ᠲᠠᠲᠠᠪᠤᠷᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠠᠲᠠᠪᠤᠷᠢ ᠶᠢᠨ ᠲᠡᠦᠬᠡ ᠡᠴᠡ᠃................
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠲᠠᠲᠠᠪᠤᠷᠢ ᠨᠤᠭᠤᠳ ᠨᠢ ᠬᠡᠨ ᠪᠦᠬᠦᠨ ᠦ ᠬᠤᠪᠢ ᠳᠤ ᠠᠰᠠᠭᠤᠳᠠᠯ ᠪᠣᠯᠳᠠᠭ ᠨᠤᠬᠤᠴᠠᠲᠠᠢ ᠬᠠᠨᠳᠤᠬᠤ ᠳᠤ ᠬᠦᠷᠭᠡᠳᠡᠭ ᠵᠦᠢᠯ ᠶᠤᠮ᠃ᠭᠠᠶᠢᠬᠠᠯᠲᠠᠢ ᠪᠢᠰᠢ ᠴᠤ ᠭᠡᠰᠡᠨ ᠡᠷᠲᠡᠨ ᠦ ᠲᠡᠦᠬᠡ ᠨᠦᠭᠦᠳ ᠲᠦ ᠲᠠᠲᠠᠪᠤᠷᠢ ᠲᠠᠢ ᠬᠣᠯᠪᠣᠭᠠᠲᠠᠢ ᠠᠰᠠᠭᠤᠳᠠᠯ ᠤᠳ ᠪᠢᠴᠢᠭᠳᠡᠨ ᠡᠭᠦᠯᠳᠡᠵᠡᠢ᠃

ᠶᠸᠵᠠᠫᠲ ᠤᠯᠤᠰ:[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠸᠵᠠᠫᠲ ᠤᠨ ᠦᠶ᠎ᠡ ᠦᠶ᠎ᠡ ᠶᠢᠨ ᠹᠠᠷᠠᠣᠨ ᠨᠤᠭᠤᠳ ᠤᠨ ᠦᠶ᠎ᠡ ᠳᠦ ᠲᠠᠲᠠᠪᠤᠷᠢ ᠬᠤᠷᠢᠶᠠᠭᠴᠢᠳ ᠢ ᠪᠢᠴᠢᠭᠡᠴᠢ ᠳᠦ ᠭᠡᠳᠡᠭ ᠪᠠᠶᠢᠯ᠎ᠠ᠃ ᠨᠢᠭᠡ ᠡᠷᠡᠨ ᠦ ᠲᠤᠷᠰᠢᠳᠠ ᠪᠢᠴᠢᠭᠡᠴᠢ ᠳᠦ ᠲᠠᠲᠠᠪᠤᠷᠢ ᠶᠢ ᠬᠣᠭᠣᠯᠠᠨ ᠤ ᠲᠣᠰᠣ ᠪᠠᠷ ᠣᠨᠣᠭᠠᠳᠠᠭ ᠪᠠᠶᠢᠪᠠ᠃ ᠢᠷᠭᠡᠳ ᠬᠣᠭᠣᠯᠠᠨ ᠤ ᠲᠣᠰᠤᠨ ᠤ ᠲᠠᠲᠠᠪᠤᠷᠢ ᠠᠴᠠ ᠵᠠᠶᠢᠯᠠᠰᠬᠢᠬᠤ ᠪᠣᠯᠤᠮᠵᠢ ᠦᠭᠡᠢ ᠪᠠᠶᠢᠭᠰᠠᠨ ᠪᠥᠭᠡᠳ ᠡᠷᠦᠬᠡ ᠶᠢᠨ ᠲᠣᠰᠤᠨ ᠤ ᠬᠡᠷᠡᠭᠯᠡᠭᠡ ᠶᠢ ᠪᠢᠴᠢᠭᠡᠴᠢ ᠨᠠᠷ ᠰᠠᠶᠢᠲᠤᠷ ᠬᠢᠨᠠᠳᠠᠭ ᠪᠠᠰᠠ ᠲᠠᠲᠠᠪᠤᠷᠢ ᠨᠣᠭᠳᠠᠭᠰᠠᠨ ᠲᠣᠰᠤᠨ ᠠᠴᠠ ᠥᠭᠡᠷ᠎ᠡ ᠣᠷᠣᠯᠠᠭᠤᠯᠬᠤ ᠵᠦᠢᠯ ᠢᠶᠡᠷ ᠬᠣᠭᠣᠯᠠ ᠬᠢᠵᠦ ᠪᠣᠯᠳᠠᠭ ᠦᠭᠡᠢ ᠪᠠᠶᠢᠯ᠎ᠠ᠃

ᠭᠷᠧᠺ ᠤᠯᠤᠰ:[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠶᠢᠨ ᠤ ᠦᠶ᠎ᠡ ᠳᠦ ᠠᠹᠢᠩ ᠳᠦ ᠨᠣᠭᠳᠠᠭᠤᠯᠤᠭᠰᠠᠨ ᠲᠠᠲᠠᠪᠤᠷᠢ ᠶᠢ eisphora ᠬᠡᠮᠡᠳᠡᠭ ᠪᠠᠶᠢᠪᠠ᠃ ᠬᠡᠨ ᠴᠤ ᠡᠨᠡ ᠲᠠᠲᠠᠪᠤᠷᠢ ᠠᠴᠠ ᠴᠢᠯᠦᠭᠡᠯᠡᠭᠳᠡᠳᠡᠭ ᠦᠭᠡᠢ ᠪᠠᠶᠢᠭᠰᠠᠨ ᠪᠠ ᠡᠨᠡᠬᠦ ᠲᠠᠲᠠᠪᠤᠷᠢ ᠨᠢ ᠳᠠᠶᠢᠨ ᠤ ᠦᠶ᠎ᠡ ᠶᠢᠨ ᠲᠤᠰᠬᠠᠢ ᠵᠠᠷᠤᠳᠠᠯ ᠤᠳ ᠲᠤ ᠵᠠᠷᠤᠴᠠᠭᠤᠯᠤᠭᠳᠠᠳᠠᠭ ᠪᠠᠶᠢᠴᠠᠢ᠃ ᠭᠷᠧᠺ ᠦᠨ ᠣᠯᠠᠨ ᠨᠡᠶᠢᠲᠡ ᠳᠠᠶᠢᠨ ᠤ ᠠᠶᠤᠯ ᠠᠷᠢᠯᠤᠭᠰᠠᠨ ᠭᠡᠵᠦ ᠦᠵᠡᠭᠰᠡᠨ ᠲᠣᠬᠢᠶᠠᠯᠳᠤᠯ ᠳᠤ ᠡᠨᠡ ᠲᠠᠲᠠᠪᠤᠷᠢ ᠶᠢ ᠬᠦᠴᠦᠨ ᠦᠭᠡᠢ ᠪᠣᠯᠭᠠᠬᠤ ᠡᠷᠬᠡ ᠲᠡᠢ ᠪᠠᠶᠢᠭᠰᠠᠨ ᠪᠠᠶᠢᠨ᠎ᠠ᠃ ᠳᠠᠶᠢᠨ ᠬᠢᠵᠦ ᠢᠯᠠᠵᠤ ᠤᠯᠠᠮ ᠢᠶᠠᠷ ᠠᠰᠢᠭ ᠬᠣᠨᠵᠢᠶ᠎ᠠ ᠣᠯᠤᠭᠰᠠᠨ ᠪᠣᠯ ᠡᠨᠡᠬᠦ ᠨᠡᠮᠡᠯᠲᠡ ᠡᠬᠢ ᠡᠭᠦᠰᠪᠦᠷᠢ ᠶᠢ ᠲᠠᠲᠠᠪᠤᠷᠢ ᠲᠥᠯᠦᠭᠰᠡᠨ ᠢᠷᠭᠡᠳ ᠲᠦ ᠪᠤᠴᠠᠭᠠᠨ ᠣᠯᠭᠤᠳᠠᠭ ᠪᠠᠶᠢᠭᠰᠠᠨ᠃ ᠠᠹᠢᠨᠴᠤᠤ ᠳᠤ ᠮᠥᠨ ᠲᠡᠭᠦᠨᠴᠢᠯᠡᠨ ᠭᠠᠳᠠᠭᠠᠳᠤ ᠶᠢᠨ ᠢᠷᠭᠡᠳ ᠪᠣᠯᠤᠨ ᠡᠴᠢᠭᠡ ᠡᠬᠡ ᠨᠢ ᠬᠣᠶᠠᠭᠤᠯᠠ ᠪᠠᠨ ᠠᠹᠢᠨ ᠪᠢᠰᠢ ᠬᠦᠮᠦᠰ ᠲᠦ ᠬᠦᠮᠦᠨ ᠠᠮᠠ ᠶᠢᠨ ᠲᠠᠲᠠᠪᠤᠷᠢ ᠨᠣᠭᠳᠠᠭᠤᠯᠳᠠᠭ ᠪᠠᠶᠢᠭᠰᠠᠨ ᠪᠠ ᠡᠨᠡ ᠨᠢ ᠨᠢᠭᠡ ᠡᠷᠡᠭᠲᠡᠢ ᠪᠦᠷᠢ ᠳᠦ ᠨᠢᠭᠡ ᠳᠷᠠᠬᠠᠮ᠎ᠠ᠂ ᠡᠮᠡᠭᠲᠡᠢ ᠳᠦ ᠬᠠᠭᠠᠰ ᠳᠷᠠᠬᠠᠮ᠎ᠠ ᠪᠠᠶᠢᠴᠠᠢ᠃ ᠡᠨᠡ ᠲᠠᠲᠠᠪᠤᠷᠢ ᠶᠢ metoikion ᠭᠡᠵᠦ ᠨᠡᠷᠡᠯᠡᠳᠡᠭ ᠪᠠᠶᠢᠯ᠎ᠠ᠃

ᠷᠤᠮᠠᠨᠢᠶ ᠠ ᠡᠵᠡᠨᠲᠦ ᠭᠦᠷᠦᠨ:[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠤᠮᠠᠨᠢᠶ ᠠ ᠡᠷᠲᠡᠨ ᠦ ᠲᠠᠲᠠᠪᠤᠷᠢ ᠶᠢᠨ ᠬᠡᠯᠡᠯᠭᠡ ᠨᠢ portoria ᠭᠡᠵᠦ ᠪᠠᠶᠢᠭᠰᠠᠨ ᠪᠥᠭᠡᠳ ᠡᠨᠡ ᠨᠢ ᠡᠺᠰᠫᠣᠷᠲᠢᠮᠫᠣᠷᠲᠣᠳᠣ ᠨᠣᠭᠳᠠᠭᠤᠯᠳᠠᠭ ᠭᠠᠶᠢᠯᠢ ᠶᠢᠨ ᠲᠠᠲᠠᠪᠤᠷᠢ ᠪᠠᠶᠢᠴᠠᠢ᠃ᠼᠧᠽᠠᠷ ᠠᠪᠭᠤᠰᠲᠤᠰ ᠷᠤᠮᠠᠨᠢᠶ ᠠ ᠡᠵᠡᠨᠲᠦ ᠭᠦᠭᠦᠷᠭᠡᠨ ᠦ ᠲᠠᠲᠠᠪᠤᠷᠢ ᠶᠢᠨ ᠶᠡᠬᠡᠩᠬᠢ ᠤᠬᠠᠭᠠᠯᠢᠭ ᠪᠣᠳᠣᠯᠭ᠎ᠠ ᠶᠢ ᠰᠠᠨᠠᠭᠠᠴᠢᠯᠠᠭᠰᠠᠨ ᠬᠦᠮᠦᠨ ᠶᠤᠮ᠃ ᠲᠡᠭᠦᠨ ᠦ ᠬᠠᠭᠠᠨᠴᠢᠯᠠᠯ ᠤᠨ ᠦᠶ᠎ᠡ ᠳᠦ publicani
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠶᠤ ᠲᠠᠲᠠᠪᠤᠷᠢ ᠬᠤᠷᠢᠶᠠᠭᠴᠢ ᠬᠡᠮᠡᠨ ᠨᠡᠷᠡᠶᠢᠳᠦᠭᠰᠡᠨ ᠠᠯᠪᠠᠨ ᠬᠠᠭᠠᠭᠴᠢᠳ ᠲᠥᠪ ᠵᠠᠰᠠᠭ ᠤᠨ ᠭᠠᠵᠠᠷ ᠲᠤ ᠪᠠᠶᠢᠯ᠎ᠠ᠃ ᠡᠨᠡ ᠴᠠᠭ ᠦᠶ᠎ᠡ ᠳᠦ ᠬᠣᠲᠠ ᠨᠤᠭᠤᠳ ᠤᠨ ᠵᠠᠬᠢᠷᠭᠠᠨ ᠤ ᠨᠢᠭᠡ ᠡᠭᠦᠷᠭᠡ ᠨᠢ ᠲᠠᠲᠠᠪᠤᠷᠢ ᠬᠤᠷᠢᠶᠠᠬᠤ ᠶᠠᠪᠤᠳᠠᠯ ᠪᠣᠯᠵᠠᠢ᠃

ᠼᠧᠽᠠᠷ ᠠᠪᠭᠤᠰᠲᠤᠰ ᠥᠪ ᠵᠠᠯᠭᠠᠮᠵᠢᠯᠠᠯ ᠤᠨ ᠲᠠᠲᠠᠪᠤᠷᠢ ᠶᠢ ᠪᠤᠢ ᠪᠣᠯᠭᠠᠵᠤ ᠡᠭᠦᠨ ᠡᠴᠡ ᠪᠦᠷᠢᠳᠦᠭᠰᠡᠨ ᠰᠠᠩ ᠢ ᠴᠡᠷᠢᠭ ᠦᠨ ᠲᠡᠳᠬᠦᠪᠦᠷᠢ᠂ ᠲᠡᠳᠬᠦᠮᠵᠢ ᠣᠯᠭᠤᠬᠤ ᠳᠤ ᠵᠠᠷᠤᠴᠠᠭᠤᠯᠵᠤ ᠪᠠᠶᠢᠯ᠎ᠠ᠃ ᠠᠩᠭᠯᠢ ᠪᠣᠯᠤᠨ ᠭᠧᠷᠮᠠᠨ ᠨᠢ ᠠᠪᠭᠤᠰᠲᠤᠰ ᠤᠨ ᠦᠨᠳᠦᠰᠦᠯᠡᠭᠰᠡᠨ ᠡᠨᠡᠬᠦ ᠥᠪ ᠵᠠᠯᠭᠠᠮᠵᠢᠯᠠᠯ ᠤᠨ ᠲᠠᠲᠠᠪᠤᠷᠢ ᠳᠡᠭᠡᠷ᠎ᠡ ᠰᠠᠭᠤᠷᠢᠯᠠᠨ ᠥᠪᠡᠷᠰᠡᠳ ᠦᠨ ᠥᠪ ᠵᠠᠯᠭᠠᠮᠵᠢᠯᠠᠯ ᠤᠨ ᠲᠠᠲᠠᠪᠤᠷᠢ ᠶᠢ ᠪᠤᠢ ᠪᠣᠯᠭᠠᠭᠰᠠᠨ ᠲᠡᠦᠬᠡ ᠲᠡᠢ᠃ ᠶᠦᠯᠢ ᠼᠧᠽᠠᠷ ᠤᠨ ᠦᠶ᠎ᠡ ᠳᠦ ᠪᠣᠷᠣᠯᠠᠭᠤᠯᠤᠯᠲᠠ ᠶᠢᠨ ᠲᠠᠲᠠᠪᠤᠷᠢ ᠶᠢ ᠳᠦᠩ ᠦᠨ 1 ᠬᠤᠪᠢᠶᠠᠷᠢ ᠲᠣᠭᠲᠠᠭᠠᠳᠠᠭ ᠪᠣᠯᠤᠭᠰᠠᠨ ᠪᠥᠭᠡᠳ ᠡᠨᠡ ᠨᠢ ᠼᠧᠽᠠᠷᠢ ᠠᠪᠭᠤᠰᠲᠤᠰ ᠤᠨ ᠦᠶ᠎ᠡ ᠳᠦ ᠪᠣᠭᠣᠯ ᠤᠨ ᠪᠣᠷᠣᠯᠠᠭᠤᠯᠤᠯᠲᠠᠨ ᠳᠤ 4 ᠬᠤᠪᠢ ᠪᠤᠰᠤᠳ ᠪᠦᠬᠦ ᠬᠤᠳᠠᠯᠳᠤᠭᠠᠨ ᠳᠤ 1 ᠬᠤᠪᠢ ᠪᠠᠶᠢᠳᠠᠭ ᠪᠠᠶᠢᠴᠠᠢ᠃ ᠮᠠᠨ ᠤ ᠡᠷᠡᠨ ᠦ 60 ᠍ ᠊ᠭᠠᠳ ᠣᠨ ᠳᠤ ᠵᠡᠭᠦᠨ ᠠᠩᠭᠯᠢ ᠶᠢᠨ ᠬᠠᠲᠤᠨ ᠬᠠᠭᠠᠨ Boedicea ᠨᠢ ᠪᠷᠢᠲ᠋ᠠᠨ(ᠠᠩᠭᠯᠢ) ᠍ ᠶᠢᠨ ᠠᠷᠯᠠᠨ ᠹᠠᠢᠢᠯ:ᠠᠷᠠᠯ᠃jpgᠠᠪᠯᠢᠭᠠᠯ ᠳᠤ ᠢᠳᠡᠭᠳᠡᠭᠰᠡᠨ ᠲᠠᠲᠠᠪᠤᠷᠢ ᠬᠤᠷᠢᠶᠠᠭᠴᠢᠳ ᠤᠨ ᠡᠰᠡᠷᠬᠦ ᠭᠠᠷᠤᠭᠰᠠᠨ ᠪᠣᠰᠤᠯᠭ᠎ᠠ ᠶᠢ ᠲᠡᠷᠢᠭᠦᠯᠡᠭᠰᠡᠨ᠃ ᠪᠠᠲᠤᠯᠠᠭ᠎ᠠ ᠲᠠᠢ ᠪᠢᠰᠢ ᠪᠣᠯᠪᠠᠴᠤ ᠡᠨᠡ ᠪᠣᠰᠤᠯᠭ᠎ᠠ ᠪᠠᠷ ᠯᠣᠨᠳᠣᠨ ᠲᠡᠭᠦᠨ ᠦ ᠡᠷᠭᠢᠨ ᠲᠣᠭᠣᠷᠢᠨ ᠳᠠᠬᠢ 150 ᠺᠢᠯᠣᠮᠧᠲ᠋ᠷ ᠭᠠᠵᠠᠷ ᠲᠤ ᠪᠠᠶᠢᠭᠰᠠᠨ ᠷᠤᠮᠠᠨᠢᠶ ᠠ ᠪᠦᠬᠦ ᠴᠡᠷᠢᠭ ᠦᠳ ᠢ ᠤᠰᠠᠳᠬᠠᠭᠰᠠᠨ ᠭᠡᠳᠡᠭ᠃ ᠬᠠᠲᠤᠨ ᠬᠠᠭᠠᠨ ᠥᠪᠡᠷ ᠦᠨ ᠠᠷᠮᠢ ᠶᠢ 230 000 ᠴᠡᠷᠢᠭ ᠲᠦ ᠬᠦᠷᠭᠡᠵᠦ ᠥᠰᠬᠡᠵᠦ ᠨᠡᠷ᠎ᠡ ᠨᠥᠯᠥᠭᠡ ᠪᠡᠨ ᠥᠷᠭᠡᠳᠬᠡᠭᠰᠡᠨ ᠪᠣᠯᠪᠠᠴᠤ ᠵᠠᠬᠢᠷᠤᠭᠴᠢ ᠨᠧᠷᠣ ᠡᠨᠡ ᠪᠣᠰᠤᠯᠭ᠎ᠠ ᠶᠢ ᠳᠠᠷᠤᠵᠤ ᠰᠢᠨ᠎ᠡ ᠵᠠᠰᠠᠭ ᠵᠠᠬᠢᠷᠭ᠎ᠠ ᠶᠢ ᠪᠷᠢᠲ᠋ᠠᠨ(ᠠᠩᠭᠯᠢ) ᠤᠨ ᠠᠷᠠᠯ ᠳᠤ ᠲᠣᠭᠲᠠᠭᠠᠴᠠᠢ᠃

ᠲᠠᠲᠠᠪᠤᠷᠢ ᠶᠢᠨ ᠲᠡᠦᠬᠡᠨ ᠳ᠋ᠡᠬᠢ ᠨᠥᠬᠥᠴᠡᠯ ᠦᠳ:[ᠵᠠᠰᠠᠪᠤᠷᠢᠯᠠᠬᠤ | ᠺᠣᠳ᠋ ᠢᠶᠠᠷ ᠵᠠᠰᠠᠬᠣ]

  1. Aids - ᠲᠤᠰᠠᠯᠠᠮᠵᠢ᠂ ᠳᠡᠮᠵᠢᠯᠭᠡ᠃ ᠹᠧᠣᠳᠠᠯ ᠤᠨ ᠨᠡᠶᠢᠭᠡᠮ ᠤᠨ ᠦᠶ᠎ᠡ ᠳᠦ ᠪᠠᠶᠢᠭᠰᠠᠨ ᠲᠠᠲᠠᠪᠤᠷᠢ ᠶᠢᠨ ᠨᠢᠭᠡ ᠲᠥᠷᠥᠯ ᠪᠠᠰᠠ ᠥᠪᠡᠷ ᠦᠨ ᠡᠵᠡᠨ ᠬᠠᠭᠠᠨ ᠳᠤ ᠵᠢᠯ ᠪᠦᠷᠢ ᠢᠯᠡᠭᠡᠳᠡᠭ ᠪᠠᠶᠢᠭᠰᠠᠨ ᠲᠥᠯᠥᠪᠦᠷᠢ ᠶᠤᠮ᠃
  2. Danegeld - ᠳᠤᠮᠳᠠᠳᠤ ᠵᠠᠭᠤᠨ ᠤ ᠦᠶ᠎ᠡ ᠶᠢᠨ ᠭᠠᠵᠠᠷ ᠤᠨ ᠲᠠᠲᠠᠪᠤᠷᠢ ᠪᠥᠭᠡᠳ ᠳᠠᠨᠢᠴᠤᠤᠳ ᠳᠣᠪᠲᠣᠯᠤᠭᠰᠠᠨ ᠦᠶ᠎ᠡ ᠳᠦ ᠠᠪᠳᠠᠭ ᠪᠠᠶᠢᠭᠰᠠᠨ ᠢᠶᠠᠨ ᠵᠠᠷᠢᠮ ᠦᠶ᠎ᠡ ᠳᠦ ᠴᠡᠷᠢᠭ ᠦᠨ ᠵᠠᠷᠤᠳᠠᠯ ᠢ ᠰᠠᠩᠬᠦᠵᠢᠭᠦᠯᠬᠦ ᠵᠣᠷᠢᠯᠭ᠎ᠠ ᠪᠠᠷ ᠠᠪᠳᠠᠭ ᠪᠠᠶᠢᠴᠠᠢ᠃ 100 120 ᠠᠺᠷ ᠭᠠᠵᠠᠷ ᠪᠦᠷᠢ ᠳᠦ 2 ᠰᠢᠯᠯᠢᠩ ᠢ ᠨᠣᠭᠳᠠᠭᠤᠯᠳᠠᠭ ᠪᠠᠶᠢᠭᠰᠠᠨ᠃
  3. Scutage: ᠠᠷᠮᠢ ᠪᠠᠶᠢᠷᠢᠯᠠᠵᠤ ᠪᠠᠶᠢᠭ᠎ᠠ ᠭᠠᠵᠠᠷ ᠤᠨ ᠦᠢᠯᠡᠴᠢᠯᠡᠭᠡᠨ ᠦ ᠲᠠᠲᠠᠪᠤᠷᠢ ᠪᠥᠭᠡᠳ ᠹᠧᠣᠳᠠᠯ ᠤᠳ ᠲᠥᠯᠦᠳᠡᠭ ᠪᠠᠶᠢᠭᠰᠠᠨ᠃
  4. Tallege: ᠡᠨᠡ ᠲᠠᠲᠠᠪᠤᠷᠢ ᠨᠢ Aids ᠍ ᠲᠡᠢ ᠲᠥᠰᠲᠡᠢ᠃
  5. Carucate - ᠠᠨᠵᠢᠰᠤ ᠪᠠᠷ ᠬᠠᠭᠠᠯᠤᠭᠰᠠᠨ ᠲᠠᠯᠠᠪᠠᠢ ᠳᠤ ᠨᠣᠭᠳᠠᠭᠤᠯᠳᠠᠭ ᠲᠠᠲᠠᠪᠤᠷᠢ᠃
  6. ᠲᠥᠯᠥᠪᠦᠷᠢ ᠪᠠᠷᠠᠭᠳᠠᠭᠤᠯᠬᠤ ᠵᠢᠷᠤᠮ: ᠬᠤᠪᠢ ᠬᠦᠮᠦᠰ ᠪᠣᠯᠤᠨ ᠪᠦᠯᠦᠭ ᠦᠳ ᠡᠴᠡ ᠲᠠᠲᠠᠪᠤᠷᠢ ᠶᠢᠨ ᠣᠷᠣᠯᠭ᠎ᠠ ᠶᠢ ᠴᠤᠭᠯᠠᠭᠤᠯᠬᠤ ᠡᠭᠦᠷᠭᠡ ᠬᠠᠷᠢᠭᠤᠴᠠᠯᠭ᠎ᠠ ᠶᠢ ᠬᠦᠯᠢᠶᠡᠭᠰᠡᠨ ᠠᠩᠬᠠᠨ ᠱᠠᠲᠤᠨ ᠤ ᠪᠠᠶᠢᠭᠤᠯᠤᠯᠭ᠎ᠠ ᠶᠢᠨ ᠦᠨᠳᠦᠰᠦ ᠰᠠᠭᠤᠷᠢ ᠪᠥᠭᠡᠳ ᠶᠥᠭᠢᠫᠧᠲ᠂ ᠷᠣᠮ᠂ ᠭᠷᠧᠺ᠂ ᠶᠡᠬᠡ ᠪᠷᠢᠲ᠋ᠠᠨᠢᠳ ᠠᠩᠬ᠎ᠠ ᠡᠭᠦᠰᠦᠭᠰᠡᠨ᠃

ᠬᠠᠲᠤᠭᠲᠠᠢ ᠭᠣᠳᠢᠸᠠ:[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠲᠤᠭᠲᠠᠢ ᠭᠣᠳᠢᠸᠠ ᠨᠢ 11 ᠍ ᠳᠦᠭᠡᠷ ᠵᠠᠭᠤᠨ ᠤ ᠦᠶ᠎ᠡ ᠳᠦ ᠠᠩᠭᠯᠢ ᠳᠤ ᠠᠮᠢᠳᠤᠷᠠᠵᠤ ᠪᠠᠶᠢᠭᠰᠠᠨ ᠠᠩᠭᠯᠠ ᠰᠠᠺᠰᠣᠨ ᠭᠠᠷᠤᠯ ᠲᠠᠢ ᠪᠦᠰᠡᠭᠦᠢ ᠶᠤᠮ᠃ ᠳᠣᠮᠣᠭ ᠲᠤ ᠦᠭᠦᠯᠡᠭᠰᠡᠨ ᠢᠶᠡᠷ ᠲᠡᠭᠦᠨ ᠦ ᠨᠥᠬᠥᠷ ᠯᠶᠣᠹᠷᠢᠺ ᠲᠤ ᠨᠣᠭᠳᠠᠭᠤᠯᠤᠭᠰᠠᠨ ᠥᠨᠳᠥᠷ ᠲᠠᠲᠠᠪᠤᠷᠢ ᠶᠢ ᠪᠠᠭᠠᠰᠬᠠᠬᠤ ᠶᠢ ᠱᠠᠭᠠᠷᠳᠠᠵᠤ ᠺᠣᠸᠧᠨᠲᠷᠢ ᠬᠣᠲᠠ ᠶᠢᠨ ᠭᠤᠳᠤᠮᠵᠢ ᠪᠠᠷ ᠨᠢᠴᠦᠭᠦᠨ ᠳᠠᠪᠬᠢᠭᠰᠠᠨ ᠭᠡᠳᠡᠭ᠃ ᠠᠩᠭᠯᠢ ᠪᠣᠯᠤᠨ ᠹᠷᠠᠨᠼᠢ ᠤᠯᠤᠰ ᠤᠳ ᠤᠨ ᠬᠣᠭᠣᠷᠣᠨᠳᠣ ᠪᠣᠯᠤᠭᠰᠠᠨ 100 ᠵᠢᠯ ᠦᠨ ᠳᠠᠶᠢᠨ 1337 ᠣᠨ ᠳᠤ ᠡᠬᠢᠯᠡᠵᠦ 1453 ᠣᠨ ᠳᠤ ᠳᠠᠭᠤᠰᠤᠭᠰᠠᠨ᠃ 1369 ᠣᠨ ᠳᠤ ᠰᠢᠨ᠎ᠡ ᠳᠠᠪᠰᠢᠯᠲᠠ ᠡᠬᠢᠯᠡᠭᠦᠯᠬᠦ ᠪᠡᠷ ᠲᠥᠯᠥᠪᠯᠡᠵᠦ ᠪᠠᠶᠢᠬᠤ ᠦᠶ᠎ᠡ ᠳᠦ ᠭᠠᠷᠤᠭᠰᠠᠨ ᠡᠴᠡᠷᠢᠭᠦᠰᠡᠯ ᠪᠣᠰᠤᠯᠭ᠎ᠠ ᠶᠢᠨᠹᠠᠢᠢᠯ:ᠪᠣᠰᠤᠯᠭ᠎ᠠ᠃jpg ᠭᠣᠣᠯ ᠰᠢᠯᠲᠠᠭᠠᠨ ᠨᠢ ᠬᠠᠷ᠎ᠠ ᠬᠤᠩᠲᠠᠶᠢᠵᠢ ᠬᠡᠮᠡᠭᠳᠡᠬᠦ ᠡᠳ᠋ᠸᠠᠷᠳ᠋ ᠍ ᠤᠨ ᠬᠠᠷᠭᠢᠰ ᠰᠢᠷᠦᠭᠦᠨ ᠲᠠᠲᠠᠪᠤᠷᠢ ᠶᠢᠨ ᠪᠣᠳᠣᠯᠭ᠎ᠠ ᠪᠠᠶᠢᠯ᠎ᠠ᠃ 14 ᠍ ᠳᠦᠭᠡᠷ ᠵᠠᠭᠤᠨ ᠤ ᠦᠶ᠎ᠡ ᠳᠦ ᠲᠠᠲᠠᠪᠤᠷᠢ ᠶᠢᠨ ᠬᠡᠮᠵᠢᠶ᠎ᠡ ᠢᠲᠡᠭᠡᠮᠡᠷ ᠦᠭᠡᠢ ᠥᠰᠴᠦ ᠪᠠᠶᠢᠭᠰᠠᠨ ᠤ ᠨᠢᠭᠡ ᠵᠢᠱᠢᠶ᠎ᠡ ᠨᠢ ᠯᠠᠨᠺᠧᠰᠲ᠋ᠧᠷ ᠬᠣᠲᠠ ᠶᠢᠨ ᠡᠩ ᠦᠨ ᠶᠠᠳᠠᠭᠤ ᠲᠠᠷᠢᠶᠠᠴᠢᠨ ᠳᠤ ᠨᠣᠭᠳᠠᠭᠤᠯᠤᠭᠰᠠᠨ ᠬᠦᠮᠦᠨ ᠠᠮᠠ ᠶᠢᠨ ᠲᠠᠲᠠᠪᠤᠷᠢ ᠶᠢ 520 ᠳᠠᠬᠢᠨ ᠠᠪᠴᠤ ᠪᠠᠶᠢᠭᠰᠠᠨ ᠶᠠᠪᠤᠳᠠᠯ ᠶᠤᠮ᠃ I ᠺᠠᠷᠯ ᠬᠠᠭᠠᠨ ᠤᠷᠪᠠᠨ ᠲᠡᠷᠰᠯᠡᠭᠰᠡᠨ ᠬᠦᠮᠦᠰ ᠦᠨ ᠪᠠᠯᠠᠭ ᠢᠶᠠᠷ ᠪᠠᠷᠢᠭᠳᠠᠵᠤ ᠴᠠᠭᠠᠵᠠᠯᠠᠭᠳᠠᠵᠠᠢ᠃ ᠲᠡᠭᠦᠨ ᠦ ᠭᠣᠣᠯ ᠠᠰᠠᠭᠤᠳᠠᠯ ᠨᠢ ᠫᠠᠷᠠᠯᠮᠧᠨᠲ ᠲᠠᠢ ᠬᠣᠯᠪᠣᠭ᠎ᠠ ᠲᠠᠢ ᠵᠥᠷᠢᠴᠡᠯᠳᠦᠭᠡᠨ ᠪᠠᠶᠢᠭᠰᠠᠨ ᠪᠥᠭᠡᠳ ᠲᠠᠲᠠᠪᠤᠷᠢ ᠨᠣᠭᠳᠠᠭᠤᠯᠬᠤ ᠡᠷᠬᠡ ᠶᠢ ᠬᠠᠭᠠᠨ ᠳᠤ ᠥᠭᠬᠦ ᠦᠦ᠂ ᠫᠠᠷᠯᠠᠮᠧᠨᠲ ᠲᠤ ᠪᠠᠶᠢᠬᠤ ᠤᠤ ᠭᠡᠳᠡᠭ ᠡᠴᠡ ᠡᠭᠦᠳᠦᠯᠲᠡᠢ᠃

ᠺᠣᠯᠣᠨᠢᠢ ᠦᠶ᠎ᠡ ᠶᠢᠨ ᠠᠮᠧᠷᠢᠺᠠ:[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠯᠣᠨᠢ ᠣᠷᠣᠨ ᠭᠠᠳᠠᠭᠠᠳᠤ ᠶᠢᠨ ᠪᠤᠷᠠᠮ᠂ ᠡᠯᠡᠰᠦᠨ ᠰᠢᠬᠢᠷ ᠪᠣᠯᠤᠨ ᠪᠤᠰᠤᠳ ᠥᠷᠭᠡᠨ ᠬᠡᠷᠡᠭᠯᠡᠭᠡᠨ ᠦ ᠪᠠᠷᠠᠭᠠᠨ ᠤ ᠢᠮᠫᠣᠷᠲ ᠤᠨ ᠲᠠᠲᠠᠪᠤᠷᠢ ᠶᠢ ᠪᠠᠭᠲᠠᠭᠠᠵᠤ 1764 ᠣᠨ ᠳᠤ ᠰᠢᠨᠡᠴᠢᠯᠡᠨ ᠪᠠᠲᠤᠯᠠᠭᠰᠠᠨ Molasses Act ᠍ ᠦᠨ ᠬᠦᠷᠢᠶᠡᠨ ᠳᠦ ᠲᠠᠲᠠᠪᠤᠷᠢ ᠲᠥᠯᠦᠳᠡᠭ ᠪᠠᠶᠢᠭᠰᠠᠨ᠃ ᠡᠨᠡ ᠬᠠᠤᠯᠢ ᠨᠢ ᠣᠳᠣ Sugar Act ᠪᠣᠯᠵᠤ ᠥᠭᠡᠷᠡᠴᠢᠯᠡᠭᠳᠡᠨ ᠮᠥᠷᠳᠡᠭᠳᠡᠵᠦ ᠪᠠᠶᠢᠭ᠎ᠠ᠃ Sugar Act ᠨᠢ ᠣᠷᠣᠯᠭ᠎ᠠ ᠶᠢᠨ ᠬᠡᠮᠵᠢᠶ᠎ᠡ ᠶᠢ ᠬᠠᠩᠭᠠᠯᠲᠠ ᠲᠠᠢ ᠥᠰᠬᠡᠵᠦ ᠴᠢᠳᠠᠬᠤ ᠦᠭᠡᠢ ᠪᠠᠶᠢᠭᠰᠠᠨ ᠲᠤᠯᠠ Stamp Act ᠍ ᠢ 1765 ᠣᠨ ᠳᠤ ᠨᠡᠮᠡᠵᠦ ᠪᠠᠲᠤᠯᠠᠭᠰᠠᠨ᠃ ᠡᠨᠡ ᠬᠠᠤᠯᠢ ᠪᠠᠷ ᠺᠣᠯᠣᠨᠢ ᠣᠷᠣᠨ ᠳᠤ ᠬᠡᠪᠯᠡᠭᠳᠡᠭᠰᠡᠨ ᠪᠦᠬᠦ ᠰᠣᠨᠢᠨ ᠬᠡᠪᠯᠡᠯ ᠳᠦ ᠰᠢᠭᠤᠳ ᠲᠠᠲᠠᠪᠤᠷᠢ ᠨᠣᠭᠳᠠᠭᠤᠯᠬᠤ ᠪᠣᠯᠤᠭᠰᠠᠨ᠃
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠺᠣᠯᠣᠨᠢ ᠦᠶ᠎ᠡ ᠶᠢᠨ ᠪᠠᠶᠢᠰᠢᠩ/city Tipitapa/

1930 ᠍ ᠊ᠭᠠᠳ ᠣᠨ ᠤ ᠦᠶ᠎ᠡ:[ᠵᠠᠰᠠᠪᠤᠷᠢᠯᠠᠬᠤ | ᠺᠣᠳ᠋ ᠢᠶᠠᠷ ᠵᠠᠰᠠᠬᠣ]

1930 ᠍ ᠊ᠭᠠᠳ ᠣᠨ ᠤ ᠦᠶ᠎ᠡ ᠳᠦ ᠬᠣᠯᠪᠣᠭᠠᠨ ᠤ ᠬᠤᠪᠢ ᠤᠨ ᠣᠷᠣᠯᠭ᠎ᠠ ᠶᠢᠨ ᠠᠯᠪᠠᠨ ᠲᠠᠲᠠᠪᠤᠷᠢ ᠨᠢ ᠦᠨᠳᠦᠰᠦᠨ ᠦ ᠨᠡᠶᠢᠲᠡ ᠪᠦᠲᠦᠭᠡᠭᠳᠡᠬᠦᠨ ᠦ 1.4 ᠬᠤᠪᠢ ᠠᠴᠠ ᠬᠡᠵᠢᠶ᠎ᠡ ᠴᠤ ᠳᠡᠭᠡᠭᠰᠢ ᠭᠠᠷᠴᠤ ᠪᠠᠶᠢᠭᠰᠠᠨ ᠦᠭᠡᠢ᠃ ᠺᠣᠮᠫᠠᠨᠢ ᠶᠢᠨ ᠣᠷᠣᠯᠭ᠎ᠠ ᠶᠢᠨ ᠠᠯᠪᠠᠨ ᠲᠠᠲᠠᠪᠤᠷᠢ ᠨᠢ ᠦᠨᠳᠦᠰᠦᠨ ᠦ ᠨᠡᠶᠢᠲᠡ ᠪᠦᠲᠦᠭᠡᠭᠳᠡᠬᠦᠨ ᠦ 1.6 ᠬᠤᠪᠢ ᠠᠴᠠ ᠬᠡᠵᠢᠶ᠎ᠡ ᠴᠤ ᠳᠡᠭᠡᠭᠰᠢ ᠭᠠᠷᠴᠤ ᠪᠠᠶᠢᠭᠰᠠᠨ ᠦᠭᠡᠢ᠃

ᠪᠢᠴᠢᠭᠡᠰᠦ