ᠲᠠᠬᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠠᠬᠢ
ᠲᠠᠬᠢ
ᠲᠠᠬᠢ
ᠬᠣᠪᠣᠷᠳᠠᠯᠲᠠ ᠶᠢᠨ ᠵᠡᠷᠭᠡᠯᠡᠯ
Status iucn3.1 EN.svg
ᠬᠣᠪᠣᠷ (ОУБХХ)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠲᠤᠭᠤᠷᠠᠶᠢᠲᠠᠨ (Perissodactyla)
ᠣᠪᠤᠭ: ᠠᠳᠤᠭᠤᠨ ᠤ ᠬᠢᠨ (Equidae)
ᠲᠥᠷᠥᠯ: Equus
ᠳᠡᠳ᠋ ᠲᠥᠷᠥᠯ: Equus
ᠵᠦᠢᠯ: E. ferus
ᠳᠡᠳ᠋ ᠵᠦᠢᠯ: E. f. przewalskii
ᠯᠠᠲ᠋ᠢᠨ ᠨᠡᠷ᠎ᠡ
Equus ferus przewalskii
(ᠯᠠ᠃ᠰ᠃ ᠫᠣᠯᠶᠠᠺᠣᠸ᠂ 1881)
ᠳᠠᠬᠢᠨ ᠨᠤᠲᠤᠭᠰᠢᠭᠤᠯᠵᠤ ᠪᠤᠢ ᠭᠠᠵᠠᠷ ᠤᠳ
ᠳᠠᠬᠢᠨ ᠨᠤᠲᠤᠭᠰᠢᠭᠤᠯᠵᠤ ᠪᠤᠢ ᠭᠠᠵᠠᠷ ᠤᠳ


ᠲᠠᠬᠢ (ᠫᠷᠵᠧᠸᠠᠯᠢᠰᠺ ᠤᠨ ᠠᠳᠤᠭᠤ᠂ ᠥᠪᠥᠷ ᠮᠣᠩᠭᠣᠯ ᠤᠨ ᠵᠠᠷᠢᠮ ᠨᠤᠲᠤᠭ ᠲᠤ ᠬᠤᠯᠠᠨ ᠴᠤ ᠭᠡᠳᠡᠭ᠃) ᠨᠢ ᠮᠣᠩᠭᠣᠯ ᠍ ᠤᠨ ᠭᠣᠪᠢ ᠬᠡᠭᠡᠷ᠎ᠡ᠂ ᠲᠠᠯ᠎ᠠ ᠨᠤᠲᠤᠭ ᠲᠤ ᠠᠮᠢᠳᠤᠷᠠᠳᠠᠭ ᠵᠡᠷᠯᠢᠭ ᠠᠳᠤᠭᠤ ᠶᠤᠮ᠃ ᠣᠷᠣᠰ ᠤᠯᠤᠰ ᠤᠨ ᠰᠤᠳᠤᠯᠤᠭᠠᠴᠢ ᠨᠢᠺᠣᠯᠠᠢ ᠫᠷᠵᠧᠸᠠᠯᠢᠰᠺ  1879 ᠤᠨ ᠳᠤ ᠮᠣᠩᠭᠣᠯ ᠤᠨ ᠭᠣᠪᠢ ᠳᠤ ᠵᠡᠷᠯᠢᠭ ᠠᠳᠤᠭᠤᠨ ᠤ ᠲᠥᠷᠥᠯ ᠪᠣᠯᠬᠤ ᠲᠠᠬᠢ ᠶᠢ ᠠᠩᠬ᠎ᠠ ᠣᠯᠵᠤ ᠢᠯᠡᠷᠡᠭᠦᠯᠵᠡᠢ᠃ ᠢᠩᠭᠢᠭᠡᠳ ᠫᠷᠵᠧᠸᠠᠯᠢᠰᠺ ᠤᠨ ᠠᠳᠤᠭᠤ ᠭᠡᠵᠦ ᠨᠡᠷᠡᠯᠡᠭᠳᠡᠬᠦ ᠪᠣᠯᠤᠭᠰᠠᠨ᠃ 1966 ᠤᠨ ᠠᠴᠠ ᠬᠣᠶᠢᠰᠢ ᠪᠠᠶᠢᠭᠠᠯᠢ ᠳᠤ ᠵᠡᠷᠯᠢᠭ ᠢᠶᠡᠷ ᠲᠠᠭᠠᠷᠠᠯᠳᠤᠬᠤ ᠪᠠᠨ ᠪᠣᠯᠢᠵᠤ᠂ ᠤᠤᠭᠠᠯ ᠨᠤᠲᠤᠭ ᠲᠤ ᠪᠠᠨ ᠤᠰᠠᠳᠤᠭᠰᠠᠨ ᠳᠤ ᠲᠣᠭᠠᠴᠠᠭᠳᠠᠵᠤ ᠪᠠᠶᠢᠭᠰᠠᠨ ᠢ ᠨᠢᠳᠧᠷᠯᠠᠨᠲᠭᠧᠷᠮᠠᠨ ᠵᠡᠷᠭᠡ ᠤᠯᠤᠰ ᠤᠨ ᠠᠮᠢᠲᠠᠨ ᠤ ᠬᠦᠷᠢᠶᠡᠯᠡᠩ ᠦᠳ ᠡᠴᠡ ᠪᠤᠴᠠᠭᠠᠵᠤ ᠠᠪᠴᠢᠷᠠᠨ ᠬᠤᠰᠤᠲᠠᠢ ᠶᠢᠨ ᠨᠢᠷᠤᠭᠤᠳᠠᠭᠢ ᠶᠢᠨ ᠲᠠᠯ᠎ᠠᠬᠣᠮ ᠤᠨ ᠲᠠᠯ᠎ᠠ ᠳᠤ ᠳᠠᠬᠢᠨ ᠨᠤᠲᠤᠭᠰᠢᠭᠤᠯᠤᠨ᠂ ᠦᠷᠡᠵᠢᠭᠦᠯᠵᠦ ᠪᠠᠶᠢᠭ᠎ᠠ ᠶᠤᠮ᠃ ᠲᠠᠬᠢ ᠨᠢ ᠥᠨᠥᠳᠥᠷ ᠦᠨ ᠭᠡᠷ ᠦᠨ ᠲᠡᠵᠢᠭᠡᠮᠡᠯ ᠮᠣᠷᠢᠳ ᠤᠨ ᠡᠪᠦᠭᠡ ᠡᠴᠢᠭᠡ ᠶᠤᠮ᠃ ᠭᠡᠰᠡᠨ ᠬᠡᠳᠦᠢ ᠴᠤ ᠡᠨᠡ ᠲᠥᠷᠥᠯ ᠵᠦᠢᠯ ᠨᠢ ᠬᠡᠵᠢᠶ᠎ᠡ ᠴᠤ ᠭᠡᠷᠰᠢᠭᠡ ᠦᠭᠡᠢ ᠪᠠ ᠡᠶᠢᠮᠦ ᠴᠤ ᠤᠴᠢᠷ ᠠᠴᠠ ᠳᠡᠯᠡᠬᠡᠢ ᠶᠢᠨ ᠬᠠᠮᠤᠭ ᠤᠨ ᠰᠡᠭᠦᠯᠴᠢ ᠶᠢᠨ ᠵᠡᠷᠯᠢᠭ ᠠᠳᠤᠭᠤ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

19 ᠵᠠᠭᠤᠨ ᠳᠤ ᠧᠦ᠋ᠷᠣᠫᠠ ᠳᠤ ᠲᠠᠷᠫᠠᠨ ᠤᠰᠠᠳᠤᠭᠰᠠᠨ ᠢᠶᠠᠷ ᠵᠡᠷᠯᠢᠭ ᠠᠳᠤᠭᠤᠨ ᠤ ᠨᠢᠭᠡ ᠴᠤ ᠵᠦᠢᠯ ᠳᠡᠯᠡᠬᠡᠢ ᠳᠦ ᠦᠯᠡᠳᠡᠭᠰᠡᠨ ᠦᠭᠡᠢ ᠭᠡᠵᠦ ᠪᠠᠷᠠᠭᠤᠨ ᠤ ᠬᠢᠨ ᠪᠠᠲᠤ ᠢᠲᠡᠭᠡᠵᠦ ᠪᠠᠶᠢᠯ᠎ᠠ᠃ ᠭᠡᠲᠡᠯ᠎ᠡ 1878 ᠤᠨ ᠳᠤ ᠲᠥᠪ ᠠᠽᠢᠶ᠎ᠠ ᠰᠤᠳᠤᠯᠤᠭᠠᠴᠢ ᠨ ᠮ ᠫᠷᠵᠧᠸᠠᠯᠢᠰᠺ  ᠮᠣᠩᠭᠣᠯ ᠤᠨ ᠭᠣᠪᠢ ᠴᠥᠯ ᠡᠴᠡ ᠨᠢᠭᠡᠨ ᠵᠦᠢᠯ ᠵᠡᠷᠯᠢᠭ ᠠᠳᠤᠭᠤᠨ ᠤ ᠠᠷᠠᠰᠤ᠂ ᠭᠠᠪᠠᠯᠠ ᠶᠢᠨ ᠶᠠᠰᠤ ᠠᠪᠴᠢᠷᠠᠭᠰᠠᠨ ᠢ ᠰᠠᠨᠺᠲ ᠫᠧᠲ᠋ᠧᠷᠪᠦᠷᠭ᠌ ᠦᠨ ᠵᠣᠣᠯᠣ(Зоологийн музей) ᠤᠨ ᠮᠦᠽᠧᠢ ᠶᠢᠨ ᠡᠷᠳᠡᠮ ᠰᠢᠨᠵᠢᠯᠡᠭᠡᠨ ᠦ ᠠᠵᠢᠯᠲᠠᠨ ᠢ᠃ ᠰ᠃ ᠫᠣᠯᠶᠠᠺᠣᠸ ᠰᠤᠳᠤᠯᠵᠤ᠂ ᠦᠨᠡᠬᠡᠷ ᠵᠡᠷᠯᠢᠭ ᠠᠳᠤᠭᠤᠨ ᠤ ᠰᠢᠨ᠎ᠡ ᠵᠦᠢᠯ ᠮᠥᠨ ᠪᠣᠯᠬᠤ ᠶᠢ ᠲᠣᠳᠣᠷᠬᠠᠶᠢᠯᠠᠭᠠᠳ ᠫᠷᠵᠧᠸᠠᠯᠢᠰᠺ ᠤᠨ ᠠᠳᠤᠭᠤ (Equus przewalskii Poljakov, 1881) ᠬᠡᠮᠡᠨ ᠨᠡᠷᠡᠯᠡᠵᠦ᠂ ᠳᠡᠯᠡᠬᠡᠢ ᠨᠡᠶᠢᠲᠡ ᠳᠦ ᠵᠠᠷᠯᠠᠵᠠᠢ᠃

ᠲᠣᠭ᠎ᠠ ᠲᠣᠯᠣᠭᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠰᠤᠲᠠᠢ ᠶᠢᠨ ᠨᠢᠷᠤᠭᠤᠨ ᠳᠤ ᠲᠠᠬᠢᠨ ᠨᠤᠭᠤᠳ ᠪᠡᠯᠴᠢᠵᠦ ᠪᠠᠶᠢᠭ᠎ᠠ ᠨᠢ

ᠡᠳᠦᠭᠡ ᠪᠤᠢ ᠪᠦᠬᠦ ᠲᠠᠬᠢ ᠶᠢ 1945 ᠤᠨ ᠳᠤ ᠪᠠᠶᠢᠭᠰᠠᠨ 31 ᠲᠠᠬᠢ ᠶᠢᠨ ᠶᠢᠰᠦ  ᠶᠢᠨ ᠬᠢ ᠨᠢ ᠦᠷ᠎ᠡ ᠲᠥᠯ ᠭᠡᠵᠦ ᠦᠵᠡᠳᠡᠭ᠃ ᠲᠡᠳᠡᠭᠡᠷ ᠶᠢᠰᠦ ᠶᠢᠨ ᠶᠡᠬᠡᠩᠬᠢ ᠨᠢ 1900 ᠤᠨ ᠳᠤ ᠪᠠᠷᠢᠭᠳᠠᠭᠰᠠᠨ 15 ᠲᠠᠬᠢ  ᠶᠢᠨ ᠦᠷ᠎ᠡ ᠲᠥᠯ ᠶᠤᠮ᠃ ᠯᠣᠨᠳᠣᠨ ᠤ ᠠᠮᠢᠲᠠᠨ ᠰᠤᠳᠤᠯᠤᠯ ᠍ ᠤᠨ ᠬᠦᠷᠢᠶᠡᠯᠡᠩ ᠪᠣᠯᠤᠨ ᠮᠣᠩᠭᠣᠯ ᠤᠨ ᠡᠷᠳᠡᠮᠲᠡᠳ ᠦᠨ ᠲᠠᠬᠢ  ᠶᠢ ᠠᠮᠢᠲᠠᠨ ᠤ ᠬᠦᠷᠢᠶᠡᠯᠡᠩᠡᠴᠡ ᠬᠡᠭᠡᠷ᠎ᠡ ᠲᠠᠯ᠎ᠠ ᠳᠤ ᠡᠷᠭᠢᠨ ᠨᠤᠲᠤᠭᠰᠢᠭᠤᠯᠬᠤ ᠠᠵᠠ ᠰᠣᠷᠢᠭᠰᠠᠨ ᠬᠠᠮᠲᠤ ᠶᠢᠨ ᠠᠵᠢᠯᠯᠠᠭ᠎ᠠ ᠠᠮᠵᠢᠯᠲᠠᠲᠠᠢ ᠬᠡᠷᠡᠭᠵᠢᠭᠰᠡᠨ ᠦ ᠦᠷ᠎ᠡ ᠳ᠋ᠦᠩ ᠳᠦ 2011 ᠤᠨ ᠤ ᠪᠠᠶᠢᠳᠠᠯ ᠢᠶᠠᠷ 300 ᠭᠠᠷᠤᠢ ᠲᠠᠬᠢ ᠡᠬᠡ ᠨᠤᠲᠤᠭ ᠤᠨ ᠢᠶᠠᠨ ᠬᠡᠭᠡᠷ᠎ᠡ ᠲᠠᠯ᠎ᠠ ᠳᠤ ᠡᠷᠬᠡ ᠴᠢᠯᠦᠭᠡ ᠲᠡᠢ ᠠᠮᠢᠳᠤᠷᠠᠵᠤ ᠪᠠᠶᠢᠨ᠎ᠠ᠃ 1945 ᠤᠨ ᠳᠤ ᠪᠠᠶᠢᠭᠰᠠᠨ 31 ᠲᠠᠬᠢ 1990 ᠍ ᠳᠦ ᠤᠨ ᠤ ᠡᠬᠢ ᠪᠡᠷ 1500 ᠭᠠᠷᠤᠢ ᠪᠣᠯᠤᠭᠰᠠᠨ ᠪᠠᠶᠢᠨ᠎ᠠ᠃

http://wiki.uhaan.com/index.php?title=ᠲᠠᠬᠢ&oldid=480949》 ᠍  ᠡᠴᠡ ᠠᠪᠤᠭᠰᠠᠨ

ᠪᠢᠴᠢᠭᠡᠰᠦ