ᠲᠠᠲ᠋ᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠠᠲ᠋ᠠᠷ ᠠᠶᠢᠮᠠᠭ ᠨᠢ ᠮᠣᠩᠭᠣᠯ ᠨᠤᠲᠤᠭ ᠲᠤ ᠣᠷᠣᠰᠢᠨ ᠲᠣᠭᠲᠠᠨᠢᠵᠤ ᠪᠠᠶᠢᠭᠰᠠᠨ ᠬᠦᠴᠦᠷᠬᠡᠭ ᠠᠶᠢᠮᠠᠭ ᠪᠠᠶᠢᠴᠠᠢ᠃ ᠳᠣᠯᠤᠳᠤᠭᠠᠷ ᠵᠠᠭᠤᠨ ᠤ ᠦᠶ᠎ᠡ ᠳᠦ ᠴᠢᠩᠭᠢᠰ ᠬᠠᠭᠠᠨᠢ ᠵᠠᠬᠢᠷᠭᠠᠨ ᠳᠤ ᠣᠷᠣᠵᠤ᠂ ᠮᠣᠩᠭᠣᠯᠴᠤᠳ ᠤᠨ ᠳᠣᠲᠣᠷ᠎ᠠ ᠣᠷᠣᠵᠠᠢ᠃ ᠣᠳᠣ ᠦᠶ᠎ᠡ ᠳᠦ ᠥᠪᠡᠷᠰᠡᠳ ᠢ ᠪᠡᠨ ᠲᠠᠲ᠋ᠠᠷ ᠬᠡᠮᠡᠨ ᠨᠡᠷᠡᠯᠡᠳᠡᠭ ᠲᠦᠷᠦᠭ ᠬᠡᠯᠡᠲᠡᠨ ᠠᠶᠢᠮᠠᠭ ᠤᠳ ᠣᠷᠣᠰ ᠬᠣᠯᠪᠣᠭᠠᠨ ᠤ ᠤᠯᠤᠰ ᠤᠨ ᠵᠠᠬᠢᠷᠭᠠᠨ ᠳᠤ ᠣᠷᠣᠰᠢᠨ ᠲᠣᠭᠲᠠᠨᠢᠵᠤ ᠪᠠᠶᠢᠨ᠎ᠠ᠃ᠭᠡᠬᠦ ᠳᠦ ᠪᠡᠨ ᠥᠪᠡᠷᠰᠡᠳ ᠢ ᠪᠡᠨ ᠲᠠᠲ᠋ᠠᠷ ᠭᠡᠵᠦ ᠨᠡᠷᠡᠯᠡᠬᠦ ᠡᠳᠡᠭᠡᠷ ᠠᠷᠠᠳ ᠲᠦᠮᠡᠨ ᠨᠢ ᠥᠪᠡᠷ ᠬᠣᠭᠣᠷᠣᠨᠳᠣ ᠪᠠᠨ ᠣᠷᠣᠰ ᠬᠡᠯᠡ ᠪᠡᠷ ᠶᠠᠷᠢᠬᠤ ᠠᠴᠠ ᠪᠤᠰᠤᠳ ᠢᠶᠠᠷ ᠥᠪᠡᠷᠰᠡᠳ ᠦᠨ ᠬᠡᠯᠡ ᠪᠡᠷ ᠣᠭᠲᠣ ᠣᠶᠢᠯᠠᠭᠠᠯᠴᠠᠳᠠᠭ ᠦᠭᠡᠢ ᠪᠥᠭᠡᠳ ᠭᠧᠨᠧᠲ᠋ᠢᠭ ᠤᠨ ᠲᠠᠯ᠎ᠠ ᠠᠴᠠ ᠪᠠᠨ ᠴᠤ ᠨᠡᠶᠢᠲᠡᠯᠢᠭ ᠲᠦᠷᠦᠭ ᠤᠭᠰᠠᠭᠠᠨ ᠤ ᠪᠣᠯᠪᠠᠴᠤ ᠥᠭᠡᠷ᠎ᠡ ᠥᠭᠡᠷ᠎ᠡ ᠭᠠᠷᠤᠯ ᠤᠨ ᠠᠷᠠᠳ ᠲᠦᠮᠡᠨ ᠭᠡᠳᠡᠭ ᠨᠢ ᠲᠣᠭᠲᠠᠭᠠᠭᠳᠠᠭᠰᠠᠨ᠃ᠵᠢᠱᠢᠶ᠎ᠡ ᠠᠰᠲᠷᠠᠬᠠᠨᠢ᠂ ᠺᠷ ᠤᠮ᠂ ᠺᠠᠽᠠᠨᠢ᠂ ᠰᠢᠪᠸᠷᠢᠶ ᠠ-ᠢᠵᠢᠯ ᠮᠥᠷᠡᠨ ᠦ ᠰᠠᠪᠠ ᠭᠠᠵᠠᠷᠤᠨ ᠲᠠᠲ᠋ᠠᠷ ᠤᠳ ᠥᠪᠡᠷ ᠬᠣᠭᠣᠷᠣᠨᠳᠣ ᠪᠠᠨ ᠣᠭᠲᠣ ᠬᠡᠯᠡ ᠳᠠᠭᠤᠳᠠᠯᠭ᠎ᠠ ᠪᠠᠷ ᠣᠶᠢᠯᠠᠭᠠᠯᠴᠠᠳᠠᠭ ᠦᠭᠡᠢ ᠪᠠᠶᠢᠨ᠎ᠠ᠃

ᠠᠩᠬᠠᠨ ᠤ ᠤᠯᠠ ᠮᠥᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠲᠦᠷᠦᠭ ᠤᠯᠤᠰ ᠤᠨ ᠺᠦᠶᠢᠯᠢᠲ᠋ᠧᠭᠢᠨ ᠦ ᠭᠡᠷᠡᠯᠲᠦ ᠬᠥᠰᠢᠭᠡᠨ ᠳᠦ ᠠᠩᠬ᠎ᠠ ᠲᠠᠲ᠋ᠠᠷ ᠭᠡᠰᠡᠨ ᠨᠡᠷ᠎ᠡ ᠳᠤᠷᠢᠳᠠᠭᠳᠠᠭᠰᠠᠨ ᠪᠠᠶᠢᠳᠠᠭ᠃ᠡᠷᠲᠡᠨ ᠦ ᠲᠦᠷᠦᠭ ᠦᠨ ᠴᠢᠯᠠᠭᠤᠨ ᠪᠢᠴᠢᠭᠡᠰᠦ ᠳᠡᠭᠡᠷ᠎ᠡ 《ᠲᠠᠲᠠ ᠦᠭᠡᠢ ᠲᠦᠷᠦᠭ ᠦᠭᠡᠢ》 ᠭᠡᠵᠦ ᠨᠢᠭᠡ ᠪᠤᠰᠤ ᠤᠳᠠᠭ᠎ᠠ ᠳᠤᠷᠢᠳᠠᠭᠰᠠᠨ ᠪᠠᠶᠢᠳᠠᠭ᠃ ᠡᠨᠡ ᠨᠢ ᠲᠠᠲᠠ ᠭᠡᠳᠡᠭ ᠨᠢ 《ᠬᠠᠮᠵᠢᠯᠭ᠎ᠠ》, 《ᠬᠠᠷᠢᠶᠠᠲᠤ》 ᠭᠡᠰᠡᠨ ᠡᠷᠲᠡᠨ ᠦ ᠲᠦᠷᠦᠭ ᠤᠳᠬ᠎ᠠ ᠪᠥᠭᠡᠳ ᠷ ᠵᠠᠯᠭᠠᠪᠤᠷᠢ ᠨᠢ ᠬᠠᠮᠵᠢᠯᠭ᠎ᠠ᠂ᠬᠠᠷᠠᠭᠠᠲᠤ ᠬᠦᠮᠦᠨ ᠭᠡᠰᠡᠨ ᠦᠭᠡ ᠪᠥᠭᠡᠳ ᠠᠩᠬᠠᠨ ᠳᠤ ᠪᠠᠨ ᠦᠨᠳᠦᠰᠦᠲᠡᠨ ᠤᠭᠰᠠᠭᠠᠲᠠᠨ ᠤ ᠣᠨᠣᠭᠠᠭᠰᠠᠨ ᠨᠡᠷ᠎ᠡ ᠪᠡᠷ ᠪᠤᠰᠤ ᠠᠩᠭᠢ ᠳᠠᠪᠬᠤᠷᠭ᠎ᠠ ᠶᠢᠨ ᠬᠣᠴᠢ ᠨᠡᠷᠡᠰᠢᠯ ᠪᠠᠶᠢᠵᠤ ᠪᠠᠶᠢᠭᠠᠳ ᠣᠨ ᠴᠠᠭ ᠤᠨ ᠡᠬᠢ ᠪᠡᠷ ᠤᠳᠬ᠎ᠠ ᠨᠢ ᠥᠭᠡᠷᠡᠴᠢᠯᠡᠭᠳᠡᠨ ᠲᠦᠷᠦᠭ᠂ᠮᠣᠩᠭᠣᠯ᠂ᠲᠤᠩᠭᠤᠰ ᠤᠭᠰᠠᠭᠠᠲᠠᠨ ᠠᠷᠠᠳ ᠲᠦᠮᠡᠨ ᠦ ᠨᠡᠶᠢᠲᠡᠯᠢᠭ ᠪᠣᠯᠤᠨ ᠬᠤᠪᠢᠷᠠᠭᠰᠠᠨ ᠪᠠᠶᠢᠳᠠᠭ ᠶᠤᠮ᠃


ᠮᠣᠩᠭᠣᠯ ᠣᠨᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠨᠢᠷᠤᠨ ᠭᠦᠷᠦᠨ ᠦ ᠳᠠᠲ᠋ᠠᠷ ᠬᠠᠭᠠᠨ ᠤ ᠠᠯᠪᠠᠲᠤ ᠨᠤᠭᠤᠳ ᠪᠣᠯᠬᠤ 49 ᠠᠶᠢᠮᠠᠭ ᠠᠴᠠ ᠪᠦᠷᠢᠳᠦᠭᠰᠡᠨ ᠮᠣᠩᠭᠣᠯ ᠬᠡᠯᠡ ᠳᠦ ᠠᠶᠢᠮᠠᠭ ᠤᠳ ᠤᠨ ᠬᠣᠯᠪᠣᠭ᠎ᠠ ᠪᠠᠶᠢᠭᠰᠠᠨ ᠪᠥᠭᠡᠳ ᠬᠠᠭᠠᠨ ᠤ ᠤᠭᠰᠠᠭᠠᠨ ᠤ ᠢᠵᠠᠭᠤᠷ ᠲᠠᠢ 9 ᠴᠠᠭᠠᠨ ᠲᠠᠲᠠᠷ᠂ ᠪᠤᠰᠤᠳ 40 ᠬᠠᠷ᠎ᠠ ᠲᠠᠲ᠋ᠠᠷ ᠠᠶᠢᠮᠠᠭ ᠠᠴᠠ ᠪᠥᠷᠢᠳᠴᠦ ᠪᠠᠶᠢᠭᠰᠠᠨ ᠪᠠᠶᠢᠨ᠎ᠠ᠃ ᠨᠢᠭᠡᠳᠦᠭᠰᠡᠨ ᠮᠣᠩᠭᠣᠯ ᠤᠯᠤᠰ ᠪᠠᠶᠢᠭᠤᠯᠤᠭᠳᠠᠬᠤ ᠶᠢᠨ ᠴᠠᠭ ᠲᠤ 9 ᠴᠠᠭᠠᠨ ᠲᠠᠲ᠋ᠠᠷ ᠠᠶᠢᠮᠠᠭ ᠨᠢ ᠴᠢᠩᠭᠢᠰ ᠬᠠᠭᠠᠨ ᠤ ᠵᠠᠷᠯᠢᠭ ᠢᠶᠠᠷ ᠲᠡᠷᠭᠡᠨ ᠦ ᠮᠥᠭᠡᠷ ᠲᠡᠢ ᠴᠢᠴᠠᠤᠯᠠᠨ ᠬᠢᠳᠤᠭᠤᠯᠵᠤ᠂ ᠡᠮᠡᠰ ᠬᠡᠦᠬᠡᠳ ᠢ ᠨᠢ ᠪᠤᠰᠤᠳ ᠣᠪᠤᠭ ᠠᠶᠢᠮᠠᠭ ᠤᠳ ᠲᠤ ᠬᠤᠪᠢᠶᠠᠭᠳᠠᠭᠰᠠᠨ ᠢᠶᠠᠷ 40 ᠬᠠᠷ᠎ᠠ ᠲᠠᠲ᠋ᠠᠷ ᠠᠶᠢᠮᠠᠭ ᠲᠡᠦᠬᠡᠨ ᠳᠦ 40 ᠲᠦᠮᠡᠨ ᠮᠣᠩᠭᠣᠯ ᠭᠡᠵᠦ ᠪᠢᠴᠢᠭᠳᠡᠵᠦ ᠦᠯᠡᠳᠡᠵᠡᠢ᠃ ᠨᠢᠭᠡᠨᠲᠡ ᠣᠯᠠᠨ ᠵᠠᠭᠤᠨ ᠤ ᠲᠤᠷᠰᠢ ᠥᠪᠡᠷᠰᠡᠳ ᠢ ᠪᠡᠨ ᠲᠠᠲ᠋ᠠᠷ ᠠᠶᠢᠮᠠᠭ ᠭᠡᠵᠦ ᠨᠡᠷᠡᠰᠢᠭᠰᠡᠨ ᠪᠠᠶᠢᠭᠰᠠᠨ ᠨᠢ ᠨᠢᠭᠡᠳᠦᠭᠰᠡᠨ ᠮᠣᠩᠭᠣᠯ ᠤᠯᠤᠰ ᠤᠨ ᠡᠬᠢᠨ ᠦᠶ᠎ᠡ ᠳᠦ ᠴᠤ ᠬᠡᠪ ᠢᠶᠡᠷ ᠬᠠᠳᠠᠭᠠᠯᠠᠭᠳᠠᠵᠤ ᠦᠯᠡᠳᠡᠭᠰᠡᠨ ᠨᠢ ᠲᠠᠲ᠋ᠠᠷ-ᠮᠣᠩᠭᠣᠯᠴᠤᠳ ᠤᠨ ᠪᠠᠶᠢᠯᠳᠤᠨ ᠳᠠᠭᠠᠭᠤᠯᠤᠯ ᠭᠡᠵᠦ ᠨᠡᠷᠡᠯᠡᠭᠳᠡᠬᠦ ᠰᠢᠯᠲᠠᠭᠠᠨ ᠪᠣᠯᠵᠠᠢ᠃ ᠮᠣᠩᠭᠣᠯᠴᠤᠳ ᠤᠨ ᠲᠤᠬᠠᠢ ᠲᠤᠬᠠᠢ ᠶᠢᠨ ᠦᠶ᠎ᠡ ᠶᠢᠨ ᠬᠢᠲᠠᠳ ᠤᠨ ᠲᠠᠩᠨᠠᠭᠤᠯ᠂ ᠵᠢᠭᠤᠯᠴᠢᠳ ᠤᠨ ᠪᠢᠴᠢᠭᠰᠡᠨ ᠬᠠᠷ᠎ᠠ ᠲᠠᠲ᠋ᠠᠷ ᠤᠳ ᠤᠨ ᠲᠤᠬᠠᠢ ᠲᠡᠮᠳᠡᠭᠯᠡᠯ ᠪᠣᠯᠤᠨ ᠪᠤᠰᠤᠳ ᠡᠬᠡ ᠰᠤᠷᠪᠤᠯᠵᠢ ᠨᠤᠭᠤᠳ ᠢ ᠰᠠᠶᠢᠲᠤᠷ ᠰᠤᠳᠤᠯᠪᠠᠰᠤ ᠡᠨᠡ ᠲᠤᠬᠠᠢ ᠢᠯᠡᠭᠦᠦ ᠥᠷᠭᠡᠨ ᠬᠦᠷᠢᠶ᠎ᠡ ᠲᠡᠢ ᠮᠡᠳᠡᠯᠭᠡ ᠣᠯᠵᠤ ᠠᠪᠴᠤ ᠪᠣᠯᠤᠨ᠎ᠠ᠃

ᠲᠦᠷᠦᠭ ᠣᠨᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠷᠢᠮ ᠲᠦᠷᠦᠭ ᠦᠳ ᠲᠡᠳᠡᠨ ᠢ ᠲᠦᠷᠦᠭ ᠠᠶᠢᠮᠠᠭ ᠭᠡᠵᠦ ᠦᠵᠡᠳᠡᠭ᠃


VII-VIII ᠵᠠᠭᠤᠨ ᠤ ᠦᠶ᠎ᠡ ᠶᠢᠨ ᠲᠠᠲ᠋ᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠦᠭ ᠦᠨ ᠬᠠᠭᠠᠨᠲᠤ ᠤᠯᠤᠰ ᠪᠠᠶᠢᠭᠤᠯᠤᠭᠳᠠᠬᠤ ᠦᠶ᠎ᠡ ᠳᠦ ᠲᠦᠷᠦᠭ ᠦᠨ ᠵᠡᠭᠦᠨ ᠲᠠᠯ᠎ᠠ ᠳᠤ 30 ᠲᠠᠲ᠋ᠠᠷ ᠬᠡᠮᠡᠬᠦ ᠨᠢᠭᠡᠨ ᠠᠶᠢᠮᠠᠭ ᠨᠤᠲᠤᠭᠯᠠᠬᠤ ᠪᠣᠯᠵᠠᠢ᠃ ᠡᠨᠡ ᠨᠢ ᠲᠦᠷᠦᠭ ᠦᠳ ᠷᠡᠦᠷᠠᠨ ᠤ ᠬᠠᠭᠠᠨᠲᠤ ᠤᠯᠤᠰ ᠢ ᠮᠥᠬᠥᠭᠡᠬᠦ ᠦᠶ᠎ᠡ ᠳᠦ ᠷᠡᠦᠷᠠᠨᠴᠤᠤᠳ ᠤᠨ ᠵᠠᠷᠢᠮ ᠬᠡᠰᠡᠭ ᠨᠢ ᠵᠡᠭᠦᠨ ᠵᠦᠭ ᠷᠦᠦ ᠲᠦᠷᠢᠭᠳᠡᠵᠦ ᠲᠠᠲ᠋ᠠᠷ ᠤᠳ ᠤᠨ ᠡᠪᠦᠭᠡ ᠳᠡᠭᠡᠳᠦᠰ ᠪᠣᠯᠤᠭᠰᠠᠨ ᠲᠠᠢ ᠬᠣᠯᠪᠣᠭ᠎ᠠ ᠲᠠᠢ᠃ ᠲᠠᠲ᠋ᠠᠷ ᠤᠳ ᠲᠦᠷᠦᠭ ᠦᠨ ᠬᠠᠭᠠᠨᠲᠤ ᠤᠯᠤᠰ ᠤᠨ ᠵᠠᠬᠢᠷᠭᠠᠨ ᠳᠤ ᠣᠷᠣᠰᠢᠵᠤ ᠪᠠᠶᠢᠴᠠᠢ᠃ ᠲᠠᠲ᠋ᠠᠷ ᠤᠳ ᠲᠦᠷᠦᠭ ᠦᠨ ᠬᠠᠭᠠᠨᠲᠤ ᠤᠯᠤᠰ ᠤᠨ ᠵᠠᠬᠢᠷᠭᠠᠨ ᠳᠤ ᠪᠠᠶᠢᠬᠤ ᠳᠤ ᠪᠠᠨ ᠨᠢᠭᠡᠨ ᠦᠶ᠎ᠡ ᠪᠣᠰᠤᠯᠭ᠎ᠠ ᠭᠠᠷᠭᠠᠵᠤ᠂ ᠨᠢᠭᠡᠨ ᠦᠶ᠎ᠡ ᠳᠠᠭᠠᠵᠤ ᠣᠷᠣᠵᠤ ᠵᠠᠬᠢᠷᠤᠭᠳᠠᠬᠤ ᠵᠡᠷᠭᠡ ᠪᠡᠷ ᠣᠷᠣᠰᠢᠨ ᠲᠣᠭᠲᠠᠨᠢᠵᠤ ᠪᠠᠶᠢᠴᠠᠢ᠃


VIII-Iᠲᠠᠪᠤᠳᠤᠭᠠᠷ ᠵᠠᠭᠤᠨ ᠤ ᠦᠶ᠎ᠡ ᠶᠢᠨ ᠲᠠᠲ᠋ᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠯᠤᠳᠤᠭᠠᠷ ᠵᠠᠭᠤᠨ ᠤ ᠦᠶ᠎ᠡ ᠳᠦ ᠭᠣᠪᠢ ᠶᠢᠨ ᠤᠮᠠᠷᠠᠳᠤ ᠬᠡᠰᠡᠭ ᠲᠦ ᠨᠡᠭᠦᠳᠡᠯᠴᠢᠳ ᠦᠨ ᠬᠠᠮᠤᠭ ᠤᠨ ᠬᠦᠴᠦᠷᠬᠡᠭ ᠠᠶᠢᠮᠠᠭ ᠨᠢ ᠳᠣᠷᠣᠨᠠᠲᠤ ᠮᠣᠩᠭᠣᠯ ᠤᠨ ᠲᠠᠲ᠋ᠠᠷ ᠠᠶᠢᠮᠠᠭ ᠪᠠᠶᠢᠯ᠎ᠠ᠃ ᠲᠡᠶᠢᠮᠦ ᠴᠤ ᠤᠴᠢᠷ ᠠᠴᠠ ᠬᠢᠲᠠᠳ᠂ ᠲᠥᠪ ᠠᠽᠢᠶ᠎ᠠ᠂ ᠴᠢᠨᠠᠭᠰᠢᠯᠠᠭᠠᠳ ᠪᠦᠷ ᠪᠠᠷᠠᠭᠤᠨ ᠷᠤ ᠮᠣᠩᠭᠣᠯ ᠢᠶᠠᠷ ᠨᠤᠲᠤᠭᠯᠠᠬᠤ ᠨᠡᠶᠢᠲᠡ ᠮᠣᠩᠭᠣᠯ᠂ ᠲᠦᠷᠦᠭ ᠬᠡᠯᠡᠲᠡᠨ ᠢ ᠲᠠᠲ᠋ᠠᠷ ᠬᠡᠮᠡᠨ ᠨᠡᠷᠡᠶᠢᠳᠬᠦ ᠪᠣᠯᠤᠭᠰᠠᠨ ᠨᠢ ᠳᠤᠮᠳᠠᠳᠤ ᠵᠠᠭᠤᠨ ᠤ ᠦᠶ᠎ᠡ ᠳᠦ ᠪᠠᠷᠠᠭᠤᠨ ᠧᠦ᠋ᠷᠣᠫᠠ ᠶᠢᠨ ᠪᠦᠬᠦ ᠦᠨᠳᠦᠰᠦᠲᠡᠨ ᠢ 《ᠹᠷᠠᠨᠺ》 ᠬᠡᠮᠡᠵᠦ ᠪᠠᠶᠢᠭᠰᠠᠨ ᠲᠠᠢ ᠠᠳᠠᠯᠢ ᠶᠤᠮ᠃ ᠫᠧᠷᠰ ᠦᠨ ᠲᠡᠦᠬᠡᠴᠢ ᠷᠠᠰᠢ ᠳᠤ ᠳᠤ-ᠳ᠋ᠢᠩ (ᠣᠶᠢᠷᠠᠯᠴᠠᠭ᠎ᠠ ᠪᠠᠷ: 1247-1318) ᠠᠭᠤᠤ ᠪᠦᠲᠦᠭᠡᠯ ᠦᠨ ᠢᠶᠡᠨ ᠪᠦᠬᠦᠢ ᠯᠠ ᠠᠭᠤᠯᠭ᠎ᠠ ᠶᠢᠨ ᠲᠤᠷᠰᠢᠳᠠ ᠲᠠᠲ᠋ᠠᠷ ᠠᠶᠢᠮᠠᠭ ᠤᠨ ᠨᠡᠷ᠎ᠡ ᠬᠡᠷᠬᠢᠨ ᠲᠡᠶᠢᠮᠦ ᠠᠭᠤᠳᠠᠮ ᠨᠤᠲᠤᠭ ᠢᠶᠠᠷ᠂ ᠬᠢᠲᠠᠳ ᠠᠴᠠ ᠡᠨᠡᠳᠬᠡᠭ ᠬᠦᠷᠲᠡᠯ᠎ᠡ᠂ ᠳᠠᠰᠢ ᠳᠤ ᠢ ᠺᠢᠫᠴᠠᠺ᠂ ᠰᠢᠷᠢᠢ ᠠ ᠬᠦᠷᠲᠡᠯ᠎ᠡ᠂ ᠤᠮᠠᠷᠠᠳᠤ ᠠᠹᠷᠢᠺᠠ ᠶᠢᠨ ᠠᠷᠠᠪᠴᠤᠳ ᠲᠤ ᠬᠦᠷᠲᠡᠯ᠎ᠡ᠂ ᠲᠡᠷᠡ ᠴᠤ ᠪᠤᠤ ᠬᠡᠯᠡ ᠮᠠᠭᠷᠧᠪ ᠬᠦᠷᠲᠡᠯ᠎ᠡ ᠲᠠᠷᠬᠠᠵᠤ ᠴᠢᠳᠠᠭᠰᠠᠨ ᠢ ᠦᠨᠡᠬᠡᠷ ᠭᠠᠶᠢᠬᠠᠵᠤ ᠪᠠᠶᠢᠭ᠎ᠠ ᠪᠠᠨ ᠨᠢᠭᠤᠵᠤ ᠴᠢᠳᠠᠭ᠎ᠠ ᠦᠭᠡᠢ ᠪᠠᠶᠢᠳᠠᠭ᠃ 13 ᠍ ᠳᠦᠭᠡᠷ ᠵᠠᠭᠤᠨ ᠤ ᠦᠶ᠎ᠡ ᠶᠢᠨ ᠲᠠᠲ᠋ᠠᠷ ᠠᠶᠢᠮᠠᠭ ᠤᠨ ᠨᠡᠷ᠎ᠡ ᠳᠡᠯᠡᠬᠡᠢ ᠶᠢᠨ ᠲᠡᠦᠬᠡᠨ ᠳᠦ ᠮᠣᠩᠭᠣᠯ ᠲᠠᠲ᠋ᠠᠷ ᠭᠡᠰᠡᠨ ᠨᠡᠷ᠎ᠡ ᠪᠡᠷ ᠠᠯᠳᠠᠷᠰᠢᠵᠤ ᠥᠨᠥ ᠶᠢ ᠬᠦᠷᠲᠡᠯ᠎ᠡ ᠣᠷᠣᠰ ᠬᠣᠯᠪᠣᠭᠠᠨ ᠤ ᠤᠯᠤᠰ ᠳᠦ ᠲᠠᠲᠠᠷᠠᠰᠤᠲᠠᠨ ᠭᠡᠰᠡᠨ ᠦᠨᠳᠦᠰᠦᠲᠡᠨ ᠠᠵᠤ ᠲᠥᠷᠦᠵᠢ ᠪᠠᠶᠢᠨ᠎ᠠ᠃ ᠫᠯᠠᠨ᠎ᠠ ᠺᠠᠷᠫᠢᠨᠢᠭᠡᠶᠢᠨ ᠲᠡᠦᠬᠡᠨ ᠳᠦ ᠮᠣᠩᠭᠣᠯᠴᠤᠳ ᠤᠨ ᠳᠣᠲᠣᠷ᠎ᠠ ᠰᠤ ᠮᠣᠩᠭᠣᠯ ᠪᠤᠶᠤ ᠤᠰᠤᠨ ᠮᠣᠩᠭᠣᠯ ᠭᠡᠵᠦ ᠠᠶᠢᠮᠠᠭ ᠪᠠᠶᠢᠭᠰᠠᠨ ᠭᠡᠬᠦ ᠪᠥᠭᠡᠳ ᠨᠢᠭᠡᠨ ᠭᠣᠣᠯ ᠤᠨ ᠨᠡᠷ᠎ᠡ ᠪᠡᠷ ᠲᠠᠲ᠋ᠠᠷ ᠬᠡᠮᠡᠨ ᠥᠪᠡᠷᠰᠡᠳ ᠢ ᠪᠡᠨ ᠨᠡᠷᠡᠯᠡᠨ᠎ᠡ ᠭᠡᠵᠦ ᠲᠡᠮᠳᠡᠭᠯᠡᠨ ᠦᠯᠡᠳᠡᠭᠡᠵᠢ ᠪᠡᠨ᠃ ᠭᠡᠪᠡᠴᠦ ᠶᠡᠬᠡ ᠨᠢᠷᠤᠨ ᠤᠯᠤᠰ ᠤᠨ ᠬᠠᠭᠠᠨ ᠲᠠᠲ᠋ᠠᠷ ᠤᠨ ᠨᠡᠷ᠎ᠡ ᠪᠡᠷ ᠢᠵᠠᠭᠤᠷ ᠤᠨ ᠮᠣᠩᠭᠣᠯᠴᠤᠳ ᠢ ᠨᠡᠶᠢᠲᠡ ᠳᠦ ᠨᠢ ᠨᠡᠷᠡᠯᠡᠭᠰᠡᠨ ᠪᠥᠭᠡᠳ ᠡᠨᠡ ᠨᠡᠷ᠎ᠡ ᠶᠢ ᠲᠦᠷᠦᠭ ᠦᠳ ᠤᠳᠤᠷᠢᠳᠤᠭᠴᠢᠳ ᠤᠨ ᠬᠢ ᠨᠢ ᠨᠡᠷ᠎ᠡ ᠪᠡᠷ ᠨᠡᠷᠡᠯᠡᠭᠰᠡᠨ ᠭᠡᠳᠡᠭ ᠨᠢ ᠦᠨᠳᠦᠰᠦᠯᠡᠯ ᠲᠡᠢ ᠶᠤᠮ᠃ ᠬᠠᠷᠢᠨ ᠷᠦᠪᠠᠷᠰᠺ ᠤᠨ ᠲᠡᠦᠬᠡᠨ ᠳᠦ ᠳᠠᠶᠢᠨᠴᠢ ᠲᠠᠲ᠋ᠠᠷ ᠤᠳ ᠲᠤᠯᠤᠭᠠᠨ ᠳᠤ ᠲᠦᠷᠦᠭᠦᠯᠡᠨ ᠮᠣᠷᠳᠠᠵᠤ ᠢᠯᠠᠯᠲᠠ ᠪᠠᠶᠢᠭᠤᠯᠳᠠᠭ ᠪᠠᠶᠢᠭᠰᠠᠨ ᠭᠡᠳᠡᠭ ᠨᠢ ᠦᠨᠡᠨ ᠦ ᠬᠤᠪᠢ ᠲᠠᠢ ᠪᠣᠯᠪᠠ ᠤᠤ᠃ ᠢᠯᠠᠩᠭᠤᠶ᠎ᠠ ᠧᠦᠢᠷᠣᠫᠠᠴᠤᠳ ᠮᠣᠩᠭᠣᠯᠴᠤᠳ ᠢ ᠲᠠᠲ᠋ᠠᠷ ᠤᠳ ᠭᠡᠳᠡᠭ ᠨᠢ ᠮᠣᠩᠭᠣᠯ ᠴᠡᠷᠢᠭ ᠦᠨ ᠮᠠᠩᠯᠠᠢ ᠠᠩᠭᠢ ᠲᠠᠲ᠋ᠠᠷ ᠤᠳ ᠢ 《ᠲᠠᠲ᠋ᠠᠷ ᠤᠳ ᠢᠷᠡᠯ᠎ᠡ》 ᠬᠡᠮᠡᠨ ᠠᠨᠳᠠᠭᠤᠷᠠᠨ ᠨᠡᠷᠡᠯᠡᠭᠰᠡᠨ ᠡᠴᠡ ᠡᠭᠦᠳᠦᠯᠲᠡᠢ᠃ ᠡᠨᠡ ᠨᠢ ᠲᠡᠳᠡᠨ ᠦ ᠬᠤᠪᠢ ᠳᠤ ᠮᠣᠩᠭᠣᠯ ᠤᠨ ᠴᠡᠷᠢᠭ ᠦᠨ ᠪᠦᠷᠢᠯᠳᠦᠬᠦᠨ ᠳᠦ ᠪᠠᠶᠢᠭ᠎ᠠ ᠣᠯᠠᠨ ᠤᠭᠰᠠᠭᠠᠲᠠᠨ᠂ ᠦᠨᠳᠦᠰᠦᠲᠡᠨ ᠨᠠᠷ ᠢ ᠬᠣᠭᠣᠷᠣᠨᠳᠣ ᠨᠢ ᠢᠯᠭᠠᠵᠤ ᠮᠡᠳᠡᠳᠡᠭ ᠦᠭᠡᠢ ᠪᠠᠶᠢᠭᠰᠠᠨ ᠢᠶᠠᠷ ᠨᠢ ᠲᠠᠶᠢᠯᠪᠤᠷᠢᠯᠠᠵᠤ ᠪᠣᠯᠤᠨ᠎ᠠ᠃ ᠲᠠᠲ᠋ᠠᠷ ᠤᠳ ᠪᠣᠯ ᠬᠥᠯᠥᠨ᠂ ᠪᠤᠶᠢᠷ ᠤᠨ ᠣᠷᠴᠢᠮ ᠢᠶᠠᠷ ᠨᠤᠲᠤᠭᠯᠠᠬᠤ ᠡᠷᠲᠡᠨ ᠦ ᠳᠦᠩᠢ ᠬᠤᠭᠤ ᠠᠴᠠ ᠭᠠᠷᠤᠯ ᠲᠠᠢ ᠮᠠᠯᠴᠢᠨ ᠠᠶᠢᠮᠠᠭ ᠪᠠᠶᠢᠭᠰᠠᠨ ᠪᠣᠯᠤᠯᠲᠠᠢ᠃ ᠲᠠᠲ᠋ᠠᠷ ᠤᠳ ᠨᠢ ᠬᠢᠲᠠᠨ ᠤᠯᠤᠰᠲᠠᠢ ᠨᠡᠩ ᠣᠶᠢᠷ᠎ᠠ ᠲᠥᠷᠥᠯ ᠭᠡᠳᠡᠭ ᠢ ᠲᠡᠮᠳᠡᠭᠯᠡᠬᠦ ᠨᠢ ᠵᠦᠢᠲᠡᠢ᠃ ᠭᠠᠵᠠᠷ ᠨᠤᠲᠤᠭ ᠪᠣᠯᠤᠨ ᠣᠪᠤᠭ ᠠᠶᠢᠮᠠᠭ ᠤᠨ ᠨᠡᠷ᠎ᠡ ᠪᠡᠷ ᠱᠦᠭᠦᠨ ᠦᠵᠡᠪᠡᠯ ᠤᠮᠠᠷᠠᠳᠤ ᠰᠢᠪᠡᠢ ᠠᠶᠢᠮᠠᠭ ᠤᠳ ᠲᠠᠢ ᠲᠣᠬᠢᠷᠠᠳᠠᠭ ᠨᠢ ᠰᠠᠨᠠᠭᠠᠨᠳᠠ ᠦᠭᠡᠢ ᠵᠦᠢᠯ ᠪᠢᠰᠢ ᠨᠢ ᠲᠣᠳᠣᠷᠬᠠᠢ᠃

ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠲᠠᠲ᠋ᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠲ᠋ᠠᠷ ᠠᠶᠢᠮᠠᠭ ᠨᠢ ᠶᠡᠬᠡ ᠮᠣᠩᠭᠣᠯ ᠤᠯᠤᠰ ᠪᠠᠶᠢᠭᠤᠯᠤᠭᠳᠠᠬᠤ ᠳᠤ ᠴᠢᠬᠤᠯᠠ ᠡᠭᠦᠷᠭᠡ ᠭᠦᠢᠴᠡᠳᠭᠡᠭᠰᠡᠨ ᠪᠠ ᠲᠡᠦᠬᠡᠨ ᠳᠦ ᠮᠡᠳᠡᠭᠳᠡᠵᠦ ᠪᠠᠶᠢᠭ᠎ᠠ ᠮᠣᠩᠭᠣᠯ ᠤᠨ ᠠᠩᠬᠠᠨ ᠤ ᠬᠠᠤᠯᠢᠴᠢ ᠵᠠᠷᠭᠤᠴᠢ ᠰᠢᠭᠢᠬᠤᠲᠤᠭ ᠨᠢ ᠲᠠᠲ᠋ᠠᠷ ᠬᠦᠮᠦᠨ ᠪᠠᠶᠢᠭᠰᠠᠨ ᠶᠤᠮ᠃

ᠣᠳᠣ ᠦᠶ᠎ᠡ ᠶᠢᠨ ᠤᠯᠠ ᠮᠥᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠪᠠᠶᠢᠯᠳᠤᠨ ᠳᠠᠭᠠᠭᠤᠯᠤᠯᠲᠠ ᠶᠢᠨ ᠦᠷ᠎ᠡ ᠳ᠋ᠦᠩ ᠳᠦ ᠳᠤᠮᠳᠠᠳᠤ ᠠᠽᠢᠶ᠎ᠠ ᠳᠤ ᠪᠠᠶᠢᠭᠰᠠᠨ ᠲᠦᠷᠦᠭ ᠬᠡᠯᠡ ᠳᠦ ᠠᠷᠠᠳ ᠲᠦᠮᠡᠨ ᠨᠦᠭᠦᠳ ᠠᠨᠠᠲ᠋ᠣᠯᠢ᠂ ᠣᠶᠢᠷᠠᠬᠢ ᠳᠣᠷᠣᠨᠠᠲᠤ᠂ ᠶᠥᠭᠢᠫᠧᠲ᠂ ᠳᠣᠷᠣᠨᠠᠲᠤ ᠧᠦ᠋ᠷᠣᠫᠠ ᠳᠤ ᠲᠠᠷᠬᠠᠵᠠᠢ᠃ ᠳᠣᠷᠣᠨᠠᠲᠤ ᠧᠦ᠋ᠷᠣᠫᠠ ᠳᠤ ᠲᠠᠷᠬᠠᠭᠰᠠᠨ ᠲᠦᠷᠦᠭ ᠬᠡᠯᠡ ᠳᠦ ᠠᠷᠠᠳ ᠲᠦᠮᠡᠨ ᠨᠦᠭᠦᠳ ᠨᠤᠲᠤᠭ ᠤᠨ ᠲᠦᠷᠦᠭ ᠬᠡᠯᠡ ᠳᠦ ᠺᠢᠫᠴᠠᠺ᠂ ᠪᠤᠯᠭᠤᠷᠠ ᠵᠡᠷᠭᠡ ᠨᠡᠭᠦᠳᠡᠯᠴᠢᠳ ᠪᠣᠯᠤᠨ ᠠᠯᠲᠠᠨ ᠣᠷᠳᠣᠨ ᠤ ᠤᠯᠤᠰ ᠤᠨ ᠮᠣᠩᠭᠣᠯᠴᠤᠳ ᠲᠠᠢ ᠬᠣᠯᠢᠯᠳᠤᠵᠤ᠂ ᠲᠠᠲ᠋ᠠᠷ ᠬᠡᠮᠡᠬᠦ ᠨᠡᠷ᠎ᠡ ᠪᠡᠷ ᠥᠪᠡᠷᠰᠡᠳ ᠢ ᠪᠡᠨ ᠨᠡᠷᠡᠯᠡᠵᠡᠢ᠃ ᠡᠳᠡᠭᠡᠷ ᠨᠢ ᠣᠳᠣ ᠶᠢᠨ ᠺᠠᠽᠠᠨᠢ᠂ ᠺᠷ ᠤᠮ᠂ ᠠᠰᠲᠷᠠᠬᠠᠨᠢ᠂ ᠰᠢᠪᠢᠷᠢ᠂ ᠪᠠᠱᠺᠢᠷ᠂ ᠹᠢᠨᠢ ᠶᠢᠨ ᠲᠠᠲ᠋ᠠᠷ ᠤᠳ ᠶᠤᠮ᠃ ᠡᠳᠡᠭᠡᠷ ᠲᠠᠲ᠋ᠠᠷ ᠤᠳ ᠣᠷᠣᠰ ᠤᠨ ᠠᠦ᠋ᠲ᠋ᠣᠨᠣᠮᠢᠲᠤ ᠤᠯᠤᠰ ᠤᠨ ᠪᠠᠶᠢᠳᠠᠯ ᠲᠠᠢ ᠪᠠᠷ ᠣᠷᠣᠰᠢᠨ ᠲᠣᠭᠲᠠᠨᠢᠵᠤ ᠪᠠᠶᠢᠨ᠎ᠠ᠃

http://wiki.uhaan.com/index.php?title=ᠲᠠᠲ᠋ᠠᠷ&oldid=443640》 ᠍  ᠡᠴᠡ ᠠᠪᠤᠭᠰᠠᠨ

ᠪᠢᠴᠢᠭᠡᠰᠦ