ᠲᠡᠷᠬᠡᠢ ᠶᠢᠨ ᠴᠠᠭᠠᠨ ᠨᠠᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠡᠷᠬᠡᠢ ᠶᠢᠨ ᠴᠠᠭᠠᠨ ᠨᠠᠭᠤᠷ
ᠲᠡᠷᠬᠡᠢ ᠶᠢᠨ ᠴᠠᠭᠠᠨ ᠨᠠᠭᠤᠷ

ᠲᠡᠷᠬᠡᠢ ᠶᠢᠨ ᠴᠠᠭᠠᠨ ᠨᠠᠭᠤᠷ ᠨᠢ ᠮᠤᠩᠭᠤᠯ ᠤᠯᠤᠰ ᠤᠨ ᠠᠷᠤᠬᠠᠩᠭᠠᠢ ᠠᠶᠢᠮᠠᠭ ᠤᠨ ᠲᠠᠷᠢᠶᠠᠲᠤ ᠰᠤᠮᠤ ᠶᠢᠨ ᠨᠤᠲᠤᠭ ᠲᠤ ᠬᠣᠷᠭᠣ ᠶᠢᠨ ᠲᠣᠭᠣᠭᠠᠨ ᠤ ᠳᠡᠷᠭᠡᠳᠡ ᠪᠠᠶᠢᠷᠢᠯᠠᠬᠤ ᠴᠡᠩᠭᠡᠭ ᠤᠰᠤᠲᠤ ᠨᠠᠭᠤᠷ ᠪᠤᠯᠤᠨ᠎ᠠ ᠃ ᠬᠠᠩᠭᠠᠢ ᠶᠢᠨ ᠨᠢᠷᠤᠭᠤ ᠠᠴᠠ ᠡᠬᠢ ᠠᠪᠴᠤ᠂ ᠬᠣᠶᠢᠳᠤ᠂ ᠤᠷᠳᠤ ᠲᠡᠷᠬᠡᠢ ᠶᠢᠨ ᠭᠣᠣᠯ ᠤᠨ ᠤᠷᠤᠰᠬᠠᠯ ᠨᠢ ᠬᠣᠷᠭᠣ ᠭᠠᠯᠲᠤ ᠠᠭᠤᠯᠠ ᠶᠢᠨ ᠬᠠᠯᠠᠭᠤᠨ ᠬᠠᠶᠢᠯᠤᠮᠠᠯ ᠪᠣᠳᠠᠰ ᠲᠤ ᠪᠣᠭᠣᠭᠳᠠᠨ ᠡᠭᠦᠰᠴᠡᠢ᠃  ᠨᠠᠭᠤᠷ ᠤᠨ ᠭᠣᠣᠯ ᠳᠤ ᠤᠷᠤᠰᠢᠬᠤ ᠵᠢᠵᠢᠭ ᠠᠷᠠᠯ ᠳᠡᠭᠡᠷ᠎ᠡ ᠰᠢᠪᠠᠭᠤᠳ ᠡᠭᠦᠷ ᠢᠶᠡᠨ ᠵᠠᠰᠠᠵᠤ ᠥᠨᠳᠡᠭᠡᠯᠡᠳᠡᠭ᠃ ᠲᠡᠷᠬᠡᠢ ᠶᠢᠨ ᠴᠠᠭᠠᠨ ᠨᠠᠭᠤᠷ ᠲᠤ ᠬᠠᠷ᠎ᠠ ᠭᠠᠯᠠᠭᠤ ᠶᠡᠬᠡ ᠢᠷᠡᠳᠡᠭ ᠪᠥᠭᠡᠳ ᠲᠠᠪᠤᠨ ᠮᠧᠲ᠋ᠷ ᠢᠯᠡᠭᠦᠦ ᠭᠦᠨ ᠤᠷᠤᠭᠤ ᠱᠤᠩᠪᠠᠨ ᠵᠢᠭᠠᠰᠤ ᠪᠠᠷ ᠬᠣᠭᠣᠯᠠᠯᠠᠳᠠᠭ ᠪᠠᠶᠢᠨ᠎ᠠ᠃ ᠴᠤᠷᠬᠠᠢ ᠵᠡᠷᠭᠡ ᠰᠡᠯᠡᠩᠭᠡ ᠶᠢᠨ ᠰᠠᠪᠠ ᠶᠢᠨ ᠵᠢᠭᠠᠰᠤ ᠲᠠᠢ᠃ ᠮᠥᠨ ᠤᠯᠠᠨ ᠬᠣᠪᠣᠷ ᠰᠢᠪᠠᠭᠤᠳ ᠠᠮᠢᠳᠤᠷᠠᠳᠠᠭ᠃ ᠨᠠᠭᠤᠷ ᠤᠨ ᠲᠣᠯᠣᠭᠠᠢ ᠨᠢ ᠬᠣᠷᠭᠣ ᠶᠢᠨ ᠳᠠᠷᠬᠠᠨ ᠭᠠᠵᠠᠷ ᠲᠤ ᠪᠠᠭᠲᠠᠳᠠᠭ᠃

ᠡᠨᠡ ᠨᠠᠭᠤᠷ ᠲᠤ ᠠᠷᠪᠠ ᠭᠠᠷᠤᠢ ᠭᠣᠣᠯ ᠴᠢᠳᠬᠤᠳᠠᠭ ᠠᠴᠠ ᠬᠠᠮᠤᠭ ᠤᠨ ᠲᠣᠮᠣ ᠨᠢ ᠲᠡᠷᠬᠡᠢ ᠶᠢᠨ ᠭᠣᠣᠯ ᠶᠤᠮ᠃ ᠬᠠᠷᠢᠨ ᠭᠠᠭᠴᠠ ᠭᠣᠣᠯ ᠡᠬᠢ ᠠᠪᠤᠨ ᠭᠠᠳᠠᠭᠰᠢ ᠤᠷᠤᠰᠳᠠᠭ ᠪᠥᠭᠡᠳ ᠲᠡᠷᠡ ᠨᠢ ᠰᠤᠮᠤᠨ ᠭᠣᠣᠯ ᠶᠤᠮ᠃ ᠲᠡᠷᠬᠡᠢ ᠭᠣᠣᠯ ᠨᠢ ᠴᠢᠨᠠᠭᠰᠢᠯᠠᠭᠠᠳ ᠲᠠᠪᠢ ᠣᠷᠴᠢᠮ ᠺᠢᠯᠣᠮᠧᠲ᠋ᠷ ᠤᠷᠤᠰᠤᠭᠠᠳ ᠴᠢᠯᠠᠭᠤᠲᠤ ᠶᠢᠨ ᠭᠣᠣᠯ ᠳᠤ ᠴᠢᠳᠬᠤᠳᠠᠭ᠃

ᠲᠤᠰ ᠨᠠᠭᠤᠷ ᠢ 2011 ᠤᠨ ᠳᠤ CNN ᠮᠡᠳᠡᠭᠡᠯᠡᠯ ᠦᠨ ᠲᠥᠪ ᠠᠶᠠᠯᠬᠤ ᠰᠢᠯᠢᠳᠡᠭ ᠭᠠᠵᠠᠷ ᠤᠳ ᠤᠨ ᠨᠢᠭᠡ ᠳᠦ ᠪᠠᠭᠲᠠᠭᠠᠵᠠᠢ᠃

ᠨᠡᠷ ᠡ ᠶᠢᠨ ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠬᠡᠢ ᠶᠢᠨ ᠴᠠᠭᠠᠨ ᠨᠠᠭᠤᠷ ᠤᠨ ᠵᠡᠭᠦᠨ ᠡᠷᠭᠢ ᠳᠡᠭᠡᠷ᠎ᠡ ᠣᠪᠣᠭ᠎ᠠ ᠪᠦᠬᠦᠢ ᠳᠥᠷᠥᠯᠵᠢ ᠳᠡᠭᠡᠭᠦᠷ ᠭᠠᠷᠴᠤ ᠢᠷᠡᠭᠰᠡᠨ ᠠᠶᠠᠨ ᠤ ᠬᠦᠮᠦᠰ ᠭᠡᠨᠡᠳᠲᠡ ᠶᠡᠬᠡ ᠨᠠᠭᠤᠷ ᠪᠠᠶᠢᠬᠤ ᠶᠢ ᠬᠠᠷᠠᠭᠠᠳ 《ᠲᠡᠷᠡ ᠶᠡᠬᠡ ᠴᠠᠭᠠᠨ ᠨᠠᠭᠤᠷ ᠢ ᠬᠠᠷᠠ》 ᠬᠡᠮᠡᠨ ᠳᠠᠭᠤᠨ ᠠᠯᠳᠠᠭᠰᠠᠨ ᠠᠴᠠ 《ᠲᠡᠷᠡ ᠶᠡᠬᠡ ᠴᠠᠭᠠᠨ ᠨᠠᠭᠤᠷ》 ᠪᠤᠶᠤ 《ᠲᠡᠷᠬᠡᠢ ᠶᠢᠨ ᠴᠠᠭᠠᠨ ᠨᠠᠭᠤᠷ》 ᠭᠡᠳᠡᠭ ᠨᠡᠷ᠎ᠡ ᠪᠤᠢ ᠪᠣᠯᠤᠭᠰᠠᠨ ᠭᠡᠰᠡᠨ ᠳᠣᠮᠣᠭ ᠪᠠᠶᠢᠳᠠᠭ᠃

ᠮᠥᠨ ᠥᠭᠡᠷ᠎ᠡ ᠨᠢᠭᠡ ᠳᠣᠮᠣᠭ ᠨᠢ: ᠤᠳᠤ ᠶᠢᠨ ᠨᠠᠭᠤᠷ ᠪᠠᠶᠢᠭ᠎ᠠ ᠭᠠᠵᠠᠷ ᠲᠦ ᠨᠢ ᠤᠷᠢᠳᠤ ᠨᠢ ᠡᠪᠡᠰᠦ ᠪᠡᠯᠴᠢᠭᠡᠷ ᠰᠠᠶᠢᠲᠠᠢ ᠠᠭᠤᠵᠢᠮ ᠲᠠᠯ᠎ᠠ ᠪᠠᠶᠢᠴᠠᠢ᠃ ᠲᠠᠯ᠎ᠠ ᠳᠤᠮᠳᠠ ᠨᠢᠭᠡ ᠬᠤᠳᠳᠤᠭ ᠪᠠᠶᠢᠭᠰᠠᠨ ᠪᠥᠭᠡᠳ ᠡᠪᠦᠭᠡᠨ ᠡᠮᠡᠭᠡᠨ ᠬᠣᠶᠠᠷ ᠲᠡᠷᠡ ᠬᠤᠳᠳᠤᠭ ᠠᠴᠠ ᠤᠰᠤ ᠠᠪᠤᠭᠠᠳ ᠬᠤᠳᠳᠤᠭ ᠢᠶᠠᠨ ᠲᠠᠭᠯᠠᠳᠠᠭ ᠪᠠᠶᠢᠴᠠᠢ᠃ ᠭᠡᠲᠡᠯ᠎ᠡ ᠡᠮᠡᠭᠡᠨ ᠨᠢ ᠨᠢᠭᠡ ᠤᠳᠠᠭ᠎ᠠ ᠤᠰᠤ ᠠᠪᠤᠭᠠᠳ ᠬᠤᠳᠳᠤᠭ ᠢᠶᠠᠨ ᠲᠠᠭᠯᠠᠬᠤ ᠪᠠᠨ ᠮᠠᠷᠲᠠᠴᠢᠬᠠᠵᠠᠢ᠃ᠲᠡᠷᠡ ᠰᠥᠨᠢ ᠬᠤᠳᠳᠤᠭ ᠨᠢ ᠣᠷᠭᠢᠯᠠᠵᠤ ᠠᠯᠲᠠᠨ ᠳᠡᠯᠡᠬᠡᠢ ᠶᠢ ᠤᠰᠤᠨ ᠤ ᠦᠶᠡᠷ ᠠᠪᠬᠤ ᠠᠶᠤᠯ ᠨᠥᠮᠥᠷᠦᠭᠰᠡᠨ ᠦᠶ᠎ᠡ ᠳᠦ ᠪᠥᠬᠡᠮᠠᠨᠳᠠᠯ ᠭᠡᠭᠴᠢ ᠨᠢᠭᠡᠨ ᠶᠡᠬᠡ ᠬᠦᠴᠦᠲᠡᠨ ᠤᠷᠠᠨ ᠮᠠᠨᠳᠤᠯ ᠠᠭᠤᠯᠠ ᠶᠢᠨ ᠣᠷᠣᠢ ᠶᠢ ᠲᠠᠰᠤᠳᠠᠨ ᠠᠪᠤᠭᠠᠳ ᠬᠤᠳᠳᠤᠭ ᠤᠨ ᠠᠮᠠ ᠤᠷᠤᠭᠤ ᠰᠢᠳᠡᠨ ᠬᠠᠭᠠᠭᠰᠠᠨ ᠳᠤ ᠬᠠᠯᠢᠭᠰᠠᠨ ᠤᠰᠤ ᠲᠡᠷᠡᠭᠡᠢ ᠴᠠᠭᠠᠨ ᠨᠠᠭᠤᠷ ᠪᠣᠯᠤᠨ ᠲᠣᠭᠲᠠᠵᠠᠢ᠃ ᠡᠶᠢᠨᠬᠦᠦ ᠭᠡᠨᠡᠳᠲᠡ ᠨᠠᠭᠤᠷ ᠲᠣᠭᠲᠠᠭᠰᠠᠨ ᠢ ᠨᠤᠲᠤᠭ ᠤᠨ ᠨᠢᠭᠡᠨ ᠬᠦᠮᠦᠨ ᠬᠠᠷᠠᠭᠠᠳ 《ᠲᠡᠷᠡ ᠶᠡᠬᠡ ᠨᠠᠭᠤᠷ》 ᠢ ᠬᠠᠷᠠᠭᠠᠴᠢ ᠭᠡᠰᠡᠨ ᠳᠦ ᠤᠭ ᠨᠠᠭᠤᠷ ᠢ ᠲᠡᠭᠡᠵᠦ ᠪᠠᠶᠢᠭᠰᠠᠨ ᠢᠶᠠᠨ ᠬᠣᠵᠢᠮ ᠨᠢ ᠲᠡᠷᠡᠬᠡᠢ ᠪᠣᠯᠤᠨ ᠬᠤᠪᠢᠷᠠᠵᠠᠢ᠃ ᠪᠥᠬᠡᠮᠠᠨᠳᠠᠯ ᠤᠨ ᠠᠪᠴᠢᠷᠠᠵᠤ ᠬᠤᠳᠳᠤᠭ ᠤᠨ ᠠᠮᠠ ᠶᠢ ᠬᠠᠭᠠᠭᠰᠠᠨ ᠭᠡᠳᠡᠭ ᠲᠣᠯᠣᠭᠠᠢ ᠶᠢ ᠨᠠᠭᠤᠷ ᠲᠣᠯᠣᠭᠠᠢ ᠭᠡᠳᠡᠭ ᠪᠥᠭᠡᠳ ᠦᠨᠡᠬᠡᠷ ᠴᠤ ᠨᠠᠭᠤᠷ ᠲᠣᠯᠣᠭᠠᠢ ᠶᠢ ᠤᠷᠠᠨ ᠮᠠᠨᠳᠤᠯ ᠠᠭᠤᠯᠠ ᠶᠢᠨ ᠣᠷᠣᠢ ᠳᠤ ᠠᠪᠠᠴᠢᠭᠠᠳ ᠲᠠᠯᠪᠢᠴᠢᠬᠠᠪᠠᠯ ᠶᠠᠭ ᠡᠪ ᠪᠡᠷ ᠢᠶᠡᠨ ᠲᠠᠭᠠᠷᠠᠬᠤ ᠰᠢᠨᠵᠢ ᠲᠡᠢ ᠠᠵᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ