠤᠨ ᠢᠶᠠᠨ Rebuild ᠪᠤᠶᠤ ᠰᠢᠨ᠎ᠡ ᠪᠡᠷ ᠪᠦᠭᠦᠳᠡ ᠶᠢ ᠡᠬᠢᠯᠡᠵᠦ ᠪᠠᠶᠢᠭᠠᠳ ᠰᠠᠨᠠᠭ᠎ᠠ ᠵᠣᠪᠠᠵᠤ ᠪᠠᠶᠢᠯ᠎ᠠ᠃

2000-2001 ᠣᠨ ᠤ ᠤᠯᠠᠷᠢᠯ ᠳᠤ ᠮᠡᠳᠡᠭᠡᠵᠢ ᠳᠠᠩᠺᠠᠨ ᠪᠠᠭ᠎ᠠ ᠪᠠᠨ ᠲᠡᠷᠢᠭᠦᠯᠡᠭᠰᠡᠭᠡᠷ ᠯᠢᠭ ᠶᠢᠨ ᠬᠠᠮᠤᠭ ᠤᠨ ᠥᠨᠳᠥᠷ ᠪᠣᠯᠬᠤ 58 ᠍ ᠦᠨ ᠢᠯᠠᠯᠲᠠ ᠲᠠᠢ ᠪᠠᠷ ᠤᠯᠠᠷᠢᠯ ᠢ ᠳᠠᠭᠤᠰᠬᠠᠪᠠ᠃ ᠺᠧᠨ᠋ᠲ᠋ᠠᠬᠢ ᠶᠡᠬᠡ ᠰᠤᠷᠭᠠᠭᠤᠯᠢ ᠶᠢᠨ ᠣᠳᠣ ᠠᠰᠠᠨ ᠳᠧᠷᠧᠺ ᠠᠨᠳᠧᠷᠠᠭᠰᠠᠨ ᠴᠢᠯᠦᠭᠡᠲᠦ ᠠᠭᠧᠨᠲ ᠠᠴᠠ ᠰᠫᠤᠶᠢᠷᠰ ᠤᠨ ᠡᠩᠨᠡᠭᠡᠨ ᠳᠦ ᠰᠢᠯᠵᠢᠨ ᠢᠷᠡᠵᠦ ᠳᠤᠮᠳᠠᠴᠢ ᠪᠠᠷ 15.5 ᠣᠨᠣᠭ᠎ᠠ ᠠᠪᠴᠤ ᠬᠠᠮᠠᠭᠠᠯᠠᠭᠴᠢᠳ ᠪᠣᠯᠬᠤ ᠵᠣᠩᠰᠣᠨ , ᠠᠨᠲ᠋ᠣᠨᠢ ᠪᠠᠨ ᠳᠠᠨᠢᠶᠡᠯᠡᠰ , ᠲᠧᠷᠷᠢ ᠫᠣᠷᠲ᠋ᠧᠷ ᠨᠠᠷ ᠢ ᠲᠡᠷᠢᠭᠦᠯᠡᠵᠦ ᠪᠠᠶᠢᠯ᠎ᠠ᠃ ᠲᠢᠮ ᠴᠤ ᠥᠪᠡᠷ ᠦᠨ ᠦᠵᠡᠭᠦᠯᠳᠡᠭ ᠲᠣᠭᠯᠠᠯᠲᠠ ᠪᠠᠨ ᠲᠣᠭᠯᠠᠵᠤ , ᠦᠵᠡᠭᠦᠯᠳᠡᠭ ᠪᠦᠷᠢᠳᠭᠡᠯ ᠨᠤᠭᠤᠳ ᠢᠶᠠᠨ ᠬᠢᠵᠦ᠂ ᠮᠥᠨ ᠠᠪᠳᠠᠭ ᠱᠠᠩᠨᠠᠯ ᠤᠳ ᠢᠶᠠᠨ ᠠᠪᠴᠠᠢ᠃ ᠡᠬᠢᠨ ᠦ ᠲᠣᠭᠣᠷᠢᠭ ᠲᠤ ᠪᠠᠨ ᠮᠢᠨᠧᠰᠰᠣᠲ᠋ᠠ ᠢ ᠮᠥᠨ ᠳᠠᠬᠢᠨ ᠶᠠᠭᠤᠮ᠎ᠠ ᠪᠣᠯᠭᠠᠭᠰᠠᠨ ᠦᠭᠡᠢ ᠬᠣᠵᠢᠪᠠ . ᠲᠢᠮ ᠡᠨᠡ ᠫᠣᠯᠢᠺᠠᠷᠫᠣᠪ ᠳᠦ ᠰᠠᠮᠪᠠᠷ᠎ᠠ ᠳᠤ ᠦᠨᠡᠬᠡᠷ ᠮᠠᠩᠭᠤᠰ ᠰᠢᠭ ᠪᠠᠶᠢᠭᠰᠠᠨ ᠪᠠ ᠮᠠᠤᠧᠷᠢᠺᠰ ᠢ ᠮᠥᠨ ᠳᠠᠷᠠᠭᠠᠭ ᠤᠨ ᠲᠣᠭᠣᠷᠢᠭ ᠲᠤ ᠪᠠᠨ 4-1 ᠍ ᠪᠡᠷ ᠬᠢᠯᠪᠠᠷᠬᠠᠨ ᠬᠣᠵᠢᠵᠠᠢ᠃ ᠭᠡᠪᠡᠴᠦ ᠪᠦᠬᠦ ᠵᠦᠢᠯ ᠯᠧᠢᠺᠧᠷᠰ ᠦᠨ ᠡᠰᠡᠷᠬᠦ ᠨᠤᠷᠠᠵᠤ ᠤᠨᠠᠭᠰᠠᠨ ᠪᠠ ᠺᠣᠪᠧ ᠱᠠᠺ 2 ᠍ ᠤᠨ ᠱᠣᠤ ᠳᠦ ᠴᠡᠪᠡᠷ ᠲᠠᠯᠪᠢᠭᠤᠯᠵᠤ 2 ᠵᠢᠯ ᠦᠨ ᠢᠶᠡᠨ ᠡᠮᠦᠨᠡᠬᠢ ᠥᠰᠢᠶ᠎ᠡ ᠠᠪᠤᠯᠲᠠ ᠶᠢᠨ ᠯᠧᠢᠺᠧᠷᠰ ᠬᠡᠶᠢᠵᠢᠭᠡ᠃

2001-2002 ᠣᠨ ᠤ ᠤᠯᠠᠷᠢᠯ ᠳᠤ ᠪᠦᠷᠢᠯᠳᠦᠬᠦᠨ ᠳᠦ ᠣᠨᠴᠠ ᠶᠢᠨ ᠥᠭᠡᠷᠡᠴᠢᠯᠡᠯᠲᠡ ᠭᠠᠷᠤᠭ᠎ᠠ ᠦᠭᠡᠢ ᠪᠠ ᠳᠧᠷᠧᠺ ᠠᠨᠳᠧᠷᠠᠭᠰᠠᠨ ᠢ ᠳ᠋ᠷᠠᠹᠲ ᠤᠨ ᠡᠷᠬᠡ ᠪᠡᠷ ᠫᠤᠷᠲᠯᠧᠨᠳ ᠲᠡᠢ ᠨᠠᠶᠢᠮᠠᠭᠠᠯᠴᠠᠵᠤ ᠲᠡᠭᠦᠨ ᠦ ᠣᠷᠣᠨ ᠳᠤ ᠠᠬᠠᠮᠠᠳ ᠲᠣᠭᠯᠠᠭᠴᠢ ᠰᠲ᠋ᠢᠸ ᠰᠮᠢᠲ ᠶᠡᠬᠡᠩᠬᠢ ᠮᠢᠨᠦ᠋ᠲ ᠢ ᠥᠩᠭᠡᠷᠡᠭᠡᠬᠦ ᠪᠣᠯᠪᠠ᠃ ᠮᠥᠨ ᠪᠦᠷᠢᠯᠳᠦᠬᠦᠨ ᠳᠦ ᠲᠡᠷᠡ ᠵᠤᠨ ᠳᠤ ᠪᠠᠨ ᠬᠠᠮᠠᠭᠠᠯᠠᠯᠲᠠ ᠶᠢᠨ ᠲᠧᠭᠨᠢᠭ ᠨᠢ ᠭᠣᠶᠢᠳᠠ ᠰᠠᠶᠢᠵᠢᠷᠠᠭᠰᠠᠨ ᠪᠷᠢᠶᠦ᠋ᠰ ᠪᠣᠸᠧᠨ , ᠧᠦ᠋ᠷᠣᠫᠠ ᠠᠴᠠ ᠢᠷᠡᠭᠰᠡᠨ ᠷᠦᠺᠢ ᠬᠣᠯᠪᠣᠨ ᠲᠣᠭᠯᠠᠭᠴᠢ ᠲᠣᠨᠢ ᠫᠠᠷᠺᠧᠷ ᠬᠠᠭᠤᠴᠢᠨ ᠬᠣᠯᠪᠣᠭᠴᠢ ᠠᠤᠧᠷᠢ ᠵᠣᠩᠰᠣᠨ ᠭ ᠤᠨ ᠣᠷᠣ ᠶᠢ ᠨᠥᠬᠥᠬᠦ ᠪᠡᠷ ᠢᠷᠡᠭᠡᠳ ᠪᠠᠶᠢᠪᠠ᠃ ᠲᠢᠮ ᠴᠤ ᠮᠡᠳᠡᠭᠡᠵᠢ ᠠᠯᠳᠠᠷ ᠤᠨ ᠲᠠᠩᠬᠢᠮ ᠳᠤ ᠣᠷᠣᠬᠤ ᠪᠠᠷ ᠲᠣᠭᠯᠠᠯᠲᠠ ᠪᠠᠨ ᠦᠵᠡᠭᠦᠯᠦᠭᠰᠡᠭᠡᠷ ᠯᠠ ᠪᠠᠶᠢᠯ᠎ᠠ᠃ ᠬᠠᠷᠢᠨ ᠠᠳᠮᠢᠷᠠᠯ ᠤᠨ ᠨᠠᠰᠤ ᠶᠠᠪᠤᠵᠤ ᠬᠠᠷᠢᠵᠤ ᠪᠠᠶᠢᠭ᠎ᠠ ᠨᠢ ᠦᠨᠡᠬᠡᠷ ᠮᠡᠳᠡᠭᠳᠡᠵᠦ ᠪᠠᠶᠢᠭᠰᠠᠨ ᠲᠤᠯᠠ ᠭᠠᠷᠭᠠᠬᠤ ᠮᠢᠨᠦ᠋ᠲᠨᠢ ᠴᠤ ᠪᠠᠭᠠᠰᠴᠤ ᠨᠢᠷᠤᠭᠤ ᠨᠠᠮ ᠴᠤ ᠪᠠᠳᠠᠷᠢᠭᠤᠨ ᠬᠦᠴᠦᠲᠡᠢ ᠮᠠᠯᠢᠺ ᠷᠡᠦᠵᠡ ᠪᠡᠷ ᠶᠡᠬᠡᠩᠬᠢ ᠳᠦ ᠪᠡᠨ ᠰᠣᠯᠢᠭᠳᠠᠬᠤ ᠪᠣᠯᠵᠠᠢ᠃ ᠶᠡᠷᠦ ᠳᠡᠭᠡᠨ ᠡᠨᠡ ᠪᠢᠴᠢᠬᠠᠨ ᠥᠭᠡᠷᠡᠴᠢᠯᠡᠯᠲᠡ ᠬᠢᠭᠳᠡᠭᠰᠡᠨ ᠴᠤ ᠰᠫᠦ᠋ᠷᠰ ᠲᠡᠷᠡ ᠤᠯᠠᠷᠢᠯ ᠳᠤ ᠪᠠᠨ 58 ᠢᠯᠠᠭᠰᠠᠨ ᠪᠠ ᠮᠥᠨ ᠫᠣᠯᠢᠺᠠᠷᠫᠣᠪ ᠶᠢᠨ 2 ᠍ ᠳᠠᠬᠢ ᠲᠣᠭᠣᠷᠢᠭ ᠲᠤ ᠪᠠᠨ ᠯᠧᠢᠺᠧᠷᠰ ᠦᠨ ᠡᠮᠦᠨ᠎ᠡ ᠳᠠᠬᠢᠨ ᠪᠦᠳᠦᠷᠢᠭᠰᠡᠨ ᠶᠤᠮ᠃ ᠡᠬᠢᠨ ᠦ ЛА ᠍ ᠳᠦ ᠪᠣᠯᠤᠭᠰᠠᠨ ᠲᠣᠭᠯᠠᠯᠲᠠᠨ ᠳᠤ ᠬᠣᠵᠢᠯ ᠠᠪᠴᠤ ᠴᠢᠳᠠᠭᠰᠠᠨ ᠴᠤ ᠲᠠᠯᠠᠪᠠᠢ ᠳᠡᠭᠡᠷᠡᠬᠢ 2 ᠲᠣᠭᠯᠠᠲᠠᠨ ᠳᠤ ᠪᠠᠨ ᠢᠯᠠᠭᠳᠠᠯ ᠬᠦᠯᠢᠶᠡᠭᠰᠡᠨ ᠢᠶᠡᠷ ᠲᠡᠷᠡ ᠤᠯᠠᠷᠢᠯ ᠢᠶᠠᠨ ᠳᠠᠭᠤᠰᠬᠠᠵᠠᠢ᠃

ᠲᠢᠮ ᠢ ᠥᠪᠡᠷᠦᠬ ᠨᠢ ᠠᠪᠤᠭᠰᠠᠨ ᠱᠠᠩᠨᠠᠯ ᠤᠳ ᠨᠢ ᠯᠠ ᠪᠠᠭ᠎ᠠ ᠵᠡᠷᠭᠡ ᠲᠠᠶᠢᠳᠬᠤᠷᠠᠭᠤᠯᠤᠭᠰᠠᠨ ᠭᠡᠳᠡᠭ᠃ ᠲᠡᠷᠡ ᠤᠯᠠᠷᠢᠯ ᠳᠤ ᠪᠠᠨ ᠲᠢᠮ 25.5 ᠣᠨᠣᠭ᠎ᠠ ᠳᠤᠮᠳᠠᠵᠢᠯᠵᠤ᠂ ᠯᠢᠭ ᠢ ᠰᠠᠮᠪᠠᠷ᠎ᠠ ᠠᠴᠠ ᠪᠥᠮᠪᠥᠭᠡ ᠠᠪᠤᠯᠲᠠ , ᠣᠨᠣᠪᠴᠢᠲᠠᠢ ᠳᠣᠪᠲᠣᠯᠭ᠎ᠠ , ᠴᠢᠯᠦᠭᠡᠲᠦ ᠰᠢᠳᠡᠯᠲᠡ ᠰᠢᠳᠡᠭᠰᠡᠨ ᠲᠣᠭ᠎ᠠ ᠵᠡᠷᠭᠡ ᠪᠡᠷ ᠢᠶᠡᠨ ᠲᠡᠷᠢᠭᠦᠯᠡᠭᠰᠡᠨ ᠪᠠ ᠤᠯᠠᠷᠢᠯ ᠤᠨ ᠦᠨ᠎ᠡ ᠴᠡᠨ᠎ᠡ ᠲᠡᠢ ᠲᠣᠭᠯᠠᠭᠴᠢ ᠪᠤᠶᠤ МВП ᠬᠦᠷᠢᠲᠦᠵᠡᠢ᠃ ᠲᠢᠮ ᠥᠪᠡᠷᠦᠬ ᠨᠢ ᠪᠠᠭ ᠨᠢ ᠥᠪᠡᠷᠰᠡᠳ ᠦᠨ ᠬᠦᠷᠢᠵᠢ ᠴᠢᠳᠠᠬᠤ ᠪᠣᠯᠤᠮᠵᠢᠨ ᠳᠤ ᠪᠠᠨ ᠬᠦᠷᠲᠡᠯ᠎ᠡ ᠲᠣᠭᠯᠠᠵᠤ ᠴᠢᠳᠠᠬᠤ ᠦᠭᠡᠢ ᠪᠠᠶᠢᠭ᠎ᠠ ᠭᠡᠳᠡᠭ ᠲᠦ ᠢᠲᠡᠭᠡᠭᠰᠡᠭᠡᠷ ᠯᠠ ᠪᠠᠶᠢᠪᠠ᠃

2002-2003 ᠣᠨ ᠤ ᠤᠯᠠᠷᠢᠯ ᠳᠤ ᠰᠫᠦ᠋ᠷᠰ ᠤᠨ ᠳᠣᠮᠣᠭᠲᠤ ᠲᠣᠭᠯᠠᠭᠴᠢ ᠠᠳᠮᠢᠷᠠᠯ ᠬᠥᠴᠢ ᠳᠦ ᠳᠧᠸᠢᠳ ᠷᠣᠪᠢᠩᠰᠠᠨ ᠲᠡᠭᠦᠨ ᠦ ᠰᠡᠭᠦᠯᠴᠢ ᠶᠢᠨ ᠵᠢᠯ ᠪᠠᠶᠢᠬᠤ ᠪᠣᠯᠤᠨ᠎ᠠ ᠭᠡᠳᠡᠭ ᠢᠶᠡᠨ ᠵᠠᠷᠯᠠᠯ᠎ᠠ᠃ ᠳᠧᠸᠢᠳ ᠳᠠᠬᠢᠨ ᠠᠪᠤᠷᠭᠤ ᠠᠪᠬᠤ ᠶᠢ ᠦᠨᠡᠬᠡᠷ ᠶᠡᠬᠡ ᠬᠦᠰᠡᠵᠦ ᠪᠠᠶᠢᠭᠰᠠᠨ ᠪᠠ ᠲᠢᠮ ᠢ ᠠᠪᠤᠷᠭᠤ ᠶᠢᠨ ᠲᠢᠲᠢᠮ ᠬᠦᠷᠲᠡᠬᠦ ᠲᠡᠷᠡ ᠵᠣᠭᠰᠣᠭᠠᠯ ᠷᠤ ᠲᠡᠭᠦᠨ ᠢ ᠠᠪᠠᠴᠢᠵᠤ ᠴᠢᠳᠠᠨ᠎ᠠ ᠭᠡᠳᠡᠭ ᠲᠦ ᠢᠲᠡᠭᠡᠵᠦ ᠪᠠᠶᠢᠪᠠ᠃ ᠫᠣᠫᠣᠸᠢᠴ ᠲᠡᠷᠡ ᠤᠯᠠᠷᠢᠯ ᠳᠤ ᠪᠠᠨ ᠪᠠᠭ ᠤᠨ ᠲᠣᠭᠯᠠᠭᠴᠢᠳ ᠤᠨ ᠮᠢᠨᠦ᠋ᠲ ᠢ ᠰᠢᠨ᠎ᠡ ᠪᠡᠷ ᠬᠤᠪᠢᠶᠠᠷᠢᠯᠠᠭᠰᠠᠨ ᠪᠠ ᠠᠳᠮᠢᠷᠠᠯ ᠢ ᠶᠡᠬᠡᠩᠬᠢ ᠳᠦ ᠪᠡᠨ ᠠᠮᠠᠷᠠᠭᠠᠵᠤ ᠬᠠᠷᠢᠨ ᠪᠣᠸᠧᠨ , ᠰᠲ᠋ᠧᠹᠣᠨ ᠵᠧᠺᠰᠣᠨ , ᠷᠣᠦᠽ , ᠮᠠᠨᠤ ᠵᠢᠨᠣᠪᠢᠯᠢ ᠭ ᠤᠨ ᠲᠣᠭᠯᠠᠬᠤ ᠮᠢᠨᠦ᠋ᠲ ᠢ ᠶᠡᠬᠡᠰᠬᠡᠵᠡᠢ᠃ ᠵᠠᠯᠠᠭᠤᠬᠠᠨ ᠬᠣᠯᠪᠣᠨ ᠲᠣᠭᠯᠠᠭᠴᠢ ᠫᠠᠷᠺᠧᠷ ᠴᠤ ᠣᠭᠴᠣᠮ ᠰᠠᠶᠢᠵᠢᠷᠠᠭᠰᠠᠨ ᠪᠠ ᠥᠪᠡᠷ ᠦᠨ ᠢᠶᠡᠨ ᠠᠵᠢᠯ ᠢ ᠲᠤᠩ ᠰᠠᠶᠢᠨ ᠬᠢᠵᠦ ᠲᠣᠭᠯᠠᠯᠲᠠᠨ ᠳᠤ ᠳᠤᠮᠳᠠᠴᠢ ᠪᠠᠷ 15 ᠍ ᠠᠴᠠ ᠢᠯᠡᠭᠦᠦ ᠣᠨᠣᠭ᠎ᠠ ᠠᠪᠳᠠᠭ ᠪᠣᠯᠪᠠ᠃ ᠰᠫᠦ᠋ᠷᠰ ᠲᠡᠷᠡ ᠤᠯᠠᠷᠢᠯ ᠳᠤ ᠪᠠᠨ 60-22 ᠭᠡᠰᠡᠨ ᠠᠮᠵᠢᠯᠲᠠ ᠲᠠᠢ ᠪᠠᠷ ᠲᠤᠩ ᠥᠩᠭᠡᠯᠢᠭ ᠤᠯᠠᠷᠢᠯ ᠢ ᠳᠠᠭᠤᠰᠬᠠᠯ᠎ᠠ᠃ ᠣᠳᠣ ᠫᠣᠯᠢᠺᠠᠷᠫᠣᠪ ᠲᠡᠳᠡᠨ ᠦ ᠳᠠᠷᠤᠭ᠎ᠠ ᠶᠢᠨ ᠵᠠᠮ ....

ᠲᠢᠮ ᠴᠤ ᠬᠦᠷᠲᠡᠬᠦ ᠶᠣᠰᠣᠲᠠᠢ ᠭᠠᠪᠢᠶ᠎ᠠ ᠶᠢ ᠪᠠᠨ ᠬᠦᠷᠲᠡᠵᠦ 2 ᠍ ᠳᠠᠬᠢ ᠳᠠᠷᠠᠭᠠᠯᠠᠭᠰᠠᠨ ᠤᠯᠠᠷᠢᠯ ᠤᠨ ᠦᠨ᠎ᠡ ᠴᠡᠨ᠎ᠡ ᠲᠡᠢ ᠲᠣᠭᠯᠠᠭᠴᠢ ᠪᠣᠯᠤᠭᠰᠠᠨ ᠪᠠ ᠳᠤᠮᠳᠠᠴᠢ ᠪᠠᠷ 23.3 ᠣᠨᠣᠭ᠎ᠠ 12.9 ᠷᠧᠪ 3.9 ᠳᠠᠮᠵᠢᠭᠤᠯᠤᠯᠲᠠ ᠭᠡᠰᠡᠨ ᠦᠵᠡᠭᠦᠯᠦᠯᠲᠡ ᠲᠡᠢ ᠪᠡᠷ ᠲᠡᠷᠡ ᠤᠯᠠᠷᠢᠯ ᠢᠶᠠᠨ ᠳᠠᠭᠤᠰᠬᠠᠵᠠᠢ᠃ ᠲᠢᠮ ᠢ МВП ᠠᠪᠬᠤ ᠳᠤ ᠵᠠᠷᠢᠮ ᠬᠦᠮᠦᠰ ᠨᠶᠵᠧᠷᠰᠢ ᠨᠧᠲ᠋ᠰ ᠦᠨ ᠵᠧᠢ=ᠰᠠᠨ ᠬᠢᠳ ᠲᠤ ᠬᠦᠷᠲᠡᠬᠦ ᠶᠣᠰᠣᠲᠠᠢ ᠪᠠᠶᠢᠭᠰᠠᠨ ᠬᠡᠮᠡᠨ ᠮᠡᠳᠬᠡᠵᠦ ᠪᠠᠶᠢᠭᠰᠠᠨ ᠴᠤ ᠴᠤᠬᠤᠮ ᠵᠥᠪ ᠬᠦᠮᠦᠨ ᠨᠢ ᠠᠪᠤᠭᠰᠠᠨ ᠭᠡᠳᠡᠭ ᠢ ᠲᠡᠷᠡ ᠵᠢᠯ ᠦᠨ ᠹᠢᠨᠠᠯ ᠤᠨ ᠲᠣᠭᠯᠠᠯᠲᠠᠨ ᠳᠤ ᠲᠢᠮ ᠪᠠᠲᠤᠯᠠᠨ ᠬᠠᠷᠠᠭᠤᠯᠵᠤ ᠴᠢᠳᠠᠭᠰᠠᠨ ᠶᠤᠮ᠃ ᠫᠣᠯᠢᠺᠠᠷᠫᠣᠪ ᠤᠨ ᠬᠦᠨᠳᠦ ᠬᠡᠴᠡᠭᠦᠦ ᠲᠤᠯᠤᠭᠠᠨ ᠨᠤᠭᠤᠳ ᠢ ᠬᠢᠵᠦ ᠲᠡᠷᠡ ᠦᠶ᠎ᠡ ᠶᠢᠨ ᠯᠢᠭ ᠦᠨ ᠬᠠᠮᠤᠭ ᠤᠨ ᠧᠯᠢᠲ ᠪᠠᠭ ᠤᠳ ᠪᠣᠯᠬᠤ ᠰᠠᠩᠰᠠ , ᠮᠠᠸᠷᠢᠺᠰ , ᠯᠧᠢᠺᠧᠷᠰ ᠢ ᠳᠠᠷᠠᠭᠠᠯᠠᠨ ᠪᠠᠭᠤᠯᠭᠠᠨ ᠠᠪᠤᠭᠰᠠᠨ ᠤ ᠳᠠᠷᠠᠭ᠎ᠠ ᠯᠢᠭ ᠦᠨ ᠠᠪᠤᠷᠭᠤ ᠶᠢᠨ ᠲᠥᠯᠦᠭᠡᠬᠢ ᠲᠤᠯᠤᠭᠠᠨ ᠳᠤ 2 ᠍ ᠳᠠᠬᠢ ᠵᠢᠯ ᠳᠤ ᠪᠡᠨ ᠳᠠᠷᠠᠭᠠᠯᠠᠨ ᠦᠯᠡᠳᠡᠭᠡᠳ ᠪᠠᠶᠢᠭᠰᠠᠨ ᠲᠣᠷ ᠨᠤᠭᠤᠳ ᠢ ᠲᠢᠮ ᠦᠨ ᠬᠦᠴᠦᠷᠬᠡᠭ ᠲᠣᠭᠯᠠᠯᠲᠠ ᠪᠠᠷ ᠪᠠᠭᠤᠯᠭᠠᠨ ᠠᠪᠤᠭᠰᠠᠨ ᠢᠶᠠᠷ ᠲᠢᠮ ᠥᠪᠡᠷ ᠦᠨ ᠢᠶᠡᠨ ᠪᠣᠯᠤᠨ ᠪᠠᠭ ᠤᠨ ᠲᠡᠦᠬᠡᠨ ᠳ᠋ᠡᠬᠢ 2 ᠍ ᠳᠠᠬᠢ ᠠᠪᠤᠷᠭᠤ ᠶᠢᠨ ᠪᠥᠭᠡᠵᠢ ᠪᠡᠨ ᠡᠶᠢᠨᠬᠦᠦ ᠬᠦᠷᠢᠲᠦᠵᠡᠢ᠃ ᠰᠡᠭᠦᠯ ᠦᠨ ᠰᠢᠢᠳᠪᠦᠷᠢᠯᠡᠬᠦ 6 ᠍ ᠳᠠᠬᠤ ᠲᠣᠭᠯᠠᠯᠲᠠᠨ ᠳᠤ ᠲᠢᠮ NBA ᠍ ᠭ ᠤᠨ ᠹᠢᠨᠠᠯ ᠤᠨ ᠷᠧᠺᠣᠷᠳ᠋ ᠪᠣᠯᠬᠤ 8 ᠍ ᠶᠢᠨ ᠪᠯᠣᠺ ᠱᠣᠲ ᠢ ᠭᠦᠢᠴᠡᠳᠭᠡᠭᠰᠡᠨ ᠡᠴᠡ ᠭᠠᠳᠠᠨ᠎ᠠ ᠪᠠᠷᠤᠭ ᠯᠠ quoadrable double ᠪᠤᠶᠤ 4 ᠍ ᠶᠢᠨ ᠦᠵᠡᠭᠦᠯᠦᠯᠲᠡ 10 ᠍ ᠠᠴᠠ ᠳᠡᠭᠡᠭᠰᠢ ᠭᠠᠷᠬᠤ ᠦᠵᠡᠭᠦᠯᠦᠯᠲᠡ ᠬᠢᠬᠦ ᠰᠢᠬᠠᠭᠰᠠᠨ ᠢ ᠲᠠ ᠪᠦᠭᠦᠳᠡ ᠰᠠᠶᠢᠨ ᠮᠡᠳᠡᠬᠦ ᠪᠢᠯᠡ᠃ ᠲᠢᠮ ᠴᠤᠪᠤᠷᠠᠯ ᠲᠣᠭᠯᠠᠯᠲᠠᠨ ᠳᠤ 32 ᠣᠨᠣᠭ᠎ᠠ ᠳᠤᠮᠳᠠᠵᠢᠯᠵᠤ ᠮᠥᠨ ᠡᠷᠡᠭᠡᠯᠵᠡᠭᠡ ᠦᠭᠡᠢ ᠪᠡᠷ 2 ᠍ ᠳᠠᠬᠢ ᠤᠳᠤᠭ᠎ᠠ ᠪᠠᠨ ᠹᠢᠨᠠᠯ ᠤᠨ ᠦᠨ᠎ᠡ ᠴᠡᠨ᠎ᠡ ᠲᠡᠢ ᠲᠣᠭᠯᠠᠭᠴᠢ ᠪᠠᠷ ᠳᠠᠬᠢᠨ ᠰᠢᠯᠭᠠᠷᠠᠭᠰᠠᠨ ᠶᠤᠮ᠃

ᠳᠠᠷᠠᠭ᠎ᠠ ᠵᠢᠯ ᠨᠢ ᠬᠡᠳᠦᠢ ᠠᠯᠳᠠᠷᠲᠤ ᠢᠬᠡᠷ᠎ᠡ ᠴᠠᠮᠬᠠᠭ ᠤᠨ ᠡᠷᠡᠨ ᠦᠶ᠎ᠡ ᠳᠠᠭᠤᠰᠤᠭᠠᠳ ᠪᠠᠶᠢᠭᠰᠠᠨ ᠴᠤ ᠰᠫᠦ᠋ᠷᠰ ᠠᠪᠤᠷᠭᠤ ᠪᠠᠭ ᠤᠨ ᠲᠣᠭᠯᠠᠯᠲᠠ ᠪᠠᠨ ᠲᠢᠮ ᠦᠨ ᠠᠴᠢ ᠪᠠᠷ ᠦᠵᠡᠭᠦᠯᠦᠭᠰᠡᠭᠡᠷ ᠪᠠᠶᠢᠯ᠎ᠠ᠃ ᠰᠡᠭᠦᠯ ᠦᠨ 10 ᠍ ᠶᠢᠨ ᠲᠣᠭᠯᠠᠯᠲᠠᠨ ᠳᠤ ᠪᠠᠨ ᠳᠠᠷᠠᠭᠠᠯᠠᠨ ᠢᠯᠠᠭᠰᠠᠨ ᠢᠶᠠᠷ ᠫᠣᠯᠢᠺᠠᠷᠫᠣᠪ ᠳᠦ ᠦᠯᠡᠳᠡᠵᠦ , ᠲᠡᠷᠡ ᠤᠯᠠᠷᠢᠯ ᠳᠤ ᠪᠠᠨ ᠲᠢᠮ 22.3 ᠣᠨᠣᠭ᠎ᠠ , ᠰᠠᠮᠪᠠᠷ᠎ᠠ ᠠᠴᠠ ᠪᠥᠮᠪᠥᠭᠡ ᠠᠪᠤᠯᠲᠠ ᠪᠠᠷ ᠯᠢᠭ ᠳᠦ ᠲᠡᠷᠡ ᠵᠢᠯ ᠦᠨ МЮП ᠪᠣᠯᠤᠭᠰᠠᠨ ᠺᠧᠸᠢᠨ ᠭᠠᠷᠨᠡᠲ ᠲᠦ ᠦᠨ ᠳᠠᠷᠠᠭ᠎ᠠ ᠪᠠᠷ ᠣᠷᠣᠵᠠᠢ᠃ ᠷᠣᠪᠢᠩᠰᠠᠨ ᠤ ᠣᠷᠣ ᠶᠢ ᠵᠠᠯᠭᠠᠬᠤ ᠪᠠᠷ ᠰᠯᠣᠸᠧᠨ ᠲᠣᠭᠯᠠᠭᠴᠢ ᠪᠠᠰᠠ ᠨᠢᠭᠡᠨ 7 ᠍ ᠶᠢᠨ ᠹᠦᠲ ᠥᠨᠳᠥᠷ ᠲᠡᠢ ᠷᠠᠰᠣ ᠨᠧᠰᠲ᠋ᠧᠷᠣᠸᠢᠴ , ᠪᠠᠷᠤᠭ ᠯᠠ ᠠᠪᠤᠷᠭᠤ ᠶᠢᠨ ᠪᠥᠭᠡᠵᠢ ᠶᠢᠨ ᠳᠠᠯᠠᠯᠭ᠎ᠠ ᠠᠪᠬᠠᠭᠤᠯᠤᠭᠰᠠᠨ ᠮᠡᠲᠦ ᠠᠵᠠ ᠲᠠᠢ ᠪᠥᠭᠡᠳ ᠬᠡᠶᠢᠮᠣᠷᠢ ᠲᠠᠢ ᠬᠤᠪᠢ ᠵᠠᠶᠠᠭ᠎ᠠ ᠲᠠᠢ ᠲᠤᠷᠰᠢᠯᠭ᠎ᠠ ᠲᠠᠢ ᠲᠣᠭᠯᠠᠭᠴᠢ ᠷᠣᠪᠧᠷᠲ ᠣᠷᠣᠷᠢ ᠨᠠᠷ ᠢ ᠪᠠᠭᠲᠠᠭ᠎ᠠ ᠰᠢᠨ᠎ᠡ ᠪᠡᠷ ᠨᠢᠭᠡᠳᠬᠡᠭᠡᠳ ᠪᠠᠶᠢᠪᠠ᠃ ᠲᠡᠷᠡ ᠵᠢᠯ ᠦᠨ ᠫᠣᠯᠢᠺᠠᠷᠫᠣᠪ ᠳᠦ ᠨᠢᠯᠬ᠎ᠠ ᠪᠠᠭ ᠪᠣᠯᠬᠤ ᠮᠧᠮᠹᠢᠰ ᠢ ᠱᠦᠭᠦᠷᠳᠡᠭᠰᠡᠨ ᠪᠣᠯᠪᠠᠴᠤ 2 ᠍ ᠳᠦᠭᠡᠷ ᠲᠣᠭᠣᠷᠢᠭ ᠲᠤ ᠪᠠᠨ ᠮᠥᠩᠬᠡ ᠶᠢᠨ ᠥᠷᠢᠰᠦᠯᠳᠦᠭᠴᠢᠳ ᠭᠡᠵᠦ ᠬᠡᠯᠡᠵᠦ ᠪᠣᠯᠬᠤ ᠲᠡᠷᠡ ᠵᠢᠯ ᠳᠤ ᠪᠡᠨ ᠠᠪᠤᠷᠭᠤ ᠠᠪᠬᠤ ᠶᠢᠨ ᠲᠤᠯᠠᠳᠠ ᠬᠦᠮᠦᠨ ᠠᠯᠠᠬᠤ ᠠᠴᠠ ᠴᠤ ᠪᠤᠴᠠᠬᠤ ᠦᠭᠡᠢ ᠪᠣᠯᠤᠭᠰᠠᠨ ᠳᠣᠮᠣᠭᠲᠤ ᠲᠣᠭᠯᠠᠭᠴᠢ ᠺᠠᠷᠯ ᠮᠧᠯᠦᠨ , ᠪᠡᠭᠡᠯᠡᠢ ᠬᠥᠴᠢ ᠳᠦ ᠭᠠᠷᠷᠢ ᠫᠧᠲ᠋ᠣᠨ ᠨᠠᠷ ᠢ ᠡᠩᠨᠡᠭᠡᠨ ᠳᠦ ᠪᠡᠨ ᠨᠢᠭᠡᠳᠬᠡᠭᠰᠡᠨ ᠯᠧᠢᠺᠧᠷᠰ ᠴᠤᠳ ᠲᠦ ᠬᠠᠷᠠᠮᠰᠠᠯᠲᠠᠢ ᠪᠠᠷ ᠬᠣᠵᠢᠭᠳᠠᠵᠠᠢ᠃ ᠯᠧᠢᠺᠧᠷᠰ ᠦᠨ ᠬᠣᠵᠢᠯ ᠤᠨᠳ ᠲᠤ ᠳᠧᠷᠧᠺ ᠹᠢᠱᠧᠷ ᠤᠨ 4 ᠍ ᠶᠢᠨ ᠳᠣᠯᠢ ᠳᠤ ᠰᠢᠳᠡᠭᠰᠡᠨ ᠢᠲᠡᠭᠡᠮᠡᠷ ᠦᠭᠡᠢ ᠰᠢᠳᠡᠯᠲᠡ ᠣᠷᠣᠵᠤ ᠪᠠᠶᠢᠭᠰᠠᠨ ᠢ ᠲᠠ ᠪᠦᠬᠦᠨ ᠰᠠᠶᠢᠨ ᠰᠠᠨᠠᠵᠤ ᠪᠤᠢ ᠪᠢᠵᠡ ᠪᠡᠨ᠃ ᠲᠡᠷᠡ ᠵᠢᠯ ᠦᠨ ᠢᠶᠡᠨ ᠠᠪᠤᠷᠭᠤ ᠶᠢᠨ ᠲᠥᠯᠦᠭᠡᠬᠢ ᠲᠣᠭᠯᠠᠯᠲᠠᠨ ᠳᠤ ᠳᠡᠩᠳᠡᠭᠦᠦ ᠬᠦᠴᠦᠷᠬᠡᠭ ᠯᠧᠢᠺᠧᠷᠰ ᠢ ᠨᠢᠭᠡ ᠴᠤ ᠰᠤᠫᠧᠷ ᠣᠳᠣ ᠦᠭᠡᠢ ᠯᠷᠷᠢ ᠪᠷᠠᠤᠨ ᠤ ᠪᠦᠯᠢᠭᠦᠷ ᠦᠳ ᠬᠡᠷᠬᠢᠨ ᠭᠠᠶᠢᠬᠠᠯᠲᠠᠢ ᠬᠣᠵᠢᠬᠤ ᠶᠢ ᠲᠢᠮ ᠬᠠᠷᠠᠵᠤ ᠰᠠᠭᠤᠬᠤ ᠳᠤ ᠪᠠᠨ ᠴᠤᠬᠤᠮ ᠳᠠᠷᠠᠭ᠎ᠠ ᠵᠢᠯ ᠢ ᠤᠷᠢᠳᠴᠢᠯᠠᠨ ᠬᠠᠷᠠᠭᠰᠠᠨ ᠮᠡᠲᠦ ᠪᠦᠯᠢᠭᠦᠷ ᠦᠨ ᠡᠰᠡᠷᠬᠦ ᠶᠠᠭᠠᠬᠢᠵᠤ ᠲᠣᠭᠯᠠᠪᠠᠯ ᠵᠣᠬᠢᠯᠲᠠᠢ ᠶᠢ ᠲᠤᠩᠭᠠᠵᠤ ᠰᠠᠭᠤᠭᠰᠠᠨ ᠭᠡᠳᠡᠭ᠃ ᠰᠫᠦ᠋ᠷᠰ ᠳᠠᠬᠢᠭᠠᠳ ᠨᠢᠭᠡ ᠵᠢᠯ ᠬᠦᠯᠢᠶᠡᠬᠦ ᠬᠡᠷᠡᠭ ᠭᠠᠷᠤᠯ᠎ᠠ᠃

ᠳᠠᠷᠠᠭ᠎ᠠ ᠵᠢᠯ ᠨᠢ ᠵᠠᠨᠤᠯᠲᠤ ᠥᠷᠢᠰᠦᠯᠳᠦᠭᠴᠢ ᠪᠣᠯᠬᠤ ᠯᠧᠢᠺᠧᠷᠰ ᠦᠨ ᠭᠣᠣᠯ ᠲᠣᠭᠯᠠᠭᠴᠢ ᠱᠠᠺᠢᠯ ᠣᠨᠢᠯᠠ ᠳᠣᠷᠣᠨᠠᠲᠤ ᠪᠥᠰᠡ ᠷᠦᠦ ᠶᠠᠪᠤᠵᠤ , ᠺᠣᠪᠧ ᠪᠷᠠᠶᠢᠨᠲ ᠬᠦᠴᠦᠩ ᠦᠨ ᠬᠡᠷᠡᠭ ᠲᠦ ᠬᠣᠯᠪᠣᠭᠳᠠᠵᠤ ᠲᠤᠩ ᠪᠠᠷᠠᠭᠠᠨ ᠮᠡᠳᠡᠭᠡ ᠪᠡᠷ ᠳᠦᠭᠦᠷᠡᠩ ᠪᠠᠶᠢᠭᠰᠠᠨ ᠨᠢ ᠯᠧᠢᠺᠧᠷᠰ ᠢ ᠠᠪᠤᠷᠭᠤ ᠶᠢᠨ ᠲᠥᠯᠦᠭᠡᠬᠢ ᠥᠷᠢᠰᠦᠯᠳᠦᠭᠡᠨ ᠡᠴᠡ ᠬᠠᠰᠤᠭᠰᠠᠨ ᠪᠠ ᠡᠨᠡ ᠨᠢ ᠴᠤ ᠰᠫᠦ᠋ᠷᠰ ᠤᠨ ᠬᠤᠪᠢ ᠳᠤ ᠰᠠᠶᠢᠬᠠᠨ ᠳᠠᠯᠢᠮ ᠪᠣᠯᠤᠭᠠᠳ ᠪᠠᠶᠢᠯ᠎ᠠ᠃ ᠲᠢᠮ ᠴᠤ ᠮᠡᠳᠡᠭᠡᠵᠢ ᠶᠢᠨ ᠬᠡᠷᠡᠭ 20 ᠣᠨᠣᠭ᠎ᠠ 10 ᠍ ᠶᠢᠨ ᠷᠧᠪ ᠭᠡᠰᠡᠨ ᠦᠵᠡᠭᠦᠯᠦᠯᠲᠡ ᠪᠡᠨ ᠣᠷᠣᠢ ᠪᠣᠯᠭᠠᠨ ᠦᠵᠡᠭᠦᠯᠵᠦ , ᠰᠡᠯᠭᠦᠭᠡᠨ ᠡᠴᠡ ᠮᠠᠨᠤ ᠭ ᠤᠨ ᠭᠠᠶᠢᠬᠠᠯᠲᠠᠢ ᠲᠣᠭᠯᠠᠯᠲᠠ ᠬᠦᠮᠦᠨ ᠪᠦᠬᠦᠨ ᠢ ᠭᠠᠶᠢᠬᠠᠰᠢᠷᠠᠭᠤᠯᠵᠤ ᠪᠠᠶᠢᠪᠠ᠃ ᠰᠫᠦ᠋ᠷᠰ ᠰᠢᠨ᠎ᠡ ᠪᠡᠷ ᠲᠥᠪ ᠦᠨ ᠲᠣᠭᠯᠠᠭᠴᠢ ᠨᠠᠵᠠᠷ ᠮᠣᠬᠣᠮᠧᠳ , ᠲᠤᠷᠰᠢᠯᠭ᠎ᠠ ᠲᠠᠢ ᠬᠣᠯᠠ ᠶᠢᠨ ᠵᠠᠢ ᠶᠢᠨ ᠮᠡᠷᠭᠡᠨ ᠪᠤᠤᠴᠢ ᠪᠷᠧᠨᠲ ᠪᠧᠷᠷᠢ ᠨᠠᠷᠠ ᠪᠠᠷ ᠡᠩᠨᠡᠭᠡ ᠪᠡᠨ ᠵᠤᠵᠠᠭᠠᠳᠬᠠᠵᠤ , ᠲᠣᠨᠢ ᠫᠠᠷᠺᠧᠷ ᠤᠨ ᠳᠣᠪᠲᠣᠯᠭᠠᠨ ᠤ ᠴᠢᠳᠠᠪᠤᠷᠢ ᠤᠯᠠᠮ ᠰᠠᠶᠢᠵᠢᠷᠠᠵᠤ , ᠪᠷᠢᠶᠦ᠋ᠰ ᠪᠣᠸᠧᠨ 2 ᠍ ᠳᠠᠬᠢ ᠵᠢᠯ ᠳᠤ ᠪᠡᠨ ᠳᠠᠷᠠᠭᠠᠯᠠᠨ ᠪᠦᠬᠦ ᠠᠮᠧᠷᠢᠺᠠ ᠶᠢᠨ ᠬᠠᠮᠠᠭᠠᠯᠠᠯᠲᠠ ᠶᠢᠨ 1 ᠍ ᠳᠦᠭᠡᠷ ᠪᠠᠭ ᠲᠤ ᠪᠢᠴᠢᠭᠳᠡᠭᠡᠳ ᠪᠠᠶᠢᠪᠠ᠃ ᠰᠫᠦ᠋ᠷᠰ ᠲᠡᠷᠡ ᠤᠯᠠᠷᠢᠯ ᠳᠤ ᠪᠠᠨ 59 ᠢᠯᠠᠭᠰᠠᠨ ᠪᠠ ᠭᠡᠷ ᠲᠦ ᠪᠡᠨ ᠪᠠᠷᠤᠭ ᠯᠠ ᠢᠯᠠᠭᠳᠠᠭ᠎ᠠ ᠦᠭᠡᠢ ᠪᠤᠶᠤ 3 ᠍ ᠬᠠᠨ ᠢᠯᠠᠭᠳᠠᠭᠰᠠᠨ ᠰᠠᠶᠢᠬᠠᠨ ᠠᠮᠵᠢᠯᠲᠠ ᠲᠠᠢ ᠪᠠᠷ ᠥᠨᠳᠥᠷᠯᠡᠵᠡᠢ᠃ ᠰᠫᠦ᠋ᠷᠰ ᠪᠦᠬᠦ ᠯᠠ ᠲᠠᠯ᠎ᠠ ᠶᠢᠨ ᠲᠣᠭᠯᠠᠯᠲᠠ ᠲᠠᠢ ᠪᠠᠶᠢᠪᠠ , ᠲᠡᠳᠡ ᠭᠠᠳᠠᠨ᠎ᠠ ᠳᠣᠲᠣᠨᠣ᠎ᠠ ᠦᠭᠡᠢ ᠴᠢᠳᠠᠪᠤᠷᠢᠯᠢᠭ ᠣᠨᠣᠭ᠎ᠠ ᠠᠪᠴᠤ , ᠡᠰᠡᠷᠬᠦ ᠪᠠᠭ᠎ᠠ ᠪᠠᠨ ᠭᠠᠳᠠᠨ᠎ᠠ ᠳᠣᠲᠣᠨᠣ᠎ᠠ ᠦᠭᠡᠢ ᠬᠦᠴᠦᠷᠬᠡᠭ ᠬᠠᠮᠠᠭᠠᠯᠠᠯᠲᠠ ᠪᠠᠷ ᠢᠶᠠᠨ ᠨᠢᠴᠤᠭᠠᠵᠤ ᠪᠠᠶᠢᠯ᠎ᠠ᠃ ᠫᠣᠯᠢᠺᠠᠷᠫᠣᠪ ᠳᠦ ᠮᠡᠳᠡᠭᠡᠵᠢ ᠲᠡᠳᠡ ᠠᠪᠤᠷᠭᠤ ᠠᠪᠬᠤ ᠪᠦᠬᠦ ᠯᠠ ᠵᠦᠢᠯ ᠢᠶᠡᠨ ᠬᠠᠩᠭᠠᠭᠰᠠᠨ ᠶᠣᠰᠣᠲᠠᠢ ᠯᠠ ᠤᠶᠠᠭ᠎ᠠ ᠨᠢ ᠣᠷᠣᠭᠰᠠᠨ ᠮᠣᠷᠢ ᠮᠡᠲᠦ ᠯᠠ ᠲᠦᠭᠦᠬᠡᠯᠵᠡᠵᠦ ᠪᠠᠶᠢᠪᠠ᠃

ᠪᠠᠷᠠᠭᠤᠨ ᠪᠥᠰᠡ ᠦᠨ ᠡᠬᠢᠨ ᠦ ᠲᠣᠭᠣᠷᠢᠭ ᠲᠤ ᠭᠡᠨᠡᠳᠲᠡ ᠶᠢᠨ ᠪᠡᠯᠡᠭ ᠪᠠᠷᠢᠵᠤ ᠮᠡᠳᠡᠬᠦ ᠠᠶᠤᠯᠲᠠᠢ ᠳᠧᠨᠸᠧᠷ ᠴᠦᠳ ᠲᠡᠢ ᠲᠠᠭᠠᠷᠠᠭᠰᠠᠨ ᠪᠠ 5 ᠍ ᠶᠢᠨ ᠲᠣᠭᠯᠠᠯᠲᠠᠨ ᠳᠤ ᠬᠢᠯᠪᠠᠷᠬᠠᠨ ᠪᠠᠭᠤᠯᠭᠠᠵᠤ ᠠᠪᠤᠪᠠ᠃ ᠳᠠᠷᠠᠭᠠᠭ ᠤᠨ ᠲᠣᠭᠣᠷᠢᠭ ᠲᠤ ᠲᠡᠷᠡ ᠵᠢᠯ ᠢᠶᠡᠨ ᠱᠤᠤᠭᠢᠶᠠᠨ ᠲᠠᠷᠢᠵᠤ ᠪᠠᠶᠢᠭᠰᠠᠨ ᠰᠶᠠᠲ᠋ᠯ ᠰᠤᠫᠧᠷᠰᠣᠨᠢᠺᠰ ᠴᠤᠳ ᠲᠠᠢ ᠲᠠᠭᠠᠷᠠᠵᠤ ᠡᠬᠢᠨ ᠦ 2 ᠲᠣᠭᠯᠠᠯᠲᠠᠨ ᠳᠤ ᠪᠠᠭᠤᠯᠭᠠᠨ ᠠᠪᠤᠭᠰᠠᠨ ᠴᠤ ᠳᠠᠷᠠᠭᠠᠭ ᠤᠨ 2 ᠲᠣᠭᠣᠷᠢᠭ ᠲᠤ ᠪᠠᠨ ᠲᠠᠯᠠᠪᠠᠢ ᠳᠡᠭᠡᠷ᠎ᠡ ᠨᠢ ᠳᠠᠷᠠᠭᠠᠯᠠᠨ ᠢᠯᠠᠭᠳᠠᠵᠤ ᠤᠷᠬᠢᠪᠠ᠃ ᠭᠡᠪᠡᠴᠦ ᠲᠢᠮ ᠪᠠᠶᠢᠬᠤ ᠳᠤ ᠪᠦᠬᠦ ᠶᠤᠮ ᠳᠡᠩᠳᠡᠭᠦᠦ ᠬᠢᠯᠪᠠᠷ ᠪᠠᠶᠢᠭᠰᠠᠨ ᠪᠠ ᠲᠢᠮ ᠪᠠᠭ᠎ᠠ ᠪᠠᠨ ᠲᠡᠷᠢᠭᠦᠯᠡᠭᠰᠡᠭᠡᠷ 5 , 6 ᠍ ᠳᠠᠬᠢ ᠲᠣᠭᠯᠠᠯᠲᠠᠨ ᠳᠤ ᠢᠯᠠᠯᠲᠠ ᠪᠠᠶᠢᠭᠤᠯᠤᠭᠰᠠᠨ ᠢᠶᠠᠷ ᠥᠷᠥᠨᠡᠲᠦ ᠪᠥᠰᠡ ᠦᠨ ᠠᠪᠤᠷᠭᠤ ᠶᠢᠨ ᠲᠥᠯᠥᠭᠡ ᠰᠢᠯᠭᠠᠷᠠᠨ ᠦᠯᠡᠳᠡᠵᠡᠢ᠃

ᠪᠠᠷᠠᠭᠤᠨ ᠪᠥᠰᠡ ᠶᠢᠨ ᠠᠪᠤᠷᠭᠤ ᠶᠢᠨ ᠲᠥᠯᠥᠭᠡ ᠲᠡᠷᠡ ᠵᠢᠯ ᠦᠨ МЮП ᠰᠲ᠋ᠢᠸ ᠨᠧᠱ ᠦᠨ ᠤᠳᠤᠷᠢᠳᠤᠭᠰᠠᠨ ᠤᠷᠠᠨ ᠴᠢᠳᠠᠪᠤᠷᠢᠯᠢᠭ ᠲᠣᠭᠯᠠᠯᠲᠠ ᠲᠠᠢ ᠨᠠᠷᠠᠨ ᠨᠤᠭᠤᠳ ᠤᠨ ᠡᠰᠡᠷᠬᠦ ᠲᠣᠭᠯᠠᠬᠤ ᠪᠠᠷ ᠪᠣᠯᠪᠠ᠃ ᠶᠡᠬᠡᠩᠬᠢ ᠰᠢᠨᠵᠢᠭᠡᠴᠢᠳ᠂ ᠦᠵᠡᠭᠴᠢᠳ ᠡᠨᠡ ᠬᠠᠪᠤᠷ ᠤᠨ ᠬᠠᠮᠤᠭ ᠤᠨ ᠰᠢᠯᠢᠳᠡᠭ ᠪᠤᠶᠤ ᠠᠪᠤᠷᠭᠤ ᠶᠢᠨ ᠲᠥᠯᠦᠭᠡᠬᠢ ᠲᠤᠯᠤᠭᠠᠨ ᠭᠡᠵᠦ ᠨᠡᠷᠡᠯᠡᠵᠦ ᠪᠠᠶᠢᠯ᠎ᠠ᠃ ᠬᠦᠮᠦᠨ ᠪᠣᠯᠭᠠᠨ ᠯᠠ ᠮᠠᠰᠢ ᠶᠡᠬᠡ ᠥᠷᠢᠰᠦᠯᠳᠦᠭᠡᠨ ᠲᠡᠢ ᠰᠢᠷᠦᠭᠦᠨ ᠲᠣᠭᠯᠠᠯᠲᠠ ᠶᠢ ᠬᠦᠯᠢᠶᠡᠵᠦ ᠪᠠᠶᠢᠭᠰᠠᠨ ᠪᠠ ᠰᠫᠦ᠋ᠷᠰ ᠬᠤᠷᠴᠠ ᠬᠠᠯᠠᠭᠤᠨ ᠯᠢᠭᠢ ᠦᠨ ᠬᠠᠮᠤᠭ ᠤᠨ ᠰᠢᠯᠢᠳᠡᠭ ᠳᠣᠪᠲᠣᠯᠭᠠᠭ᠎ᠠ ᠲᠠᠢ ᠪᠠᠭ ᠪᠣᠯᠬᠤ ᠨᠠᠷᠠᠨ ᠨᠤᠭᠤᠳ ᠢ ᠪᠠᠭᠤᠯᠭᠠᠵᠤ ᠠᠪᠬᠤ ᠤᠤ ? ᠡᠰᠡᠪᠡᠯ ᠯᠢᠭ ᠦᠨ ᠬᠠᠮᠤᠭ ᠤᠨ ᠬᠠᠲᠠᠭᠤ ᠴᠢᠩᠭ᠎ᠠ ᠴᠠᠶᠢᠵᠠ ᠮᠡᠲᠦ ᠬᠠᠨ ᠢ ᠨᠠᠷᠠᠨ ᠨᠤᠭᠤᠳ ᠨᠤᠷᠠᠭᠠᠵᠤ ᠴᠢᠳᠠᠬᠤ ᠤᠤ ᠭᠡᠰᠡᠨ ᠠᠰᠠᠭᠤᠯᠲᠠ ᠶᠢᠨ ᠬᠠᠷᠢᠭᠤᠭ ᠬᠦᠯᠢᠶᠡᠵᠦ ᠪᠠᠶᠢᠪᠠ᠃ ᠭᠡᠪᠡᠴᠦ ᠫᠣᠫᠣᠸᠢᠴ ᠳᠦ ᠨᠠᠷᠠᠨ ᠨᠤᠭᠤᠳ ᠲᠤ ᠰ ᠲᠷᠫᠷᠢᠽ ᠪᠠᠷᠢᠬᠤ ᠪᠡᠯᠭᠡ ᠪᠠᠶᠢᠭᠰᠠᠨ ᠪᠠ ᠲᠡᠳᠦᠶᠢᠯᠡᠨ ᠬᠦᠴᠦᠲᠡᠢ ᠡᠰᠡᠷᠭᠦᠴᠡᠯ ᠨᠠᠷᠠᠨ ᠨᠤᠭᠤᠳ ᠴᠤ ᠦᠵᠡᠭᠦᠯᠵᠦ ᠴᠢᠳᠠᠯ ᠦᠭᠡᠢ ᠪᠠᠶᠢᠭᠰᠠᠭᠠᠷ 5 ᠍ ᠶᠢᠨ ᠲᠣᠭᠯᠠᠯᠲᠠᠨ ᠳᠤ ᠰᠫᠦ᠋ᠷᠰ ᠴᠤᠤ ᠳᠤ ᠨᠠᠷᠠᠨ ᠨᠤᠭᠤᠳ ᠢ ᠪᠠᠭᠤᠯᠭᠠᠨ ᠠᠪᠴᠠᠢ᠃ ᠣᠳᠣ ᠲᠢᠮ ᠳᠦ 3 ᠍ ᠳᠠᠬᠢ ᠪᠠᠨ ᠠᠪᠤᠷᠭᠤ ᠠᠪᠬᠠᠳᠠ ᠭᠠᠭᠴᠠᠬᠠᠨ ᠠᠯᠬᠤᠮ ᠦᠯᠡᠳᠡᠭᠡᠳ ᠪᠠᠶᠢᠭᠰᠠᠨ ᠪᠠ ᠥᠷᠢᠰᠦᠯᠳᠦᠭᠴᠢ ᠪᠠᠭ ᠨᠢ ᠥᠩᠭᠡᠷᠡᠭᠰᠡᠨ ᠵᠢᠯ ᠦᠨ ᠯᠢᠭ ᠦᠨ ᠠᠪᠤᠷᠭᠤ ᠶᠢ ᠳᠤᠤᠯᠢᠶᠠᠨᠲᠠᠶᠢᠬᠠᠨ ᠪᠠᠭᠠᠪᠤᠷᠲᠠᠶᠢᠬᠠᠨ ᠬᠦᠷᠲᠡᠭᠡᠳ ᠪᠠᠶᠢᠭᠰᠠᠨ ᠲᠣᠭᠯᠠᠯᠲᠠ ᠶᠢᠨ ᠰᠲ᠋ᠢᠯ ᠲᠥᠰᠲᠡᠢ ᠳ᠋ᠧᠲ᠋ᠷᠣᠢ ᠳᠤ ᠫᠢᠰᠲ᠋ᠣᠩᠰᠣᠴᠤᠳ ᠪᠠᠶᠢᠯ᠎ᠠ

2005 ᠣᠨ ᠤ ᠹᠢᠨᠠᠯ ᠤᠨ ᠲᠣᠭᠯᠠᠯᠲᠠ ᠮᠠᠰᠢ ᠬᠠᠲᠠᠭᠤ ᠰᠢᠷᠦᠭᠦᠨ ᠪᠣᠯᠤᠭᠰᠠᠨ ᠪᠠ 2 ᠪᠠᠭ ᠬᠣᠶᠠᠭᠤᠯᠠ ᠪᠠᠨ ᠬᠠᠮᠠᠭᠠᠯᠠᠯᠲᠠ ᠶᠢ ᠡᠷᠬᠢᠮᠯᠡᠳᠡᠭ ᠪᠠᠶᠢᠭᠰᠠᠨ ᠲᠤᠯᠠ ᠲᠢᠮ ᠯᠠ ᠭᠠᠭᠴᠠᠭᠠᠷ ᠢᠶᠠᠨ ᠰᠤᠫᠧᠷ ᠰᠲ᠋ᠠᠷ ᠤᠨ ᠬᠡᠮᠵᠢᠶᠡᠨ ᠦ ᠣᠨᠣᠭ᠎ᠠ ᠠᠪᠤᠯᠲᠠ ᠶᠢ ᠦᠵᠡᠭᠦᠯᠵᠦ ᠪᠠᠶᠢᠭᠰᠠᠨ ᠶᠤᠮ᠃ ᠲᠢᠮ ᠦᠨ ᠡᠰᠡᠷᠬᠦ ᠺᠣᠯᠯᠧᠵᠢ ᠳᠦ ᠲᠣᠭᠯᠠᠵᠤ ᠪᠠᠶᠢᠬᠤ ᠦᠶ᠎ᠡ ᠶᠢᠨ ᠥᠷᠢᠰᠦᠯᠳᠦᠭᠴᠢ ᠪᠣᠯᠬᠤ ᠷᠠᠰᠧ ᠲᠦ ᠸᠠᠯᠯᠧᠰ , ᠮᠥᠨ ᠯᠢᠭ ᠦᠨ ᠬᠠᠮᠤᠭ ᠤᠨ ᠰᠢᠯᠢᠳᠡᠭ ᠬᠠᠮᠠᠭᠠᠯᠠᠭᠴᠢ ᠪᠣᠯᠬᠤ ᠪᠧᠨ ᠸᠠᠯᠯᠧᠰ ᠨᠠᠷ ᠲᠤᠯᠤᠭᠠᠳ ᠪᠠᠶᠢᠯ᠎ᠠ᠃ ᠲᠠᠯᠠᠪᠠᠢ ᠳᠡᠭᠡᠷ᠎ᠡ ᠪᠡᠨ ᠪᠣᠯᠤᠭᠰᠠᠨ ᠡᠬᠢᠨ ᠦ 2 ᠲᠣᠭᠯᠠᠯᠲᠠᠨ ᠳᠤ ᠲᠢᠮ ᠠᠶᠢᠯ ᠤᠨ ᠬᠦᠴᠦᠷᠬᠡᠭ ᠬᠠᠮᠠᠭᠠᠯᠠᠯᠲᠠ ᠶᠢ ᠰᠠᠶᠢᠨ ᠨᠡᠪᠲᠡᠯᠵᠦ ᠮᠥᠨ ᠮᠠᠨᠤ ᠵᠢᠨᠣᠪᠢᠯᠢ –ᠭ ᠤᠨ МЮП ᠍ ᠤᠨ ᠬᠡᠮᠵᠢᠶᠡᠨ ᠦ ᠲᠣᠭᠯᠠᠯᠲᠠ ᠶᠢᠨ ᠠᠴᠢ ᠪᠠᠷ ᠳ᠋ᠧᠲ᠋ᠷᠣᠢ ᠳᠤ ᠢ ᠳᠠᠷᠠᠭᠠᠯᠠᠨ ᠢᠯᠠᠪᠠ᠃ ᠬᠦᠮᠦᠨ ᠪᠣᠯᠭᠠᠨ ᠯᠠ ᠡᠨᠡ ᠦᠶ᠎ᠡ ᠳᠦ ᠳ᠋ᠧᠲ᠋ᠷᠣᠢ ᠳᠤ ᠢ ᠣᠳᠣ ᠬᠥᠩᠭᠡᠬᠡᠨ ᠬᠣᠵᠢᠭᠳᠠᠬᠤ ᠨᠢ ᠬᠡᠮᠡᠨ ᠶᠠᠷᠢᠵᠤ ᠪᠠᠶᠢᠭᠰᠠᠨ ᠴᠤ ᠵᠢᠩᠬᠢᠨᠢ ᠲᠤᠯᠤᠭᠠᠨ ᠡᠬᠢᠯᠡᠭᠡ ᠦᠭᠡᠢ ᠪᠠᠶᠢᠴᠠᠢ᠃

ᠳᠠᠷᠠᠭᠠᠭ ᠤᠨ ᠲᠣᠭᠯᠠᠯᠲᠠ ᠨᠤᠭᠤᠳ ᠠᠴᠠ ᠳ᠋ᠧᠲ᠋ᠷᠣᠢ ᠳᠤ ᠭᠠᠯᠵᠠᠭᠤ ᠪᠠᠷᠰ ᠮᠡᠲᠦ ᠤᠯᠠᠩᠭᠠᠰᠤᠨ ᠬᠠᠮᠠᠭᠠᠯᠠᠵᠤ ᠡᠬᠢᠯᠡᠪᠡ᠃ ᠲᠢᠮ ᠢ ᠪᠥᠮᠪᠥᠭᠡ ᠠᠪᠬᠤ ᠪᠦᠬᠦ ᠯᠠ ᠪᠣᠯᠤᠮᠵᠢ ᠶᠢ ᠬᠠᠭᠠᠵᠤ ᠪᠠᠶᠢᠭᠰᠠᠨ ᠪᠠ ᠡᠭᠦᠨ ᠡᠴᠡ ᠪᠣᠯᠵᠤ ᠰᠫᠦ᠋ᠷᠰ ᠤᠨ ᠳᠤᠮᠳᠠ ᠶᠢᠨ ᠳᠣᠪᠲᠣᠯᠭ᠎ᠠ ᠡᠮᠬᠢ ᠵᠠᠮᠪᠠᠷᠠᠭ᠎ᠠ ᠶᠢ ᠪᠠᠨ ᠠᠯᠳᠠᠵᠤ ᠫᠢᠰᠲ᠋ᠦ᠋ᠩᠰ ᠴᠤᠤ ᠳᠤ ᠲᠠᠯᠠᠪᠠᠢ ᠳᠡᠭᠡᠷ᠎ᠡ ᠪᠡᠨ 2 ᠳᠠᠷᠠᠭᠠᠯᠠᠵᠤ ᠢᠯᠠᠭᠰᠠᠨ ᠪᠠ ᠴᠤᠪᠤᠷᠠᠯ ᠤᠨ 5 ᠍ ᠳᠠᠬᠢ ᠲᠣᠭᠯᠠᠯᠲᠠ ᠮᠥᠨ ᠫᠢᠰᠲ᠋ᠦ᠋ᠩᠰ ᠤᠨ ᠲᠠᠯᠠᠪᠠᠢ ᠳᠤ ᠪᠣᠯᠵᠤ NBA ᠍ ᠭ ᠤᠨ ᠲᠡᠦᠬᠡᠨ ᠳᠦ ᠪᠢᠴᠢᠭᠳᠡᠬᠦ ᠭᠠᠶᠢᠬᠠᠯᠲᠠᠢ ᠲᠣᠭᠯᠠᠯᠲᠠ ᠪᠣᠯᠤᠭᠰᠠᠨ ᠪᠠ ᠨᠡᠮᠡᠯᠲᠡ ᠴᠠᠭ ᠲᠤ ᠷᠣᠪᠧᠷᠲ ᠣᠷᠣᠷᠢ ᠭ ᠤᠨ ᠭᠠᠶᠢᠬᠠᠮᠰᠢᠭᠲᠤ ᠲᠣᠭᠯᠠᠯᠲᠠ ᠶᠢᠨ ᠠᠴᠢ ᠪᠠᠷ ᠰᠫᠦ᠋ᠷᠰ ᠢᠯᠠᠭᠰᠠᠨ ᠢᠶᠠᠷ ᠥᠪᠡᠷ ᠦᠨ ᠲᠠᠯᠠᠪᠠᠢ ᠳᠤ ᠪᠠᠨ ᠪᠤᠴᠠᠵᠤ ᠢᠷᠡᠯ᠎ᠡ᠃

ᠳ᠋ᠧᠲ᠋ᠷᠣᠢ ᠳᠤ NBA ᠍ ᠭ ᠤᠨ ᠬᠠᠲᠠᠭᠤ ᠰᠠᠮᠤᠷ ᠭᠡᠳᠡᠭ ᠢᠶᠡᠨ ᠠᠬᠢᠨ ᠨᠣᠲᠠᠯᠠᠵᠤ ᠰᠢᠷᠦᠭᠦᠨ ᠲᠡᠮᠡᠴᠡᠯ ᠦᠵᠡᠭᠦᠯᠦᠭᠰᠡᠨ ᠢᠶᠡᠷ ᠰᠫᠦ᠋ᠷᠰ ᠤᠨ ᠲᠠᠯᠠᠪᠠᠢ ᠳᠤ 6 ᠍ ᠳᠠᠬᠤ ᠲᠣᠭᠯᠠᠯᠲᠠᠨ ᠳᠤ ᠢᠯᠠᠯᠲᠠ ᠪᠠᠶᠢᠭᠤᠯᠤᠭᠰᠠᠨ ᠢᠶᠠᠷ ᠴᠤᠪᠤᠷᠠᠯ ᠤᠨ ᠬᠤᠪᠢ ᠵᠠᠶᠠᠭ᠎ᠠ 7 ᠍ ᠳᠠᠬᠢ ᠲᠣᠭᠯᠠᠯᠲᠠᠨ ᠳᠤ ᠰᠢᠢᠳᠦᠭᠳᠡᠬᠦ ᠪᠡᠷ ᠪᠣᠯᠵᠠᠢ᠃ ᠳᠣᠯᠣᠭ᠎ᠠ ᠳᠣᠬᠢ ᠲᠣᠭᠯᠠᠯᠲᠠ ᠴᠤ ᠮᠠᠰᠢ ᠥᠷᠢᠰᠦᠯᠳᠦᠭᠡᠨ ᠲᠡᠢ ᠪᠣᠯᠤᠭᠰᠠᠨ ᠪᠠ ᠡᠬᠢᠨ ᠦ ᠬᠠᠭᠠᠰ ᠲᠤ ᠪᠦᠯᠢᠭᠦᠷ ᠦᠳ ᠥᠪᠡᠷᠰᠡᠳ ᠲᠦ ᠪᠡᠨ ᠲᠡᠷᠢᠭᠦᠯᠡᠯ ᠠᠪᠴᠢᠷᠠᠭᠰᠠᠨ ᠨᠢ ᠲᠡᠳᠡᠨ ᠦ ᠳᠡᠩᠳᠡᠭᠦᠦ ᠨᠢᠭᠲᠠᠴᠠ ᠬᠠᠮᠠᠭᠠᠯᠠᠯᠲᠠ ᠶᠢᠨ ᠡᠰᠡᠷᠬᠦ ᠦᠯᠡᠳᠡᠭᠰᠡᠨ ᠬᠠᠭᠠᠰ ᠴᠠᠭ ᠲᠤ ᠣᠨᠣᠭ᠎ᠠ ᠪᠠᠨ ᠨᠥᠬᠥᠨ ᠲᠡᠷᠢᠭᠦᠯᠡᠨ᠎ᠡ ᠭᠡᠳᠡᠭ ᠲᠤᠶᠢᠯ ᠤᠨ ᠪᠡᠷᠬᠡ ᠳᠠᠪᠠᠭ᠎ᠠ ᠪᠠᠶᠢᠯ᠎ᠠ᠃ ᠭᠡᠪᠡᠴᠦ ᠲᠢᠮ ᠪᠠᠶᠢᠬᠤ ᠳᠤ ᠪᠦᠬᠦ ᠯᠠ ᠪᠣᠯᠤᠮᠵᠢ ᠦᠭᠡᠢ ᠵᠦᠢᠯ ᠪᠡᠶᠡᠯᠡᠯ ᠢᠶᠡᠨ ᠣᠯᠳᠠᠭ ᠠᠵᠢ᠃ 3 ᠍ ᠳᠦᠭᠡᠷ ᠦᠶ᠎ᠡ ᠶᠢᠨ ᠳᠤᠮᠳᠠ ᠦᠶ᠎ᠡ ᠪᠡᠨ ᠡᠴᠡ ᠲᠢᠮ ᠪᠠᠭ᠎ᠠ ᠶᠢᠨ ᠲᠣᠭᠯᠠᠯᠲᠠ ᠪᠣᠯᠤᠨ ᠬᠤᠪᠢ ᠤᠨ ᠲᠣᠭᠯᠠᠯᠲᠠ ᠶᠢᠨ ᠵᠢᠩᠬᠢᠨᠢ ᠲᠣᠷᠭᠠᠨ ᠭᠱᠠᠨ ᠢ ᠬᠠᠷᠠᠭᠤᠯᠤᠭᠰᠠᠨ ᠭᠠᠶᠢᠬᠠᠯᠲᠠᠢ ᠲᠣᠭᠯᠠᠯᠲᠠ ᠦᠵᠡᠭᠦᠯᠵᠦ ᠮᠥᠨ ᠪᠷᠢᠶᠦ᠋ᠰ ᠪᠣᠸᠧᠨ ᠤ ᠠᠶᠢᠯ ᠤᠨ ᠭᠣᠣᠯ ᠬᠥᠳᠡᠯᠭᠡᠭᠴᠢ ᠮᠣᠲ᠋ᠣᠷ ᠪᠣᠯᠬᠤ ᠴᠢᠨᠰᠢ ᠪᠢᠯᠠᠫᠰ ᠳᠡᠭᠡᠷᠡᠬᠢ ᠰᠢᠯᠢᠳᠡᠭ ᠬᠠᠮᠠᠭᠠᠯᠠᠯᠲᠠ ᠶᠢᠨ ᠠᠴᠢ ᠪᠠᠷ 81-74 ᠍ ᠪᠡᠷ ᠢᠯᠠᠯᠲᠠ ᠪᠠᠶᠢᠭᠤᠯᠤᠭᠰᠠᠨ ᠢᠶᠠᠷ ᠰᠠᠨ ᠠᠨᠲ᠋ᠣᠨᠢ ᠪᠠᠨ ᠰᠫᠦ᠋ᠷᠰ ᠪᠣᠯᠤᠨ ᠲᠢᠮ ᠳᠠᠩᠺᠠᠨ 3 ᠍ ᠳᠠᠬᠢ ᠤᠳᠤᠭ᠎ᠠ ᠪᠠᠨ NBA ᠍ ᠭ ᠤᠨ ᠠᠪᠤᠷᠭᠤ ᠶᠢᠨ ᠠᠯᠳᠠᠷ ᠢ ᠬᠦᠷᠲᠡᠭᠰᠡᠨ ᠶᠤᠮ᠃ ᠲᠢᠮ ᠴᠤ ᠮᠥᠨ ᠹᠢᠨᠠᠯ ᠤᠨ ᠦᠨ᠎ᠡ ᠴᠡᠨ᠎ᠡ ᠲᠡᠢ ᠲᠣᠭᠯᠠᠭᠴᠢ ᠶᠢᠨ ᠱᠠᠩᠨᠠᠯ ᠢ 3 ᠍ ᠳᠠᠬᠢ ᠤᠳᠤᠭ᠎ᠠ ᠪᠠᠨ ᠬᠦᠷᠲᠡᠯ᠎ᠡ᠃

ᠰᠡᠭᠦᠯ ᠦᠨ 6 ᠍ ᠦᠨ ᠵᠢᠯ ᠦᠨ 3 ᠍ ᠳᠦ ᠨᠢ ᠠᠪᠤᠷᠭᠤᠯᠠᠭᠰᠠᠨ ᠰᠫᠦ᠋ᠷᠰ ᠮᠡᠳᠡᠭᠡᠵᠢ ᠬᠡᠷᠡᠭ 2005-2006 ᠣᠨ ᠤ ᠬᠠᠮᠤᠭ ᠤᠨ ᠭᠣᠣᠯ ᠠᠪᠤᠷᠭᠤ ᠠᠪᠬᠤ ᠪᠠᠭ ᠲᠤ ᠲᠣᠭᠠᠴᠠᠭᠳᠠᠵᠤ ᠪᠠᠶᠢᠪᠠ᠃ ᠰᠫᠦ᠋ᠷᠰ ᠳᠦ ᠰᠢᠨ᠎ᠡ ᠪᠡᠷ 2 ᠤᠳᠠᠭ᠎ᠠ ᠶᠢᠨ ᠪᠦᠬᠦ ᠣᠳᠣᠳ ᠲᠣᠭᠯᠠᠭᠴᠢ ᠪᠣᠯᠬᠤ ᠮᠠᠶᠢᠺᠯ ᠹᠢᠨᠯᠢ , 1 ᠤᠳᠠᠭ᠎ᠠ ᠶᠢᠨ ᠪᠦᠬᠦ ᠣᠳᠣᠳ ᠤᠨ ᠲᠣᠭᠯᠠᠭᠴᠢ ᠨᠢᠺ ᠸᠠᠩ ᠡᠺᠰᠧᠯ ᠨᠠᠷ ᠨᠡᠮᠡᠭᠳᠡᠵᠡᠢ᠃ ᠰᠫᠦ᠋ᠷᠰ ᠴᠤ ᠤᠯᠠᠷᠢᠯ ᠤᠨ ᠡᠬᠢᠨ ᠦ 19 ᠍ ᠦᠨ ᠲᠣᠭᠯᠠᠯᠲᠠ ᠶᠢᠨ 16 ᠍ ᠳᠦ ᠨᠢ ᠢᠯᠠᠯᠲᠠ ᠪᠠᠶᠢᠭᠤᠯᠤᠨ , ᠤᠯᠠᠷᠢᠯ ᠤᠨ ᠲᠤᠷᠰᠢᠳᠠ ᠲᠤᠬᠠᠢ ᠶᠢᠨ ᠦᠶ᠎ᠡ ᠶᠢᠨ ᠯᠢᠭ ᠦᠨ ᠧᠯᠢᠲ ᠪᠠᠭ ᠪᠣᠯᠬᠤ ᠮᠠᠸᠷᠢᠺᠰ ᠦᠨ ᠡᠰᠡᠷᠬᠦ ᠪᠠᠷᠠᠭᠤᠨ ᠪᠥᠰᠡ ᠦᠨ 1 ᠍ ᠳᠦᠭᠡᠷ ᠭᠠᠷᠬᠤ ᠶᠢᠨ ᠲᠥᠯᠥᠭᠡ ᠥᠷᠢᠰᠦᠯᠳᠦᠵᠦ ᠪᠠᠶᠢᠪᠠ᠃ ᠤᠯᠠᠷᠢᠯ ᠢ 63-19 ᠭᠡᠰᠡᠨ ᠰᠠᠶᠢᠬᠠᠨ ᠠᠮᠵᠢᠯᠲᠠ ᠲᠠᠢ ᠳᠠᠭᠤᠰᠬᠠᠵᠠᠢ᠃ ᠣᠳᠣ ᠮᠥᠨ ᠯᠠ ᠰᠢᠢᠳᠪᠦᠷᠢᠯᠡᠬᠦ ᠫᠣᠯᠢᠺᠠᠷᠫᠣᠪ ᠤᠨ ᠲᠣᠭᠯᠠᠯᠲᠠᠨ ᠳᠤ ᠪᠠᠨ 9 ᠍ ᠳᠡᠬᠢ ᠵᠢᠯ ᠢᠶᠡᠨ ᠳᠠᠷᠠᠭᠠᠯᠠᠨ ᠦᠯᠡᠳᠡᠭᠡᠳ ᠪᠠᠶᠢᠪᠠ᠃

ᠡᠬᠢᠨ ᠦ ᠲᠣᠭᠣᠷᠢᠭ ᠲᠤ ᠪᠠᠨ ᠲᠠᠭᠠᠷᠠᠤᠬᠠᠨ ᠪᠦᠷᠢᠯᠳᠦᠬᠦᠨ ᠲᠡᠢ ᠰᠠᠺᠷᠠᠮᠧᠨᠲ᠋ᠣ ᠭᠡᠨᠡᠳᠲᠡ ᠶᠢᠨ ᠪᠡᠯᠡᠭ ᠪᠠᠷᠢᠵᠤ ᠴᠢᠮ᠎ᠠ ᠦᠭᠡᠢ ᠬᠦᠴᠦᠲᠡᠢ ᠥᠷᠢᠰᠦᠯᠳᠦᠭᠰᠡᠨ ᠴᠤ ᠠᠪᠤᠷᠭᠤ ᠪᠠᠭ ᠤᠨ ᠪᠠᠭᠤᠷᠢ ᠵᠢᠭᠠᠵᠤ 6 ᠍ ᠶᠢᠨ ᠲᠣᠭᠯᠠᠯᠲᠠᠨ ᠳᠤ ᠪᠠᠭᠤᠯᠭᠠᠨ ᠠᠪᠴᠠᠢ᠃ ᠳᠠᠷᠠᠭᠠᠭ ᠤᠨ ᠥᠷᠢᠰᠦᠯᠳᠦᠭᠴᠢ ᠨᠢ ᠲᠡᠷᠡ ᠵᠢᠯ ᠲᠣᠷᠭᠠᠨ ᠢᠷᠡᠨ ᠳᠡᠭᠡᠷ᠎ᠡ ᠪᠡᠨ ᠶᠠᠪᠤᠭ᠎ᠠ ᠮᠠᠸᠷᠢᠺᠰ . ᠡᠬᠢᠨ ᠦ ᠲᠣᠭᠯᠠᠯᠲᠠᠨ ᠳᠤ ᠪᠠᠨ ᠳᠠᠩᠺᠠᠨ ᠬᠢᠳᠡᠭ ᠢᠶᠡᠨ ᠬᠢᠵᠦ 31 ᠣᠨᠣᠭ᠎ᠠ ᠠᠪᠤᠭᠰᠠᠨ ᠢᠶᠠᠷ ᠢᠯᠠᠯᠲᠠ ᠪᠠᠶᠢᠭᠤᠯᠪᠠ᠃ ᠭᠡᠪᠡᠴᠦ ᠳᠠᠷᠠᠭᠠᠭ ᠤᠨ 3 ᠍ ᠶᠢᠨ ᠲᠣᠭᠯᠠᠯᠲᠠᠨ ᠳᠤ ᠪᠠᠨ ᠨᠣᠸᠢᠴᠺᠢ , ᠲᠧᠷᠷᠢ ᠵᠡᠷᠭᠡ ᠲᠣᠭᠯᠠᠭᠴᠢᠳ ᠤᠨ ᠬᠣᠯᠠ ᠶᠢᠨ ᠵᠠᠢ ᠶᠢᠨ ᠣᠨᠣᠪᠴᠢᠲᠠᠢ ᠰᠢᠳᠡᠯᠲᠡ ᠨᠦᠭᠦᠳ ᠦᠨ ᠭᠠᠢ ᠪᠠᠷ ᠳᠠᠷᠠᠭᠠᠯᠠᠨ ᠢᠯᠠᠭᠳᠠᠭᠰᠠᠨ ᠢᠶᠠᠷ 3-1 ᠭᠡᠰᠡᠨ ᠬᠦᠨᠳᠦᠬᠡᠨ ᠪᠠᠶᠢᠳᠠᠯ ᠳᠤ ᠢᠷᠡᠭᠰᠡᠨ ᠶᠤᠮ᠃ ᠭᠡᠪᠡᠴᠦ ᠪᠠᠭᠤᠵᠤ ᠥᠭᠬᠦ ᠪᠣᠯᠤᠭ᠎ᠠ ᠦᠭᠡᠢ ᠠᠵᠡᠢ᠃ 5,6 ᠍ ᠳᠠᠬᠢ ᠲᠣᠭᠯᠠᠯᠲᠠᠨ ᠳᠤ ᠪᠠᠨ ᠢᠯᠠᠯᠲᠠ ᠪᠠᠶᠢᠭᠤᠯᠤᠭᠰᠠᠨ ᠢᠶᠠᠷ ᠴᠤᠪᠤᠷᠠᠯ ᠤᠨ ᠬᠤᠪᠢ ᠵᠠᠶᠠᠭ᠎ᠠ 7 ᠍ ᠳᠠᠬᠢ ᠲᠣᠭᠯᠠᠯᠲᠠᠨ ᠳᠤ ᠰᠢᠢᠳᠪᠦᠷᠢᠯᠡᠭᠳᠡᠬᠦ ᠪᠡᠷ ᠪᠣᠯᠵᠠᠢ᠃ 7 ᠍ ᠳᠠᠬᠢ ᠲᠣᠭᠯᠠᠯᠲᠠᠨ ᠳᠤ ᠬᠡᠳᠦᠢ ᠳᠠᠩᠺᠠᠨ 41 ᠣᠨᠣᠭ᠎ᠠ 15 ᠍ ᠶᠢᠨ ᠷᠧᠪ ᠠᠪᠴᠤ ᠬᠡᠨ ᠳᠦ ᠴᠤ ᠵᠣᠭᠰᠣᠭᠠᠭᠳᠠᠭ᠎ᠠ ᠦᠭᠡᠢ ᠪᠣᠯᠪᠠᠴᠤ ᠡᠨᠡ ᠨᠢ ᠮᠠᠸᠷᠢᠺᠰ ᠢ ᠢᠯᠠᠬᠤ ᠳᠤ ᠬᠠᠩᠭᠠᠯᠲᠠ ᠦᠭᠡᠢ ᠪᠠᠶᠢᠴᠠᠢ᠃ ᠦᠨᠳᠦᠰᠦᠨ ᠴᠠᠭ ᠳᠠᠭᠤᠰᠴᠤ ᠪᠠᠶᠢᠬᠤ ᠳᠤ ᠳᠠᠩᠺᠠᠨ ᠳᠣᠪᠲᠣᠯᠬᠤ ᠳᠤ ᠮᠠᠸᠷᠢᠺᠰ ᠢᠭᠢᠬᠠᠨ ᠳᠠᠩᠺᠠᠨ ᠳᠡᠭᠡᠷ᠎ᠡ ᠠᠯᠳᠠᠭ᠎ᠠ ᠶᠠᠯᠲᠴᠢ ᠭᠦᠢ ᠬᠢᠭᠰᠡᠨ ᠴᠤ ᠰᠢᠭᠦᠭᠴᠢ ᠱᠦᠭᠯᠦ ᠦᠯᠡᠭᠡᠭᠡ ᠦᠭᠡᠢ ᠪᠠ ᠨᠡᠮᠡᠯᠲᠡ ᠴᠠᠭ ᠲᠤ ᠢᠯᠠᠭᠳᠠᠯ ᠬᠦᠯᠢᠶᠡᠯ᠎ᠡ᠃ ᠢᠩᠭᠢᠭᠡᠳ ᠲᠢᠮ ᠪᠠᠰᠠ ᠳᠠᠬᠢᠭᠠᠳ ᠨᠢᠭᠡ ᠵᠢᠯ ᠬᠦᠯᠢᠶᠡᠬᠦ ᠱᠠᠭᠠᠷᠳᠠᠯᠭ᠎ᠠ ᠭᠠᠷᠪᠠ

2006-2007 ᠣᠨ ᠤ ᠵᠢᠯ ᠬᠦᠰᠡᠨ ᠬᠦᠯᠢᠶᠡᠭᠰᠡᠨ ᠰᠣᠨᠳᠣᠭᠣᠢ ᠵᠢᠯ ᠪᠠᠶᠢᠯ᠎ᠠ᠃ ᠰᠣᠨᠳᠣᠭᠣᠢ ᠵᠢᠯ ᠪᠣᠯᠭᠠᠨ ᠠᠪᠤᠷᠭᠤᠯᠠᠵᠤ ᠪᠤᠢ ᠰᠫᠦ᠋ᠷᠰ ᠴᠤᠤ ᠳᠤ ᠠᠮᠵᠢᠯᠲᠠ ᠪᠠᠨ ᠪᠠᠲᠤᠳᠬᠠᠵᠤ ᠴᠢᠳᠠᠬᠤᠤ ? . ᠥᠩᠭᠡᠷᠡᠭᠰᠡᠨ ᠵᠢᠯ ᠦᠨ ᠠᠯᠳᠠᠭᠠᠨ ᠳᠤ ᠪᠠᠨ ᠳ᠋ᠦᠩᠨᠡᠯᠲᠡ ᠬᠢᠭᠰᠡᠨ ᠰᠫᠦ᠋ᠷᠰ ᠴᠤᠤ ᠳᠤ ᠴᠤ ᠠᠭᠤᠷ ᠲᠠᠢ ᠪᠠᠶᠢᠯ᠎ᠠ᠃ ᠤᠯᠠᠷᠢᠯ ᠢ ᠮᠥᠨ ᠯᠠ ᠳᠠᠩᠺᠠᠨ ᠦᠵᠡᠭᠦᠯᠳᠡᠭ ᠦᠵᠡᠭᠦᠯᠦᠯᠲᠡ ᠪᠡᠨ ᠦᠵᠡᠭᠦᠯᠵᠦ 58-24 ᠭᠡᠰᠡᠨ ᠠᠮᠵᠢᠯᠲᠠ ᠲᠠᠢ ᠪᠠᠷ ᠥᠨᠳᠥᠷᠯᠡᠪᠡ᠃

ᠫᠣᠯᠢᠺᠠᠷᠫᠣᠪ ᠤᠨ ᠡᠬᠢᠨ ᠦ ᠲᠣᠭᠣᠷᠢᠭ ᠲᠤ ᠲᠡᠷᠡ ᠵᠢᠯ ᠢᠶᠡᠨ ᠤᠯᠠᠷᠢᠯ ᠳᠤ ᠰᠠᠶᠢᠨ ᠠᠮᠵᠢᠯᠲᠠ ᠦᠵᠡᠭᠦᠯᠦᠭᠡᠳ ᠪᠠᠶᠢᠭᠰᠠᠨ ᠬᠦᠴᠦᠷᠬᠡᠭ ᠳᠧᠨᠸᠧᠷ ᠢ 5 ᠍ ᠶᠢᠨ ᠲᠣᠭᠯᠠᠯᠲᠠᠨ ᠳᠤ ᠪᠠᠭᠤᠯᠭᠠᠨ ᠠᠪᠴᠤ ᠳᠠᠷᠠᠭᠠᠭ ᠤᠨ ᠲᠣᠭᠣᠷᠢᠭ ᠲᠤ ᠪᠠᠨ ᠲᠡᠷᠡ ᠵᠢᠯ ᠳᠤ ᠪᠡᠨ ᠠᠪᠤᠷᠭᠤ ᠠᠪᠬᠤ ᠲᠡᠮᠡᠦᠯᠦᠯ ᠢᠶᠡᠷ ᠳᠦᠭᠦᠷᠡᠩ ᠪᠠᠶᠢᠭᠰᠠᠨ ᠨᠠᠷᠠᠨ ᠨᠤᠭᠤᠳ ᠲᠠᠢ ᠲᠤᠯᠭᠠᠷᠠᠵᠠᠢ᠃ ᠡᠨᠡ ᠴᠤᠪᠤᠷᠠᠯ ᠲᠣᠭᠯᠠᠯᠲᠠ ᠰᠠᠶᠢᠨ ᠲᠠᠢ ᠮᠠᠭᠤ ᠲᠠᠢ ᠣᠯᠠᠨ ᠶᠠᠩᠵᠤ ᠪᠠᠷ ᠬᠡᠯᠡᠭᠳᠡᠳᠡᠭ᠃ ᠨᠠᠷᠠᠨ ᠨᠤᠭᠤᠳ ᠤᠨ ᠬᠤᠪᠢ ᠳᠤ ᠣᠷᠭᠢᠯ ᠵᠢᠯ ᠨᠢ ᠪᠠᠶᠢᠭᠰᠠᠨ ᠢ ᠴᠤ ᠪᠢ ᠬᠦᠯᠢᠶᠡᠨ ᠵᠥᠪᠰᠢᠶᠡᠷᠡᠨ᠎ᠡ᠃ ᠭᠡᠬᠦ ᠳᠦ ᠪᠡᠨ ᠮᠠᠭᠠᠳ ᠦᠭᠡᠢ ᠠᠪᠤᠷᠭᠤ ᠪᠠᠭ ᠭᠡᠳᠡᠭ ᠰᠡᠳᠬᠢᠯ ᠵᠦᠢ ᠰᠫᠦ᠋ᠷᠰ ᠳᠦ ᠪᠠᠶᠢᠭᠰᠠᠨ ᠲᠤᠯᠠ ᠨᠠᠷᠠ ᠨᠤᠭᠤᠳ ᠢ ᠬᠣᠵᠢᠵᠤ ᠴᠢᠳᠠᠭᠰᠠᠨ ᠭᠡᠵᠦ ᠪᠢ ᠮᠤᠩᠬᠠᠭᠯᠠᠳᠠᠭ ᠪᠢᠯᠡ᠃ ᠲᠡᠭᠡᠭᠡᠳ ᠴᠤ ᠴᠤᠪᠤᠷᠠᠯ 7 ᠍ ᠶᠢᠨ ᠲᠣᠭᠯᠠᠯᠲᠠᠨ ᠳᠤ ᠪᠢᠰᠢ 6 ᠍ ᠶᠢᠨ ᠲᠣᠭᠯᠠᠯᠲᠠᠨ ᠳᠤ ᠰᠢᠢᠳᠦᠭᠳᠡᠭᠰᠡᠨ ᠶᠤᠮ᠃ ᠡᠭᠦᠨ ᠡᠴᠡ ᠴᠠᠰᠢ ᠰᠫᠦ᠋ᠷᠰ ᠳᠦ ᠪᠣᠳᠠᠲᠠᠢ ᠥᠷᠢᠰᠦᠯᠳᠥᠬᠦ ᠪᠠᠭ ᠴᠤ ᠪᠠᠶᠢᠬᠤ ᠦᠭᠡᠢ ᠪᠠᠶᠢᠭᠰᠠᠨ ᠲᠤᠯᠠ ᠠᠪᠤᠷᠭᠤ ᠴᠣᠯᠠ ᠬᠦᠷᠲᠡᠬᠦ ᠨᠢ ᠣᠶᠢᠯᠠᠭᠠᠮᠵᠢᠲᠠᠢ ᠪᠠᠶᠢᠯ᠎ᠠ᠃ ᠥᠷᠥᠨᠡᠲᠦ ᠪᠥᠰᠡ ᠶᠢᠨ ᠠᠪᠤᠷᠭᠤ ᠶᠢᠨ ᠲᠥᠯᠥᠭᠡ ᠲᠡᠷᠡ ᠵᠢᠯ ᠢᠶᠡᠨ ᠴᠣᠶᠢᠯᠠᠭᠰᠠᠨ ᠢᠦᠲ᠋ᠠ ᠵᠠᠽᠽ ᠢ 5 ᠍ ᠶᠢᠨ ᠲᠣᠭᠯᠠᠯᠲᠠᠨ ᠳᠤ ᠪᠠᠭᠤᠯᠭᠠᠨ ᠠᠪᠤᠭᠰᠠᠨ ᠪᠠ 2007 ᠣᠨ ᠤ NBA ᠍ ᠭ ᠤᠨ ᠠᠪᠤᠷᠭᠤ ᠶᠢᠨ ᠲᠥᠯᠦᠭᠡᠬᠢ ᠲᠣᠭᠯᠠᠯᠲᠠᠨ ᠳᠤ ᠵᠠᠯᠠᠭᠤᠬᠠᠨ ᠯᠧᠪᠷᠣᠨ ᠬᠦᠦ ᠶᠢᠨ ᠪᠠᠭ ᠢ ᠶᠠᠳᠠᠬᠤ ᠶᠠᠭᠤᠮ᠎ᠠ ᠦᠭᠡᠢ 4 ᠍ ᠶᠢᠨ ᠲᠣᠭᠯᠠᠯᠲᠠᠨ ᠳᠤ ᠰᠢᠭᠦᠷᠳᠡᠭᠰᠡᠨ ᠢᠶᠡᠷ ᠲᠢᠮᠮᠢ 4 ᠍ ᠳᠡᠬᠢ ᠪᠡᠨ ᠠᠪᠤᠷᠭᠤ ᠶᠢᠨ ᠪᠥᠭᠡᠵᠢ ᠶᠢ ᠬᠦᠷᠲᠡᠭᠰᠡᠨ ᠶᠤᠮ᠃ ᠹᠢᠨᠠᠯ ᠤᠨ МВП ᠍ ᠢ ᠲᠡᠷᠡ ᠵᠢᠯ ᠶᠣᠰᠣᠲᠠᠢ ᠯᠠ ᠶᠠᠭ ᠯᠠ ᠹᠢᠨᠠᠯ ᠤᠨ ᠲᠣᠭᠯᠠᠯᠲᠠᠨ ᠳᠤ ᠰᠠᠶᠢᠨ ᠲᠣᠭᠯᠠᠭᠰᠠᠨ ᠲᠣᠨᠢ ᠫᠠᠷᠺᠧᠷ ᠬᠦᠷᠢᠲᠦᠵᠡᠢ᠃ ᠮᠡᠳᠡᠭᠡᠵᠢ ᠲᠢᠮ ᠬᠦᠷᠲᠡᠬᠦ ᠶᠣᠰᠣᠲᠠᠢ ᠪᠠᠶᠢᠭᠰᠠᠨ ᠴᠤ ᠤᠭ ᠠᠴᠠ ᠥᠷᠢᠰᠦᠯᠳᠦᠭᠴᠢ ᠡᠴᠡ ᠪᠡᠨ ᠢᠯᠡᠳᠲᠡ ᠢᠯᠡᠭᠦᠦ ᠪᠠᠶᠢᠭᠰᠠᠨ ᠹᠢᠨᠠᠯ ᠤᠨ ᠲᠣᠭᠯᠠᠯᠲᠠᠨ ᠳᠤ ᠲᠢᠮ ᠲᠡᠳᠦᠶᠢᠯᠡᠨ ᠬᠦᠴᠢᠯᠵᠢ ᠲᠣᠭᠯᠠᠭ᠎ᠠ ᠦᠭᠡᠢ ᠪᠠᠰᠠ ᠥᠪᠡᠷ ᠢᠶᠡᠨ ᠴᠤ ᠠᠪᠬᠤ ᠰᠣᠨᠢᠷᠬᠠᠯ ᠲᠡᠳᠦᠶᠢᠯᠡᠨ ᠶᠡᠬᠡ ᠪᠠᠶᠢᠭ᠎ᠠ ᠦᠭᠡᠢ ᠪᠣᠯᠪᠠ ᠤᠤ᠃

ᠵᠠᠭᠪᠤᠷ:NBA ᠍ ᠤᠨ ᠳ᠋ᠷᠠᠹᠲ ᠵᠠᠭᠪᠤᠷ:NBA ᠍ ᠦᠨ ᠤᠯᠠᠷᠢᠯ ᠤᠨ MVP ᠵᠠᠭᠪᠤᠷ:NBA ᠍ ᠦᠨ ᠳ᠋ᠷᠠᠹᠲ ᠢ ᠲᠡᠷᠢᠭᠦᠯᠡᠭᠴᠢᠳ ᠵᠠᠭᠪᠤᠷ:2004-2005 ᠣᠨ ᠤ NBA ᠍ ᠦᠨ ᠠᠪᠣᠷᠭᠣᠴᠣᠳ ᠵᠠᠭᠪᠤᠷ:2006-2007 ᠣᠨ ᠤ NBA ᠍ ᠦᠨ ᠠᠪᠣᠷᠭᠣᠴᠣᠳ

ᠪᠢᠴᠢᠭᠡᠰᠦ