ᠲᠠᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠶᠡᠬᠡ ᠲᠠᠨ ᠤᠯᠤᠰ
ᠨᠡᠶᠢᠰᠯᠡᠯᠰᠢ ᠠᠨ (618-904)
ᠯᠤᠢᠩ (904-907)
ᠠᠯᠪᠠᠨ ᠬᠡᠯᠡ ᠳᠤᠮᠳᠠᠳᠤ ᠡᠷᠲᠡᠨ ᠦ ᠬᠢᠲᠠᠳ ᠬᠡᠯᠡ
ᠲᠥᠷᠥ ᠵᠠᠰᠠᠭ ᠬᠠᠭᠠᠨᠲᠤ ᠵᠠᠰᠠᠭᠯᠠᠯ
 -  618-626 ᠲᠠᠨ ᠭᠠᠣᠵᠣ
 -  904-907 ᠲᠠᠨ ᠠᠢ ᠳ᠋ᠢ
618-907
 -  ᠲᠠᠨ ᠤᠯᠤᠰ ᠪᠠᠶᠢᠭᠤᠯᠤᠭᠳᠠᠪᠠ 618 ᠣᠨ ᠤ 6 ᠰᠠᠷ᠎ᠠ ᠶᠢᠨ 26 
 -  ᠤ ᠵᠡᠳᠢᠨᠢ ᠬᠠᠲᠤᠨ ᠬᠠᠭᠠᠨ ᠤ ᠨᠣᠶᠠᠷᠬᠠᠯ 690-705 
 -  ᠲᠠᠨ ᠤᠯᠤᠰ ᠮᠥᠬᠥᠪᠡ 907 ᠣᠨ ᠤ 6 ᠰᠠᠷ᠎ᠠ ᠶᠢᠨ 1 
ᠨᠤᠲᠤᠭ ᠳᠡᠪᠢᠰᠬᠡᠷ
 -  ᠪᠦᠬᠦ ᠲᠠᠯᠠᠪᠠᠢ 5,400,000 км² km2 
ᠬᠦᠮᠦᠨ ᠠᠮᠠ
 -  ᠲᠣᠭᠠᠯᠠᠯᠭ᠎ᠠ (9 ᠍ ᠳᠦᠭᠡᠷ ᠵᠠᠭᠤᠨ) 80,000,000 

ᠲᠠᠨ ᠤᠯᠤᠰ ᠨᠢ ᠬᠢᠲᠠᠳ ᠍ ᠤᠨ ᠲᠡᠦᠬᠡᠨ ᠳᠦ 618-907 ᠣᠨ ᠤ ᠬᠣᠭᠣᠷᠣᠨᠳᠣ ᠣᠷᠣᠰᠢᠵᠤ ᠪᠠᠶᠢᠭᠰᠠᠨ ᠬᠠᠮᠤᠭ ᠤᠨ ᠬᠦᠴᠦᠷᠬᠡᠭ ᠤᠯᠤᠰ ᠤᠳ ᠤᠨ ᠨᠢᠭᠡ ᠶᠠᠭᠤᠮ᠎ᠠ᠃ ᠲᠡᠦᠬᠡᠴᠢᠳ "ᠲᠠᠨ" ᠤᠯᠤᠰ ᠢ ᠪᠠᠰᠠ ᠡᠬᠢᠨ ᠦ ᠦᠶ᠎ᠡ ᠪᠣᠯᠤᠨ ᠰᠡᠭᠦᠯᠴᠢ ᠶᠢᠨ ᠦᠶ᠎ᠡ ᠭᠡᠵᠦ ᠬᠤᠪᠢᠶᠠᠳᠠᠭ ᠪᠥᠭᠡᠳ ᠲᠡᠷᠡ ᠨᠢ ᠠᠨᠢ ᠯᠤᠱᠠᠩᠢ ᠪᠣᠰᠤᠯᠭ᠎ᠠ ᠪᠠᠷ ᠵᠠᠭᠠᠭ ᠪᠣᠯᠭᠠᠳᠠᠭ ᠪᠠᠶᠢᠨ᠎ᠠ᠃ ᠲᠠᠨ ᠤᠯᠤᠰ ᠤᠨ ᠡᠬᠢᠨ ᠦ ᠦᠶ᠎ᠡ ᠨᠢ ᠬᠥᠭᠵᠢᠨ ᠮᠠᠨᠳᠤᠭᠰᠠᠨ ᠦᠶ᠎ᠡ᠂ ᠰᠡᠭᠦᠯᠴᠢ ᠶᠢᠨ ᠦᠶ᠎ᠡ ᠨᠢ ᠳᠣᠷᠣᠶᠢᠳᠠᠨ ᠪᠠᠭᠤᠷᠠᠭᠰᠠᠨ ᠦᠶ᠎ᠡ ᠪᠣᠯᠤᠨ᠎ᠠ᠃ ᠲᠠᠨ ᠤᠯᠤᠰ ᠤᠨ ᠭᠠᠣ ᠵᠤ ᠬᠠᠭᠠᠨ ᠨᠢ ᠲᠠᠨ ᠤᠯᠤᠰ ᠢ ᠦᠨᠳᠦᠰᠦᠯᠡᠨ ᠪᠠᠶᠢᠭᠤᠯᠵᠤ᠂ ᠲᠠᠨ ᠤᠯᠤᠰ ᠤᠨ ᠲᠠᠨ ᠲᠠᠶᠢᠽᠤᠨ ᠬᠠᠭᠠᠨ ᠨᠢ ᠠᠷᠪᠠᠨ ᠵᠢᠯ ᠦᠨ ᠳᠠᠶᠢᠨ ᠢᠶᠠᠷ ᠨᠢᠭᠡᠳᠦᠯ ᠦᠨ ᠶᠡᠬᠡ ᠦᠢᠯᠡᠰ ᠢ ᠪᠡᠶᠡᠯᠡᠭᠦᠯᠦᠭᠰᠡᠨ ᠪᠢᠯᠡ᠃ ᠰᠸᠠᠨ ᠤ ᠮᠡᠨ ᠦ ᠬᠡᠷᠡᠭ ᠬᠤᠪᠢᠰᠤᠯ ᠤᠨ ᠳᠠᠷᠠᠭ᠎ᠠ᠂ ᠯᠢ ᠱᠢ ᠮᠢᠨᠢ ᠬᠠᠭᠠᠨ ᠰᠢᠷᠡᠭᠡᠨ ᠢᠶᠡᠨ ᠰᠠᠭᠤᠭᠠᠳ᠂ ᠤᠯᠤᠰ ᠣᠷᠣᠨ ᠢᠶᠠᠨ ᠵᠠᠰᠠᠨ ᠬᠥᠲᠥᠯᠬᠦ ᠲᠠᠯ᠎ᠠ ᠪᠠᠷ ᠴᠢᠷᠮᠠᠶᠢᠵᠤ ᠠᠵᠢᠯᠯᠠᠭᠰᠠᠨ ᠢᠶᠠᠷ "ᠲᠠᠨ ᠤᠯᠤᠰ" ᠨᠢ ᠬᠢᠲᠠᠳ ᠤᠨ ᠹᠧᠣᠳᠠᠯ ᠤᠨ ᠨᠡᠶᠢᠭᠡᠮ ᠤᠨ ᠲᠡᠦᠬᠡᠨ ᠳᠦ ᠤᠷᠢᠳᠤ ᠡᠮᠦᠨ᠎ᠡ ᠭᠠᠷᠴᠤ ᠪᠠᠶᠢᠭ᠎ᠠ ᠦᠭᠡᠢ ᠴᠡᠴᠡᠭᠯᠡᠨ ᠬᠥᠭᠵᠢᠭᠰᠡᠨ ᠦᠶ᠎ᠡ ᠪᠣᠯᠤᠭᠰᠠᠨ ᠪᠠᠶᠢᠨ᠎ᠠ᠃ ᠢᠯᠠᠩᠭᠤᠶ᠎ᠠ 《ᠵᠢᠨᠢ ᠭᠤᠸᠠ ᠶᠢᠨ ᠦ ᠵᠠᠰᠠᠭᠯᠠᠯ》 ᠍ ᠪᠠᠷ ᠳᠠᠮᠵᠢᠵᠤ᠂ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ ᠵᠡᠷᠭᠡ ᠣᠯᠠᠨ ᠲᠠᠯ᠎ᠠ ᠪᠠᠷ ᠪᠦᠷ ᠲᠤᠬᠠᠢ ᠶᠢᠨ ᠦᠶ᠎ᠡ ᠶᠢᠨ ᠳᠡᠯᠡᠬᠡᠢ ᠶᠢᠨ ᠲᠡᠷᠢᠭᠦᠨ ᠦ ᠲᠥᠪᠰᠢᠨ ᠳᠦ ᠬᠦᠷᠦᠭᠰᠡᠨ ᠪᠠᠶᠢᠴᠠᠢ᠃ ᠲᠡᠭᠦᠨ ᠡᠴᠡ ᠬᠣᠶᠢᠰᠢ᠂ ᠲᠠᠨ ᠤᠯᠤᠰ ᠤᠨ ᠲᠠᠨ ᠰᠸᠠᠨ ᠵᠤᠨ ᠬᠠᠭᠠᠨ ᠤ ᠦᠶ᠎ᠡ ᠳᠦ ᠪᠠᠰᠠ 《ᠺᠠᠢ ᠶᠤᠸᠠᠨ ᠦ ᠮᠠᠨᠳᠤᠯ ᠤᠨ ᠦᠶ᠎ᠡ》 ᠍ ᠳᠦ ᠣᠷᠣᠵᠤ᠂ ᠤᠯᠤᠰ ᠭᠦᠷᠦᠨ ᠨᠢ ᠬᠦᠴᠦᠷᠬᠡᠭᠵᠢᠨ᠂ ᠠᠷᠠᠳ ᠢᠷᠭᠡᠳ ᠨᠢ ᠴᠢᠨᠡᠭᠡᠯᠢᠭ ᠠᠮᠢᠳᠤᠷᠠᠯ ᠲᠠᠢ ᠪᠣᠯᠵᠤ᠂ ᠠᠮᠤᠷ ᠲᠠᠶᠢᠪᠤᠩ ᠰᠠᠶᠢᠬᠠᠨ ᠴᠠᠭ ᠦᠶ᠎ᠡ ᠳᠠᠬᠢᠨ ᠢᠯᠡᠷᠡᠭᠰᠡᠨ ᠪᠠᠶᠢᠯ᠎ᠠ᠃ ᠭᠡᠪᠡᠴᠦ ᠮᠥᠨ ᠦᠶ᠎ᠡ ᠳᠦ ᠪᠠᠰᠠ ᠠᠨᠢ ᠯᠤᠰᠢᠨ ᠤ ᠪᠣᠰᠤᠯᠭ᠎ᠠ ᠭᠠᠷᠤᠭᠰᠠᠨ ᠪᠥᠭᠡᠳ ᠲᠡᠭᠦᠨ ᠡᠴᠡ ᠡᠬᠢᠯᠡᠵᠦ ᠲᠠᠨ ᠤᠯᠤᠰ ᠪᠠᠭᠤᠷᠠᠬᠤ ᠲᠡᠰᠢ ᠪᠡᠨ ᠬᠠᠨᠳᠤᠭᠰᠠᠨ ᠪᠠᠶᠢᠪᠠ᠃

http://wiki.uhaan.com/index.php?title=ᠲᠠᠨ_ᠤᠯᠤᠰ&oldid=443394》 ᠍  ᠡᠴᠡ ᠠᠪᠤᠭᠰᠠᠨ

ᠪᠢᠴᠢᠭᠡᠰᠦ