ᠲᠠᠯ᠎ᠠ ᠭᠠᠵᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠍ ᠤᠨ ᠬᠡᠭᠡᠷ᠎ᠡ ᠲᠠᠯ᠎ᠠ᠃

ᠲᠠᠯ᠎ᠠ ᠭᠠᠵᠠᠷ — ᠬᠠᠷᠢᠴᠠᠩᠭᠤᠢ ᠥᠨᠳᠥᠷ ᠦᠨ ᠬᠡᠯᠪᠡᠯᠵᠡᠯ ᠪᠠᠭ᠎ᠠ ᠲᠠᠢ᠂ ᠡᠬᠡ ᠭᠠᠵᠠᠷ ᠤᠨ ᠳᠠᠪᠬᠤᠷᠭ᠎ᠠ ᠶᠢᠨ ᠮᠣᠷᠹᠣᠰᠲ᠋ᠷᠺᠲ᠋ᠦᠶᠢᠷ ᠍ ᠤᠨ ᠡᠯᠧᠮᠧᠨᠲ ᠪᠥᠭᠡᠳ ᠲᠠᠯᠠᠪᠠᠢᠭᠠ ᠪᠠᠷ ᠶᠠᠩᠵᠤ ᠪᠦᠷᠢ᠃ ᠬᠡᠳᠦᠨ ᠰᠠᠶ᠎ᠠ km ᠺᠸᠠᠳ᠋ᠷᠠᠲ ᠲᠠᠯᠠᠪᠠᠢ ᠡᠵᠡᠯᠡᠬᠦ ᠠᠮᠠᠽᠣᠨᠺ ᠤᠨ ᠲᠠᠯ᠎ᠠᠳᠣᠷᠣᠨᠠᠲᠤ ᠧᠦ᠋ᠷᠣᠫᠠ ᠶᠢᠨ ᠲᠠᠯ᠎ᠠᠪᠠᠷᠠᠭᠤᠨ ᠰᠢᠪᠸᠷᠢᠶ ᠠ ᠶᠢᠨ ᠲᠠᠯ᠎ᠠ ᠦᠳ ᠵᠡᠷᠭᠡ ᠲᠣᠮᠣ ᠲᠠᠯ᠎ᠠ ᠨᠤᠭᠤᠳ ᠪᠠᠶᠢᠬᠤ ᠳᠤ ᠠᠭᠤᠯᠠ ᠬᠣᠭᠣᠷᠣᠨᠳᠣ ᠶᠢᠨ ᠲᠠᠯ᠎ᠠ᠂ ᠲᠡᠩᠭᠢᠰ ᠦᠨ ᠡᠷᠭᠢ ᠶᠢᠨ ᠲᠠᠯ᠂ ᠨᠠᠭᠤᠷ ᠤᠨ ᠲᠠᠯ᠎ᠠ (ᠨᠠᠭᠤᠷ ᠪᠠᠶᠢᠭᠰᠠᠨ ᠰᠠᠭᠤᠷᠢᠨ ᠳᠡᠭᠡᠷ᠎ᠡ ᠡᠭᠦᠰᠦᠨ᠎ᠡ) ᠵᠡᠷᠭᠡ ᠨᠢ ᠲᠠᠯᠠᠪᠠᠢ ᠪᠠᠷ ᠪᠠᠭ᠎ᠠ᠃[1]

ᠷᠤᠮᠠᠨᠢᠶ ᠠ ᠤᠯᠤᠰ ᠍ ᠤᠨ ᠨᠤᠲᠤᠭ ᠲᠤ ᠪᠠᠶᠢᠷᠢᠯᠠᠬᠤ ᠸᠠᠯᠶᠠᠬᠢᠭ᠎ᠠ ᠶᠢᠨ ᠲᠠᠯ᠎ᠠ ᠳᠠᠬᠢ ᠡᠷᠳᠡᠨᠢ ᠰᠢᠰᠢᠡᠶᠢᠨ ᠲᠠᠷᠢᠶ᠎ᠠ ᠲᠠᠯᠠᠪᠠᠢ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠷᠤᠯ ᠡᠭᠦᠰᠦᠯ ᠢᠶᠡᠷ ᠨᠢ ᠲᠠᠯ᠎ᠠ ᠭᠠᠵᠠᠷ ᠢ ᠳᠣᠣᠷᠠᠬᠢ ᠪᠠᠶᠢᠳᠠᠯ ᠢᠶᠠᠷ ᠠᠩᠭᠢᠯᠠᠨ᠎ᠠ᠃

ᠳᠠᠪᠬᠤᠷᠠᠲᠤ ᠲᠠᠯ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢᠨ ᠭᠠᠳᠠᠷᠭᠤ ᠶᠢᠨ ᠬᠡᠪᠲᠡᠭᠡ ᠲᠡᠩᠬᠡᠯᠢᠭ ᠳᠠᠭᠠᠭᠤᠬᠢ ᠰᠢᠯᠵᠢᠯᠲᠡ ᠬᠥᠳᠡᠯᠭᠡᠭᠡᠨ ᠦ ᠬᠠᠷᠢᠴᠠᠩᠭᠤᠢ ᠲᠠᠶᠢᠪᠤᠩ ᠬᠡᠰᠡᠭ᠃ ᠪᠦᠲᠦᠴᠡ ᠶᠢᠨ ᠬᠤᠪᠢ ᠳᠤ ᠨᠠᠮ ᠳᠣᠣᠷ᠎ᠠ ᠭᠠᠵᠠᠷ ᠤᠨ ᠲᠣᠭᠲᠠᠴᠠ ᠵᠣᠩᠬᠢᠯᠠᠭᠰᠠᠨ ᠪᠠᠶᠢᠳᠠᠭ᠃ ᠲᠠᠯᠠᠰᠲᠤ ᠰᠠᠭᠤᠷᠢ ᠪᠠ ᠲᠤᠨᠤᠮᠠᠯ ᠬᠤᠷᠠᠳᠠᠰᠤ ᠪᠦᠬᠦᠢ ᠬᠣᠶᠠᠷ ᠦᠶᠡᠯᠡᠯ ᠡᠴᠡ ᠲᠣᠭᠲᠠᠳᠠᠭ᠃

ᠬᠤᠷᠠᠮᠳᠤᠯᠠᠯ ᠤᠨ ᠲᠠᠯ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠰᠤᠰᠠᠯᠬᠢᠲᠤᠨᠤᠳᠠᠰᠤ ᠭᠡᠳ ᠪᠠᠶᠢᠭᠠᠯᠢ ᠶᠢᠨ ᠬᠦᠴᠦᠨ ᠵᠦᠢᠯ ᠦᠨ ᠨᠥᠯᠥᠭᠡᠯᠡᠯ ᠳᠦ ᠠᠪᠲᠠᠨ ᠲᠠᠯ᠎ᠠ ᠭᠠᠵᠠᠷ ᠤᠨ ᠬᠡᠪ ᠰᠢᠨᠵᠢ ᠳᠦ ᠣᠷᠣᠵᠤ ᠪᠤᠢ ᠠᠭᠤᠯᠠᠠᠷᠬᠠᠭ ᠪᠦᠰᠡ᠃ ᠳᠠᠪᠬᠤᠷ᠎ᠠ ᠳᠤ ᠲᠠᠯ᠎ᠠ ᠶᠢᠨ ᠶᠡᠷᠦᠩᠬᠡᠢ ᠬᠡᠪ ᠰᠢᠨᠵᠢ ᠲᠡᠢ ᠠᠳᠠᠯᠢ᠃

ᠡᠯᠡᠭᠳᠡᠯ ᠦᠨ ᠲᠠᠯ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠡᠭᠳᠡᠯ ᠦᠨ ᠲᠠᠯ᠎ᠠ ᠨᠢ ᠳᠧᠨᠢᠳᠤᠴᠠ ᠍ ᠤᠨ ᠦᠢᠯᠡ ᠶᠠᠪᠤᠴᠠ ᠶᠢᠨ ᠦᠷ᠎ᠡ ᠳ᠋ᠦᠩ ᠳᠦ ᠡᠭᠦᠰᠦᠭᠰᠡᠨ᠂ ᠥᠨᠳᠥᠷ ᠦᠨ ᠬᠤᠪᠢ ᠳᠤ ᠶᠡᠬᠡᠩᠬᠢ ᠳᠦ ᠪᠡᠨ 500 ᠮᠧᠲ᠋ᠷᠡ ᠡᠴᠡ ᠬᠡᠲᠦᠷᠬᠦ ᠦᠭᠡᠢ᠃ ᠬᠤᠷᠠᠳᠠᠰᠤ ᠴᠢᠯᠠᠭᠤᠯᠢᠭ ᠤᠨ ᠡᠯᠡᠭᠳᠡᠯ ᠳᠦ ᠣᠷᠣᠬᠤ ᠪᠠᠶᠢᠳᠠᠯ ᠬᠠᠷᠢᠯᠴᠠᠨ ᠠᠳᠠᠯᠢ ᠦᠭᠡᠢ ᠤᠴᠢᠷ ᠡᠶᠢᠮᠦ ᠲᠠᠯ᠎ᠠ ᠶᠢᠨ ᠭᠠᠳᠠᠷᠭᠤ ᠬᠤᠸᠠ ᠭᠦᠪᠢᠭᠡᠬᠠᠳᠠ ᠶᠡᠬᠡ ᠲᠡᠢ᠃ ᠡᠯᠡᠭᠳᠡᠯ ᠡᠴᠡ ᠡᠭᠦᠰᠦᠭᠰᠡᠨ ᠰᠡᠪᠰᠡᠭᠡᠷ ᠬᠤᠷᠳᠤᠰᠤᠨ ᠤ ᠵᠥᠭᠡᠭᠳᠡᠯ ᠨᠢ ᠨᠠᠯᠠᠤ 3 ᠭᠷᠠᠳᠦᠶᠢᠰ ᠪᠣᠯᠬᠤ ᠳᠤ ᠵᠣᠭᠰᠣᠨ᠎ᠠ᠃ ᠳᠧᠨᠢᠳᠤᠴᠠ ᠶᠢᠨ ᠲᠠᠯ᠎ᠠ ᠲᠠᠯᠠᠪᠠᠢ ᠶᠢᠨ ᠬᠤᠪᠢ ᠳᠤ ᠳᠠᠪᠬᠤᠷ᠎ᠠ ᠳᠤ ᠲᠠᠯ᠎ᠠ ᠠᠴᠠ ᠪᠠᠭ᠎ᠠ ᠦᠭᠡᠢ ᠪᠥᠭᠡᠳ ᠪᠦᠬᠦ ᠲᠠᠯ᠎ᠠ ᠭᠠᠵᠠᠷ ᠤᠨ 17 ᠬᠤᠪᠢ ᠨᠢ ᠡᠶᠢᠮᠦ ᠭᠠᠷᠤᠯᠲᠠᠢ ᠶᠤᠮ᠃[1]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 ᠶᠡ᠃ᠪᠠᠲᠤᠴᠢᠯᠠᠭᠤᠨ (2009). ᠳᠡᠯᠡᠬᠡᠢ ᠰᠤᠳᠤᠯᠤᠯ. ᠮᠥᠩᠬᠡ ᠶᠢᠨ ᠦᠰᠦᠭ. 

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠲᠠᠯ᠎ᠠ ᠭᠠᠵᠠᠷ ᠤᠳ»

ᠪᠢᠴᠢᠭᠡᠰᠦ