ᠲᠠᠷᠪᠠᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠲᠠᠢ ᠶᠢᠨ ᠲᠠᠷᠪᠠᠭ᠎ᠠ
Marmota baibacina.jpg
ᠬᠣᠪᠣᠷᠳᠠᠯᠲᠠ ᠶᠢᠨ ᠵᠡᠷᠭᠡᠯᠡᠯ
Status iucn3.1 LC.svg
ᠬᠣᠪᠣᠷᠳᠠᠭ᠎ᠠ ᠦᠭᠡᠢ (ОУБХХ)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠥᠬᠥᠲᠡᠨ
ᠪᠠᠭ: ᠮᠡᠷᠡᠭᠴᠢ
ᠣᠪᠤᠭ: ᠬᠡᠷᠡᠮᠦ
ᠲᠥᠷᠥᠯ: ᠲᠠᠷᠪᠠᠭ᠎ᠠ᠂ Marmota
ᠳᠡᠳ᠋ ᠲᠥᠷᠥᠯ: Marmota (ᠳᠡᠳ᠋ ᠵᠦᠢᠯ)

ᠲᠠᠷᠪᠠᠭ᠎ᠠ (Marmota ᠂ 土拨鼠) ᠨᠢ ᠬᠡᠷᠡᠮᠦ ᠶᠢᠨ ᠣᠪᠤᠭ ᠤᠨ ᠮᠡᠷᠡᠭᠴᠢ ᠠᠮᠢᠲᠠᠨ ᠶᠤᠮ᠃ ᠲᠠᠷᠪᠠᠭᠠᠨ ᠤ ᠲᠥᠷᠥᠯ ᠳᠦ ᠨᠡᠶᠢᠲᠡ 14 ᠵᠦᠢᠯ ᠦᠨ ᠲᠠᠷᠪᠠᠭ᠎ᠠ ᠪᠠᠭᠲᠠᠨ᠎ᠠ᠃ ᠮᠠᠨ ᠤ ᠤᠯᠤᠰ ᠲᠤ ᠭᠣᠣᠯᠳᠠᠭᠤ ᠥᠪᠥᠷ ᠮᠣᠩᠭᠣᠯ᠂ ᠬᠠᠷᠠᠮᠥ᠋ᠷᠡᠨ ᠂ ᠰᠢᠨᠵᠢᠶᠠᠩ ᠂ ᠬᠥᠬᠡᠨᠠᠭᠤᠷ ᠮᠤᠵᠢ ᠶᠢᠨ ᠮᠠᠯᠵᠢᠬᠤ ᠣᠷᠣᠨ ᠵᠡᠷᠭᠡ ᠭᠠᠵᠠᠷ  ᠲᠤ ᠲᠠᠷᠬᠠᠵᠤ ᠪᠠᠢᠳᠠᠭ ᠃ ᠡᠳᠡᠭᠡᠷ ᠡᠴᠡ ᠮᠣᠩᠭᠣᠯ ᠤᠯᠤᠰ ᠲᠤ ᠠᠯᠲᠠᠢ ᠶᠢᠨ ᠲᠠᠷᠪᠠᠭ᠎ᠠ (Marmota baibacina)᠂ ᠬᠡᠭᠡᠷ᠎ᠡ ᠶᠢᠨ ᠲᠠᠷᠪᠠᠭ᠎ᠠ (Marmota sibirica) ᠭᠡᠰᠡᠨ ᠬᠣᠶᠠᠷ ᠵᠦᠢᠯ ᠦᠨ ᠲᠠᠷᠪᠠᠭ᠎ᠠ ᠪᠠᠶᠢᠳᠠᠭ᠃ ᠴᠠᠭ ᠠᠭᠠᠷ ᠤᠨ ᠬᠦᠨᠳᠦ ᠬᠣᠮᠰᠠ ᠪᠠᠶᠢᠳᠠᠯ ᠢ ᠢᠴᠢᠭᠡᠯᠡᠵᠦ ᠥᠩᠭᠡᠷᠡᠭᠡᠨ᠎ᠡ᠃ ᠢᠴᠡᠭᠡᠨ ᠳᠦ ᠪᠡᠨ ᠭᠣᠣᠯᠳᠠᠭᠤ ᠪᠦᠯᠢ ᠪᠡᠷ ᠢᠶᠡᠨ ᠪᠠᠶᠢᠳᠠᠭ᠃ ᠲᠠᠷᠪᠠᠭ᠎ᠠ ᠨᠢ ᠮᠣᠩᠭᠣᠯ ᠣᠷᠣᠨ ᠤ ᠣᠶᠢᠲᠤ ᠬᠡᠭᠡᠷ᠎ᠡ᠂ ᠠᠭᠤᠯᠠ ᠬᠡᠭᠡᠷ᠎ᠡ᠂ ᠲᠠᠯ᠎ᠠ ᠬᠡᠭᠡᠷ᠎ᠡ ᠳᠦ ᠲᠦᠭᠡᠮᠡᠯ ᠲᠠᠷᠬᠠᠵᠤ᠂ ᠮᠢᠬ᠎ᠠ᠂ ᠠᠷᠠᠰᠤᠨ  ᠤ ᠦᠨᠡᠲᠦ ᠦᠰᠦᠯᠢᠭ ᠠᠩ ᠪᠣᠯᠬᠤ ᠶᠤᠮ᠃ ᠪᠡᠶ᠎ᠡ ᠶᠢᠨ ᠤᠷᠲᠤ 47 ~ 58 cm᠂ ᠵᠢᠩ 3 ~ 5 kg ᠃ ᠭᠤᠤᠵᠢᠯᠲᠠ 3 ~ 6 ᠰᠠᠷ᠎ᠠ ᠳᠤ ᠡᠬᠢᠯᠡᠵᠦ᠂ 8 ~ 11 ᠰᠠᠷ᠎ᠠ ᠳᠤ ᠦᠰᠦ ᠬᠥᠷᠦᠰᠦ ᠪᠦᠷᠢᠨ ᠭᠦᠢᠴᠡᠳᠡᠭ᠃ ᠣᠷᠣᠭ᠎ᠠ ᠬᠥᠭᠡᠭᠡᠴᠡᠭᠡ ᠢᠴᠡᠭᠡᠨ ᠡᠴᠡ ᠭᠠᠷᠤᠭᠰᠠᠨ ᠤ ᠳᠠᠷᠠᠭ᠎ᠠ 3 ~ 4 ᠰᠠᠷ᠎ᠠ ᠳᠤ ᠪᠣᠯᠵᠤ᠂ 35 ᠬᠣᠨᠣᠭ ᠤᠨ ᠳᠠᠷᠠᠭ᠎ᠠ 3 — 8᠂ ᠵᠠᠷᠢᠮ ᠳᠤ ᠪᠠᠨ 12 ᠮᠥᠨᠳᠥᠯ ᠭᠠᠷᠭᠠᠨ᠎ᠠ᠃ ᠮᠥᠨᠳᠥᠯ 30 ~ 40 g ᠵᠢᠩ ᠲᠡᠢ ᠲᠥᠷᠦᠭᠡᠳ᠂ ᠡᠬᠡ ᠶᠢ ᠪᠡᠨ ᠰᠠᠷ᠎ᠠ ᠰᠢᠬᠠᠮ ᠬᠥᠬᠦᠵᠦ ᠪᠠᠶᠢᠵᠤ ᠡᠪᠡᠰᠦ ᠬᠣᠭᠣᠯᠠᠨ ᠳᠤ ᠣᠷᠣᠨ᠎ᠠ᠃ ᠲᠠᠷᠪᠠᠭ᠎ᠠ ᠡᠳᠦᠷ ᠦᠨ ᠢᠳᠡᠪᠬᠢᠲᠡᠢ ᠠᠮᠢᠲᠠᠨ᠃ ᠬᠠᠪᠤᠷ ᠥᠷᠯᠥᠭᠡᠨ ᠡᠴᠡ ᠣᠷᠣᠢ ᠪᠣᠯᠲᠠᠯ᠎ᠠ ᠡᠳᠦᠷᠵᠢᠨ ᠢᠳᠡᠭᠡᠰᠢᠯᠡᠬᠦ ᠪᠠ ᠵᠤᠨ ᠤ ᠳᠤᠮᠳᠠ ᠰᠠᠷ᠎ᠠ ᠪᠤᠶᠤ ᠲᠠᠷᠭᠤ ᠲᠡᠪᠡᠭᠡᠷᠡᠭ ᠠᠪᠤᠭᠰᠠᠨ ᠦᠶ᠎ᠡ ᠳ᠋ᠡᠭᠡᠨ ᠨᠠᠷᠠᠨ ᠢᠶᠠᠷ ᠭᠠᠷᠴᠤ ᠢᠳᠡᠭᠡᠰᠢᠯᠡᠭᠡᠳ ᠦᠳᠡ ᠳᠦ ᠨᠦᠬᠡᠨ ᠳᠦ ᠪᠡᠨ ᠣᠷᠣᠵᠤ᠂ ᠨᠠᠷᠠ ᠪᠠᠷᠠᠭᠤᠨ  ᠲᠡᠰᠢ ᠬᠡᠯᠪᠡᠶᠢᠬᠦ ᠡᠴᠡ ᠨᠠᠷᠠ ᠵᠢᠷᠭᠠᠲᠠᠯ᠎ᠠ ᠢᠳᠡᠪᠬᠢᠲᠡᠢ ᠢᠳᠡᠭᠡᠰᠢᠯᠡᠳᠡᠭ᠃

ᠭᠠᠳᠠᠭᠠᠳᠤ ᠲᠥᠷᠬᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠢ ᠶᠢᠨ ᠲᠠᠷᠪᠠᠭ᠎ᠠ ᠪᠡᠶ᠎ᠡ ᠪᠡᠷ ᠠᠷᠠᠢ ᠲᠣᠮᠣ᠂ ᠲᠠᠷᠬᠠᠴᠠ ᠨᠢ ᠮᠣᠩᠭᠣᠯ ᠣᠷᠣᠨ ᠤ ᠪᠠᠷᠠᠭᠤᠨ ᠬᠡᠰᠡᠭ ᠬᠣᠪᠳᠣ ᠠᠶᠢᠮᠠᠭ ᠲᠤ ᠭᠣᠣᠯᠴᠢᠯᠠᠨ ᠪᠠᠶᠢᠳᠠᠭ᠃ ᠬᠡᠭᠡᠷ᠎ᠡ ᠶᠢᠨ ᠲᠠᠷᠪᠠᠭ᠎ᠠ ᠨᠢ ᠪᠡᠶ᠎ᠡ ᠶᠢᠨ ᠤᠷᠲᠤ 47 ~ 58 cm᠂ ᠵᠢᠩ 3 ~ 5 kg᠂ ᠲᠠᠷᠬᠠᠴᠠ ᠨᠢ  ᠨᠡᠩ ᠥᠷᠭᠡᠨ᠃ 

ᠪᠢᠴᠢᠭᠡᠰᠦ