ᠲᠠᠷᠢᠶᠠᠲᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠠᠷᠢᠶᠠᠲᠤ ᠰᠤᠮᠤ ᠰᠤᠮᠤ ᠶᠢᠨ ᠲᠥᠪ ᠨᠢ ᠬᠣᠷᠭᠣ᠂ ᠠᠶᠢᠮᠠᠭ ᠤᠨ ᠲᠥᠪ ᠡᠴᠡ 166 ᠺᠢᠯᠣᠮᠧᠲ᠋ᠷ ᠵᠠᠶᠢᠲᠠᠢ ᠣᠷᠣᠰᠢᠳᠠᠭ᠃ 1460 ᠡᠷᠦᠬᠡ᠂ 5018 ᠬᠦᠮᠦᠨ ᠠᠮᠠ ᠲᠠᠢ᠂ 168927 ᠲᠣᠯᠣᠭᠠᠢ ᠮᠠᠯ ᠲᠠᠢ /2011 ᠣᠨ ᠤ ᠪᠠᠶᠢᠳᠠᠯ ᠢᠶᠠᠷ/, ᠲᠡᠷᠡᠬᠡ᠂ ᠴᠠᠭᠠᠨ ᠨᠠᠭᠤᠷ᠂ ᠬᠣᠷᠭᠣ᠂ ᠰᠤᠮᠤᠨ᠂ ᠪᠥᠭᠡᠷᠦᠯᠵᠢᠭᠦᠲᠦ᠂ ᠮᠥᠷᠡᠨ᠂ ᠠᠯᠲᠤᠭᠠᠳ ᠬᠡᠮᠡᠬᠦ 7 ᠪᠠᠭ ᠲᠠᠢ᠂ 4567 ᠺᠢᠯᠣᠮᠧᠲ᠋ᠷ 2 ᠨᠤᠲᠤᠭ ᠳᠡᠪᠢᠰᠬᠡᠷ ᠲᠡᠢ᠃ 1931 ᠣᠨ ᠳᠤ ᠴᠢᠨᠳᠠᠮᠠᠨᠢ-ᠥᠯᠵᠡᠶᠢᠲᠦ ᠳᠠᠯᠠᠢ ᠬᠣᠰᠢᠭᠤᠨ ᠠᠴᠠ ᠪᠠᠶᠢᠭᠤᠯᠤᠭᠳᠠᠭᠰᠠᠨ᠃ ᠲᠠᠷᠢᠶᠠᠲᠤ ᠰᠤᠮᠤ ᠶᠢᠨ ᠨᠤᠲᠤᠭ ᠨᠢ ᠬᠠᠭᠤᠴᠢᠨ ᠢᠶᠠᠷ ᠳᠠᠯᠠᠢ ᠴᠣᠶᠢᠩᠬᠣᠷ ᠸᠠᠩ ᠤᠨ ᠬᠣᠰᠢᠭᠤ᠃ ᠨᠤᠲᠤᠭ ᠤᠨ ᠬᠣᠶᠢᠳᠤ ᠬᠡᠰᠡᠭ ᠢᠶᠡᠷ ᠲᠠᠷᠪᠠᠭᠠᠲᠠᠢ ᠶᠢᠨ ᠨᠢᠷᠤᠭᠤ᠂ ᠡᠮᠦᠨᠡᠲᠦ ᠪᠠ ᠵᠡᠭᠦᠨ ᠬᠡᠰᠡᠭ ᠢᠶᠡᠷ ᠲᠡᠷᠡᠬᠡ᠂ ᠴᠢᠯᠠᠭᠤᠲᠤ ᠶᠢᠨ ᠭᠣᠣᠯ ᠤᠨ ᠬᠥᠨᠳᠡᠢ ᠨᠦᠭᠦᠳ ᠣᠷᠣᠰᠢᠳᠠᠭ᠃ ᠲᠡᠷᠡᠬᠡ᠂ ᠴᠢᠯᠠᠭᠤᠲᠤ᠂ ᠰᠤᠮᠤᠨ᠂ ᠬᠥᠨᠵᠢᠯᠡ ᠵᠡᠷᠭᠡ ᠲᠣᠮᠣᠬᠠᠨ ᠭᠣᠣᠯ᠂ ᠲᠡᠳᠡᠭᠡᠷ ᠦᠨ ᠴᠢᠳᠬᠤᠯ ᠭᠣᠣᠯ ᠤᠳ᠂ ᠲᠡᠷᠬᠡᠢ ᠶᠢᠨ ᠴᠠᠭᠠᠨ᠂ ᠬᠥᠳᠡᠭᠡ ᠵᠡᠷᠭᠡ ᠨᠠᠭᠤᠷ ᠤᠳ ᠲᠠᠢ᠃ ᠪᠠᠶᠢᠭᠠᠯᠢ ᠶᠢᠨ ᠥᠪᠡᠷᠮᠢᠴᠡ ᠲᠣᠭᠲᠠᠴᠠ᠂ ᠦᠵᠡᠰᠬᠦᠯᠡᠩ ᠴᠣᠭᠴᠠᠯᠠᠭᠰᠠᠨ ᠬᠣᠷᠭᠣ ᠨᠤᠲᠤᠭ ᠮᠣᠩᠭᠣᠯ ᠣᠷᠣᠨ ᠤ ᠠᠶᠠᠯᠠᠯ ᠵᠢᠭᠤᠯᠴᠢᠯᠠᠯ ᠤᠨ ᠨᠢᠭᠡᠨ ᠲᠣᠮᠣᠬᠠᠨ ᠴᠡᠭ ᠪᠣᠯᠳᠠᠭ᠃

ᠲᠠᠷᠢᠶᠠᠲᠤ ᠰᠤᠮᠤ ᠶᠢᠨ ᠲᠥᠪ᠂ ᠬᠣᠷᠭᠣ ᠭᠠᠯᠲᠤ ᠠᠭᠤᠯᠠ ᠶᠢᠨ ᠯᠠᠸᠠ ᠪᠠᠷ ᠪᠦᠷᠬᠦᠭᠳᠡᠭᠰᠡᠨ ᠲᠠᠯ᠎ᠠ
ᠲᠠᠷᠢᠶᠠᠲᠤ ᠰᠤᠮᠤ ᠶᠢᠨ ᠲᠥᠪ ᠦᠨ ᠪᠠᠶᠢᠳᠠᠯ ᠵᠡᠭᠦᠨ ᠲᠠᠯ᠎ᠠ ᠠᠴᠠ ᠪᠠᠨ

ᠲᠠᠷᠢᠶᠠᠲᠤ ᠰᠤᠮᠤ ᠨᠢ ᠠᠷᠤᠬᠠᠩᠭᠠᠢ ᠠᠶᠢᠮᠠᠭ ᠤᠨ ᠰᠤᠮᠤ ᠶᠤᠮ᠃

ᠪᠢᠴᠢᠭᠡᠰᠦ