ᠲᠠᠶᠢᠸᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠠᠶᠢᠸᠠᠨ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠬᠢᠲᠠᠳ ᠢᠶᠠᠷ
«ᠪᠦᠭᠦᠳᠡ ᠨᠠᠶᠢᠷᠠᠮᠳᠠᠬᠤ ᠬᠢᠲᠠᠳ
ᠤᠯᠤᠰ ᠤᠨ ᠲᠥᠷᠥ ᠶᠢᠨ ᠳᠠᠭᠤᠯᠠᠯ»
ᠹᠠᠢᠢᠯ:National Anthem of the Republic of China.ogg

ᠳᠡᠯᠡᠬᠡᠢ ᠶᠢᠨ ᠲᠠᠯ᠎ᠠ ᠪᠥᠮᠪᠥᠷᠴᠡᠭ ᠲᠦ ᠲᠠᠶᠢᠪᠤᠩ ᠢ ᠤᠯᠠᠭᠠᠨ ᠢᠶᠠᠷ
ᠳᠡᠯᠡᠬᠡᠢ ᠶᠢᠨ ᠲᠠᠯ᠎ᠠ ᠪᠥᠮᠪᠥᠷᠴᠡᠭ ᠲᠦ ᠲᠠᠶᠢᠪᠤᠩ ᠢ ᠤᠯᠠᠭᠠᠨ ᠢᠶᠠᠷ
ᠨᠡᠶᠢᠰᠯᠡᠯTaipei City seal.svg ᠲᠠᠢᠢᠪᠸᠢ (2.6 ᠰᠠᠶ᠎ᠠ)
ᠲᠣᠮᠣ ᠬᠣᠲᠠ New Taipei City seal.png ᠰᠢᠨᠢᠪᠡᠢ (3.9 ᠰᠠᠶ᠎ᠠ)
ᠠᠯᠪᠠᠨ ᠬᠡᠯᠡ ᠬᠢᠲᠠᠳ ᠬᠡᠯᠡ
ᠠᠯᠪᠠᠨ ᠦᠰᠦᠭ ᠬᠡᠴᠡᠭᠦᠦ ᠬᠠᠨᠵᠤ
ᠠᠷᠠᠳ ᠲᠦᠮᠡᠨ 
(2010 ᠤᠨ)
98% – ᠬᠢᠲᠠᠳ ᠦᠨᠳᠦᠰᠦᠲᠡᠨ

 70% – ᠬᠣᠺᠯᠣ ᠶᠠᠰᠤᠲᠠᠨ
 14% – ᠬᠠᠺᠺᠠ ᠶᠠᠰᠤᠲᠠᠨ
 14% – ᠡᠬᠡ ᠭᠠᠵᠠᠷ ᠤᠨ ᠬᠢᠨ

2% – ᠠᠭᠤᠭᠤᠯ ᠠᠷᠠᠳ ᠲᠦᠮᠡᠨ
 -  ᠨᠤᠲᠤᠭ ᠤᠨ ᠣᠯᠠᠨ ᠲᠠᠶᠢᠪᠤᠩ ᠤ ᠬᠢᠨ
( ᠲᠠᠶᠢᠸᠠᠨ ᠣᠷᠣᠨ ᠤ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠶᠡᠷᠦᠩᠬᠡᠶᠢᠯᠡᠭᠴᠢ ᠶᠢᠨ
ᠪᠦᠭᠦᠳᠡ ᠨᠠᠶᠢᠷᠠᠮᠳᠠᠬᠤ ᠵᠠᠰᠠᠭᠲᠠᠢ
 -  ᠶᠡᠷᠦᠩᠬᠡᠶᠢᠯᠡᠭᠴᠢ ᠮᠠ ᠢᠨᠢ ᠵᠢᠤ
 -  ᠳᠡᠳ᠋ ᠶᠡᠷᠡᠨ᠃ ᠤ ᠳᠤᠨᠢ ᠢ
 -  ᠶᠡᠷᠦᠩᠬᠡᠢ ᠰᠠᠶᠢᠳ ᠴᠢᠨᠢ ᠴᠤᠩ
ᠤᠯᠤᠰ ᠤᠨ ᠬᠤᠷᠠᠯ ᠯᠢᠹᠠ ᠶᠤᠸᠠᠨ → «ᠬᠠᠤᠯᠢ ᠶᠢᠨ ᠭᠠᠵᠠᠷ»
ᠴᠠᠭᠠᠭᠴᠢᠨ ᠭᠠᠬᠠᠢ ᠵᠢᠯ ᠦᠨ ᠬᠤᠪᠢᠰᠬᠠᠯ ᠠᠴᠠ ᠡᠬᠢ ᠲᠡᠢ
 -  1911-10-10 ᠤᠴᠢᠨ ᠦ ᠪᠣᠰᠤᠯᠭ᠎ᠠ 
 -  1912-01-01 ᠳᠤᠮᠳᠠᠳᠤ ᠢᠷᠭᠡᠨ ᠤᠯᠤᠰ ᠪᠠᠶᠢᠭᠤᠯᠤᠭᠳᠠᠪᠠ 
 -  1949-12-07 ᠲᠥᠷᠥ ᠵᠠᠰᠠᠭ ᠲᠠᠶᠢᠸᠠᠨ ᠷᠤ ᠨᠡᠭᠦᠭᠰᠡᠨ 
ᠨᠤᠲᠤᠭ ᠳᠡᠪᠢᠰᠬᠡᠷ
 -  ᠪᠦᠬᠦ ᠲᠠᠯᠠᠪᠠᠢ 36,191.4 km2 (136)
 -  ᠭᠠᠳᠠᠷᠭᠤ ᠶᠢᠨ ᠤᠰᠤ (%) 10.34
ᠬᠦᠮᠦᠨ ᠠᠮᠠ
 -  ᠲᠣᠭᠠᠴᠠᠭ᠎ᠠ (2011) 23,174,528 (49)
 -  ᠨᠢᠭᠲᠠᠴᠠ ᠰᠡᠶᠢᠷᠡᠭ 640 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $824.671 ᠲᠡᠷᠪᠤᠮ[1] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 19  ᠳᠦ
 -  ᠨᠢᠭᠡ ᠬᠦᠨᠳᠦ $35,604[1] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ20 ᠳᠦ
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $418.206 ᠲᠡᠷᠪᠤᠮ[1]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ24 ᠳᠦ
 -  ᠨᠢᠭᠡ ᠬᠦᠨᠳᠦ $18,558[1] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ37]])
Gini (2008) 34.1 [2] (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2010) 0.868*[3][4] (ᠣᠨᠴᠠ ᠰᠠᠶᠢᠨ) (18)
ᠮᠥᠩᠭᠥᠨ ᠦ ᠨᠢᠭᠡᠴᠡ ᠲᠠᠶᠢᠪᠤᠩ ᠦ ᠳ᠋ᠣᠯᠯᠠᠷ (NT$) (TWD)
ᠴᠠᠭ ᠤᠨ ᠪᠥᠰᠡ ᠵᠢᠨᠤᠸᠠᠨ ᠦ ᠴᠠᠭ (GMT+8)
ᠤᠲᠠᠰᠤ᠂ ᠳᠣᠮᠡᠢ ᠶᠢᠨ +886 / .tw
ᠨᠡᠷ᠎ᠡ ᠲᠣᠮᠢᠶ᠎ᠠ TW, TWN / ᠲᠠᠶᠢᠸᠠᠨ

17 ᠍ ᠳᠦᠭᠡᠷ ᠵᠠᠭᠤᠨ ᠤ ᠦᠶ᠎ᠡ ᠳᠦ ᠬᠣᠯᠠᠨᠳ᠋, ᠢᠰᠫᠠᠨᠢ ᠺᠣᠯᠣᠨᠢᠴᠢᠯᠠᠭᠴᠢᠳ ᠢᠷᠡᠵᠦ ᠰᠠᠭᠤᠷᠢᠨ ᠡᠭᠦᠰᠬᠡᠵᠦ ᠪᠠᠶᠢᠯ᠎ᠠ᠃ 1662 ᠣᠨ ᠳᠤ ᠺᠣᠰᠢᠩᠭ᠎ᠠ ᠬᠢᠲᠠᠳ ᠨᠣᠶᠠᠨ ᠢ ᠨᠢ ᠪᠠᠭᠤᠯᠭᠠᠨ ᠠᠪᠤᠭᠰᠠᠨ ᠢᠶᠠᠷ ᠮᠠᠨᠵᠤ ᠴᠢᠩ ᠤᠯᠤᠰ ᠮᠡᠳᠡᠯ ᠳᠦ ᠪᠡᠨ ᠠᠪᠴᠠᠢ᠃ 1895 ᠣᠨ ᠳᠤ ᠶᠠᠫᠣᠨᠢ ᠮᠡᠳᠡᠯ ᠳᠦ ᠰᠢᠯᠵᠢᠭᠡᠳ 1945 ᠣᠨ ᠳᠤ ᠬᠢᠲᠠᠳ ᠍ ᠤᠨ ᠮᠡᠳᠡᠯ ᠳᠦ ᠢᠷᠡᠭᠰᠡᠨ ᠴᠤ ᠢᠷᠭᠡᠨ ᠦ ᠳᠠᠶᠢᠨ ᠳᠤ ᠡᠪ ᠬᠠᠮᠳᠣ ᠬᠦᠴᠦᠨ ᠢᠯᠠᠵᠤ 1949 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠬᠤ ᠳᠤ ᠬᠥᠷᠥᠩᠭᠡᠲᠡᠨ᠂ ᠳᠤᠮᠳᠠᠳᠤ ᠢᠷᠭᠡᠨ ᠤᠯᠤᠰ ᠍ ᠤᠨ ᠲᠠᠯ᠎ᠠ ᠶᠢᠨ ᠬᠡᠳᠦᠨ ᠰᠠᠶ᠎ᠠ ᠬᠦᠮᠦᠨ ᠲᠠᠶᠢᠸᠠᠨ ᠷᠤ ᠰᠢᠯᠵᠢᠨ ᠰᠠᠭᠤᠴᠠᠢ᠃

ᠡᠨᠡ ᠦᠶᠡᠰ ᠥᠨᠥ ᠬᠦᠷᠲᠡᠯᠡᠬᠢ ᠦᠶ᠎ᠡ ᠶᠢ ᠲᠠᠶᠢᠸᠠᠨ (ᠲᠠᠶᠢᠸᠠᠨ) ᠭᠡᠵᠦ ᠬᠡᠯᠡᠨ᠎ᠡ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠳᠦ ᠳᠤᠮᠳᠠᠳᠤ ᠢᠷᠭᠡᠨ ᠤᠯᠤᠰ ᠤᠨ ᠥᠪ ᠢ ᠵᠠᠯᠭᠠᠨ ᠬᠢᠲᠠᠳ ᠍ ᠢ ᠲᠥᠯᠦᠭᠡᠯᠡᠵᠦ ᠪᠠᠶᠢᠭᠠᠳ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠦᠨ 1971 ᠣᠨ ᠤ 2758 ᠳ᠋ᠤᠭᠠᠷ ᠲᠣᠭᠲᠠᠭᠠᠯ ᠢᠶᠠᠷ ᠰᠠᠭᠤᠳᠠᠯ ᠢᠶᠠᠨ ᠠᠯᠠᠳᠠᠭᠰᠠᠨ᠃

ᠬᠢᠲᠠᠳ ᠺᠣᠮᠮᠤᠨᠢᠰ ᠲᠤ ᠳᠢᠭᠯᠢᠮ ᠲᠡᠢ᠂ ᠬᠥᠭᠵᠢᠵᠦ ᠪᠤᠢ ᠣᠷᠣᠨ ᠪᠣᠯ ᠲᠠᠶᠢᠸᠠᠨ ᠠᠷᠠᠳᠴᠢᠯᠠᠭᠰᠠᠨ ᠳᠢᠭᠯᠢᠮ ᠲᠡᠢ᠂ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠲᠠᠢ᠂ 20 ᠍ ᠳᠦᠭᠡᠷ ᠵᠠᠭᠤᠨ ᠳᠤ ᠡᠷᠴᠢᠮᠲᠡᠢ ᠠᠵᠤ ᠦᠢᠯᠡᠳᠪᠦᠷᠢᠵᠢᠵᠦ «ᠠᠽᠢᠶ᠎ᠠ ᠶᠢᠨ ᠪᠠᠷᠰ ᠤᠯᠤᠰ» ᠬᠡᠮᠡᠨ ᠲᠣᠳᠣᠳᠬᠠᠭᠳᠠᠵᠠᠢ᠃ ДХБ, Asia Pacific Economic Coopration ᠵᠡᠷᠭᠡ ᠣᠯᠠᠨ ᠤᠯᠤᠰ ᠤᠨ ᠪᠠᠶᠢᠭᠤᠯᠤᠯᠭ᠎ᠠ ᠶᠢᠨ ᠭᠡᠰᠢᠭᠦᠨ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠲᠠᠶᠢᠸᠠᠨ ᠠᠷᠠᠯ
ᠪᠠᠶᠢᠷᠢ ᠵᠦᠢ ᠶᠢᠨ ᠭᠠᠵᠠᠷ ᠤᠨ ᠵᠢᠷᠤᠭ

ᠲᠠᠶᠢᠪᠤᠩ ᠣᠷᠣᠨ ᠨᠣᠮᠣᠬᠠᠨ ᠳᠠᠯᠠᠢᠨ ᠥᠷᠥᠨ᠎ᠡ ᠵᠠᠬ᠎ᠠ ᠳᠤ ᠪᠠᠶᠢᠭ᠎ᠠ ᠦᠨᠳᠦᠰᠦᠨ ᠲᠠᠶᠢᠸᠠᠨ ᠠᠷᠠᠯ ᠪᠣᠯᠤᠨ ᠣᠷᠴᠢᠨ ᠲᠣᠭᠣᠷᠢᠨ ᠤ ᠫᠡᠩᠬᠤ᠂ ᠮᠠᠴᠤ᠂ ᠯᠠᠨᠢ᠂ ᠯᠤᠲᠠᠣ ᠭᠡᠬᠦ ᠮᠡᠲᠦ ᠣᠯᠠᠨ ᠵᠢᠵᠢᠭ ᠠᠷᠠᠯ ᠤᠨ ᠳᠡᠭᠡᠷᠡᠬᠢ 36,193 ᠺᠢᠯᠣᠮᠧᠲ᠋ᠷ2 ᠭᠠᠵᠠᠷ ᠢ ᠡᠵᠡᠯᠡᠨ ᠣᠷᠣᠰᠢᠳᠠᠭ᠃ ᠡᠷᠭᠢᠨ ᠲᠣᠭᠣᠷᠢᠨ ᠳᠤ ᠪᠠᠨ ᠳᠣᠷᠣᠨᠠᠲᠤ ᠬᠢᠲᠠᠳ ᠤᠨ ᠲᠡᠩᠭᠢᠰᠹᠢᠯᠢᠫᠫᠢᠨ ᠦ ᠲᠡᠩᠭᠢᠰ᠂ ᠯᠤᠤᠰᠣᠨ ᠤ ᠬᠣᠭᠣᠯᠠᠢ᠂ ᠡᠮᠦᠨᠡᠲᠦ ᠬᠢᠲᠠᠳ ᠤᠨ ᠲᠡᠩᠭᠢᠰᠲᠠᠶᠢᠪᠤᠩ ᠦ ᠬᠣᠭᠣᠯᠠᠢ ᠶᠢ ᠢᠶᠠᠷ ᠬᠦᠷᠢᠶᠡᠯᠡᠭᠳᠡᠨ᠎ᠡ᠃ ᠲᠠᠶᠢᠪᠤᠩ ᠦ ᠬᠣᠭᠣᠯᠠᠢ ᠶᠢ 180 ᠺᠢᠯᠣᠮᠧᠲ᠋ᠷ ᠭᠡᠲᠦᠯᠬᠦ ᠳᠦ ᠬᠢᠲᠠᠳ ᠍ ᠤᠨ ᠡᠷᠭᠢ ᠳᠦ ᠬᠦᠷᠴᠦ ᠪᠣᠯᠤᠨ᠎ᠠ᠃ ᠠᠷᠠᠯ ᠤᠨ ᠲᠥᠪ᠂ ᠳᠣᠷᠣᠨ᠎ᠠ ᠲᠠᠯ᠎ᠠ ᠠᠭᠤᠯᠠᠷᠬᠠᠭ ᠪᠣᠯ ᠥᠷᠥᠨᠡᠲᠦ ᠴᠢᠨᠠᠨᠢ ᠭᠡᠬᠦ ᠮᠡᠲᠦ ᠨᠠᠮ ᠳᠣᠣᠷ᠎ᠠ ᠭᠠᠵᠠᠷ ᠪᠠᠶᠢᠨ᠎ᠠ᠃ ᠢᠦᠢᠰᠢᠨᠢ («ᠬᠠᠰ ᠤᠤᠯ»᠂ ᠳ᠃ᠲ᠃ᠳ 3952 ᠮ) ᠮᠡᠲᠦ ᠶᠢᠨ 3500 ᠮ ᠳᠠᠪᠠᠭᠰᠠᠨ ᠥᠨᠳᠥᠷ ᠠᠤᠯᠠᠯᠠᠰ ᠲᠠᠢ᠃ ᠬᠣᠶᠠᠷ ᠲᠧᠺᠳᠤᠨᠢᠺ ᠬᠠᠪᠲᠠᠨ ᠤ ᠵᠠᠭᠠᠭ ᠳᠡᠭᠡᠷ᠎ᠡ ᠪᠠᠶᠢᠭ᠎ᠠ ᠲᠤᠯᠠ ᠭᠠᠵᠠᠷ ᠬᠥᠳᠡᠯᠬᠦ ᠨᠢ ᠡᠯᠪᠡᠭ ᠲᠣᠬᠢᠶᠠᠨ᠎ᠠ᠃

ᠨᠡᠶᠢᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠶᠢᠸᠠᠨ ᠣᠷᠣᠨ ᠤ ᠬᠦᠮᠦᠨ ᠠᠮᠠ ᠶᠢᠨ ᠲᠣᠭ᠎ᠠ 20 ᠍ ᠳᠦᠭᠡᠷ ᠵᠠᠭᠤᠨ ᠳᠤ 3 ᠰᠠᠶ᠋ᠢ ᠠᠴᠠ 22 ᠰᠠᠶ᠎ᠠ ᠪᠣᠯᠲᠠᠯ᠎ᠠ ᠪᠠᠨ ᠨᠡᠮᠡᠭᠳᠡᠵᠡᠢ᠃ 2012 ᠣᠨ ᠳᠤ 23,261,747 ᠬᠦᠩ (ᠪᠦᠷᠢᠨ ᠡᠷᠬᠡᠲᠦ ᠤᠯᠤᠰ ᠪᠠᠶᠢᠭᠰᠠᠨ ᠪᠣᠯ 51 ᠍ ᠳᠦᠭᠡᠷ ᠣᠯᠠᠨ) ᠠᠮᠢᠳᠤᠷᠠᠵᠤ ᠪᠠᠶᠢᠭ᠎ᠠ ᠠᠴᠠ 99.6% ᠲᠠᠶᠢᠸᠠᠨ ᠠᠷᠠᠯ ᠤᠨ ᠣᠷᠣᠰᠢᠨ ᠰᠠᠭᠤᠭᠴᠢᠳ ᠶᠤᠮᠰᠠᠨᠵᠡᠢ᠃ ᠲᠠᠶᠢᠸᠠᠨ ᠨᠢᠭᠡ ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠲᠤ 644.5 ᠬᠦᠮᠦᠨ ᠨᠣᠣᠭ ᠲᠤ ᠬᠢ ᠰᠢᠭᠢᠭᠦᠦ (ᠪᠦᠷᠢᠨ ᠡᠷᠬᠡᠲᠦ ᠤᠯᠤᠰ ᠪᠠᠶᠢᠭᠰᠠᠨ ᠪᠣᠯ 9 ᠍ ᠳᠦᠭᠡᠷ ᠰᠢᠭᠢᠭᠦᠦ ᠰᠠᠭᠤᠷᠢᠰᠢᠯ ᠳᠤ), ᠬᠣᠲᠠᠵᠢᠭ᠌ᠰᠠᠨ ᠨᠤᠲᠤᠭ ᠪᠣᠯᠤᠭᠰᠠᠨ᠃ ᠰᠢᠨᠢᠪᠡᠢ (3,903,745), ᠭᠠᠤᠰᠠᠨ (2,772,461), ᠲᠠᠶᠢᠵᠤᠩ (2,655,456), ᠲᠠᠢᠢᠪᠸᠢ (2,635,766), ᠲᠠᠶᠢᠨᠠᠨᠢ (1,874,724) ᠭᠡᠬᠦ ᠮᠡᠲᠦ ᠠᠷᠠᠯ ᠤᠨ ᠥᠷᠥᠨ᠎ᠡ ᠡᠷᠭᠢ ᠶᠢᠨ ᠨᠠᠮ ᠳᠣᠣᠷ᠎ᠠ ᠭᠠᠵᠠᠷ ᠤᠨ ᠲᠣᠮᠣᠬᠠᠨ ᠬᠣᠲᠠ ᠰᠠᠭᠤᠷᠢᠨ᠂ ᠲᠡᠳᠡᠭᠡᠷ ᠦᠨ ᠬᠦᠢ ᠳᠡᠭᠦᠷᠭᠡ ᠳᠦ ᠠᠩᠬᠠᠨ ᠠᠴᠠ ᠪᠠᠨ ᠬᠦᠮᠦᠨ ᠠᠷᠠᠳ ᠤᠳ ᠰᠢᠪᠠᠯᠳᠤᠨ ᠰᠠᠭᠤᠵᠤ ᠥᠨᠥᠳᠥᠷ ᠲᠡᠢ ᠵᠣᠯᠭᠠᠭᠰᠠᠨ᠃

ᠹᠣᠭᠤᠸᠠᠩᠰᠢᠨᠢ ᠬᠡᠶᠢᠳ ᠦᠨ ᠭᠣᠣᠯ ᠳᠤᠭᠠᠨ ᠤ ᠳᠣᠲᠣᠷ᠎ᠠ

ᠬᠦᠮᠦᠨ ᠠᠮᠠ ᠶᠢᠨ 97.75% ᠨᠢ ᠬᠢᠲᠠᠳ ᠦᠨᠳᠦᠰᠦᠲᠡᠨ᠂ 2.25% (522,942 ᠬᠦᠮᠦᠨ) ᠨᠢ ᠠᠭᠤᠭᠤᠯ ᠠᠷᠠᠳ ᠲᠦᠮᠡᠨ ᠭᠡᠳᠡᠭ᠃ ᠴᠠᠭᠠᠰᠢᠯᠠᠪᠠᠯ᠂ ᠬᠢᠲᠠᠳ ᠳᠣᠲᠣᠷ᠎ᠠ ᠪᠠᠨ ᠪᠦᠬᠦ ᠬᠦᠮᠦᠨ ᠠᠮᠠ ᠶᠢᠨ 86% ᠍ ᠢ ᠡᠵᠡᠯᠡᠬᠦ «ᠤᠷᠢᠳᠠ ᠢᠷᠡᠭᠰᠡᠨ» (ᠪᠨᠰᠢᠨᠨᠢᠨᠢ, 70% ᠨᠢ ᠡᠬᠡ ᠭᠠᠵᠠᠷ ᠤᠨ ᠹᠦᠷᠢᠨ ᠦ ᠭᠠᠷᠤᠯ ᠲᠠᠢ ᠬᠣᠺᠯᠣ ᠶᠠᠰᠤᠲᠠᠨ᠂ 15% ᠨᠢ ᠭᠤᠸᠠᠩᠳᠦ᠋ᠩ ᠬᠠᠪᠢ ᠠᠴᠠ ᠢᠷᠡᠭᠰᠡᠨ ᠬᠠᠺᠺᠠ ᠶᠠᠰᠤᠲᠠᠨ), 12% ᠍ ᠢ ᠡᠵᠡᠯᠡᠬᠦ 1945 ᠣᠨ ᠠᠴᠠ ᠬᠣᠶᠢᠰᠢ ᠪᠤᠶᠤ «ᠬᠣᠶᠢᠨ᠎ᠠ ᠢᠷᠡᠭᠰᠡᠨ» (ᠸ ᠠᠰᠢᠨᠨᠢᠨᠢ) ᠭᠡᠵᠦ ᠢᠯᠭᠠᠨ᠎ᠠ᠃ ᠠᠭᠤᠭᠤᠯ ᠠᠷᠠᠳ ᠲᠦᠮᠡᠨ ᠢ ᠳᠣᠲᠣᠷ᠎ᠠ ᠨᠢ ᠨᠡᠷ᠎ᠡ ᠪᠦᠬᠦᠢ 14 ᠶᠠᠰᠤ ᠣᠪᠤᠭ ᠠᠶᠢᠮᠠᠭ ᠲᠤ ᠢᠯᠭᠠᠨ ᠰᠠᠯᠭᠠᠵᠤ ᠪᠦᠷᠢᠳᠬᠡᠳᠡᠭ᠃ ᠥᠪ ᠰᠤᠶᠤᠯ᠂ ᠵᠠᠩ ᠵᠠᠩᠰᠢᠯ᠂ ᠡᠷᠬᠡ ᠠᠰᠢᠭ ᠢ ᠨᠢ ᠬᠠᠮᠠᠭᠠᠯᠠᠬᠤ "ᠠᠭᠤᠭᠤᠯ ᠢᠷᠭᠡᠳ ᠦᠨ ᠬᠡᠷᠡᠭ ᠢ ᠬᠠᠮᠠᠭᠠᠯᠠᠬᠤ ᠵᠥᠪᠯᠡᠯ" ᠭᠡᠵᠦ ᠪᠠᠶᠢᠭᠤᠯᠤᠯᠭ᠎ᠠ ᠪᠤᠢ᠃ ᠶᠠᠰᠤ ᠦᠨᠳᠦᠰᠦ ᠪᠡᠨ ᠳᠠᠭᠠᠭᠠᠳ ᠬᠢᠲᠠᠳ ᠬᠡᠯᠡ ᠲᠠᠶᠢᠪᠠᠨ ᠳᠤ ᠠᠯᠪᠠᠨ ᠶᠣᠰᠣᠭᠠᠷ ᠪᠠᠲᠤᠯᠠᠭᠳᠠᠵᠤ᠂ ᠪᠤᠳ᠋ᠳ᠋ᠾᠠ ᠶᠢᠨ ᠱᠠᠰᠢᠨᠪᠣᠮᠪᠣ ᠶᠢᠨ ᠱᠠᠰᠢᠨ ᠠᠷᠠᠳ ᠲᠦᠮᠡᠨ ᠦ ᠵᠣᠩᠬᠢᠯᠠᠬᠤ ᠢᠲᠡᠭᠡᠯ ᠪᠢᠰᠢᠷᠡᠯ ᠪᠣᠯᠤᠨ᠎ᠠ᠃ ᠬᠢᠲᠠᠳ ᠬᠡᠯᠡ ᠪᠡᠨ ᠬᠢᠯᠪᠠᠷ ᠪᠤᠰᠤ᠂ ᠬᠠᠷᠢᠨ ᠤᠯᠠᠮᠵᠢᠯᠠᠯᠲᠤ ᠬᠠᠨᠵᠠ ᠪᠠᠷ ᠪᠢᠴᠢᠵᠦ ᠲᠡᠮᠳᠡᠭᠯᠡᠳᠡᠭ᠃ ᠱᠠᠰᠢᠨ ᠤ ᠡᠷᠬᠡ ᠴᠢᠯᠦᠭᠡ ᠲᠡᠢ ᠲᠤᠰ ᠣᠷᠣᠨ ᠳᠤ ᠣᠯᠠᠨ ᠶᠠᠩᠵᠤ ᠶᠢᠨ ᠱᠠᠰᠢᠨ ᠤ ᠰᠦᠮ᠎ᠡ ᠬᠡᠶᠢᠳ ᠦᠨ ᠲᠣᠭ᠎ᠠ 16 ᠮᠢᠩᠭ᠎ᠠ ᠠᠴᠠ ᠣᠯᠠᠨ ᠶᠤᠮᠰᠠᠨᠵᠡᠢ᠃

ᠬᠣᠲᠠ ᠰᠠᠭᠤᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠵᠠᠩᠬᠤ᠎ᠠ
  • ᠫᠢᠨᠵᠢᠨᠢ
  • ᠫᠠᠨᠳᠤᠨ
  • ᠪᠠᠳᠡ
  • ᠶᠠᠩᠮᠡᠢ
ᠡᠰᠢ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1925–1975 ᠣᠨ ᠤ ᠤᠳᠤᠷᠢᠳᠤᠭᠴᠢ ᠴᠢᠨ ᠺᠠᠶᠢᠰᠢ

ᠮᠢᠩ ᠤᠯᠤᠰ (1368-1644) ᠤᠨᠠᠭᠰᠠᠨ ᠤ ᠳᠠᠷᠠᠭ᠎ᠠ ᠮᠢᠩ ᠤᠯᠤᠰ ᠤᠨ ᠠᠷᠠᠳ ᠢᠷᠭᠡᠳ ᠲᠠᠶᠢᠸᠠᠨ ᠷᠤ ᠦᠢ ᠣᠯᠠᠨ ᠢᠶᠠᠷ ᠢᠶᠠᠨ ᠳᠦᠷᠪᠡᠨ ᠭᠠᠷᠤᠭᠰᠠᠨ ᠲᠤᠬᠠᠢ ᠲᠡᠦᠬᠡᠨ ᠰᠤᠷᠪᠤᠯᠵᠢ ᠪᠢᠴᠢᠭ ᠦᠳ ᠲᠦ ᠳᠤᠷᠠᠳᠤᠭᠰᠠᠨ ᠪᠠᠶᠢᠳᠠᠭ᠃ ᠴᠢᠩ ᠤᠯᠤᠰ ᠨᠢ ᠮᠢᠩ ᠤᠯᠤᠰ ᠢ ᠡᠵᠡᠯᠡᠵᠦ 1683 ᠣᠨ ᠳᠤ ᠲᠠᠶᠢᠪᠤᠩ ᠢ ᠥᠪᠡᠷ ᠦᠨ ᠡᠷᠬᠡᠨ ᠳᠦ ᠪᠡᠨ ᠣᠷᠣᠭᠤᠯᠰᠤᠨ ᠢᠶᠠᠷ ᠲᠠᠶᠢᠸᠠᠨ ᠨᠢ ᠠᠯᠪᠠᠨ ᠶᠣᠰᠣᠭᠠᠷ ᠬᠢᠲᠠᠳ ᠤᠨ ᠡᠵᠡᠨᠲᠦ ᠤᠯᠤᠰ ᠤᠨ ᠨᠢᠭᠡ ᠬᠡᠰᠡᠭ ᠨᠢ ᠪᠣᠯᠤᠭᠰᠠᠨ᠃ 1894-1895 ᠣᠨ ᠤ ᠬᠣᠭᠣᠷᠣᠨᠳᠣ ᠪᠣᠯᠤᠭᠰᠠᠨ ᠶᠠᠫᠣᠨ ᠬᠢᠲᠠᠳ ᠤᠨ ᠳᠠᠶᠢᠨ ᠳᠤ ᠲᠤᠶᠢᠯᠳᠠᠵᠤ ᠮᠡᠬᠦᠰᠳᠡᠭᠰᠡᠨ ᠴᠢᠨ ᠭᠦᠷᠦᠨ ᠦ ᠡᠵᠡᠨ ᠳᠦ ᠬᠠᠭᠠᠨ ᠯᠢ ᠬᠤᠨ ᠵᠠᠩ ᠭᠠᠳᠠᠨ᠎ᠠ ᠶᠢᠨ ᠬᠦᠴᠦᠨ ᠳᠦ ᠠᠪᠲᠠᠭᠳᠠᠨ ᠲᠡᠭᠰᠢ ᠪᠤᠰᠤ ᠭᠡᠷ᠎ᠡ ᠪᠠᠶᠢᠭᠤᠯᠵᠤ (ᠰᠢᠮᠣᠨᠣᠰᠧᠺ ᠤᠨ ᠭᠡᠷ᠎ᠡ ᠪᠡᠷ) ᠲᠠᠶᠢᠪᠤᠩ ᠢ ᠶᠠᠫᠣᠨᠴᠤᠳ ᠲᠤ ᠰᠢᠯᠵᠢᠭᠦᠯᠦᠨ ᠥᠭᠴᠡᠢ᠃ ᠶᠠᠫᠣᠨᠴᠤᠳ ᠲᠠᠶᠢᠸᠠᠨ ᠠᠷᠠᠯ ᠳᠤ ᠳᠠᠷᠤᠩᠭᠤᠶᠢᠯᠠᠯ ᠢᠶᠠᠨ ᠲᠣᠭᠲᠠᠭᠠᠵᠤ ᠲᠠᠶᠢᠪᠤᠩᠢᠴᠤᠳ ᠢ ᠶᠡᠬᠡ ᠰᠤᠷᠭᠠᠭᠤᠯᠢ᠂ ᠺᠣᠯᠯᠧᠵᠢ ᠳᠤ ᠣᠷᠣᠬᠤ ᠶᠢ ᠨᠢ ᠬᠢᠵᠠᠭᠠᠷᠯᠠᠵᠤ᠂ ᠲᠡᠳᠡᠨ ᠢ ᠲᠥᠷᠥ ᠵᠠᠰᠠᠭ ᠤᠨ ᠪᠣᠯᠤᠨ ᠤᠯᠤᠰ ᠲᠥᠷᠥ ᠶᠢᠨ ᠠᠯᠪᠠᠨ ᠲᠤᠰᠢᠶᠠᠯ ᠬᠠᠰᠢᠬᠤ ᠶᠢ ᠬᠣᠷᠢᠭᠯᠠᠭᠰᠠᠨ᠃ ᠶᠠᠫᠣᠨᠴᠤᠳ ᠳᠡᠯᠡᠬᠡᠢ ᠶᠢᠨ 2 ᠳ᠋ᠤᠭᠠᠷ ᠳᠠᠶᠢᠨ ᠳᠤ ᠢᠯᠠᠭᠳᠠᠭᠰᠠᠨ ᠤ ᠪᠠᠨ ᠳᠠᠷᠠᠭ᠎ᠠ 50 ᠵᠢᠯ ᠦᠨ ᠲᠤᠷᠰᠢ ᠨᠣᠶᠠᠷᠬᠠᠭᠰᠠᠨ ᠲᠤᠰ ᠠᠷᠠᠯ ᠢ 1945 ᠣᠨ ᠤ 10 ᠰᠠᠷ᠎ᠠ ᠶᠢᠨ 25 ᠍ ᠳᠦ ᠬᠢᠲᠠᠳ ᠲᠤ ᠪᠤᠴᠠᠭᠠᠨ ᠥᠭᠭᠦᠭᠰᠡᠨ ᠪᠠᠶᠢᠨ᠎ᠠ᠃ 1949 ᠣᠨ ᠤ 12 ᠰᠠᠷ᠎ᠠ ᠳᠤ ᠭᠣᠮᠢᠨᠳᠠᠨ ᠤ ᠤᠳᠤᠷᠢᠳᠤᠯᠭ᠎ᠠ ᠵᠠᠰᠠᠭ ᠤᠨ ᠭᠠᠵᠠᠷ ᠢᠶᠠᠨ ᠲᠠᠶᠢᠸᠠᠨ (ᠹᠣᠷᠮᠣᠽᠠ) ᠠᠷᠠᠯ ᠷᠤ ᠨᠡᠭᠦᠯᠭᠡᠬᠦ ᠪᠡᠷ ᠰᠢᠢᠳᠪᠦᠷᠢᠯᠡᠭᠰᠡᠨ ᠢᠶᠡᠷ ᠵᠡᠪᠰᠡᠭᠲᠦ ᠬᠦᠴᠦᠨ ᠦ ᠶᠡᠬᠡᠬᠡᠨ ᠬᠡᠰᠡᠭ᠂ ᠭᠣᠮᠢᠨᠳᠠᠨ ᠤ ᠠᠯᠪᠠᠨ ᠬᠠᠭᠠᠭᠴᠢᠳ᠂ ᠤᠯᠤᠰ ᠲᠥᠷᠥ ᠶᠢᠨ ᠵᠢᠳᠬᠦᠯᠲᠡᠨ ᠨᠦᠭᠦᠳ᠂ ᠰᠢᠨᠵᠢᠯᠡᠬᠦ ᠤᠬᠠᠭᠠᠨ᠂ ᠰᠤᠶᠤᠯ ᠤᠨ ᠠᠵᠢᠯᠲᠠᠨ ᠨᠤᠭᠤᠳ ᠲᠡᠰᠢ ᠪᠡᠨ ᠶᠠᠪᠤᠵᠤ ᠨᠡᠶᠢᠲᠡ 2 ᠰᠠᠶ᠎ᠠ ᠬᠦᠮᠦᠨ ᠲᠠᠶᠢᠸᠠᠨ ᠷᠤ ᠨᠡᠭᠦᠵᠢ ᠪᠡᠨ᠃ ᠲᠡᠳᠡᠨ ᠦ ᠲᠡᠩ ᠬᠠᠭᠠᠰ ᠨᠢ ᠴᠢᠨ ᠺᠠᠶᠢᠰᠢᠭ ᠤᠨ ᠴᠡᠷᠢᠭ ᠦᠳ ᠪᠠᠶᠢᠭᠰᠠᠨ᠃ ᠲᠡᠳᠡ ᠶᠠᠪᠤᠬᠤ ᠳᠤ ᠪᠠᠨ ᠰᠤᠶᠤᠯ ᠤᠨ ᠦᠨᠡᠲᠦ ᠵᠦᠢᠯ᠂ ᠶᠡᠬᠡ ᠬᠡᠮᠵᠢᠶᠡᠨ ᠦ ᠦᠨᠡᠲᠦ ᠬᠥᠷᠥᠩᠭᠡ᠂ ᠨᠠᠮ ᠲᠥᠷᠥ ᠶᠢᠨ ᠠᠷᠬᠢᠸ ᠢᠶᠠᠨ ᠠᠪᠴᠤ ᠭᠠᠷᠴᠤ ᠴᠢᠳᠠᠭᠰᠠᠨ ᠪᠠᠶᠢᠨ᠎ᠠ᠃ ᠦᠨᠡᠲᠦ ᠡᠳ᠋ᠯᠡᠯ ᠦᠳ ᠨᠢ ᠣᠳᠣ ᠲᠠᠢᠢᠪᠸᠢ ᠶᠢᠨ ᠦᠨᠳᠦᠰᠦᠨ ᠦ ᠮᠦᠽᠧᠢ ᠳᠦ ᠬᠠᠳᠠᠭᠠᠯᠠᠭᠳᠠᠵᠤ ᠪᠠᠶᠢᠨ᠎ᠠ᠃

ᠲᠥᠷᠥ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠤᠨ ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳᠦᠭᠡ ᠲᠠᠶᠢᠪᠤᠩ ᠦ ᠵᠠᠰᠠᠭ ᠤᠨ ᠭᠠᠵᠠᠷ ᠥᠪᠡᠷ ᠢ ᠪᠡᠨ ᠲᠠᠶᠢᠸᠠᠨ ᠤᠨ ᠵᠠᠰᠠᠭ ᠤᠨ ᠭᠠᠵᠠᠷ ᠬᠡᠮᠡᠨ ᠨᠡᠷᠡᠶᠢᠳᠳᠡᠭ ᠪᠠᠶᠢᠨ᠎ᠠ᠃ 1912 ᠣᠨ ᠳᠤ ᠬᠢᠲᠠᠳ ᠤᠨ ᠦᠨᠳᠦᠰᠦᠨ ᠦ ᠬᠤᠪᠢᠰᠬᠠᠯ ᠤᠨ ᠤᠳᠤᠷᠢᠳᠤᠭᠴᠢ ᠰᠤᠩ ᠶᠠᠲᠤ ᠰᠧᠨ ᠲᠠᠶᠢᠸᠠᠨ– ᠍ ᠢ ᠪᠠᠶᠢᠭᠤᠯᠤᠭᠰᠠᠨ ᠪᠥᠭᠡᠳ 1949 ᠣᠨ ᠳᠤ ᠲᠤᠰ ᠪᠦᠭᠦᠳᠡ ᠨᠠᠶᠢᠷᠠᠮᠳᠠᠬᠤ ᠤᠯᠤᠰ ᠤᠨ ᠵᠠᠰᠠᠭ ᠤᠨ ᠭᠠᠵᠠᠷ ᠲᠠᠶᠢᠸᠠᠨ ᠠᠷᠠᠯ ᠷᠤ ᠬᠥᠭᠡᠭᠡᠭᠳᠡᠵᠦ᠂ ᠮᠠᠣ ᠵᠡ ᠳᠤᠩ ᠲᠡᠷᠢᠭᠦᠲᠡᠢ ᠺᠣᠮᠮᠤᠨᠢᠰᠲ᠋ᠤᠤᠳ ᠬᠢᠲᠠᠳ ᠤᠨ ᠲᠥᠷᠥ ᠶᠢᠨ ᠡᠷᠬᠡ ᠶᠢ ᠠᠪᠴᠤ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ– ᠍ ᠢ ᠪᠠᠶᠢᠭᠤᠯᠤᠭᠰᠠᠨ ᠢᠶᠠᠷ ᠲᠠᠶᠢᠸᠠᠨ– ᠍ ᠤᠨ ᠵᠠᠰᠠᠭ ᠤᠨ ᠭᠠᠵᠠᠷ ᠤᠨ ᠡᠷᠬᠡ ᠮᠡᠳᠡᠯ ᠨᠢ ᠵᠥᠪᠬᠡᠨ ᠲᠠᠶᠢᠸᠠᠨ ᠠᠷᠠᠯ ᠢᠶᠠᠷ ᠬᠢᠵᠠᠭᠠᠷᠯᠠᠭᠳᠠᠬᠤ ᠪᠣᠯᠵᠤ᠂ ᠳᠡᠯᠡᠬᠡᠢ ᠳᠠᠬᠢᠨ ᠢᠶᠠᠨ ᠳᠤᠮᠳᠠᠳᠤ ᠤᠯᠤᠰ ᠢ ᠲᠥᠯᠥᠭᠡᠯᠡᠬᠦ ᠡᠷᠬᠡ ᠮᠡᠳᠡᠯ ᠢᠶᠡᠨ ᠠᠭᠠᠵᠢᠮ ᠢᠶᠠᠷ ᠠᠯᠠᠳᠠᠭᠰᠠᠨ ᠶᠤᠮ᠃

ᠶᠡᠷᠦᠩᠬᠡᠶᠢᠯᠡᠭᠴᠢ ᠶᠢᠨ ᠣᠷᠳᠣᠨ

ᠲᠠᠶᠢᠸᠠᠨ ᠪᠤᠶᠤ ᠲᠠᠶᠢᠸᠠᠨ 1971 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠳᠠᠬᠢ ᠰᠠᠭᠤᠳᠠᠯ ᠢᠶᠠᠨ ᠠᠯᠳᠠᠵᠤ᠂ ᠲᠡᠭᠦᠨ ᠦ ᠣᠷᠣ ᠶᠢ ᠡᠳᠦᠭᠡ ᠶᠢᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠡᠵᠡᠯᠡᠵᠡᠢ᠃ ᠤᠯᠠᠮ ᠢᠶᠠᠷ 1979 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ–ᠲᠠᠢ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠢᠶᠠᠷ ᠭᠣᠮᠢᠨᠳᠠᠨ ᠤ ᠨᠠᠮ ᠢᠶᠠᠷ ᠤᠳᠤᠷᠢᠳᠤᠭᠤᠯᠤᠭᠰᠠᠨ ᠲᠠᠶᠢᠸᠠᠨ ᠣᠯᠠᠨ ᠤᠯᠤᠰ ᠤᠨ ᠲᠠᠪᠴᠠᠩ ᠳᠤ ᠬᠢᠲᠠᠳ ᠢ ᠲᠥᠯᠥᠭᠡᠯᠡᠬᠦ ᠪᠣᠯᠤᠮᠵᠢ ᠪᠠᠨ ᠠᠯᠠᠳᠠᠭᠰᠠᠨ ᠪᠥᠭᠡᠳ 1980 ᠍ ᠊ᠭᠠᠳ ᠣᠨ ᠤ ᠳᠤᠮᠳᠠ ᠦᠶᠡᠰ ᠭᠣᠮᠢᠨᠳᠠᠨ ᠤ ᠵᠠᠰᠠᠭ ᠤᠨ ᠭᠠᠵᠠᠷ ᠪᠣᠳᠠᠲᠤ ᠪᠠᠶᠢᠳᠠᠯ ᠲᠠᠢ ᠡᠪᠯᠡᠷᠡᠵᠦ᠂ ᠠᠷᠠᠯ ᠤᠨ ᠢᠶᠠᠨ ᠬᠢᠯᠢ ᠬᠢᠵᠠᠭᠠᠷ ᠲᠤ ᠵᠣᠬᠢᠴᠠᠭᠰᠠᠨ ᠫᠠᠷᠭᠮᠠᠲ᠋ᠢᠭ ᠲᠥᠷᠥ ᠶᠢᠨ ᠪᠣᠳᠣᠯᠭ᠎ᠠ ᠪᠠᠷᠢᠮᠲᠠᠯᠠᠬᠤ ᠶᠢ ᠡᠷᠡᠮᠡᠯᠵᠡᠬᠦ ᠪᠣᠯᠤᠭᠰᠠᠨ ᠶᠤᠮ᠃ ᠲᠠᠶᠢᠸᠠᠨ ᠨᠢ ᠦᠨᠳᠦᠰᠦᠨ ᠬᠠᠤᠯᠢ ᠶᠢᠨ ᠢᠶᠠᠨ ᠳᠠᠭᠠᠤ ᠨᠡᠯᠢᠶᠡᠳ ᠥᠪᠡᠷᠮᠢᠴᠡ ᠲᠥᠷᠥ ᠶᠢᠨ ᠪᠦᠲᠦᠴᠡ ᠲᠡᠢ᠃ ᠶᠡᠷᠦᠩᠬᠡᠢ ᠳᠤ ᠪᠡᠨ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠥᠭᠡᠳ ᠶᠡᠷᠦᠩᠬᠡᠶᠢᠯᠡᠭᠴᠢ᠂ ᠲᠠᠪᠤᠨ ᠶᠤᠸᠠᠨ᠂ ᠪᠦᠬᠦ ᠠᠷᠠᠳ ᠲᠦᠮᠡᠨ ᠦ ᠦᠨᠳᠦᠰᠦᠨ ᠦ ᠶᠡᠬᠡ ᠬᠤᠷᠠᠯ ᠭᠡᠰᠡᠨ ᠭᠤᠷᠪᠠᠨ ᠱᠠᠲᠤᠨ ᠤ ᠢᠨᠰᠲ᠋ᠢᠲ᠋ᠦᠶᠢᠼ ᠢᠶᠠᠷ ᠳᠠᠮᠵᠢᠭᠤᠯᠠᠨ ᠲᠥᠷᠥ ᠶᠢᠨ ᠤᠳᠤᠷᠢᠳᠤᠯᠭ᠎ᠠ ᠪᠠᠨ ᠬᠡᠷᠡᠭᠵᠢᠭᠦᠯᠳᠡᠭ᠃ ᠶᠡᠷᠦᠩᠬᠡᠶᠢᠯᠡᠭᠴᠢ ᠦᠨᠳᠦᠰᠦᠨ ᠦ ᠶᠡᠬᠡ ᠬᠤᠷᠠᠯ ᠤᠨ ᠤᠳᠤᠷᠢᠳᠤᠯᠭ᠎ᠠ ᠳᠣᠣᠷ᠎ᠠ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ᠂ ᠠᠩᠭᠯᠢ ᠪᠠᠷ "Five Branches of National Govermment" ᠬᠡᠮᠡᠨ ᠨᠡᠷᠡᠯᠡᠳᠡᠭ᠃ ᠭᠦᠢᠴᠡᠳᠭᠡᠬᠦ ᠶᠤᠸᠠᠨ (Executive yuan - ᠵᠠᠰᠠᠭ ᠤᠨ ᠭᠠᠵᠠᠷ), ᠬᠠᠤᠯᠢ ᠵᠦᠢ ᠶᠢᠨ ᠶᠤᠸᠠᠨ (Legislative Yuan -Heel, ᠬᠠᠤᠯᠢ ᠲᠣᠭᠲᠠᠭᠠᠬᠤ ᠳᠡᠭᠡᠳᠦ ᠪᠠᠶᠢᠭᠤᠯᠤᠯᠭ᠎ᠠ), ᠰᠢᠭᠦᠬᠦ ᠶᠢᠨ ᠶᠤᠸᠠᠨ (Examination Yuan), ᠬᠢᠨᠠᠯᠲᠠ ᠶᠢᠨ ᠶᠤᠸᠠᠨ (Control Yuan) ᠬᠡᠮᠡᠬᠦ ᠲᠠᠪᠤᠨ ᠪᠠᠶᠢᠭᠤᠯᠤᠯᠭ᠎ᠠ ᠨᠢᠭᠡᠳᠴᠦ ᠦᠨᠳᠦᠰᠦᠨ ᠦ ᠵᠠᠰᠠᠭ ᠤᠨ ᠭᠠᠵᠠᠷ ᠢᠶᠠᠨ ᠪᠦᠷᠢᠳᠦᠭᠦᠯᠳᠡᠭ᠃

ᠶᠡᠷᠦᠩᠬᠡᠶᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1996 ᠣᠨ ᠠᠴᠠ ᠡᠮᠦᠨ᠎ᠡ ᠲᠠᠶᠢᠪᠤᠩ ᠦ ᠶᠡᠷᠦᠩᠬᠡᠶᠢᠯᠡᠭᠴᠢ ᠨᠢ ᠦᠨᠳᠦᠰᠦᠨ ᠦ ᠶᠡᠬᠡ ᠬᠤᠷᠠᠯ ᠠᠴᠠ ᠰᠣᠩᠭᠣᠭᠳᠠᠳᠠᠭ ᠪᠠᠶᠢᠭᠰᠠᠨ ᠪᠣᠯ ᠮᠥᠨ ᠣᠨ ᠤ ᠭᠤᠷᠪᠠᠳᠤᠭᠠᠷ ᠰᠠᠷ᠎ᠠ ᠠᠴᠠ ᠡᠬᠢᠯᠡᠨ ᠪᠦᠬᠦ ᠠᠷᠠᠳ ᠲᠦᠮᠡᠨ ᠦ ᠰᠣᠩᠭᠣᠭᠤᠯᠢ ᠪᠠᠷ ᠰᠣᠩᠭᠣᠭᠳᠠᠳᠠᠭ ᠪᠣᠯᠵᠠᠢ᠃ ᠰᠣᠩᠭᠣᠭᠤᠯᠢ 4 ᠵᠢᠯ ᠳᠤ ᠨᠢᠭᠡ ᠤᠳᠠᠭ᠎ᠠ ᠶᠠᠪᠤᠭᠳᠠᠳᠠᠭ᠃ ᠲᠠᠶᠢᠪᠤᠩ ᠦ ᠥᠨᠥ ᠶᠢᠨ ᠶᠡᠷᠦᠩᠬᠡᠶᠢᠯᠡᠭᠴᠢ ᠪᠡᠷ ᠭᠣᠮᠢᠨᠢᠳᠠᠨ ᠠᠴᠠ ᠰᠣᠩᠭᠣᠭᠳᠠᠭᠰᠠᠨ ᠮᠠ ᠶᠢᠨ ᠵᠢᠤ ᠠᠵᠢᠯᠯᠠᠵᠤ ᠪᠠᠶᠢᠨ᠎ᠠ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠲᠠᠶᠢᠸᠠᠨ ᠣᠷᠣᠨ ᠤ ᠵᠠᠰᠠᠭ ᠵᠠᠬᠢᠷᠭᠠᠨ ᠤ ᠬᠤᠪᠢᠶᠠᠷᠢ ᠳᠤ ᠭᠠᠵᠠᠷ ᠤᠨ ᠵᠢᠷᠤᠭ ᠲᠠᠶᠢᠸᠠᠨ ᠤᠨ ᠨᠤᠲᠤᠭ ᠣᠷᠣᠨ ᠲᠠᠪᠤᠨ ᠵᠡᠷᠭᠡᠲᠦ ᠱᠠᠲᠤᠯᠠᠨ ᠬᠤᠪᠢᠶᠠᠭᠳᠠᠨ᠎ᠠ᠃ ᠣᠷᠣᠢ ᠶᠢᠨ ᠲᠦᠪᠰᠢᠨ ᠳᠦ ᠨᠤᠲᠤᠭ ᠤᠨ ᠶᠡᠬᠡᠩᠬᠢ ᠨᠢ ᠣᠯᠠᠨ ᠬᠣᠰᠢᠭᠤ ᠪᠦᠬᠦᠢ ᠲᠠᠶᠢᠸᠠᠨ ᠠᠶᠢᠮᠠᠭᠲ᠂ ᠦᠯᠡᠳᠡᠭᠰᠡᠨ ᠬᠡᠰᠡᠭ ᠨᠢ ᠵᠢᠵᠢᠭ ᠠᠷᠠᠯ ᠤᠳ ᠤᠨ ᠹᠦᠵᠢᠶᠠᠨ ᠠᠶᠢᠮᠠᠭ ᠪᠣᠯᠤᠨ ᠬᠣᠲᠠᠵᠢᠵᠤ ᠨᠢᠭᠲᠠᠷᠠᠭᠰᠠᠨ ᠲᠠᠢᠢᠪᠸᠢᠰᠢᠨᠢᠪᠡᠢᠭᠠᠤᠰᠠᠨᠲᠠᠶᠢᠵᠤᠩᠲᠠᠶᠢᠨᠠᠨᠢ ᠭᠡᠬᠦ ᠲᠠᠪᠤᠨ ᠬᠣᠳᠠ ᠳᠤ ᠬᠤᠪᠢᠶᠠᠭᠳᠠᠨ ᠵᠠᠬᠢᠷᠤᠭᠳᠠᠨ᠎ᠠ᠃

ᠵᠡᠷᠭᠡ ᠵᠠᠰᠠᠭ ᠵᠠᠬᠢᠷᠭᠠᠨ ᠤ ᠨᠢᠭᠡᠴᠡ ᠨᠤᠲᠤᠭ
I ᠤᠯᠤᠰ ᠤᠨ ᠬᠣᠲᠠ
(直轄市zhíxiáshì) (5)
ᠠᠶᠢᠮᠠᠭ
(省 shěng) (2)
22
II ᠠᠶᠢᠮᠠᠭ ᠤᠨ ᠬᠣᠲᠠ (3)
(市 shì)
ᠬᠣᠰᠢᠭᠤ (14)
(縣 xiàn)
III ᠳᠡᠭᠦᠷᠭᠡ (157)
(區 )
ᠬᠣᠰᠢᠭᠤᠨ ᠤ ᠬᠣᠲᠠ (17)
(縣轄市 xiànxiáshì)
ᠪᠠᠯᠭᠠᠰᠤ (41)
(鎮 zhèn)
ᠰᠤᠮᠤ (153)
(鄉 xiāng)
368
IV ᠭᠠᠴᠠᠭ᠎ᠠ
(里 )
ᠲᠣᠰᠬᠣᠨ
(村 cūn)
7,835
V ᠬᠣᠷᠢᠶ᠎ᠠ (鄰 lín) 147,877

ᠭᠠᠳᠠᠭᠠᠳᠤ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠶᠢᠪᠠᠨ ᠲᠠᠢ ᠳ᠋ᠢᠫᠯᠣᠮᠠᠲ (ᠨᠣᠭᠣᠭᠠᠨ), ᠳ᠋ᠢᠫᠯᠣᠮᠠᠲ ᠪᠤᠰᠤ (ᠴᠡᠩᠬᠡᠷ) ᠬᠠᠷᠢᠯᠴᠠᠭ᠎ᠠ ᠲᠠᠢ ᠣᠷᠣᠨ ᠨᠤᠭᠤᠳ

ᠲᠡᠦᠬᠡᠨ ᠪᠠ ᠤᠯᠤᠰ ᠲᠥᠷᠥ ᠶᠢᠨ ᠰᠢᠯᠲᠠᠭᠠᠨ ᠤ ᠤᠯᠠᠮ ᠠᠴᠠ ᠲᠠᠶᠢᠪᠤᠩ ᠦ ᠣᠯᠠᠨ ᠤᠯᠤᠰ ᠤᠨ ᠲᠠᠪᠴᠠᠩ ᠳᠠᠬᠢ ᠪᠠᠶᠢᠷᠢ ᠰᠠᠭᠤᠷᠢ ᠲᠡᠳᠦᠢ ᠯᠠ ᠲᠣᠭᠲᠠᠪᠤᠷᠢᠲᠠᠢ ᠪᠤᠰᠤ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠬᠦᠴᠦᠷᠬᠡᠭᠵᠢᠵᠦ᠂ ᠭᠠᠳᠠᠭᠠᠳᠤ ᠪᠠᠶᠢᠷᠢ ᠰᠠᠭᠤᠷᠢ ᠨᠢ ᠪᠡᠬᠢᠵᠢᠬᠦ ᠶᠢᠨ ᠬᠢᠷᠢ ᠪᠡᠷ ᠳᠡᠯᠡᠬᠡᠢ ᠶᠢᠨ ᠤᠯᠤᠰ ᠣᠷᠣᠨ ᠨᠤᠭᠤᠳ ᠲᠠᠶᠢᠪᠠᠨ ᠲᠠᠢ ᠳ᠋ᠢᠫᠯᠣᠮᠠᠲ ᠬᠠᠷᠢᠯᠴᠠᠭ᠎ᠠ ᠪᠠᠨ ᠲᠠᠰᠤᠯᠤᠭᠰᠠᠨ ᠪᠤᠶᠤ ᠰᠢᠨ᠎ᠡ ᠪᠡᠷ ᠬᠠᠷᠢᠯᠴᠠᠭ᠎ᠠ ᠲᠣᠭᠲᠠᠭᠠᠬᠤ ᠠᠴᠠ ᠵᠠᠶᠢᠯᠠᠰᠬᠢᠬᠤ ᠪᠣᠯᠤᠭᠰᠠᠨ ᠶᠤᠮ᠃ 1971 ᠣᠨ ᠳᠤ ᠲᠠᠶᠢᠸᠠᠨ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢᠨ ᠭᠡᠰᠢᠭᠦᠨ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠠᠶᠤᠯ ᠦᠭᠡᠢ ᠶᠢᠨ ᠵᠥᠪᠯᠡᠯ ᠦᠨ ᠪᠠᠶᠢᠩᠭᠤ ᠶᠢᠨ ᠭᠡᠰᠢᠭᠦᠨ ᠦ ᠪᠠᠶᠢᠷᠢ ᠰᠠᠭᠤᠷᠢ ᠪᠠᠨ ᠠᠯᠠᠳᠠᠭᠰᠠᠨ ᠶᠠᠪᠤᠳᠠᠯ ᠨᠢ ᠭᠠᠳᠠᠭᠠᠳᠤ ᠬᠠᠷᠢᠯᠴᠠᠭ᠎ᠠ᠂ ᠭᠠᠳᠠᠭᠠᠳᠤ ᠨᠡᠷ᠎ᠡ ᠬᠦᠨᠳᠦ ᠳᠦ ᠨᠢ ᠬᠦᠨᠳᠦ ᠴᠣᠬᠢᠯᠲᠠ ᠥᠭᠭᠦᠭᠰᠡᠨ ᠶᠤᠮ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 1.3 Republic of China (Taiwan). International Monetary Fund. 2011-09-20 ᠍ ᠳᠦ ᠬᠠᠨᠳᠤᠭᠰᠠᠨ᠃
  2. Regularly check CIA factbook or "Household Income distribution of major countries".
  3. Due to its political status, the UN has not calculated an HDI for the ROC. The ROC government calculated its HDI for 2010 to be 0.868, and would rank 18th among countries.
  4. http://www.dgbas.gov.tw/public/Attachment/11715383471.doc

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: 台灣
http://wiki.uhaan.com/index.php?title=ᠲᠠᠶᠢᠸᠠᠨ&oldid=465490》 ᠍  ᠡᠴᠡ ᠠᠪᠤᠭᠰᠠᠨ

ᠪᠢᠴᠢᠭᠡᠰᠦ