ᠲᠡᠯᠡᠮᠡᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠍ ᠤᠨ ᠭᠤᠷᠪᠠᠨ ᠵᠠᠭᠤᠨ ᠭᠤᠴᠢᠨ ᠰᠤᠮᠤ ᠍ ᠍ ᠤᠨ ᠨᠢᠭᠡ
ᠲᠡᠯᠡᠮᠡᠨ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Zavchan.gif ᠵᠠᠪᠬᠠᠨ
ᠶᠠᠮᠠᠷ ᠨᠢᠭᠡᠴᠡ ᠰᠤᠮᠤ
ᠰᠤᠮᠤ ᠶᠢᠨ ᠲᠥᠪ ᠡᠪᠦᠭᠡᠳ
ᠨᠤᠲᠤᠭ ᠤᠨ ᠬᠤᠪᠢᠶᠠᠷᠢ ᠵᠢᠷᠭᠤᠭᠠᠨ ᠪᠠᠭ ᠲᠤ ᠬᠤᠪᠢᠶᠠᠭᠳᠠᠨ᠎ᠠ:
1. ᠥᠭᠭᠢᠶᠡᠮᠦᠷ
2. ᠰᠢᠷᠭᠤᠬᠤ
3. ᠨᠠᠭᠤᠷ
4. ᠪᠠᠶᠠᠩᠲᠡᠭᠰᠢ
5. ᠡᠪᠦᠭᠡᠳᠡᠢ
6. ᠪᠠᠶᠠᠨ-ᠠᠶᠢᠷᠠᠭ
ᠭᠠᠵᠠᠷ ᠨᠤᠲᠤᠭ 3,400 ᠺᠦᠸᠠᠳ᠋ ᠺᠢᠯᠣᠮᠧᠲ᠋ᠷ
ᠬᠦᠮᠦᠨ ᠠᠮᠠ (2010) 2,293 ᠬᠦᠮᠦᠨ
ᠨᠢᠭᠲᠠᠴᠠ ᠰᠡᠶᠢᠷᠡᠭ 0.67 ᠬᠦᠮᠦᠨ/км²
ᠲᠡᠯᠡᠮᠡᠨ
ᠰᠤᠮᠤ ᠶᠢᠨ ᠬᠢᠨ
ᠵᠠᠪᠬᠠᠨ ᠤ ᠲᠡᠯᠡᠮᠡᠨ ᠦ ᠬᠢᠨ:
ᠦᠨᠳᠦᠰᠦᠨ ᠳᠦ ᠪᠡᠨ ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠲᠡᠯᠡᠮᠡᠨ ᠰᠤᠮᠤ ᠨᠢ 1931 ᠣᠨ ᠳᠤ ᠴᠡᠴᠡᠷᠯᠢᠭ ᠮᠠᠨᠳᠤᠯ ᠠᠭᠤᠯᠠ ᠶᠢᠨ ᠬᠣᠰᠢᠭᠤᠨ ᠤ ᠵᠠᠩᠵᠤᠨᠪᠠᠲ᠂ 《ᠰᠡᠪᠵᠢ ᠳᠤ》 ᠭᠠᠴᠠᠯ ᠤᠤᠯ ᠤᠨ ᠬᠣᠰᠢᠭᠤᠨ ᠤ ᠪᠠᠶᠠᠰᠬᠤᠯᠠᠩᠲᠤ ᠰᠤᠮᠤ᠂ ᠨᠥᠮᠥᠷᠭᠡ ᠤᠤᠯ ᠤᠨ ᠬᠣᠰᠢᠭᠤᠨ ᠤ ᠢᠳᠡᠷ᠂ ᠴᠡᠴᠡᠷᠯᠢᠭ᠂ ᠪᠠᠶᠠᠨᠵᠢᠷᠦᠬᠡ᠂ ᠪᠠᠶᠠᠨ-ᠠᠶᠢᠷᠠᠭ ᠰᠤᠮᠤᠳ ᠠᠴᠠ ᠨᠢᠭᠡᠳᠬᠡᠨ ᠲᠡᠯᠡᠮᠡᠨ ᠰᠤᠮᠤ ᠶᠢ 500 ᠣᠷᠴᠢᠮ ᠡᠷᠦᠬᠡ ᠲᠡᠢ ᠪᠡᠷ ᠰᠤᠮᠤ ᠶᠢᠨ ᠲᠥᠪ ᠢ ᠪᠠᠷᠠᠭᠤᠨ ᠪᠤᠯᠠᠭ ᠬᠡᠮᠡᠬᠦ ᠭᠠᠵᠠᠷ ᠪᠠᠶᠢᠷᠢᠰᠢᠭᠤᠯᠤᠭᠰᠠᠨ ᠢᠶᠠᠷ ᠰᠤᠮᠤ ᠡᠭᠦᠰᠦᠨ ᠪᠠᠶᠢᠭᠤᠯᠤᠭᠳᠠᠵᠠᠢ᠃

ᠰᠤᠮᠤ ᠶᠢᠨ ᠠᠩᠬᠠᠨ ᠤ ᠳᠠᠷᠤᠭ᠎ᠠ ᠪᠠᠷ ᠰᠤᠨᠳᠤᠶᠢᠵᠠᠪ᠂ ᠨᠠᠷᠢᠨ ᠪᠢᠴᠢᠭ ᠦᠨ ᠳᠠᠷᠤᠭ᠎ᠠ ᠪᠠᠷ ᠪᠠᠲᠤ-ᠣᠴᠢᠷ ᠨᠠᠷ ᠠᠵᠢᠯᠯᠠᠵᠤ ᠪᠠᠶᠢᠭᠰᠠᠨ᠃ ᠣᠳᠣ ᠮᠠᠨ ᠤ ᠰᠤᠮᠤ ᠰᠢᠷᠭᠤᠬᠤ᠂ ᠥᠭᠭᠢᠶᠡᠮᠦᠷ᠂ ᠨᠠᠭᠤᠷ᠂ ᠪᠠᠶᠠᠨ-ᠠᠶᠢᠷᠠᠭ᠂ ᠪᠠᠶᠠᠩᠲᠡᠭᠰᠢ᠂ ᠡᠪᠦᠭᠡᠳᠡᠢ ᠭᠡᠰᠡᠨ 6 ᠪᠠᠭ᠂ 772 ᠡᠷᠦᠬᠡ᠂ 2755 ᠬᠦᠮᠦᠨ ᠠᠮᠠ ᠲᠠᠢ᠃ ᠬᠦᠮᠦᠨ ᠠᠮᠠ ᠶᠢᠨ ᠲᠣᠭ᠎ᠠ ᠪᠠᠷ ᠵᠠᠪᠬᠠᠨ ᠠᠶᠢᠮᠠᠭ ᠤᠨ 24 ᠰᠤᠮᠤ ᠠᠴᠠ 6 ᠍ ᠍ ᠳᠦ᠂ ᠭᠠᠵᠠᠷ ᠨᠤᠲᠤᠭ ᠤᠨ ᠬᠡᠮᠵᠢᠶ᠎ᠡ ᠪᠡᠷ 11 ᠍ ᠍ ᠳᠦ ᠣᠷᠣᠳᠠᠭ᠃

ᠭᠠᠵᠠᠷ ᠵᠦᠢ ᠶᠢᠨ ᠪᠠᠶᠢᠷᠢᠰᠢᠯ ᠤᠨ ᠬᠤᠪᠢ ᠳᠤ ᠵᠠᠪᠬᠠᠨ ᠠᠶᠢᠮᠠᠭ ᠤᠨ ᠵᠡᠭᠦᠨ ᠬᠡᠰᠡᠭ ᠲᠦ: ᠤᠯᠠᠭᠠᠨᠪᠠᠭᠠᠲᠤᠷ ᠬᠣᠲᠠ ᠠᠴᠠ 860 ᠺᠢᠯᠣᠮᠧᠲ᠋ᠷ᠂ ᠠᠶᠢᠮᠠᠭ ᠤᠨ ᠲᠥᠪ ᠡᠴᠡ 122 ᠺᠢᠯᠣᠮᠧᠲ᠋ᠷ ᠵᠠᠢ ᠳᠤ ᠪᠠᠶᠢᠷᠢᠯᠠᠳᠠᠭ᠃ ᠵᠠᠪᠬᠠᠨ ᠠᠶᠢᠮᠠᠭ ᠤᠨ ᠲᠣᠰᠣᠨᠴᠡᠩᠭᠡᠯ᠂ ᠨᠥᠮᠥᠷᠭᠡ᠂ ᠢᠷᠠᠭᠤ᠂ ᠢᠳᠡᠷ᠂ ᠬᠥᠪᠰᠥᠭᠥᠯ ᠠᠶᠢᠮᠠᠭ ᠤᠨ ᠴᠡᠴᠡᠷᠯᠢᠭ ᠰᠤᠮᠤ ᠲᠠᠢ ᠬᠢᠯᠢᠯᠡᠳᠡᠭ᠃

ᠬᠣᠶᠢᠳᠤ ᠵᠠᠬ᠎ᠠ ᠪᠠᠷ ᠪᠤᠯᠠᠨᠠᠢ ᠶᠢᠨ ᠨᠢᠷᠤᠭᠤ᠂ ᠪᠤᠭᠤ ᠥᠨᠳᠥᠷ ᠦᠨ ᠨᠢᠷᠤᠭᠤ᠂ ᠪᠠᠶᠠᠨᠵᠢᠷᠦᠬᠡ᠂ ᠪᠠᠷᠠᠭᠤᠨ ᠤᠷᠲᠤ ᠬᠡᠰᠡᠭ ᠲᠦ ᠬᠠᠩᠭᠠᠢ ᠶᠢᠨ ᠨᠢᠷᠤᠭᠤᠨ ᠤ ᠬᠥᠬᠡ ᠴᠢᠯᠠᠭᠤᠲᠤ᠂ ᠴᠠᠭᠠᠨ ᠴᠢᠯᠠᠭᠤᠲᠤ᠂ ᠥᠭᠭᠢᠶᠡᠮᠦᠷ ᠦᠨ ᠨᠢᠷᠤᠭᠤ ᠭᠡᠬᠦ ᠮᠡᠲᠦ ᠠᠤᠯᠠᠯᠠᠰ ᠲᠠᠢ᠃ ᠬᠦᠷᠡᠩ ᠲᠠᠯ᠎ᠠ᠂ ᠨᠠᠷᠠᠨ ᠪᠤᠯᠠᠭ ᠤᠨ ᠬᠥᠨᠳᠡᠢ ᠨᠦᠭᠦᠳ ᠲᠡᠢ᠃ ᠲᠡᠮᠦᠷ ᠦᠨ ᠬᠥᠳᠡᠷ᠂ ᠪᠠᠷᠢᠯᠭ᠎ᠠ ᠶᠢᠨ ᠲᠦᠭᠦᠬᠡᠢ ᠡᠳ᠋ ᠍ ᠍ ᠦᠨ ᠪᠠᠶᠠᠯᠢᠭ ᠲᠠᠢ᠃

ᠭᠣᠣᠯ ᠤᠨ ᠬᠥᠨᠳᠡᠢ ᠨᠠᠭᠤᠷ ᠤᠨ ᠣᠷᠴᠢᠮ ᠢᠶᠠᠷ ᠬᠡᠷᠡᠭᠰᠦᠭᠦᠷ᠂ ᠬᠦᠮᠦᠨ ᠴᠢᠯᠠᠭᠤ ᠣᠯᠠᠨ ᠲᠠᠢ᠃ ᠲᠡᠯᠡᠮᠡᠨ ᠨᠠᠭᠤᠷ ᠤᠨ ᠤᠷᠳᠤᠭᠤᠷ ᠡᠯᠡᠰᠦᠷᠬᠡᠭ ᠬᠥᠷᠥᠰᠥᠲᠡᠢ᠃ ᠬᠠᠭ᠂ ᠬᠥᠪᠳᠦ᠂ ᠠᠯᠠᠭ ᠡᠪᠡᠰᠦ᠂ ᠠᠯᠢᠷᠠᠰᠤ᠂ ᠥᠯᠥᠨ᠂ ᠦᠶᠡᠲᠡᠨ ᠪᠦᠬᠦᠢ ᠨᠤᠭᠤ ᠶᠢᠨ ᠤᠷᠭᠤᠮᠠᠯ ᠲᠠᠢ᠂ ᠰᠢᠨᠡᠰᠦᠨ ᠣᠢ ᠲᠠᠢ᠂ ᠵᠡᠷᠯᠢᠭ ᠭᠠᠬᠠᠢ᠂ ᠪᠤᠭᠤ ᠭᠥᠷᠥᠭᠡᠰᠦ᠂ ᠪᠣᠷᠣ ᠭᠥᠷᠥᠭᠡᠰᠦ᠂ ᠴᠢᠨᠣ᠎ᠠ᠂ ᠰᠢᠯᠦᠭᠦᠰᠦ᠂ ᠦᠨᠡᠭᠡ᠂ ᠳᠣᠷᠣᠭᠣ᠂ ᠬᠢᠷᠰᠠ᠂ ᠴᠢᠨᠠᠳᠠᠭ᠎ᠠ᠂ ᠲᠠᠷᠪᠠᠭ᠎ᠠ᠂ᠲᠠᠤᠯᠠᠢ ᠭᠡᠬᠦ ᠮᠡᠲᠦ ᠠᠮᠢᠲᠠᠨ ᠲᠠᠢ᠃ ᠣᠢ ᠶᠢᠨ ᠲᠠᠯ᠎ᠠ ᠬᠡᠭᠡᠷ᠎ᠡ ᠶᠢᠨ ᠨᠡᠭᠦᠳᠡᠯ ᠦᠨ ᠰᠢᠪᠠᠭᠤ ᠪᠠᠷ ᠪᠠᠶᠠᠨ᠃ ᠵᠢᠷᠠᠨᠲᠠᠢ ᠶᠢᠨ ᠨᠠᠭᠤᠷ᠂ ᠠᠩᠭᠢᠷ ᠲᠤ ᠨᠠᠭᠤᠷ᠂ ᠲᠡᠯᠮᠡᠨ ᠨᠠᠭᠤᠷ᠂ ᠪᠥᠰᠡ ᠳᠦ ᠴᠡᠩᠬᠡᠷ ᠨᠠᠭᠤᠷ ᠭᠡᠬᠦ ᠮᠡᠲᠦ ᠨᠠᠭᠤᠷ ᠤᠳ ᠲᠠᠢ᠃ ᠪᠠᠶᠠᠨᠵᠢᠷᠦᠬᠡ᠂ ᠵᠠᠮᠪᠠᠭ᠎ᠠ ᠭᠡᠬᠦ ᠮᠡᠲᠦ ᠠᠮᠠᠷᠠᠯᠲᠠ ᠶᠢᠨ ᠭᠠᠵᠠᠷ ᠤᠳ ᠲᠠᠢ᠃ ᠲᠡᠯᠡᠮᠡᠨ ᠨᠤᠲᠤᠭ ᠤᠨ ᠢᠶᠠᠨ ᠬᠥᠭᠵᠢᠯ ᠳᠡᠪᠰᠢᠯ ᠦᠨ ᠲᠥᠯᠥᠭᠡ ᠬᠠᠮᠲᠤ ᠳᠤ ᠪᠠᠨ…

ᠡᠬᠢ ᠰᠤᠷᠪᠤᠯᠵᠢ: www.telmennuteg.mn

ᠪᠢᠴᠢᠭᠡᠰᠦ