ᠲᠠᠮᠢᠷ ᠭᠣᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠠᠮᠢᠷ ᠭᠣᠣᠯ
ᠡᠬᠡ ᠬᠠᠩᠭᠠᠢ ᠶᠢᠨ ᠨᠢᠷᠤᠭᠤ
ᠠᠳᠠᠭ ᠣᠷᠬᠣᠨ ᠭᠣᠣᠯ 47°47′35.5″N 102°36′41.6″E / 表达式错误:未预料的<操作符 表达式错误:未预料的<操作符 / 表达式错误:未预料的<操作符; 表达式错误:未预料的<操作符ᠰᠣᠯᠪᠢᠴᠠᠯ: 47°47′35.5″N 102°36′41.6″E / 表达式错误:未预料的<操作符 表达式错误:未预料的<操作符 / 表达式错误:未预料的<操作符; 表达式错误:未预料的<操作符
ᠤᠰᠤ ᠪᠠᠨ ᠴᠤᠭᠯᠠᠭᠤᠯᠳᠠᠭ ᠣᠷᠣᠨ ᠨᠤᠭᠤᠳ ᠮᠣᠩᠭᠣᠯ ᠮᠣᠩᠭᠣᠯ
ᠪᠠᠶᠢᠷᠢᠰᠢᠯ ᠠᠷᠤᠬᠠᠩᠭᠠᠢ
ᠤᠷᠲᠤ 280 ᠺᠢᠯᠣᠮᠧᠲ᠋ᠷ
ᠤᠰᠤ ᠴᠤᠭᠯᠠᠭᠤᠯᠬᠤ ᠲᠠᠯᠠᠪᠠᠢ 13,100 ᠺᠦᠸᠠᠳ᠋ ᠺᠢᠯᠣᠮᠧᠲ᠋ᠷ

ᠲᠠᠮᠢᠷ ᠭᠣᠣᠯ ᠪᠤᠶᠤ ᠲᠠᠮᠢᠷ ᠤᠨ ᠭᠣᠣᠯ ᠨᠢ ᠮᠣᠩᠭᠣᠯ ᠳᠠᠬᠢ ᠭᠣᠣᠯ᠃

ᠲᠤᠰ ᠭᠣᠣᠯ ᠨᠢ ᠮᠣᠩᠭᠣᠯ ᠤᠨ ᠨᠢᠭᠤᠴᠠ ᠲᠣᠪᠴᠢᠶ᠎ᠠᠨᠳ ᠴᠤ ᠲᠠᠮᠢᠷ ᠨᠡᠷ᠎ᠡ ᠪᠡᠷ ᠢᠶᠡᠨ ᠭᠠᠷᠳᠠᠭ᠃ ᠬᠠᠩᠭᠠᠢ ᠶᠢᠨ ᠨᠢᠷᠤᠭᠤᠨ ᠤ ᠬᠡᠰᠡᠭ ᠭᠤᠷᠪᠠᠨ ᠠᠩᠭᠠᠷᠬᠠᠢ᠂ ᠴᠣᠬᠢᠶᠠᠲᠤ ᠶᠢᠨ ᠨᠢᠷᠤᠭᠤᠨ ᠠᠴᠠ ᠡᠬᠢ ᠠᠪᠴᠤ ᠤᠷᠤᠰᠤᠨ᠎ᠠ᠃ ᠬᠣᠶᠢᠳᠤ᠂ ᠤᠷᠢᠳᠤ ᠲᠠᠮᠢᠷ ᠭᠣᠣᠯ ᠨᠡᠶᠢᠯᠡᠭᠰᠡᠨ ᠦ ᠳᠠᠷᠠᠭ᠎ᠠ ᠲᠠᠮᠢᠷ ᠭᠣᠣᠯ ᠨᠡᠷ᠎ᠡ ᠲᠡᠢ ᠪᠣᠯᠤᠨ᠎ᠠ᠃ ᠢᠩᠭᠢᠵᠦ ᠭᠤᠷᠪᠠᠨ-ᠲᠠᠮᠢᠷ ᠭᠣᠣᠯ ᠭᠡᠳᠡᠭ ᠨᠡᠷ᠎ᠡ ᠭᠠᠷᠤᠭᠰᠠᠨ᠃ ᠤᠷᠳᠤ ᠲᠠᠮᠢᠷ ᠭᠣᠣᠯ ᠤᠨ ᠡᠬᠡ ᠡᠴᠡ ᠲᠣᠭᠠᠴᠠᠪᠠᠯ 280 ᠺᠢᠯᠣᠮᠧᠲ᠋ᠷ ᠤᠷᠲᠤ᠂ ᠤᠰᠤ ᠪᠠᠨ ᠴᠤᠭᠯᠠᠭᠤᠯᠬᠤ ᠲᠠᠯᠠᠪᠠᠢ ᠨᠢ 13,100 ᠺᠦᠸᠠᠳ᠋ ᠺᠢᠯᠣᠮᠧᠲ᠋ᠷ᠃

ᠬᠣᠶᠢᠳᠤ ᠲᠠᠮᠢᠷ ᠳᠡᠭᠡᠳᠦ ᠬᠡᠰᠡᠭ ᠲᠦ ᠪᠡᠨ ᠡᠭᠴᠡ ᠬᠠᠵᠠᠭᠤ ᠲᠠᠢ ᠨᠠᠷᠢᠨ ᠬᠥᠨᠳᠡᠢ ᠪᠡᠷ ᠤᠷᠤᠰᠳᠠᠭ᠃ ᠪᠠᠷᠠᠭᠤᠨ ᠭᠠᠷ ᠤᠨ ᠡᠷᠭᠢ ᠨᠢ ᠬᠠᠷ᠎ᠠ ᠮᠣᠳᠣᠨ ᠣᠢ ᠲᠠᠢ᠃ ᠤᠷᠳᠤ ᠲᠠᠮᠢᠷ ᠭᠣᠣᠯ ᠨᠢ ᠳᠡᠭᠡᠳᠦ ᠬᠡᠰᠡᠭ ᠲᠦ ᠪᠡᠨ ᠬᠣᠱᠣᠭᠲᠤ᠂ ᠠᠷᠬᠣᠱᠣᠭᠲᠤ ᠵᠡᠷᠭᠡ ᠭᠣᠣᠯ ᠤᠳ ᠢ ᠨᠡᠶᠢᠯᠡᠭᠦᠯᠦᠨ ᠠᠪᠴᠤ ᠤᠷᠤᠰᠳᠠᠭ᠂ ᠲᠦᠷᠭᠡᠨ ᠤᠷᠤᠰᠬᠠᠯ ᠲᠠᠢ᠂ ᠵᠢᠩᠬᠢᠨᠢ ᠠᠭᠤᠯᠠ ᠶᠢᠨ ᠭᠣᠣᠯ ᠶᠤᠮ᠃ ᠲᠠᠮᠢᠷ ᠤᠨ ᠬᠥᠨᠳᠡᠢ ᠨᠢ ᠶᠡᠬᠡ ᠥᠷᠭᠡᠰᠦᠨ᠎ᠡ᠃ ᠭᠣᠯᠳᠤᠷᠢᠯ ᠤᠨ ᠥᠷᠭᠡᠨ ᠨᠢ 40 - 70 ᠮ᠂ ᠭᠦᠨ ᠨᠢ 2-3 ᠮ᠂ ᠤᠷᠤᠰᠬᠠᠯ ᠤᠨ ᠬᠤᠷᠳᠤ ᠨᠢ 2 ᠮ/ᠰ ᠬᠦᠷᠡᠨ᠎ᠡ᠃ ᠲᠠᠮᠢᠷ ᠤᠨ ᠭᠣᠣᠯ ᠤᠨ ᠰᠠᠪᠠ ᠳᠤ ᠲᠡᠮᠦᠷ ᠦᠨ ᠬᠥᠳᠡᠷ ᠦᠨ ᠪᠠᠶᠠᠯᠢᠭ ᠣᠷᠳᠣ ᠪᠤᠢ᠃ ᠤᠷᠳᠤ ᠲᠠᠮᠢᠷ ᠤᠨ ᠭᠣᠣᠯ ᠠᠴᠠ ᠡᠷᠲᠡᠨ ᠦ ᠲᠥᠷᠥᠮᠡᠯ ᠦᠨ ᠡᠷᠢᠨᠢᠢ ᠲᠡᠦᠬᠡ ᠳᠤᠷᠠᠰᠬᠠᠯ ᠤᠨ ᠵᠦᠢᠯ ᠣᠯᠳᠠᠳᠠᠭ᠃

ᠬᠣᠶᠢᠳᠤ ᠲᠠᠮᠢᠷ ᠭᠣᠣᠯ ᠤᠨ ᠡᠬᠢᠨ ᠳᠦ ᠪᠠᠶᠢᠭᠠᠯᠢ ᠶᠢᠨ ᠦᠵᠡᠭᠰᠡᠯᠦᠩ ᠳᠦ ᠭᠠᠵᠠᠷ ᠤᠳ ᠪᠤᠢ᠃

ᠴᠢᠳᠠᠷᠭᠠᠪᠠᠯᠤ ᠶᠢᠨ ᠯᠣᠳᠤᠶᠢᠳᠠᠮᠪᠠ ᠶᠢᠨ ᠲᠤᠩᠭᠠᠯᠠᠭ ᠲᠠᠮᠢᠷ ᠷᠣᠮᠠᠨ ᠤ ᠨᠡᠷ᠎ᠡ᠃

ᠪᠢᠴᠢᠭᠡᠰᠦ