ᠲᠡᠮᠦᠷᠪᠤᠯᠠᠭ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠲᠡᠮᠦᠷᠪᠤᠯᠠᠭ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠲᠡᠮᠦᠷᠪᠤᠯᠠᠭ
2,510 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
4,133 ᠬᠦᠮᠦᠨ ᠣᠷᠣᠰᠢᠨ ᠰᠠᠭᠤᠳᠠᠭ
173,893 ᠲᠣᠯᠣᠭᠠᠢ ᠮᠠᠯ ᠲᠠᠢ
ᠳᠣᠲᠣᠷ᠎ᠠ ᠪᠠᠨ ᠵᠢᠷᠭᠠᠯᠠᠩᠲᠤ᠂ ᠨᠠᠷᠢᠨ᠂ ᠲᠠᠷᠢᠶᠠᠲᠤ᠂ ᠲᠡᠭᠡᠯᠢ᠂ ᠰᠤᠮᠤ ᠶᠢᠨ ᠲᠥᠪ ᠭᠡᠬᠦ ᠲᠠᠪᠤᠨ ᠪᠠᠭ ᠲᠠᠢ᠃
1931 ᠣᠨ ᠳᠤ ᠡᠭᠦᠰᠦᠨ ᠪᠠᠶᠢᠭᠤᠯᠤᠭᠳᠠᠭᠰᠠᠨ
1959 ᠣᠨ ᠳᠤ ᠣᠳᠣ ᠶᠢᠨ ᠬᠢ ᠪᠠᠷ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠬᠥᠪᠰᠥᠭᠥᠯ ᠦᠨ ᠪᠦᠷᠡᠩᠲᠣᠭᠲᠠᠬᠤᠲᠣᠰᠣᠨᠴᠡᠩᠭᠡᠯᠷᠠᠰᠢᠶᠠᠨ ᠳᠤᠭᠠᠯᠲᠤᠰᠢᠨ᠎ᠡ-ᠢᠳᠡᠷ᠂ ᠠᠷᠤᠬᠠᠩᠭᠠᠢ ᠶᠢᠨ ᠴᠡᠴᠡᠷᠯᠢᠭ ᠭᠡᠰᠡᠨ ᠵᠢᠷᠭᠤᠭᠠᠨ ᠰᠤᠮᠤ ᠲᠠᠢ ᠬᠠᠶᠠᠭ᠎ᠠ ᠵᠠᠯᠭᠠᠨ᠎ᠠ᠃
ᠲᠡᠮᠦᠷᠪᠤᠯᠠᠭ ᠰᠤᠮᠤ ᠶᠢᠨ ᠨᠠᠭᠠᠳᠤᠮ᠂ 2007 ᠣᠨ ᠤ 9 ᠰᠠᠷ᠎ᠠ

ᠲᠡᠮᠦᠷᠪᠤᠯᠠᠭ ᠰᠤᠮᠤ ᠨᠢ ᠬᠥᠪᠰᠥᠭᠥᠯ ᠠᠶᠢᠮᠠᠭ ᠤᠨ ᠰᠤᠮᠤ ᠶᠤᠮ᠃ ᠨᠡᠶᠢᠲᠡ 2,510 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠂ ᠡᠭᠦᠨ ᠡᠴᠡ 1,950 ᠺᠦᠸᠠᠳ᠋ ᠺᠢᠯᠣᠮᠧᠲ᠋ᠷ ᠨᠢ ᠪᠡᠯᠴᠢᠭᠡᠷ ᠪᠣᠯᠤᠨ᠎ᠠ᠃ ᠲᠡᠮᠦᠷᠪᠤᠯᠠᠭ ᠰᠤᠮᠤ ᠶᠢᠨ ᠬᠦᠮᠦᠨ ᠠᠮᠠ 2000 ᠣᠨ ᠤ ᠪᠠᠶᠢᠳᠠᠯ ᠢᠶᠠᠷ 4,174, 2010 ᠣᠨ ᠤ ᠪᠠᠶᠢᠳᠠᠯ ᠢᠶᠠᠷ 4,133 ᠪᠠᠶᠢᠪᠠ᠃ ᠰᠤᠮᠤ ᠶᠢᠨ ᠲᠥᠪ ᠵᠢᠷᠭᠠᠯᠠᠩᠲᠤ ᠨᠢ ᠪᠦᠭᠡᠰ ᠦᠨ ᠭᠣᠣᠯ ᠤᠨ ᠣᠶᠢᠷᠠᠯᠴᠠᠭ᠎ᠠ᠂ ᠠᠶᠢᠮᠠᠭ ᠤᠨ ᠲᠥᠪ ᠮᠥᠷᠡᠨ ᠶᠢ ᠡᠴᠡ ᠤᠷᠤᠭᠰᠢ 75 ᠺᠢᠯᠣᠮᠧᠲ᠋ᠷ᠂ ᠨᠡᠶᠢᠰᠯᠡᠯ ᠤᠯᠠᠭᠠᠨᠪᠠᠭᠠᠲᠤᠷᠠ ᠠᠴᠠ 714 ᠺᠢᠯᠣᠮᠧᠲ᠋ᠷ ᠵᠠᠢ ᠳᠤ ᠪᠠᠶᠢᠷᠢᠯᠠᠨ᠎ᠠ᠃ ᠪᠠᠷᠠᠭᠤᠨ᠂ ᠪᠠᠷᠠᠭᠤᠨ ᠬᠣᠶᠢᠳᠤ ᠲᠠᠯ᠎ᠠ ᠪᠠᠷ ᠢᠶᠠᠨ ᠥᠪᠡᠷ ᠦᠨ ᠠᠶᠢᠮᠠᠭ ᠤᠨ ᠪᠦᠷᠡᠩᠲᠣᠭᠲᠠᠬᠤ ᠰᠤᠮᠤ᠂ ᠵᠡᠭᠦᠨ ᠲᠠᠯ᠎ᠠ ᠪᠠᠷ ᠢᠶᠠᠨ ᠲᠣᠰᠣᠨᠴᠡᠩᠭᠡᠯᠷᠠᠰᠢᠶᠠᠨ ᠳᠤᠠᠷᠤᠬᠠᠩᠭᠠᠢ ᠠᠶᠢᠮᠠᠭ ᠤᠨ ᠴᠡᠴᠡᠷᠯᠢᠭ᠂ ᠤᠷᠢᠳᠤ ᠲᠠᠯ᠎ᠠ ᠪᠠᠷ ᠢᠶᠠᠨ ᠭᠠᠯᠲᠤᠰᠢᠨ᠎ᠡ-ᠢᠳᠡᠷ ᠰᠤᠮᠤ ᠳᠤ ᠲᠠᠢ ᠬᠢᠯᠢ ᠵᠠᠯᠭᠠᠨ ᠣᠷᠣᠰᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1931 ᠣᠨ ᠳᠤ ᠬᠥᠪᠰᠥᠭᠥᠯ ᠠᠶᠢᠮᠠᠭ ᠪᠠᠶᠢᠭᠤᠯᠤᠭᠳᠠᠬᠤ ᠳᠤ ᠲᠡᠮᠦᠷᠪᠤᠯᠠᠭ ᠰᠤᠮᠤ ᠡᠭᠦᠰᠴᠡᠢ᠃ 1933 ᠣᠨ ᠤ ᠪᠠᠶᠢᠳᠠᠯ ᠢᠶᠠᠷ 880 ᠡᠷᠦᠬᠡ ᠶᠢᠨ 3,000 ᠣᠷᠣᠰᠢᠨ ᠰᠠᠭᠤᠭᠴᠢ ᠲᠠᠢ᠂ 96,000 ᠣᠷᠴᠢᠮ ᠲᠣᠯᠣᠭᠠᠢ ᠮᠠᠯ ᠲᠠᠢ ᠪᠠᠶᠢᠪᠠ᠃ 1956 ᠣᠨ ᠳᠤ ᠪᠦᠷᠡᠩᠲᠣᠭᠲᠠᠬᠤ ᠰᠤᠮᠤᠠᠨᠳᠠ ᠨᠢᠭᠡᠳᠬᠡᠭᠰᠡᠨ ᠴᠤ ᠤᠳᠠᠯ ᠦᠭᠡᠢ 1959 ᠣᠨ ᠳᠤ ᠡᠷᠦᠬᠡ ᠲᠤᠰᠠᠭᠠᠷᠯᠠᠵᠠᠢ᠃ 1934 ᠣᠨ ᠳᠤ 《ᠳᠠᠪᠰᠢᠯᠲᠠ》 ᠨᠢᠭᠡᠳᠦᠯ ᠪᠠᠶᠢᠭᠤᠯᠤᠭᠳᠠᠵᠤ᠂ 1990 ᠣᠨ ᠳᠤ ᠲᠠᠲᠠᠨ ᠪᠠᠭᠤᠭᠳᠠᠭᠰᠠᠨ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠴᠢ ᠪᠠᠷ ᠳᠠᠯᠠᠢ ᠶᠢᠨ ᠲᠦᠪᠰᠢᠨ ᠡᠴᠡ ᠳᠡᠭᠡᠭᠰᠢ 1790 ᠮᠧᠲ᠋ᠷ ᠦᠨ ᠥᠨᠳᠥᠷ ᠲᠦ ᠡᠷᠭᠦᠭᠳᠡᠭᠰᠡᠨ᠃ ᠬᠠᠮᠤᠭ ᠤᠨ ᠥᠨᠳᠥᠷ ᠴᠡᠭ ᠳᠠᠰᠢᠳᠡᠷᠴᠢᠨ ᠳᠠᠯᠠᠢ ᠶᠢᠨ ᠲᠦᠪᠰᠢᠨ ᠡᠴᠡ ᠳᠡᠭᠡᠭᠰᠢ 2556 ᠮ᠂ ᠨᠠᠮ ᠳᠣᠣᠷ᠎ᠠ ᠴᠡᠭ ᠣᠯᠠᠨ ᠭᠣᠣᠯ ᠤᠨ ᠪᠡᠯᠴᠢᠷ ᠳᠠᠯᠠᠢ ᠶᠢᠨ ᠲᠦᠪᠰᠢᠨ ᠡᠴᠡ ᠳᠡᠭᠡᠭᠰᠢ 1148 ᠮᠧᠲ᠋ᠷ ᠦᠨ ᠥᠨᠳᠥᠷ ᠲᠡᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ 2010 ᠣᠨ ᠤ ᠪᠠᠶᠢᠳᠠᠯ ᠢᠶᠠᠷ 4133 ᠬᠦᠮᠦᠨ ᠠᠮᠠ ᠲᠠᠢ ᠪᠠᠶᠢᠪᠠ᠃ ᠡᠭᠦᠨ ᠡᠴᠡ:

  • ᠡᠮᠡᠭᠲᠡᠢ -2101
  • ᠡᠷᠡᠭᠲᠡᠢ- 2032
  • ᠨᠡᠶᠢᠲᠡ ᠬᠡᠦᠬᠡᠳ-1576
    • 0-5 ᠨᠠᠰᠤᠨ ᠤ ᠬᠡᠦᠬᠡᠳ-547
    • 6-16 ᠨᠠᠰᠤᠨ ᠤ ᠬᠡᠦᠬᠡᠳ-1031
  • ᠥᠨᠳᠥᠷ ᠨᠠᠰᠤᠲᠠᠨ-235
  • ᠬᠥᠳᠡᠯᠮᠦᠷᠢ ᠶᠢᠨ ᠨᠠᠰᠤᠨ ᠤ-2419
    • ᠨᠡᠶᠢᠲᠡ ᠬᠦᠮᠦᠨ ᠠᠮᠠ ᠠᠴᠠ ᠠᠵᠢᠯᠯᠠᠭᠰᠠᠳ-1837 ᠡᠭᠦᠨ ᠡᠴᠡ:
      • ᠡᠮᠡᠭᠲᠡᠢ-879
      • ᠡᠷᠡᠭᠲᠡᠢ-958
      • ᠣᠶᠤᠲᠠᠨ-138

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ 824 ᠮᠠᠯᠴᠢᠨ ᠡᠷᠦᠬᠡ ᠲᠡᠢ᠃ 2009 ᠣᠨ ᠳᠤ 32 ᠮᠢᠩᠭᠠᠲᠤ ᠮᠠᠯᠴᠢᠨ ᠲᠠᠢ ᠪᠣᠯᠵᠤ᠂ ᠠᠶᠢᠮᠠᠭ ᠲᠤ ᠪᠠᠨ ᠲᠡᠷᠢᠭᠦᠯᠡᠵᠦ ᠪᠠᠶᠢᠭᠰᠠᠨ᠃ 2010 ᠣᠨ ᠳᠤ ᠬᠠᠷᠢᠨ ᠮᠢᠩᠭᠠᠲᠤ ᠮᠠᠯᠴᠢᠨ ᠤ ᠲᠣᠭ᠎ᠠ 12 ᠪᠣᠯᠵᠤ ᠪᠠᠭᠤᠷᠠᠵᠠᠢ᠃ ᠲᠡᠮᠦᠷᠪᠤᠯᠠᠭ ᠰᠤᠮᠤᠨ ᠳᠤ 《ᠡᠷᠴᠢᠮ》 ᠣᠮᠤᠭ ᠤᠨ ᠡᠭᠦᠯᠳᠡᠷ ᠦᠨ ᠬᠠᠷ᠎ᠠ ᠢᠮᠠᠭ᠎ᠠ ᠶᠢ 1989 ᠣᠨ ᠳᠤ ᠪᠤᠢ ᠪᠣᠯᠭᠠᠵᠤ᠂ ᠣᠳᠣ ᠶᠢ ᠬᠦᠷᠲᠡᠯ᠎ᠡ ᠥᠰᠬᠡᠨ ᠦᠷᠡᠵᠢᠭᠦᠯᠵᠦ ᠲᠦᠭᠦᠬᠡᠢ ᠡᠳ᠋ ᠠᠪᠴᠤ ᠠᠰᠢᠭᠯᠠᠵᠤ ᠪᠠᠶᠢᠨ᠎ᠠ᠃

2004 ᠣᠨ ᠤ ᠪᠠᠶᠢᠳᠠᠯ ᠢᠶᠠᠷ 133,000 ᠣᠷᠴᠢᠮ ᠲᠣᠯᠣᠭᠠᠢ ᠮᠠᠯ ᠲᠣᠭᠠᠯᠠᠭᠳᠠᠭᠰᠠᠨ᠃ ᠡᠭᠦᠨ ᠳᠦ 76,000 ᠢᠮᠠᠭ᠎ᠠ᠂ 44,000 ᠬᠣᠨᠢ᠂ 6,700 ᠦᠬᠡᠷᠰᠠᠷᠯᠤᠭ᠂ 6,200 ᠠᠳᠤᠭᠤ᠂ 41 ᠲᠡᠮᠡᠭᠡ ᠪᠠᠶᠢᠪᠠ[1]᠃ 2010 ᠣᠨ ᠤ ᠵᠢᠯ ᠦᠨ ᠡᠴᠦᠰ ᠦᠨ ᠮᠠᠯ ᠲᠣᠭᠠᠯᠠᠯᠭ᠎ᠠ ᠪᠠᠷ ᠲᠡᠮᠡᠭᠡ - 19, ᠠᠳᠤᠭᠤ - 4774, ᠦᠬᠡᠷ - 9848, ᠬᠣᠨᠢ - 58982, ᠢᠮᠠᠭ᠎ᠠ - 100270, ᠪᠦᠭᠦᠳᠡ 173893 ᠲᠣᠯᠣᠭᠠᠢ ᠮᠠᠯ ᠲᠠᠢ ᠪᠠᠶᠢᠪᠠ᠃

ᠡᠷᠴᠢᠮ ᠬᠦᠴᠦᠨ ᠦ ᠲᠥᠪ ᠦᠨ ᠨᠢᠭᠡᠳᠦᠭᠰᠡᠨ ᠰᠦᠯᠵᠢᠶᠡᠨ ᠳᠦ ᠬᠠᠮᠤᠷᠤᠭᠳᠠᠭᠰᠠᠨ ᠪᠠ ᠡᠭᠦᠷ ᠦᠨ ᠲᠧᠯᠧᠹᠣᠨ ᠤ ᠮᠣᠪᠢᠺᠣᠮᠰᠺᠠᠲ᠋ᠧᠯᠶᠨᠢᠲ᠋ᠧᠯ᠂ ᠵᠢᠮᠣᠪᠠᠶᠢᠯ ᠮᠣᠩᠭᠣᠯ ᠤᠨ ᠴᠠᠬᠢᠯᠭᠠᠨ ᠬᠣᠯᠪᠣᠭᠠᠨ ᠤ NJ ᠺᠣᠷᠫᠣᠷᠠᠼᠢ ᠶᠢᠨ 7038..... ᠳ᠋ᠤᠭᠠᠷ ᠲᠠᠢ ᠤᠲᠠᠰᠤᠨ ᠤ ᠰᠦᠯᠵᠢᠶᠡᠨ ᠳᠦ ᠲᠤᠰ ᠲᠤᠰ ᠬᠣᠯᠪᠣᠭᠳᠠᠭᠰᠠᠨ᠃ ᠠᠶᠢᠯ ᠡᠷᠦᠬᠡ ᠠᠯᠪᠠᠨ ᠭᠠᠵᠠᠷ ᠤᠳ ᠮᠢᠺᠣᠮ ᠤᠨ ᠥᠨᠳᠥᠷ ᠬᠤᠷᠳᠤᠨ ᠤ ᠢᠨᠲ᠋ᠧᠷᠨᠡᠲ ᠦᠨ ᠰᠦᠯᠵᠢᠶᠡᠨ ᠳᠦ ᠬᠣᠯᠪᠣᠭᠳᠠᠭᠰᠠᠨ᠃

ᠡᠳ᠋ ᠍ ᠍ ᠦᠨ ᠵᠠᠰᠠᠭ ᠤᠨ ᠲᠡᠷᠢᠭᠦᠯᠡᠬᠦ ᠴᠢᠭᠯᠡᠯ ᠨᠢ ᠮᠠᠯ ᠠᠵᠤ ᠠᠬᠤᠢ᠃ ᠰᠤᠮᠤ ᠶᠢᠨ ᠨᠡᠶᠢᠲᠡ ᠡᠷᠦᠬᠡ ᠶᠢᠨ 87.9 ᠬᠤᠪᠢ ᠪᠤᠶᠤ 824 ᠡᠷᠦᠬᠡ ᠠᠶᠢᠯ ᠮᠠᠯ ᠠᠵᠤ ᠠᠬᠤᠢ ᠡᠷᠬᠢᠯᠡᠨ ᠠᠮᠢᠳᠤᠷᠠᠳᠠᠭ᠃ ᠮᠠᠯ ᠠᠵᠤ ᠠᠬᠤᠢ ᠶᠢᠨ ᠦᠢᠯᠡᠳᠪᠦᠷᠢᠯᠡᠯ ᠡᠴᠡ ᠵᠢᠯ ᠳᠤ ᠳᠤᠮᠳᠠᠴᠢ ᠪᠠᠷ ᠨᠣᠣᠰᠣ 58.7 ᠲᠣᠨ᠂ ᠨᠣᠣᠯᠣᠭᠤᠷ 35.2 ᠲᠣᠨ᠂ ᠠᠷᠠᠰᠤ ᠰᠢᠷᠢᠢ ᠠ 14580 ᠰᠢᠷᠬᠡᠭ ᠢ ᠠᠪᠴᠤ ᠠᠰᠢᠭᠯᠠᠳᠠᠭ᠃ ᠬᠦᠨᠡᠰᠦᠨ ᠦ ᠨᠣᠭᠣᠭᠠᠨ ᠤ ᠴᠢᠭᠯᠡᠯ ᠢᠶᠡᠷ ᠬᠤᠷᠢᠶᠠᠨ ᠠᠪᠤᠭᠰᠠᠨ ᠲᠥᠮᠥᠰᠥ 32 ᠲᠣᠨ᠂ ᠬᠦᠨᠡᠰᠦᠨ ᠦ ᠪᠤᠰᠤᠳ ᠨᠣᠭᠣᠭ᠎ᠠ 9.6 ᠲᠣᠨ᠃

ᠰᠤᠮᠤ ᠶᠢᠨ ᠪᠡᠯᠴᠢᠭᠡᠷ 192667.2 ᠭᠠ ᠲᠠᠯᠠᠪᠠᠢ ᠲᠠᠢ᠃ ᠬᠣᠨᠢᠨ ᠲᠣᠯᠣᠭᠠᠢ ᠳᠤ ᠰᠢᠯᠵᠢᠭᠰᠡᠨ ᠢᠶᠡᠷ 296623 ᠲᠣᠯᠣᠭᠠᠢ ᠮᠠᠯ᠂ ᠰᠤᠮᠤ ᠶᠢᠨ ᠪᠡᠯᠴᠢᠭᠡᠷ ᠦᠨ ᠳᠠᠭᠠᠭᠠᠴᠠ 86700 ᠬᠣᠨᠢᠨ ᠲᠣᠯᠣᠭᠠᠢ ᠮᠠᠯ ᠪᠠᠭᠠᠳᠬᠤ ᠪᠣᠯᠤᠮᠵᠢ ᠲᠠᠢ᠃

  • ᠨᠤᠲᠤᠭ ᠳᠡᠰᠬᠡᠷ 252172 ᠭᠠ
    • ᠬᠣᠲᠠ ᠰᠠᠭᠤᠷᠢᠨ 316.4 ᠭᠠ
    • ХАА ᠍ ᠍ ᠦᠨ ᠡᠳ᠋ᠯᠡᠪᠦᠷᠢ ᠭᠠᠵᠠᠷ 94728.3 ᠭᠠ
    • ᠲᠠᠷᠢᠶᠠᠯᠠᠩ 303.0 ᠭᠠ
    • ᠣᠢ ᠶᠢᠨ ᠰᠠᠨ 56697.0 ᠭᠠ
    • ᠤᠰᠤᠨ ᠰᠠᠩ 288.0 ᠭᠠ
    • ᠵᠠᠮ 240.0 ᠭᠠ
    • ᠬᠠᠳᠤᠯᠠᠩ 16750.0 ᠭᠠ

ᠲᠤᠰ ᠰᠤᠮᠤ ᠨᠢ ᠵᠢᠯ ᠳᠤ ᠳᠤᠮᠳᠠᠴᠢ ᠪᠠᠷ ᠲᠦᠯᠡᠰᠢᠨ ᠦ ᠬᠡᠷᠡᠭᠴᠡᠭᠡᠨ ᠳᠦ 8982 ᠺᠦᠪ ᠮᠧᠲ᠋ᠷ᠂ ᠬᠡᠷᠡᠭᠯᠡᠭᠡᠨ ᠦ ᠮᠣᠳᠣ 600 ᠺᠦᠪ ᠮᠧᠲ᠋ᠷ ᠮᠣᠳᠣ ᠪᠡᠯᠡᠳᠬᠡᠵᠦ ᠬᠡᠷᠡᠭᠯᠡᠳᠡᠭ᠃

ᠲᠥᠰᠥᠪ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠣᠨ ᠤ ᠪᠠᠶᠢᠳᠠᠯ ᠢᠶᠠᠷ

  • ᠣᠷᠣᠨ ᠨᠤᠲᠤᠭ ᠤᠨ ᠨᠡᠶᠢᠲᠡ ᠣᠷᠣᠯᠭ᠎ᠠ 63,488,200 ᠲᠥᠭᠥᠷᠢᠭ
  • ᠨᠡᠶᠢᠲᠡ ᠶᠢᠨ ᠶᠡᠷᠦᠩᠬᠡᠢ ᠦᠢᠯᠡᠴᠢᠯᠡᠭᠡᠨ ᠦ ᠲᠥᠰᠥᠪ ᠦᠨ ᠵᠠᠷᠤᠯᠭ᠎ᠠ 142,546,900 ᠲᠥᠭᠥᠷᠢᠭ
  • ᠤᠯᠤᠰ ᠤᠨ ᠲᠥᠰᠥᠪ ᠦᠨ ᠵᠠᠷᠤᠯᠭ᠎ᠠ 599,735,300 ᠲᠥᠭᠥᠷᠢᠭ

ᠪᠠᠶᠢᠭᠤᠯᠤᠭᠠ᠂ ᠠᠵᠤ ᠠᠬᠤᠢ ᠶᠢᠨ ᠨᠢᠭᠡᠴᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤᠨ ᠳᠤ 11 ᠵᠢᠯ ᠦᠨ ᠠᠬᠠᠯᠠᠬᠤ ᠰᠤᠷᠭᠠᠭᠤᠯᠢ᠂ ᠬᠦᠮᠦᠨ ᠡᠮᠨᠡᠯᠭᠡ᠂ ᠬᠡᠦᠬᠡᠳ ᠦᠨ ᠴᠡᠴᠡᠷᠯᠢᠭ᠂ ЗДТГазар, ᠰᠤᠶᠤᠯ ᠤᠨ ᠲᠥᠪ᠂ ИТХурал᠂ ᠪᠠᠭ ᠤᠨ ᠠᠯᠪᠠ ᠵᠡᠷᠭᠡ ᠲᠥᠰᠥᠪ ᠲᠦ ᠭᠠᠵᠠᠷ ᠤᠳ᠂ ХААН ᠪᠠᠩᠬᠢᠨ ᠤ 49 ᠍ ᠍ ᠳᠦᠭᠡᠷ ᠲᠣᠭᠠᠴᠠᠭᠠᠨ ᠤ ᠲᠥᠪ᠂ МШБ ᠍ ᠍ ᠤ 2004 ᠍ ᠍ ᠳᠦᠭᠡᠷ ᠲᠣᠭᠠᠴᠠᠭᠠᠨ ᠤ ᠲᠥᠪ᠂ ᠬᠣᠯᠪᠣᠭᠠᠨ ᠤ ᠰᠠᠯᠪᠤᠷᠢ᠂ ЭЭСан᠂ ᠮᠠᠯ ᠡᠮᠨᠡᠯᠭᠡ ᠶᠢᠨ ᠲᠣᠷᠴᠮᠥᠶᠢᠷᠡᠨ᠂ ᠭᠠᠩᠪᠣᠯᠣᠷ᠂ ᠳᠠᠯᠠᠢ ᠭᠦᠨ ББН, ᠮᠡᠷᠭᠡᠨ ᠭᠦᠨ-ᠪᠦᠭᠦᠳᠡᠭᠡᠭᠡᠭᠡᠨ ᠲᠥᠷᠥ ᠶᠢᠨ ᠪᠤᠰᠤ ᠪᠠᠶᠢᠭᠤᠯᠤᠯᠭ᠎ᠠ᠂ ᠰᠢᠲᠠᠬᠤᠨ ᠲᠦᠭᠡᠭᠡᠬᠦ ᠪᠠᠶᠠᠨ ᠠᠶᠢᠷᠠᠭ ᠬᠠᠩᠭᠠᠢ ᠬᠣᠷᠰᠢᠶ᠎ᠠ᠂ ᠬᠠᠨ ᠡᠷᠴᠢᠮ ᠰᠢᠲᠠᠬᠤᠨ ᠲᠦᠭᠡᠭᠡᠬᠦ ᠰᠲ᠋ᠠᠨᠼ᠂ ХААНТөв᠂ ᠠᠬᠠᠮᠠᠳ ᠤᠨ ᠬᠣᠷᠢᠶ᠎ᠠ᠂ 3 ᠭᠤᠸᠠᠩᠵᠠ᠂ 19 ᠳᠡᠯᠭᠡᠭᠦᠷ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃134

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ