ᠲᠡᠰ ᠰᠤᠮᠤ (ᠵᠠᠪᠬᠠᠨ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠡᠰ ᠨᠢ ᠵᠠᠪᠬᠠᠨ ᠠᠶᠢᠮᠠᠭ ᠤᠨ ᠰᠤᠮᠤ ᠶᠤᠮ᠃ ᠵᠠᠪᠬᠠᠨ ᠠᠶᠢᠮᠠᠭ ᠤᠨ ᠪᠠᠶᠠᠨ᠋ᠲᠡᠰ᠂ ᠪᠠᠶᠠᠩᠬᠠᠶᠢᠷᠬᠠᠨ᠂ ᠤᠪᠰᠤ ᠠᠶᠢᠮᠠᠭ ᠤᠨ ᠵᠡᠭᠦᠨ ᠬᠠᠩᠭ᠋ᠠᠢ᠂ ᠣᠷᠣᠰ ᠬᠣᠯᠪᠣᠭᠠᠨ ᠤ ᠤᠯᠤᠰ ᠤᠨ ᠲᠤᠸᠠ ᠵᠡᠷᠭᠡ ᠲᠡᠢ ᠬᠢᠯᠢᠯᠡᠨ ᠵᠠᠪᠬᠠᠨ ᠠᠶᠢᠮᠠᠭ ᠤᠨ ᠬᠣᠶᠢᠳᠤ ᠬᠡᠰᠡᠭ ᠲᠦ ᠲᠠᠨ ᠤᠨ ᠨᠢᠷᠤᠭᠤ᠂ ᠬᠠᠨ ᠬᠥᠬᠥ ᠶᠢᠨ ᠨᠢᠷᠤᠭᠤᠨ ᠤ ᠰᠠᠯᠪᠤᠷᠢ ᠠᠤᠯᠠᠯᠠᠰ ᠳᠤᠮᠳᠠ ᠳᠠᠯᠠᠢ ᠶᠢᠨ ᠲᠦᠪᠰᠢᠨ ᠡᠴᠡ ᠳᠡᠭᠡᠭᠰᠢ 1300 ᠭᠠᠷᠤᠢ ᠮᠧᠲ᠋ᠷ ᠥᠨᠳᠥᠷ ᠲᠦ ᠡᠷᠭᠦᠭᠳᠡᠨ ᠣᠷᠣᠰᠢᠨ ᠪᠠᠶᠢᠨ᠎ᠠ᠃ ᠨᠡᠶᠢᠲᠡ 87229 ᠭᠠ ᠨᠤᠲᠤᠭ ᠲᠠᠢ᠂ ᠰᠤᠮᠤ ᠶᠢᠨ ᠲᠥᠪ ᠨᠢ ᠵᠦᠷ᠂ ᠠᠶᠢᠮᠠᠭ ᠤᠨ ᠲᠥᠪ ᠡᠴᠡ 301 ᠺᠢᠯᠣᠮᠧᠲ᠋ᠷ ᠳᠦ ᠣᠷᠣᠰᠢᠨ᠎ᠠ᠃ ᠳᠠᠭᠠᠨ᠎ᠠ᠂ ᠨᠢᠰᠦᠭ᠂ ᠪᠠᠶᠠᠨ-ᠠᠭᠤᠯᠠ᠂ ᠵᠦᠢᠷ ᠭᠡᠰᠡᠨ ᠳᠥᠷᠪᠡᠨ ᠪᠠᠭ 894 ᠡᠷᠦᠬᠡ᠂ 3386 ᠬᠦᠮᠦᠨ ᠠᠮᠠ᠂ 49,2 ᠮᠢᠩᠭᠠᠨ ᠮᠠᠯ ᠲᠠᠢ ᠠᠵᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1959 ᠣᠨ ᠳᠤ ᠪᠠᠶᠠᠨ-ᠠᠭᠤᠯᠠ ᠰᠤᠮᠤ ᠍ ᠤᠨ ᠲᠡᠰ ᠦᠨ ᠲᠡᠵᠢᠭᠡᠯ ᠦᠨ ᠠᠵᠤ ᠠᠬᠤᠢ ᠳᠡᠭᠡᠷ᠎ᠡ ᠲᠤᠯᠭᠠᠭᠤᠷᠢᠯᠠᠨ ᠪᠠᠶᠢᠭᠤᠯᠤᠭᠳᠠᠵᠠᠢ᠃ 1655 ᠣᠨ ᠳᠤ ᠪᠠᠶᠢᠭᠤᠯᠤᠭᠳᠠᠭᠰᠠᠨ ᠬᠣᠲᠣᠭᠣᠶᠢᠳ ᠨᠢᠭᠡᠨ ᠬᠣᠰᠢᠭᠤ ᠵᠠᠰᠠᠭᠲᠤ ᠬᠠᠨ ᠠᠶᠢᠮᠠᠭ ᠤᠨ ᠡᠷᠳᠡᠨᠢᠳᠡᠭᠦᠷᠦᠭᠴᠢ ᠸᠠᠩ ᠤᠨ ᠬᠣᠰᠢᠭᠤ᠂ ᠮᠠᠨᠵᠤ ᠶᠢᠨ ᠡᠷᠬᠡᠰᠢᠶᠡᠯ ᠦᠨ ᠦᠶ᠎ᠡ ᠶᠢᠨ ᠬᠠᠯᠬ᠎ᠠ ᠶᠢᠨ ᠪᠠᠷᠠᠭᠤᠨ ᠵᠠᠮ ᠤᠨ ᠳᠤᠮᠳᠠᠳᠤ ᠵᠡᠭᠦᠨ ᠳ᠋ᠡᠬᠢ ᠭᠠᠷ ᠤᠨ ᠵᠡᠭᠦᠨ ᠡᠲᠡᠭᠡᠳ ᠦᠨ ᠬᠣᠰᠢᠭᠤ᠂ 1924-1931 ᠣᠨ ᠳᠤ ᠬᠠᠨᠲᠠᠶᠢᠰᠢᠷᠢ ᠤᠤᠯ ᠤᠨ ᠠᠶᠢᠮᠠᠭ ᠤᠨ ᠳᠡᠯᠭᠡᠷᠬᠠᠨ ᠤᠤᠯ ᠤᠨ ᠬᠣᠰᠢᠭᠤ᠂ 1931-1959 ᠣᠨ ᠬᠦᠷᠲᠡᠯ᠎ᠡ ᠪᠠᠶᠠᠨ-ᠠᠭᠤᠯᠠ ᠰᠤᠮᠤ ᠶᠢᠨ ᠨᠢᠭᠡᠭᠡᠬᠡᠨ ᠬᠡᠰᠡᠭ ᠲᠦ ᠨᠢ ᠪᠠᠭᠳᠠᠵᠣ ᠪᠠᠶᠢᠭᠰᠠᠨ᠃ 1958 ᠣᠨ ᠳᠤ ᠲᠡᠷᠡ ᠦᠶ᠎ᠡ ᠶᠢᠨ ᠪᠠᠶᠠᠨ-ᠠᠭᠤᠯᠠ ᠰᠤᠮᠤ ᠶᠢᠨ ᠳᠠᠭᠠᠨ᠎ᠠ᠂ ᠪᠠᠶᠠᠨ-ᠠᠭᠤᠯᠠ᠂ ᠪᠡᠷᠬᠡ᠂ ᠨᠢᠰᠬᠦ ᠪᠠᠭ ᠤᠨ ᠢᠷᠭᠡᠳ ᠡᠨᠡᠬᠦ ᠪᠠᠭ ᠤᠳ ᠤᠨ ᠨᠤᠲᠤᠭ ᠨᠢ ᠣᠳᠣ ᠶᠢᠨ ᠰᠤᠮᠤ ᠶᠢᠨ ᠲᠥᠪ ᠡᠴᠡ ᠠᠯᠤᠰᠯᠠᠭᠳᠠᠭᠰᠠᠨ᠂ ᠭᠠᠵᠠᠷ ᠨᠤᠲᠤᠭ ᠬᠣᠯᠠ᠂ ᠵᠣᠬᠢᠴᠠᠬᠤ ᠦᠭᠡᠢ ᠪᠠᠶᠢᠭ᠎ᠠ ᠲᠤᠬᠠᠢ ᠰᠠᠨᠠᠯ ᠭᠠᠷᠭᠠᠬᠤ ᠳᠤ ᠭᠠᠵᠠᠷ ᠳᠡᠭᠡᠷ᠎ᠡ ᠨᠢ ᠰᠢᠯᠭᠠᠨ ᠦᠵᠡᠭᠰᠡᠨ ᠦ ᠦᠨᠳᠦᠰᠦᠨ ᠳᠡᠭᠡᠷ᠎ᠡ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1959 ᠣᠨ ᠤ V ᠰᠠᠷ᠎ᠠ ᠶᠢᠨ 31 ᠍ ᠦ ᠡᠳᠦᠷ ᠦᠨ ᠲᠣᠭᠲᠠᠭᠠᠯ ᠢᠶᠠᠷ ᠳᠡᠭᠡᠷ᠎ᠡ ᠳᠤᠷᠢᠳᠠᠭᠰᠠᠨ ᠪᠠᠭ ᠤᠨ ᠨᠤᠲᠤᠭ ᠳᠡᠪᠢᠰᠬᠡᠷ᠂ ᠠᠷᠠᠳ ᠢᠷᠭᠡᠳ 《ᠳᠡᠯᠭᠡᠷᠡᠬᠦ》 ᠨᠢᠭᠡᠳᠦᠯ ᠳᠡᠭᠡᠷ᠎ᠡ ᠲᠤᠯᠭᠠᠭᠤᠷᠢᠯᠠᠨ ᠲᠡᠰ ᠬᠡᠮᠡᠬᠦ ᠰᠤᠮᠤ ᠶᠢ ᠰᠠᠯᠭᠠᠨ ᠪᠠᠶᠢᠭᠤᠯᠵᠠᠢ᠃ ᠡᠨᠡ ᠦᠶ᠎ᠡ ᠳᠦ 341 ᠡᠷᠦᠬᠡ᠂ 1507 ᠬᠦᠮᠦᠨ ᠠᠮᠠ᠂ 52,4 ᠮᠢᠩᠭᠠᠨ ᠲᠣᠯᠣᠭᠠᠢ ᠮᠠᠯ ᠲᠠᠢ᠂ 2298 ᠭᠠ ᠭᠠᠵᠠᠷ ᠨᠤᠲᠤᠭ ᠲᠠᠢ ᠪᠠᠶᠢᠪᠠ᠃ ᠮᠥᠨ ᠤᠳᠠᠯ ᠦᠭᠡᠢ ᠮᠣᠩᠭᠣᠯ ᠣᠷᠣᠨ ᠳᠠᠶᠠᠭᠠᠷ ᠥᠷᠨᠢᠭᠰᠡᠨ ᠠᠲᠠᠷ ᠭᠠᠵᠠᠷ ᠡᠵᠡᠮᠰᠢᠬᠦ ᠶᠠᠪᠤᠳᠠᠯ ᠲᠠᠢ ᠬᠣᠯᠪᠣᠭᠳᠠᠭᠤᠯᠤᠨ 1969 ᠣᠨ ᠳᠤ ᠲᠡᠰ ᠰᠤᠮᠤᠨ ᠳᠤ ТАА ᠪᠠᠶᠢᠭᠤᠯᠬᠤ ᠳᠤ ᠪᠠᠨ ᠮᠠᠯ ᠤᠨ ᠪᠡᠯᠴᠢᠭᠡᠷ᠂ ᠲᠠᠷᠢᠶᠠᠯᠠᠩ ᠤᠨ ᠲᠠᠯᠠᠪᠠᠢ ᠬᠣᠶᠠᠷ ᠵᠣᠬᠢᠴᠠᠬᠤ ᠦᠭᠡᠢ ᠬᠡᠮᠡᠨ ᠦᠵᠡᠵᠦ 1974 ᠣᠨ ᠳᠤ ᠲᠡᠰ ᠰᠤᠮᠤ ᠶᠢᠨ 《ᠳᠡᠯᠭᠡᠷᠡᠬᠦ》 ᠨᠢᠭᠡᠳᠦᠯ ᠢ ᠲᠠᠲᠠᠨ ᠪᠠᠭᠤᠯᠭᠠᠵᠤ ᠪᠠᠶᠠᠨ-ᠠᠭᠤᠯᠠ ᠰᠤᠮᠤ ᠶᠢᠨ 《ᠵᠢᠷᠭᠠᠯᠠᠩᠲᠤ-ᠠᠮᠢᠳᠤᠷᠠᠯ》 ᠨᠢᠭᠡᠳᠦᠯ ᠳᠦ ᠨᠢᠭᠡᠳᠬᠡᠨ 《ᠳᠡᠯᠭᠡᠷᠡᠬᠦ-ᠠᠮᠢᠳᠤᠷᠠᠯ》 ᠨᠢᠭᠡᠳᠦᠯ ᠬᠡᠮᠡᠨ ᠨᠡᠷᠡᠶᠢᠳᠴᠦ ᠪᠠᠶᠠᠨ-ᠠᠭᠤᠯᠠ ᠰᠤᠮᠤᠨ ᠳᠤ ᠬᠠᠷᠢᠶᠠᠯᠠᠭᠤᠯᠤᠭᠰᠠᠨ ᠠᠵᠡᠢ᠃ ᠤᠯᠠᠮ ᠢᠶᠠᠷ ᠲᠡᠰ ᠦᠨ ᠰᠤᠮᠤ ᠬᠡᠮᠡᠬᠦ ᠰᠲ᠋ᠠᠲ᠋ᠦ᠋ᠰ ᠢ ᠲᠠᠲᠠᠨ ᠪᠠᠭᠤᠯᠭᠠᠵᠤ ᠪᠠᠶᠠᠨ᠋ᠲᠡᠰ ᠰᠤᠮᠤ ᠶᠢᠨ ᠲᠡᠰ ᠦᠨ ТАА ᠪᠤᠶᠤ ᠲᠡᠰ ᠬᠣᠷᠢᠶ᠎ᠠ ᠬᠡᠮᠡᠨ ᠨᠡᠷᠡᠶᠢᠳᠦᠨ ᠬᠣᠷᠢᠶᠠᠨ ᠤ ᠵᠠᠬᠢᠷᠭ᠎ᠠ᠂ ТАА ᠍ ᠦᠨ ᠳᠠᠷᠤᠭ᠎ᠠ ᠪᠠᠷ ᠴᠤ᠃ᠢᠳᠠᠮᠵᠠᠪ ᠢ ᠲᠣᠮᠢᠯᠠᠵᠠᠢ᠃ ᠡᠨᠡ ᠦᠶ᠎ᠡ ᠳᠦ 205 ᠍ ᠦᠨ ᠡᠷᠦᠬᠡ᠂ 700 ᠭᠠᠷᠤᠨ ᠬᠦᠮᠦᠨ ᠠᠮᠠ᠂ 23000 ᠭᠠ ᠡᠷᠭᠢᠯᠲᠡ ᠶᠢᠨ ᠲᠠᠯᠠᠪᠠᠢ ᠲᠠᠢ ᠪᠠᠶᠢᠪᠠ᠃ ᠲᠡᠰ ᠰᠤᠮᠤ ᠶᠢ ᠡᠶᠢᠨᠬᠦᠦ ᠲᠠᠲᠠᠨ ᠪᠠᠭᠤᠯᠭᠠᠭᠰᠠᠨ ᠪᠣᠯᠪᠠᠴᠤ ᠨᠢᠭᠡ ᠶᠡᠬᠡ ᠤᠳᠠᠯ ᠦᠭᠡᠢ 1977 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 138 ᠍ ᠳᠦᠭᠡᠷ ᠵᠠᠷᠯᠢᠭ ᠢᠶᠠᠷ ᠲᠡᠰ ᠬᠣᠷᠢᠶ᠎ᠠ ᠶᠢ ᠰᠤᠮᠤ ᠪᠣᠯᠭᠠᠨ ᠵᠣᠬᠢᠶᠠᠨ ᠪᠠᠶᠢᠭᠤᠯᠤᠭᠰᠠᠨ ᠪᠠᠶᠢᠨ᠎ᠠ᠃

ᠲᠡᠰ ᠰᠤᠮᠤᠨ ᠳᠤ ᠣᠷᠣᠰᠢᠨ ᠪᠠᠶᠢᠭᠰᠠᠨ 《ᠳᠡᠯᠭᠡᠷᠡᠬᠦ》 ᠨᠢᠭᠡᠳᠦᠯ ᠢ ᠠᠩᠬ᠎ᠠ 1956 ᠣᠨ ᠳᠤ ᠭ᠃ᠡᠰᠢ᠂ ᠭ᠃ᠢᠴᠢᠨᠨᠣᠷᠪᠤ᠂ ᠢ᠃ᠳᠠᠮᠳᠢᠨᠪᠠᠽᠠᠷ᠂ ᠯᠠ᠃ᠮᠠᠭᠰᠠᠷ ᠨᠠᠷ ᠤᠨ ᠬᠦᠮᠦᠰ ᠰᠠᠨᠠᠭᠠᠴᠢᠯᠠᠨ ᠪᠠᠶᠠᠨ-ᠠᠭᠤᠯᠠ ᠰᠤᠮᠤ ᠶᠢᠨ I, II, III, IX ᠪᠠᠭ ᠤᠨ 17 ᠍ ᠶᠢᠨ ᠡᠷᠦᠬᠡ ᠶᠢᠨ 23 ᠍ ᠶᠢᠨ ᠭᠡᠰᠢᠭᠦᠨ᠂ 2000 ᠭᠠᠷᠤᠢ ᠮᠠᠯᠤ ᠲᠠᠢ ᠪᠠᠷ ᠪᠠᠶᠢᠭᠤᠯᠤᠨ ᠨᠢᠭᠡᠳᠦᠯ ᠦᠨ ᠠᠩᠬᠠᠨ ᠤ ᠳᠠᠷᠤᠭ᠎ᠠ ᠪᠠᠷ ᠢ᠃ᠳᠠᠮᠳᠢᠨᠪᠠᠽᠠᠷ ᠢ ᠰᠣᠩᠭᠣᠵᠠᠢ᠃ ᠡᠨᠡ ᠦᠶ᠎ᠡ ᠳᠦ ᠲᠤᠰ ᠨᠢᠭᠡᠳᠦᠯ ᠨᠢ МАА ᠍ ᠦᠨ ᠭᠤᠷᠪᠠᠨ ᠪᠠᠷᠢᠭᠠᠳᠠ᠂ 500 ᠭᠠᠷᠤᠢ ᠭᠡᠰᠢᠭᠦᠳ ᠲᠡᠢ᠂ 3 ᠍ ᠶᠢᠨ ᠰᠠᠶ᠋ᠢ ᠲᠥᠭᠦᠷᠢᠭᠡᠨ ᠦ ᠦᠨᠳᠦᠰᠦᠨ ᠬᠥᠷᠥᠩᠭᠡ ᠲᠡᠢ᠂ ᠵᠢᠯ ᠳᠤ ᠪᠡᠨ 1 ᠰᠠᠶ᠎ᠠ ᠲᠥᠭᠦᠷᠢᠭᠡᠨ ᠦ ᠣᠷᠣᠯᠭ᠎ᠠ ᠲᠠᠢ ᠠᠵᠢᠯᠯᠠᠵᠤ ᠪᠠᠶᠢᠪᠠ᠃ 1972 ᠣᠨ ᠤ ᠪᠠᠶᠢᠳᠠᠯ ᠢᠶᠠᠷ 500 ᠭᠠᠷᠤᠢ ᠡᠷᠦᠬᠡ ᠶᠢᠨ 2500 ᠭᠠᠷᠤᠢ ᠭᠡᠰᠢᠭᠦᠨ᠂ 67,7 ᠮᠢᠩᠭᠠᠨ ᠮᠠᠯ᠂ 4 ᠍ ᠶᠢᠨ ᠰᠠᠶ᠋ᠢ ᠲᠥᠭᠦᠷᠢᠭᠡᠨ ᠦ ᠦᠨᠳᠦᠰᠦᠨ ᠬᠥᠷᠥᠩᠭᠡ᠂ ᠵᠢᠯ ᠳᠤ 2 ᠰᠠᠶ᠎ᠠ ᠲᠥᠭᠦᠷᠢᠭᠡᠨ ᠦ ᠣᠷᠣᠯᠭ᠎ᠠ ᠲᠠᠢ ᠪᠣᠯᠤᠭᠰᠠᠨ ᠪᠠᠶᠢᠪᠠ᠃ ᠲᠡᠰ ᠰᠤᠮᠤᠨ ᠳᠤ ТАА ᠪᠠᠶᠢᠭᠤᠯᠬᠤ ᠪᠣᠯᠤᠭᠰᠠᠨ ᠲᠠᠢ ᠬᠣᠯᠪᠣᠭᠳᠠᠨ 1974 ᠣᠨ ᠳᠤ ᠲᠡᠰ ᠰᠤᠮᠤ ᠶᠢ ᠲᠠᠲᠠᠨ ᠪᠠᠭᠤᠯᠭᠠᠵᠤ ᠤᠯᠠᠮ ᠢᠶᠠᠷ 《ᠳᠡᠯᠭᠡᠷᠡᠬᠦ》 ᠨᠢᠭᠡᠳᠦᠯ ᠢ ᠪᠠᠶᠠᠨ-ᠠᠭᠤᠯᠠ ᠰᠤᠮᠤ ᠶᠢᠨ 《ᠵᠢᠷᠭᠠᠯᠠᠩᠲᠤ-ᠠᠮᠢᠳᠤᠷᠠᠯ》 ᠨᠢᠭᠡᠳᠦᠯ ᠳᠦ ᠨᠢᠭᠡᠳᠬᠡᠭᠰᠡᠨ ᠪᠠᠶᠢᠨ᠎ᠠ᠃

1960 ᠍ ᠊ᠭᠠᠳ ᠣᠨ ᠤ ᠦᠶ᠎ᠡ ᠳᠦ ᠥᠷᠨᠢᠭᠰᠡᠨ ᠠᠲᠠᠷ ᠭᠠᠵᠠᠷ ᠡᠵᠡᠮᠰᠢᠬᠦ ᠬᠥᠳᠡᠯᠭᠡᠭᠡᠨ ᠦ ᠦᠷ᠎ᠡ ᠳ᠋ᠦᠩ ᠦᠨ ᠢᠯᠡᠷᠡᠯ ᠪᠣᠯᠤᠨ 1969 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠰᠩ ᠦᠨ 157 ᠍ ᠳᠦᠭᠡᠷ ᠲᠣᠭᠲᠠᠭᠠᠯ ᠭᠠᠷᠴᠤ ᠲᠡᠷᠡ ᠦᠶ᠎ᠡ ᠶᠢᠨ ᠵᠥᠪᠯᠡᠯᠲᠦ ᠬᠣᠯᠪᠣᠭᠠᠲᠤ ᠤᠯᠤᠰ ᠤᠨ ᠲᠤᠰᠠᠯᠠᠮᠵᠢ ᠲᠠᠢ ᠪᠠᠷ ТАА ᠪᠠᠷᠢᠵᠤ ᠡᠬᠢᠯᠡᠭᠰᠡᠨ ᠪᠠᠶᠢᠨ᠎ᠠ᠃ ᠡᠨᠡ ᠦᠶ᠎ᠡ ᠳᠦ ᠪᠠᠶᠠᠨ-ᠠᠭᠤᠯᠠ ᠰᠤᠮᠤ ᠶᠢᠨ МААМС ᠍ ᠢ ᠲᠠᠲᠠᠨ ᠪᠠᠭᠤᠯᠭᠠᠨ ᠲᠡᠨᠳᠡ ᠡᠴᠡ ᠭᠢᠨᠵᠢᠲᠦ ᠪᠠ ᠳᠤᠭᠤᠢ ᠳᠤ ᠲᠷᠠᠺᠲ᠋ᠣᠷ 9, ХАА ᠍ ᠶᠢᠨ ᠴᠢᠷᠭᠡᠦᠯ᠂ ᠳᠡᠭᠦᠵᠢᠩ ᠮᠠᠰᠢᠨ 20 ᠭᠠᠷᠤᠢ ᠨᠡᠶᠢᠲᠡ 2 ᠰᠠᠶ᠎ᠠ ᠲᠥᠭᠦᠷᠢᠭᠡᠨ ᠦ ᠬᠥᠷᠥᠩᠭᠡ ᠶᠢ ᠲᠡᠰ ᠦᠨ ТАА ᠍ ᠳᠦ ᠰᠢᠯᠵᠢᠭᠦᠯᠦᠨ ᠥᠭᠭᠦᠭᠰᠡᠨ ᠪᠠᠶᠢᠨ᠎ᠠ᠃ 1969 ᠣᠨ ᠳᠤ ᠲᠠᠷᠢᠶᠠᠯᠠᠩ ᠤᠨ ᠠᠩᠬᠠᠨ ᠤ ᠱᠠᠩ ᠢ ᠪᠠᠨ ᠲᠠᠲᠠᠵᠤ ᠲᠡᠪᠬᠡᠨ᠂ ᠴᠠᠭᠠᠨᠴᠢᠯᠠᠭᠤᠲᠤ᠂ ᠲᠥᠭᠡᠨᠲ ᠵᠡᠷᠭᠡ ᠭᠠᠵᠠᠷ 3056 ᠭᠠ ᠭᠠᠵᠠᠷ ᠬᠠᠭᠠᠯᠤᠨ ᠪᠣᠯᠪᠠᠰᠤᠷᠠᠭᠤᠯᠵᠤ 3100 ᠲᠣᠨ ᠬᠠᠳᠤᠯᠠᠩ ᠪᠡᠯᠡᠳᠬᠡᠵᠦ ᠦᠢᠯᠡᠳᠪᠦᠷᠢᠯᠡᠯ ᠢᠶᠡᠨ ᠡᠬᠢᠯᠡᠭᠰᠡᠨ ᠠᠵᠡᠢ᠃ 1972 ᠣᠨ ᠳᠤ ᠣᠷᠣᠰ ᠤᠨ ᠲᠠᠯ᠎ᠠ ᠠᠴᠠ 35 ᠰᠠᠶ᠎ᠠ ᠲᠥᠭᠦᠷᠢᠭᠡᠨ ᠦ ᠦᠨᠳᠦᠰᠦᠨ ᠬᠥᠷᠥᠩᠭᠡ ᠪᠦᠬᠦᠢ ТАА ᠍ ᠢ ᠠᠰᠢᠭᠯᠠᠯᠲᠠᠨ ᠳᠤ ᠥᠭᠭᠦᠭᠰᠡᠨ ᠪᠠᠶᠢᠨ᠎ᠠ᠃ ᠡᠭᠦᠨ ᠳᠦ᠂ ᠵᠢᠯ ᠳᠤ 10 ᠍ ᠶᠢᠨ ᠮᠢᠩᠭᠠᠨ ᠲᠣᠨ ᠲᠡᠵᠢᠭᠡᠯ ᠦᠢᠯᠡᠳᠪᠦᠷᠢᠯᠡᠬᠦ ᠬᠦᠴᠦᠨ ᠴᠢᠳᠠᠯ ᠪᠦᠬᠦᠢ ᠲᠡᠵᠢᠭᠡᠯ ᠦᠨ ᠦᠢᠯᠡᠳᠪᠦᠷᠢ᠂ 120 ᠍ ᠦᠨ ᠲᠷᠠᠺᠲ᠋ᠣᠷ ᠲᠤ ᠵᠠᠰᠠᠪᠤᠷᠢ ᠬᠢᠬᠦ ᠴᠢᠳᠠᠯ ᠲᠠᠢ ХАА ᠍ ᠦᠨ ᠮᠠᠰᠢᠨ ᠤ ᠵᠠᠰᠠᠪᠤᠷᠢ ᠶᠢᠨ ᠭᠠᠵᠠᠷ᠂ 70 ᠍ ᠊ᠭᠠᠳ ᠮᠣᠲ᠋ᠣᠷ ᠲᠠᠢ ᠠᠦ᠋ᠲ᠋ᠣ᠋ ᠭᠠᠷᠴᠤ᠂ 900 ᠺᠢᠯᠣᠸᠠᠲ ᠤᠨ ᠬᠦᠴᠦᠨ ᠴᠢᠳᠠᠯ ᠲᠠᠢ ᠴᠠᠬᠢᠯᠭᠠᠨ ᠰᠲ᠋ᠠᠨᠼ᠂ ᠵᠢᠯ ᠳᠤ 10 ᠍ ᠶᠢᠨ ᠮᠢᠩᠭᠠᠨ ᠺᠠᠯᠯ ᠳᠤᠯᠠᠭᠠᠨ ᠦᠢᠯᠡᠳᠪᠦᠷᠢᠯᠡᠬᠦ ᠬᠦᠴᠦᠨ ᠴᠢᠳᠠᠯ ᠲᠠᠢ ᠠᠭᠤᠷ ᠤᠨ ᠵᠤᠤᠬ᠎ᠠ᠂ 35 ᠍ ᠶᠢᠨ ᠬᠦᠮᠦᠨ ᠦ ᠰᠠᠭᠤᠳᠠᠯ ᠲᠠᠢ ᠠᠵᠢᠯᠴᠢᠨ ᠤ ᠭᠤᠸᠠᠩᠵᠠ᠂ ᠲᠠᠯᠬᠠᠨ ᠤ ᠭᠠᠵᠠᠷ᠂ ᠬᠠᠯᠠᠭᠤᠨ ᠤᠰᠤ᠂ 50 ᠍ ᠶᠢᠨ ᠠᠶᠢᠯ ᠤᠨ ᠣᠷᠣᠨ ᠰᠠᠭᠤᠴᠠ ᠵᠡᠷᠭᠡ ᠪᠠᠶᠢᠭᠤᠯᠤᠮᠵᠢ ᠨᠤᠭᠤᠳ ᠪᠠᠭᠲᠤᠭᠰᠠᠨ ᠪᠠᠶᠢᠨ᠎ᠠ᠃ ᠲᠡᠰ ᠦᠨ ТАА ᠨᠢ ᠡᠬᠢᠨ ᠦᠶᠡᠳᠡᠭᠡ ᠣᠭᠲᠣ ᠮᠠᠯ ᠦᠭᠡᠢ ᠳᠠᠩ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠡᠷᠬᠢᠯᠡᠳᠡᠭᠪᠠᠶᠢᠭᠰᠠᠨ ᠪᠥᠭᠡᠳ ᠬᠠᠷᠢᠨ 1973 ᠣᠨ ᠳᠤ ᠤᠪᠰᠤ ᠠᠶᠢᠮᠠᠭ ᠤᠨ ᠪᠠᠷᠠᠭᠤᠨᠲᠤᠷᠠᠭᠤᠨ ᠤ САА ᠍ ᠰ 200 ᠍ ᠶᠢᠨ ᠦᠬᠡᠷ᠂ 220 ᠍ ᠦᠨ ᠲᠣᠯᠣᠭᠠᠢ ᠠᠳᠤᠭᠤ᠂ 1975 ᠣᠨ ᠳᠤ ᠪᠠᠶᠠᠨ᠋ᠲᠡᠰ ᠰᠤᠮᠤ ᠠᠴᠠ 8000 ᠭᠠᠷᠤᠨ ᠪᠣᠭ ᠮᠠᠯ᠂ 37 ᠮᠠᠯᠴᠢᠨ 13 ᠡᠪᠦᠯᠵᠢᠶ᠎ᠡ ᠰᠢᠯᠵᠢᠭᠦᠯᠦᠨ ᠠᠪᠴᠠᠢ᠃ ᠮᠥᠨ ᠤᠳᠠᠯ ᠦᠭᠡᠢ ᠲᠤᠰᠠᠯᠠᠬᠤ ᠠᠵᠤ ᠠᠬᠤᠢ ᠭᠠᠬᠠᠢ᠂ ᠲᠠᠬᠢᠶ᠎ᠠ᠂ ᠲᠠᠤᠯᠠᠢ ᠦᠷᠡᠵᠢᠭᠦᠯᠬᠦ ᠴᠤ ᠪᠣᠯᠵᠠᠢ᠃ ᠮᠥᠩᠬᠦᠦ ТАА ᠨᠢ ᠭᠠᠵᠠᠷ ᠲᠠᠷᠢᠶᠠᠯᠠᠩ᠂ МАА ᠍ ᠶᠢᠨ ᠲᠡᠵᠢᠭᠡᠯ ᠦᠷᠢᠯᠡᠳᠪᠦᠷᠢᠯᠡᠯᠲᠡ ᠶᠢ ᠬᠣᠣᠰᠯᠠᠨ ᠡᠷᠬᠢᠯᠡᠳᠡᠭ ᠪᠥᠭᠡᠳ ᠨᠡᠶᠢᠲᠡ ᠪᠦᠲᠦᠭᠡᠭᠳᠡᠬᠦᠨ ᠦ 88,6 ᠬᠤᠪᠢ ᠶᠢ ᠭᠠᠵᠠᠷ ᠲᠠᠷᠢᠶᠠᠯᠠᠩ᠂ 5,2 ᠬᠤᠪᠢ ᠶᠢ МАА ᠍ ᠦᠨ᠂ 6,2 ᠬᠤᠪᠢ ᠶᠢ ᠲᠡᠵᠢᠭᠡᠯ ᠦᠨ ᠦᠢᠯᠡᠳᠪᠦᠷᠢᠯᠡᠯ ᠦᠨ ᠪᠦᠲᠦᠭᠡᠭᠳᠡᠬᠦᠨ ᠡᠵᠡᠯᠡᠵᠦ ᠪᠠᠶᠢᠪᠠ᠃ 1987 ᠣᠨ ᠤ ᠪᠠᠶᠢᠳᠠᠯ ᠢᠶᠠᠷ 529 ᠍ ᠦᠨ ᠡᠷᠦᠬᠡ ᠶᠢᠨ 2,9 ᠮᠢᠩᠭᠠᠨ ᠬᠦᠮᠦᠨ ᠠᠮᠠ᠂ 32 ᠮᠢᠩᠭᠠᠨ ᠭᠠ ᠡᠷᠭᠢᠯᠲᠡ ᠶᠢᠨ ᠲᠠᠯᠠᠪᠠᠢ ᠲᠠᠢ ᠠᠴᠠ ᠵᠢᠯ ᠳᠤ 19,5 ᠮᠢᠩᠭᠠᠨ ᠭᠠ ᠳᠦ ᠦᠷ᠎ᠡ ᠲᠠᠷᠢᠶ᠎ᠠ ᠲᠠᠷᠢᠶᠠᠯᠠᠩ 19-28 ᠮᠢᠩᠭᠠᠨ ᠲᠣᠨ ᠤᠷᠭᠤᠴᠠ ᠬᠤᠷᠢᠶᠠᠨ ᠠᠪᠴᠤ ᠪᠥᠰᠡ ᠨᠤᠲᠤᠭ ᠤᠨ ᠢᠶᠠᠨ ᠭᠤᠯᠢᠷ ᠤᠨ ᠬᠡᠷᠡᠭᠴᠡᠭᠡ ᠶᠢ ᠬᠠᠩᠭᠠᠭᠠᠳ ᠵᠣᠭᠰᠣᠬᠤ ᠦᠭᠡᠢ ᠤᠯᠠᠭᠠᠨᠠᠭᠠᠮ᠂ ᠮᠥᠷᠥᠩ ᠦᠨ ᠭᠤᠯᠢᠷ ᠤᠨ ᠦᠢᠯᠡᠳᠪᠦᠷᠢ ᠨᠦᠭᠦᠳ ᠲᠦ ᠤᠯᠠᠭᠠᠨ ᠪᠤᠭᠤᠳᠠᠢ ᠨᠡᠶᠢᠯᠡᠭᠦᠯᠦᠭᠰᠡᠭᠡᠷ ᠢᠷᠡᠵᠡᠢ᠃ ᠮᠥᠨ ᠵᠢᠯ ᠳᠤ ᠪᠡᠨ 10 ᠮᠢᠩᠭᠠᠨ ᠲᠣᠨ ᠣᠷᠴᠢᠮ ᠮᠠᠯ ᠤᠨ ᠪᠠᠭᠰᠤᠷᠤᠮᠠᠯ ᠲᠡᠵᠢᠭᠡᠯ ᠪᠡᠯᠡᠳᠬᠡᠨ ᠪᠠᠷᠠᠭᠤᠨ ᠲᠠᠪᠤᠨ ᠠᠶᠢᠮᠠᠭ ᠲᠤ ᠨᠡᠶᠢᠯᠡᠭᠦᠯᠵᠦ ᠪᠠᠶᠢᠪᠠ᠃ ᠬᠠᠷᠢᠨ 1990 ᠍ ᠊ᠭᠡᠳ ᠣᠨ ᠤ ᠵᠠᠬ᠎ᠠ ᠵᠡᠭᠡᠯᠢ ᠶᠢᠨ ᠥᠭᠡᠷᠡᠴᠢᠯᠡᠯᠲᠡ ᠶᠢᠨ ᠰᠢᠭᠤᠷᠭ᠎ᠠ ᠪᠠᠷ ᠡᠨᠡᠬᠦ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠵᠣᠭᠰᠣᠭᠰᠠᠨ ᠪᠠᠶᠢᠨ᠎ᠠ᠃ ᠮᠥᠨ ᠡᠨᠡ ᠦᠶ᠎ᠡ ᠳᠦ ᠬᠠᠭᠤᠴᠢᠨ ᠲᠡᠰ ᠰᠤᠮᠤᠨ ᠳᠤ ᠬᠠᠷᠢᠶᠠᠯᠠᠭᠳᠠᠨ ᠪᠠᠶᠢᠭᠰᠠᠨ ᠪᠠᠶᠠᠨ᠋ᠲᠡᠰ ᠰᠤᠮᠤ ᠶᠢᠨ ᠳᠠᠭᠠᠨ᠎ᠠ᠂ ᠨᠢᠰᠬᠦ ᠪᠠᠭ ᠲᠡᠰ ᠰᠤᠮᠤᠨ ᠳᠤ ᠰᠢᠯᠵᠢᠨ ᠢᠷᠡᠭᠰᠡᠨ ᠢᠶᠡᠷ ᠥᠨᠥ ᠶᠢᠨ ᠲᠡᠰ ᠰᠤᠮᠤ ᠲᠥᠯᠥᠪᠰᠢᠨ ᠲᠣᠭᠲᠠᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠭᠠᠵᠠᠷ ᠨᠤᠲᠤᠭ ᠨᠢ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠂ ᠵᠤᠨ ᠳᠤ ᠪᠠᠨ ᠳᠤᠮᠳᠠᠴᠢ ᠪᠠᠷ 23-32 ᠬᠡᠮ ᠳᠤᠯᠠᠭᠠᠨ᠂ ᠡᠪᠦᠯ ᠳᠦ ᠪᠡᠨ ᠮᠥᠨ 35-42 ᠬᠡᠮ ᠬᠦᠢᠲᠡᠨ᠂ ᠵᠢᠯ ᠳᠤ ᠤᠨᠠᠬᠤ ᠬᠤᠷ᠎ᠠ ᠲᠤᠨᠳᠠᠰᠤᠨ ᠤ ᠬᠡᠮᠵᠢᠶ᠎ᠡ 180-210 ᠮᠢᠯᠯᠢᠮᠧᠲ᠋ᠷ ᠪᠦᠬᠦᠢ ᠡᠨᠡ ᠪᠥᠰᠡ ᠨᠤᠲᠤᠭ ᠬᠥᠷᠦᠰᠦᠨ ᠦ ᠬᠤᠪᠢ ᠳᠤ ᠦᠷᠡᠵᠢᠯ ᠰᠢᠮᠡᠲᠦ ᠬᠠᠷ᠎ᠠ ᠬᠦᠷᠢᠨ᠂ ᠮᠥᠨ ᠡᠯᠡᠰᠦᠷᠬᠡᠭ ᠬᠥᠷᠥᠰᠥᠲᠡᠢ᠂ ᠲᠤᠰ ᠰᠤᠮᠤ ᠶᠢᠨ ᠨᠤᠲᠤᠭ ᠲᠤ ᠶᠡᠬᠡ᠂ ᠪᠠᠭ᠎ᠠ ᠪᠡᠷᠬᠡ᠂ ᠪᠠᠷᠠᠭᠤᠨ᠂ ᠵᠡᠭᠦᠨ ᠳᠠᠭᠠᠨ᠎ᠠ᠂ ᠵᠣᠰᠣ᠂ ᠳᠣᠷᠮᠣᠨ᠂ ᠨᠠᠷᠠᠲᠤ᠂ ᠨᠪᠠᠬᠠᠨ᠂ ᠣᠩᠭᠣᠨ᠂ ᠬᠣᠯᠪᠣᠭ᠎ᠠ᠂ ᠲᠠᠯ᠎ᠠ ᠶᠢᠨ ᠡᠪᠦᠯᠵᠢᠨ᠂ ᠠᠮᠪᠠᠭ᠎ᠠ ᠪᠠᠨ᠂ ᠵᠠᠮᠪᠠᠭ᠎ᠠ ᠪᠠᠨ᠂ ᠠᠷᠴᠠ ᠰᠠᠭᠤᠷᠢ᠂ ᠠᠷᠭᠠᠯᠠᠩ ᠳᠤ᠂ ᠰᠤᠮᠤᠨ ᠬᠠᠳᠠ ᠵᠡᠷᠭᠡ ᠠᠭᠤᠯᠠ ᠨᠢᠷᠤᠭᠤ᠂ ᠲᠡᠰ᠂ ᠵᠠᠶᠢᠭᠠᠯ᠂ ᠴᠡᠷᠢᠭ᠂ ᠮᠣᠭᠠᠢ᠂ ᠬᠠᠳᠬᠤᠭᠤᠷᠠᠨ ᠲᠠᠢ ᠵᠡᠷᠭᠡ ᠭᠣᠣᠯ ᠭᠣᠷᠭᠢ ᠲᠠᠢ᠃ ᠤᠷᠭᠤᠮᠠᠯᠵᠢᠯᠲᠠ ᠶᠢᠨ ᠬᠤᠪᠢ ᠳᠤ ᠳᠡᠭᠳᠡ᠂ ᠶᠦᠮᠳᠡᠵᠢᠩ᠂ ᠠᠵᠢᠭᠢᠼᠷᠡᠩ᠂ ᠮᠡᠬᠡ ᠪᠡᠷᠰᠣᠩᠭᠢᠨ᠎ᠠᠮᠠᠩᠭᠢᠨ᠎ᠠᠭᠣᠨᠢᠳᠴᠡᠭᠡᠨ᠎ᠡ᠂ ᠲᠠᠭᠰᠢ ᠵᠡᠷᠭᠡ ᠡᠪᠡᠰᠦ ᠤᠷᠭᠤᠮᠠᠯ᠂ ᠰᠠᠮᠤᠷᠴᠢᠴᠠᠷᠭᠠᠨ᠎ᠠᠲᠣᠰᠢᠯᠣᠢᠦᠬᠡᠷ ᠦᠨ ᠨᠢᠳᠦᠴᠢᠨᠣ᠎ᠠ ᠶᠢᠨ ᠬᠡᠯᠡ᠂ ᠭᠡᠰᠢᠭᠦᠨ᠎ᠡ ᠵᠡᠷᠭᠡ ᠵᠢᠮᠢᠰ᠂ ᠬᠤᠰᠢ᠂ ᠬᠠᠷ᠎ᠠ ᠮᠣᠳᠣ᠂ ᠤᠯᠢᠶᠠᠰᠤᠭᠠᠴᠤᠤᠷᠪᠤᠷᠭᠠᠰᠤᠨᠣᠬᠠᠢ ᠶᠢᠨ ᠬᠣᠰᠢᠭᠤ᠂ ᠲᠠᠪᠢᠯᠭᠠᠨ᠎ᠠ᠂ ᠢᠷᠭᠠᠢ᠂ ᠵᠡᠷᠭᠡ ᠮᠣᠳᠣ᠂ ᠪᠤᠲᠠᠯᠢᠭ ᠤᠷᠭᠤᠮᠠᠯ ᠲᠠᠢ᠂ ᠪᠤᠭᠤᠭᠠᠬᠠᠢ᠂ ᠪᠣᠷᠣ ᠭᠥᠷ ᠡᠴᠡ᠂ ᠳᠣᠷᠣᠭᠣᠵᠢᠷᠬᠡᠴᠢᠨᠳᠠᠭ᠎ᠠᠲᠠᠤᠯᠠᠢᠴᠢᠨᠣ᠎ᠠᠰᠢᠯᠦᠭᠦᠰᠦᠦᠨᠡᠭᠡᠬᠢᠷᠰᠠᠮᠠᠨᠤᠤᠯᠲᠠᠷᠪᠠᠭ᠎ᠠᠵᠤᠷᠠᠮ᠎ᠠᠦᠶᠡᠩᠰᠣᠯᠣᠩᠭ᠎ᠠᠥᠮᠥᠬᠡᠢ ᠬᠦᠷᠡᠩᠨᠣᠬᠠᠢ ᠵᠢᠭᠡᠬᠡ᠂ ᠬᠡᠭᠡᠷ᠎ᠡ ᠶᠢᠨ ᠪᠤᠯᠠᠭᠠᠨ ᠰᠤᠤᠰᠠᠷ ᠵᠡᠷᠭᠡ ᠬᠡᠭᠡᠷ᠎ᠡ ᠶᠢᠨ ᠠᠨ ᠠᠮᠢᠲᠠᠨ᠂ ᠰᠣᠶᠢᠷᠬᠤᠷ᠎ᠠᠬᠡᠷᠢᠶ᠎ᠡᠪᠦᠷᠭᠦᠳᠲᠠᠰᠱᠠᠭᠠᠵᠠᠭᠠᠢᠲᠤᠷᠯᠢᠶᠠᠬ᠎ᠠᠬᠠᠷᠴᠠᠭ᠎ᠠᠰᠠᠷ᠎ᠠᠰᠢᠷ᠎ᠠ ᠰᠢᠪᠠᠭᠤᠤᠭᠤᠯᠢ᠂ ᠴᠣᠷᠬᠢᠷᠠᠭᠤᠯ᠂ ᠥᠪᠥᠭᠡᠯᠵᠢᠢᠲᠠᠭᠤᠬᠥᠬᠡᠭᠡᠬᠤᠨᠭᠠᠯᠠᠭᠤᠠᠩᠭᠢᠷ ᠨᠤᠭᠤᠰᠤ᠂ ᠲᠣᠭᠣᠷᠤᠤᠲᠣᠭᠣᠳᠠᠭ ᠵᠡᠷᠭᠡ ᠰᠢᠪᠠᠭᠤᠳ ᠪᠦᠬᠦᠢ᠃ ᠮᠥᠨ ᠰᠤᠮᠤ ᠶᠢᠨ ᠨᠤᠲᠤᠭ ᠲᠤ ᠪᠠᠶᠢᠭᠠᠯᠢ᠂ ᠲᠡᠦᠬᠡ ᠶᠢᠨ ᠳᠤᠷᠠᠰᠬᠠᠯᠲᠤ ᠰᠤᠮᠤᠨ ᠬᠠᠳᠠ᠂ ᠳᠣᠷᠮᠣᠨ ᠠᠭᠤᠯᠠ᠂ ᠬᠠᠭᠤᠯᠭ᠎ᠠ ᠶᠢᠨ ᠠᠭᠤᠢ᠂ ᠵᠦᠷ ᠦᠨ ᠲᠦᠷᠦᠭ ᠪᠢᠴᠢᠭᠡᠰᠦ ᠮᠥᠨ ᠰᠤᠳᠤᠯᠭᠠᠨ ᠤ ᠡᠷᠭᠢᠯᠲᠡᠨ ᠳᠦ ᠣᠷᠣᠭ᠎ᠠ ᠦᠭᠡᠢ ᠣᠯᠠᠨ ᠠᠷᠪᠠᠨ ᠳᠤᠷᠠᠰᠬᠠᠯ ᠪᠤᠢ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠰ ᠰᠤᠮᠤ ᠶᠢᠨ ХАА ᠍ ᠤᠨ ᠰᠠᠯᠪᠤᠷᠢ ᠠᠴᠠ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠰᠠᠶᠢᠨ ᠮᠠᠯᠴᠢᠨ ᠰ᠃ᠰᠦᠷᠡᠨ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠥᠳᠡᠯᠮᠦᠷᠢ ᠶᠢᠨ ᠪᠠᠭᠠᠲᠤᠷ ᠪᠠᠲᠤᠰᠠᠭᠤᠷᠢ᠂ᠽ᠃ᠰᠢᠷᠢᠨᠡᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠪᠤᠷᠭᠤ ᠮᠠᠯᠴᠢᠨ ᠵ᠃ᠰᠠᠨᠳᠤᠶᠢᠵᠠᠪ᠂ ᠮ᠃ᠪᠠᠳᠮ᠎ᠠ᠂ ᠨᠠᠮᠰᠠᠷᠠᠶᠢᠵᠠᠪ᠂ ᠰ᠃ᠥᠰᠥᠬᠡᠪᠠᠶᠠᠷ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠪᠤᠷᠠᠭ᠎ᠠ ᠮᠡᠷᠭᠡᠵᠢᠯᠲᠡᠨ ᠰ᠃ᠨᠢᠮᠠᠴᠢᠮᠪᠠ᠂ ᠲᠠᠷᠢᠶᠠᠯᠠᠩᠴᠢ ᠪ᠃ᠪᠠᠽᠠᠷᠷᠠᠭᠴᠠ᠂ ᠤᠯᠤᠰ ᠤᠨ ᠨᠠᠴᠢᠨ ᠨᠢᠮᠠᠰᠦ᠋ᠷᠦᠩ᠂ ᠮᠣᠩᠭᠣᠯ ᠤᠯᠤᠰ ᠤᠨ ᠠᠯᠳᠠᠷᠲᠤ ᠤᠶᠠᠭᠠᠴᠢ ᠭ᠃ᠨᠠᠭᠠᠷᠠᠨᠵᠠ ᠨᠠᠷ ᠤᠨ ᠠᠯᠳᠠᠷᠲᠠᠨ ᠨᠤᠭᠤᠳ ᠲᠥᠷᠥᠨ ᠭᠠᠷᠴᠠᠢ᠃

ᠪᠢᠴᠢᠭᠡᠰᠦ