ᠲᠠᠶᠢᠬᠠᠷ ᠴᠢᠯᠠᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠺ ᠢᠶᠠᠷᠳᠤᠨ᠎ᠠ ᠳᠤ: 47°36′N 101°17′E / 表达式错误:未预料的<操作符 表达式错误:未预料的<操作符 / 表达式错误:未预料的<操作符; 表达式错误:未预料的<操作符

ᠲᠠᠶᠢᠬᠠᠷ ᠴᠢᠯᠠᠭᠤ

ᠲᠠᠶᠢᠬᠠᠷ ᠴᠢᠯᠠᠭᠤ ᠨᠢ ᠠᠷᠤᠬᠠᠩᠭᠠᠢ ᠠᠶᠢᠮᠠᠭ ᠤᠨ ᠶᠡᠬᠡ ᠲᠠᠮᠢᠷ ᠰᠤᠮᠤ ᠍ ᠤᠨ ᠨᠤᠲᠤᠭ ᠲᠤ ᠲᠠᠮᠢᠷ ᠤᠨ ᠭᠣᠣᠯ ᠍ ᠤᠨ ᠬᠥᠪᠡᠭᠡᠨ ᠳᠤ ᠤᠷᠤᠰᠢᠬᠤ ᠪᠦᠳᠦᠭᠦᠨ ᠰᠢᠷᠬᠡᠭᠲᠦ ᠪᠣᠷᠵᠢᠨ ᠴᠢᠯᠠᠭᠤᠨ ᠴᠣᠬᠢᠶ᠎ᠠ᠃ VIIIᠲᠠᠪᠤᠳᠤᠭᠠᠷ ᠵᠠᠭᠤᠨ ᠤ ᠪᠢᠴᠢᠭᠡᠰᠦ ᠳᠤᠷᠠᠰᠬᠠᠯ ᠤᠨ ᠵᠦᠢᠯ ᠶᠡᠬᠡ ᠲᠡᠢ᠃

ᠡᠨᠡᠬᠦ ᠴᠢᠯᠠᠭᠤᠨ ᠬᠥᠰᠢᠭᠡᠨ ᠦ ᠲᠤᠬᠠᠢ ᠣᠯᠠᠨ ᠳᠣᠮᠣᠭ᠂ ᠰᠢᠨᠵᠢᠯᠡᠬᠦ ᠤᠬᠠᠭᠠᠨ ᠤ ᠲᠠᠶᠢᠯᠪᠤᠷᠢ ᠨᠤᠭᠤᠳ ᠪᠠᠶᠢᠳᠠᠭ᠃ ᠲᠠᠶᠢᠬᠠᠷ ᠴᠢᠯᠠᠭᠤ ᠨᠢ ᠭᠠᠵᠠᠷ ᠤᠨ ᠪᠠᠶᠢᠷᠢᠯᠠᠯ ᠤᠨ ᠬᠤᠪᠢ ᠳᠤ ᠤᠷᠳᠤᠭᠤᠷ ᠬᠣᠶᠢᠭᠤᠷ ᠨᠢ ᠥᠨᠳᠥᠷ ᠳᠡᠨᠵᠢ(ᠬᠠᠷ᠎ᠠ ᠡᠷᠭᠢ) ᠍ ᠲᠡᠢ᠂ ᠬᠠᠷᠠᠯᠳᠤᠭ᠎ᠠ ᠠᠷᠤ ᠳᠤ ᠨᠢ ᠲᠠᠶᠢᠬᠠᠷ ᠴᠢᠯᠠᠭᠤᠷᠤᠭᠤ ᠬᠠᠷᠠᠭᠰᠠᠨ ᠬᠠᠳᠠᠨ ᠬᠢᠰᠠᠭ᠎ᠠ ᠪᠦᠬᠦᠢ ᠨᠠᠮᠬᠠᠪᠲᠤᠷ ᠠᠭᠤᠯᠠ ᠲᠠᠢ(ᠤᠯᠠᠭᠠᠨ ᠲᠣᠯᠣᠭᠠᠢ) ᠪᠥᠭᠡᠳ ᠣᠯᠠᠨ ᠵᠢᠯ ᠦᠨ ᠡᠮᠦᠨ᠎ᠡ ᠤᠷᠳᠤ ᠬᠣᠶᠢᠳᠤ ᠬᠣᠶᠠᠷ ᠡᠷᠭᠢ ᠶᠢᠨ ᠬᠣᠭᠣᠷᠣᠨᠳᠣ ᠶᠡᠬᠡ ᠬᠡᠮᠵᠢᠶᠡᠨ ᠦ ᠤᠰᠤ ᠤᠷᠤᠰᠳᠠᠭ᠂ ᠠᠷᠤ ᠶᠢᠨ ᠠᠭᠤᠯᠠ ᠨᠢ ᠲᠠᠶᠢᠬᠠᠷ ᠴᠢᠯᠠᠭᠤ ᠶᠢ ᠬᠦᠷᠲᠡᠯ᠎ᠡ ᠤᠷᠤᠭᠰᠢ ᠪᠠᠨ ᠦᠷᠭᠦᠯᠵᠢᠯᠡᠭᠰᠡᠨ ᠪᠠᠶᠢᠷᠢᠯᠠᠯ ᠲᠠᠢ ᠪᠠᠶᠢᠭᠰᠠᠨ᠃ ᠭᠡᠪᠡᠴᠦ ᠣᠨ ᠴᠠᠭ ᠤᠨ ᠠᠶᠠᠰ ᠢᠶᠠᠷ ᠤᠤᠯ ᠡᠯᠡᠭᠳᠡᠵᠦ᠂ ᠤᠰᠤ ᠰᠢᠷᠭᠢᠵᠦ ᠦᠭᠡᠢ ᠪᠣᠯᠬᠤ ᠦᠶ᠎ᠡ ᠳᠦ ᠠᠭᠤᠯᠠᠨ ᠠᠴᠠ ᠦᠯᠡᠳᠡᠭᠰᠡᠨ ᠬᠡᠰᠡᠭᠬᠡᠨ ᠴᠢᠯᠠᠭᠤ ᠨᠢ ᠥᠨᠥᠳᠥᠷ ᠦᠨ ᠲᠠᠶᠢᠬᠠᠷ ᠴᠢᠯᠠᠭᠤ ᠬᠡᠮᠡᠬᠦ ᠪᠠᠶᠢᠭᠠᠯᠢ ᠶᠢᠨ ᠦᠵᠡᠰᠬᠦᠯᠡᠩᠲᠦ ᠨᠢᠭᠡᠨ ᠪᠦᠲᠦᠭᠡᠯ ᠪᠣᠯᠤᠨ ᠦᠯᠡᠳᠡᠵᠡᠢ᠃

ᠪᠢᠴᠢᠭᠡᠰᠦ