ᠲᠠᠶᠢᠴᠢᠭᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠠᠶᠢᠴᠢᠭᠤᠳ ᠣᠪᠤᠭ ᠨᠢ ᠪᠣᠷᠵᠢᠭᠢᠨ ᠣᠪᠤᠭ ᠤᠨ ᠨᠢᠭᠡ ᠳᠡᠳ᠋ ᠣᠪᠤᠭ ᠪᠠ ᠴᠢᠩᠭᠢᠰ ᠬᠠᠭᠠᠨ  ᠤ ᠡᠪᠦᠭᠡ ᠳᠡᠭᠡᠳᠦᠰ ᠪᠣᠯᠬᠤ ᠬᠠᠶᠢᠳᠤᠭ ᠤᠨ ᠠᠴᠢ ᠬᠦᠦ ᠰᠡᠩᠭᠦᠨᠪᠢᠯᠢᠭ ᠡᠴᠡ ᠤᠯᠠᠮᠵᠢᠯᠠᠨ ᠭᠠᠷᠴᠠᠢ᠃ ᠲᠠᠶᠢᠴᠢᠭᠤᠳ ᠣᠪᠤᠭ ᠨᠢ ᠪᠣᠷᠵᠢᠭᠢᠨ ᠣᠪᠤᠭ ᠤᠨ ᠥᠭᠡᠷ᠎ᠡ ᠨᠢᠭᠡᠨ ᠬᠦᠴᠦᠷᠬᠡᠭ ᠳᠡᠳ᠋ ᠣᠪᠤᠭ ᠬᠢᠶᠠᠳ ᠪᠣᠷᠵᠢᠭᠢᠨ ᠲᠠᠢ ᠬᠠᠮᠲᠤ ᠪᠠᠷ 12 ᠍ ᠳᠦᠭᠡᠷ ᠵᠠᠭᠤᠨ ᠤ ᠳᠤᠮᠳᠠ ᠦᠶ᠎ᠡ ᠳᠦ ᠬᠠᠮᠤᠭ ᠮᠣᠩᠭᠣᠯ ᠍ ᠤᠨ ᠬᠠᠨᠯᠢᠭ ᠢ ᠪᠠᠶᠢᠭᠤᠯᠤᠨ ᠬᠦᠴᠦᠷᠬᠡᠭᠵᠢᠵᠦ ᠪᠠᠶᠢᠭᠰᠠᠨ ᠪᠠᠶᠢᠨ᠎ᠠ᠃ ᠬᠢᠶᠠᠳ ᠪᠣᠷᠵᠢᠭᠢᠨ ᠤ ᠬᠠᠪᠤᠯ ᠬᠠᠭᠠᠨ ᠤ ᠳᠠᠷᠠᠭ᠎ᠠ ᠲᠠᠶᠢᠴᠢᠭᠤᠳ ᠣᠪᠤᠭ ᠤᠨ ᠠᠮᠪᠠᠭᠠᠢ ᠬᠠᠭᠠᠨ ᠰᠢᠷᠡᠭᠡ ᠶᠢ ᠵᠠᠯᠭᠠᠮᠵᠢᠯᠠᠵᠠᠢ᠃ ᠠᠮᠪᠠᠭᠠᠢ ᠳᠠᠷᠠᠭ᠎ᠠ ᠬᠠᠭᠠᠨ ᠰᠢᠷᠡᠭᠡ ᠪᠤᠴᠠᠵᠤ ᠬᠠᠪᠤᠯ ᠤᠨ ᠬᠦᠦ ᠬᠤᠲᠤᠯ ᠬᠠᠭᠠᠨ ᠳᠤ ᠰᠢᠯᠵᠢᠭᠰᠡᠨ ᠪᠠᠶᠢᠨ᠎ᠠ᠃ ᠴᠢᠩᠭᠢᠰ ᠬᠠᠭᠠᠨ ᠤ ᠡᠴᠢᠭᠡ ᠶᠡᠰᠦᠭᠡᠢ ᠪᠠᠭᠠᠲᠤᠷ ᠬᠣᠣᠷᠯᠠᠭᠳᠠᠨ ᠨᠠᠰᠤ ᠪᠠᠷᠠᠭᠰᠠᠨ ᠤ ᠳᠠᠷᠠᠭ᠎ᠠ ᠲᠠᠶᠢᠴᠢᠭᠤᠳ ᠤᠨ ᠲᠠᠷᠭᠤᠳᠠᠢ ᠬᠢᠷᠢᠯᠲᠤᠭ ᠲᠡᠭᠦᠨ ᠦ ᠬᠠᠷᠢᠶᠠᠲᠤ ᠢᠷᠭᠡᠳ ᠢ ᠪᠤᠯᠢᠶᠠᠨ ᠠᠪᠤᠭᠰᠠᠨ ᠢᠶᠠᠷ ᠤᠭ ᠬᠣᠶᠠᠷ ᠣᠪᠤᠭ ᠤᠨ ᠬᠣᠭᠣᠷᠣᠨᠳᠣ ᠳᠠᠶᠢᠰᠤᠩᠨᠠᠯ ᠡᠭᠦᠰᠦᠭᠰᠡᠨ ᠪᠠᠶᠢᠨ᠎ᠠ᠃ ᠴᠢᠩᠭᠢᠰ ᠬᠠᠭᠠᠨ ᠮᠣᠩᠭᠣᠯ ᠣᠪᠤᠭ ᠠᠶᠢᠮᠠᠭ ᠤᠳ ᠢ ᠨᠢᠭᠡᠳᠬᠡᠨ ᠶᠡᠬᠡ ᠮᠣᠩᠭᠣᠯ ᠤᠯᠤᠰ ᠢ ᠪᠠᠶᠢᠭᠤᠯᠬᠤ ᠶᠠᠪᠤᠴᠠ ᠳᠤ ᠲᠠᠶᠢᠴᠢᠭᠤᠳ ᠠᠶᠢᠮᠠᠭ ᠲᠠᠷᠭᠤᠳᠠᠢ ᠬᠢᠷᠢᠯᠲᠤᠭ᠂ ᠠᠤᠢᠴᠤᠤ ᠪᠠᠭᠠᠲᠤᠷ ᠨᠠᠷᠠ ᠪᠠᠷ ᠤᠳᠤᠷᠢᠳᠤᠭᠤᠯᠤᠨ ᠡᠰᠡᠷᠭᠦᠴᠡᠨ ᠲᠡᠮᠡᠴᠡᠭᠰᠡᠨ ᠪᠣᠯᠪᠠᠴᠤ ᠳᠡᠶᠢᠯᠳᠡᠨ ᠨᠢᠭᠡᠳᠬᠡᠭᠳᠡᠭᠰᠡᠨ ᠪᠠᠶᠢᠨ᠎ᠠ᠃

ᠴᠢᠩᠭᠢᠰ ᠬᠠᠭᠠᠨ ᠤ ᠴᠡᠷᠢᠭ ᠦᠨ ᠨᠡᠷᠡᠲᠦ ᠵᠠᠩᠵᠤᠨ ᠵᠡᠪᠡ ᠲᠠᠶᠢᠴᠢᠭᠤᠳ ᠡᠪᠦᠭᠡ ᠪᠣᠯᠬᠤ ᠰᠡᠩᠭᠦᠨᠪᠢᠯᠭ᠎ᠠ ᠶᠢᠨ ᠳᠡᠭᠦᠦ ᠪᠡᠰᠦᠲᠡᠢ ᠡᠴᠡ ᠭᠠᠷᠤᠯ ᠲᠠᠢ ᠪᠡᠰᠦᠲᠤ ᠣᠪᠤᠭ ᠤᠨ ᠬᠦᠮᠦᠨ ᠪᠠᠶᠢᠭᠰᠠᠨ ᠪᠣᠯ᠂ ᠬᠦᠯᠢᠭ ᠪᠠᠭᠠᠲᠤᠷ ᠴᠢᠯᠠᠭᠤᠨ ᠲᠠᠶᠢᠴᠢᠭᠤᠳ ᠤᠨ ᠳᠡᠳ᠋ ᠣᠪᠤᠭ ᠪᠣᠯᠬᠤ ᠰᠦᠯᠳᠦᠰ ᠣᠪᠤᠭ ᠤᠨ ᠪᠠᠶᠢᠵᠠᠢ᠃ ᠲᠠᠶᠢᠴᠢᠭᠤᠳ 10 ᠳ᠋ᠤᠭᠠᠷ ᠵᠠᠭᠤᠨ ᠤ ᠦᠶ᠎ᠡ ᠳᠦ ᠰᠡᠯᠡᠩᠭᠡ ᠮᠥᠷᠡᠨ ᠦ ᠬᠠᠪᠢ ᠨᠤᠲᠤᠭ ᠲᠤ ᠰᠠᠭᠤᠵᠤ ᠣᠢ ᠶᠢᠨ ᠢᠷᠭᠡᠳ ᠲᠦ ᠬᠠᠮᠤᠷᠤᠭᠳᠠᠵᠤ ᠪᠠᠶᠢᠵᠠᠢ᠃ ᠰᠡᠭᠦᠯ ᠳᠦ ᠪᠡᠨ 12-13 ᠵᠠᠭᠤᠨ ᠤ ᠵᠠᠭᠠᠭ ᠲᠤ ᠣᠨᠣᠨ᠂ ᠲᠤᠤᠯᠠ ᠤᠨ ᠪᠡᠯᠴᠢᠷ ᠲᠦ ᠨᠤᠲᠤᠭᠯᠠᠵᠤ ᠬᠠᠮᠤᠭ ᠮᠣᠩᠭᠣᠯ ᠪᠤᠶᠤ ᠶᠡᠰᠦᠭᠡᠢ ᠪᠠᠭᠠᠲᠤᠷ ᠤᠨ ᠨᠢᠭᠡᠳᠬᠡᠭᠰᠡᠨ ᠤᠯᠤᠰ ᠤᠨ ᠳᠣᠲᠣᠷ᠎ᠠ ᠠᠴᠠ ᠬᠠᠮᠤᠭ ᠤᠨ ᠬᠦᠴᠦᠷᠬᠡᠭ ᠨᠢ ᠪᠠᠶᠢᠪᠠ᠃ ᠲᠠᠶᠢᠴᠢᠭᠤᠳ ᠭᠡᠳᠡᠭ ᠨᠢ ᠲᠠᠶᠢᠵᠢ ᠭᠡᠳᠡᠭ ᠦᠭᠡ ᠡᠴᠡ ᠭᠠᠷᠤᠯᠲᠠᠢ᠃

ᠪᠢᠴᠢᠭᠡᠰᠦ