ᠲᠠᠨᠽᠠᠨᠢᠢ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠨᠢᠭᠡᠳᠦᠭᠰᠡᠨ ᠲᠠᠨᠽᠠᠨᠢᠢ ᠠ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: 《Uhuru na Umoja (ᠰᠪᠠᠬᠢᠯᠢ)
(ᠡᠷᠬᠡ ᠴᠢᠯᠦᠭᠡ᠂ ᠡᠪ ᠨᠢᠭᠡᠳᠦᠯ)
ᠲᠥᠷᠥ ᠵᠠᠰᠠᠭ ᠪᠦᠭᠦᠳᠡ ᠨᠠᠶᠢᠷᠠᠮᠳᠠᠬᠤ ᠤᠯᠤᠰ
 -  ᠶᠡᠷᠦᠩᠬᠡᠶᠢᠯᠡᠭᠴᠢ ᠵᠠᠺᠠᠶ᠎ᠠ ᠮᠷᠢᠱᠣ ᠺᠢᠺᠸᠧᠲ᠋ᠧ
 -  ᠶᠡᠷᠦᠩᠬᠡᠢ ᠰᠠᠶᠢᠳ ᠮᠢᠽᠧᠩ ᠢᠶᠠ ᠫᠠᠨᠳᠠ
 -  ᠭᠠᠳᠠᠷᠭᠤ ᠶᠢᠨ ᠤᠰᠤ (%) 6.2
ᠬᠦᠮᠦᠨ ᠠᠮᠠ
 -  ᠲᠣᠭᠠᠴᠠᠭ᠎ᠠ () 37,849,133 
 -  ᠲᠣᠭᠠᠯᠠᠯᠭ᠎ᠠ () 35,214,888 
ᠬᠡᠦᠬᠡᠳ ᠦᠨ ᠬᠥᠭᠵᠢᠯ ᠦᠨ ᠢᠨᠳᠧᠺᠰ  0.467 (159)
ᠮᠥᠩᠭᠥᠨ ᠦ ᠨᠢᠭᠡᠴᠡ ᠲᠠᠨᠽᠠᠨᠢᠢ ᠠ ᠰᠢᠯᠯᠢᠩ ᠢ )
ᠴᠠᠭ ᠤᠨ ᠪᠥᠰᠡ +3
ᠤᠲᠠᠰᠤᠨ ᠤ ᠲᠣᠮᠢᠶ᠎ᠠ 255
1ᠡᠨᠡ ᠤᠯᠤᠰ ᠤᠨ ᠬᠦᠮᠦᠨ ᠠᠮᠠ ᠶᠢᠨ ᠲᠣᠭᠠᠴᠠᠭᠠᠨ ᠳᠤ ДОХ ᠍ ᠍ ᠤᠨ ᠤᠯᠠᠮ ᠠᠴᠠ ᠨᠠᠰᠤ ᠪᠠᠷᠠᠭᠰᠠᠳ ᠶᠡᠬᠡ ᠪᠠᠶᠢᠭ᠎ᠠ ᠶᠢ ᠲᠣᠭᠠᠴᠠᠭᠰᠠᠨ᠎ᠠ ᠪᠠᠷ ᠳᠤᠮᠳᠠᠴᠢ ᠨᠠᠰᠤᠯᠠᠯᠲᠠ ᠪᠠᠭᠠᠰᠴᠢ᠂ ᠨᠢᠷᠠᠢ ᠶᠢᠨ ᠡᠨᠳᠡᠭᠳᠡᠯ ᠥᠰᠴᠢ᠂ ᠨᠠᠰᠤ ᠪᠠᠷᠤᠯᠲᠠ ᠶᠢᠨ ᠬᠡᠮᠵᠢᠶ᠎ᠡ ᠨᠡᠮᠡᠭᠳᠡᠵᠦ᠂ ᠬᠦᠮᠦᠨ ᠠᠮᠠ ᠪᠣᠯᠤᠨ ᠬᠦᠮᠦᠨ ᠠᠮᠠ ᠶᠢᠨ ᠥᠰᠦᠯᠲᠡ ᠶᠢᠨ ᠬᠤᠪᠢ ᠪᠠᠭᠤᠷᠴᠢ᠂ ᠬᠦᠮᠦᠨ ᠠᠮᠠ ᠶᠢᠨ ᠨᠠᠰᠤ᠂ ᠬᠦᠢᠰᠦᠨ ᠦ ᠡᠵᠡᠯᠡᠬᠦ ᠬᠤᠪᠢ ᠥᠭᠡᠷᠡᠴᠢᠯᠡᠭᠳᠡᠭᠰᠡᠨ᠃
² ᠺᠧᠨᠢᠶ ᠠᠤ᠋ᠭᠤᠨᠳᠤ᠋ᠠᠰ ᠵᠠᠯᠭᠠᠪᠠᠯ 007 ᠍ ᠍ ᠪᠠᠷ ᠣᠷᠣᠨ᠎ᠠ᠃

ᠲᠠᠨᠽᠠᠨᠢᠢ ᠠ, ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠨᠢᠭᠡᠳᠦᠭᠰᠡᠨ ᠲᠠᠨᠽᠠᠨᠢᠢ ᠠ ᠤᠯᠤᠰ (Jamhuri ya Muungano wa Tanzania), ᠨᠢ ᠳᠣᠷᠣᠨᠠᠲᠤ ᠠᠹᠷᠢᠺᠠ ᠲᠤ ᠬᠣᠶᠢᠳᠤ ᠵᠦᠭ ᠲᠤ ᠺᠧᠨᠢᠶ ᠠᠤ᠋ᠭᠤᠨᠳᠤ᠋ᠲᠠᠢ᠂ ᠪᠠᠷᠠᠭᠤᠨ ᠵᠦᠭ ᠲᠤ ᠷᠤᠸᠠᠩᠳᠠᠪᠦᠷᠤᠨᠳᠢᠪᠦᠭᠦᠳᠡ ᠨᠠᠶᠢᠷᠠᠮᠳᠠᠬᠤ ᠠᠷᠠᠳᠴᠢᠯᠠᠭᠰᠠᠨ ᠺᠣᠩᠭᠣ ᠤᠯᠤᠰᠲᠠᠢ᠂ ᠡᠮᠦᠨ᠎ᠡ ᠵᠦᠭ ᠲᠤ ᠽᠠᠮᠪᠢᠮᠠᠯᠠᠸᠸᠢᠮᠣᠽᠠᠮᠪᠢᠺ ᠤᠯᠤᠰ ᠲᠠᠢ ᠬᠢᠯᠢᠯᠡᠨ ᠣᠷᠣᠰᠢᠳᠠᠭ᠃ ᠵᠡᠭᠦᠨ ᠲᠠᠯ᠎ᠠ ᠪᠠᠷ ᠢᠶᠠᠨ ᠡᠨᠡᠳᠬᠡᠭ ᠦᠨ ᠳᠠᠯᠠᠢᠭᠠ ᠪᠠᠷ ᠬᠦᠷᠢᠶᠡᠯᠡᠭᠳᠡᠭᠰᠡᠨ᠃

ᠲᠤᠰ ᠤᠯᠤᠰ ᠤᠨ ᠨᠡᠷ᠎ᠡ ᠨᠢ ᠲᠠᠩᠭᠠᠨᠢᠺᠠ ᠬᠡᠮᠡᠬᠦ ᠡᠬᠡ ᠭᠠᠵᠠᠷ ᠤᠨ ᠨᠤᠲᠤᠭ ᠳᠡᠪᠢᠰᠬᠡᠷ ᠪᠠ ᠵᠠᠨᠵᠤᠪᠠᠷ ᠬᠡᠮᠡᠬᠦ ᠣᠯᠲᠣᠷᠢᠭ ᠤᠨ ᠨᠡᠷᠡᠨ ᠨᠦᠭᠦᠳ ᠦᠨ ᠡᠬᠢᠨ ᠦ ᠦᠶ᠎ᠡ ᠨᠦᠭᠦᠳ ᠢ ᠨᠡᠶᠢᠯᠡᠭᠦᠯᠦᠭᠰᠡᠨ ᠨᠡᠷ᠎ᠡ ᠶᠤᠮ᠃ 1964 ᠣᠨ ᠳᠤ ᠪᠷᠢᠲ᠋ᠠᠨ(ᠠᠩᠭᠯᠢ) ᠤᠨ ᠡᠵᠡᠨᠲᠦ ᠤᠯᠤᠰ ᠍ ᠍ ᠤᠨ ᠳᠡᠭᠡᠷᠡᠬᠢ ᠨᠡᠷ᠎ᠡ ᠪᠦᠬᠦᠢ ᠬᠣᠶᠠᠷ ᠺᠣᠯᠣᠨᠢ ᠨᠢᠭᠡᠳᠴᠦ᠂ ᠲᠠᠩᠭᠠᠨᠢᠺᠠ ᠪᠠ ᠵᠠᠨᠵᠤᠪᠠᠷ ᠤᠨ ᠨᠢᠭᠡᠳᠦᠭᠰᠡᠨ ᠪᠦᠭᠦᠳᠡ ᠨᠠᠶᠢᠷᠠᠮᠳᠠᠬᠤ ᠤᠯᠤᠰ ᠢ ᠪᠠᠶᠢᠭᠤᠯᠤᠭᠰᠠᠨ ᠪᠥᠭᠡᠳ ᠲᠡᠷᠡ ᠵᠢᠯ ᠢᠶᠡᠨ ᠨᠡᠷ᠎ᠡ ᠪᠡᠨ ᠪᠦᠭᠦᠳᠡ ᠨᠠᠶᠢᠷᠠᠮᠳᠠᠬᠤ ᠨᠢᠭᠡᠳᠦᠭᠰᠡᠨ ᠲᠠᠨᠽᠠᠨᠢᠢ ᠠ ᠤᠯᠤᠰ ᠪᠣᠯᠭᠠᠨ ᠥᠭᠡᠷᠡᠴᠢᠯᠡᠵᠡᠢ᠃[1]

1996 ᠣᠨ ᠳᠤ ᠲᠥᠷᠥ ᠶᠢᠨ ᠪᠠᠶᠢᠭᠤᠯᠤᠯᠭ᠎ᠠ ᠨᠤᠭᠤᠳ ᠨᠢ ᠳᠠᠷᠠ ᠡᠴᠡ-ᠰᠠᠯᠠᠮᠠ ᠠᠴᠠ ᠳᠣᠳᠣᠮᠠ ᠷᠤ ᠨᠡᠭᠦᠵᠦ ᠳᠣᠳᠣᠮᠠᠭ ᠤᠯᠤᠰ ᠤᠨ ᠨᠡᠶᠢᠰᠯᠡᠯ ᠪᠣᠯᠭᠠᠭᠰᠠᠨ᠃ ᠳᠠᠷᠠ ᠡᠴᠡ-ᠰᠠᠯᠠᠮ ᠨᠢ ᠲᠤᠰ ᠤᠯᠤᠰ ᠤᠨ ᠡᠳ᠋ ᠍ ᠍ ᠦᠨ ᠵᠠᠰᠠᠭ ᠤᠨ ᠭᠣᠣᠯ ᠲᠥᠪ ᠬᠡᠪ ᠢᠶᠡᠷ ᠪᠠᠶᠢᠨ᠎ᠠ᠃[1][2]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠥ ᠶᠢᠨ ᠲᠠᠨᠽᠠᠨᠢᠢ ᠠ ᠨᠢ 1880-1919 ᠣᠨ ᠳᠤ ᠭᠧᠷᠮᠠᠨᠺᠣᠯᠣᠨᠢ ᠪᠥᠭᠡᠳ ᠨᠢᠭᠡ ᠬᠡᠰᠡᠭ ᠪᠠᠶᠢᠭᠰᠠᠨ᠃ ᠤᠯᠠᠨ ᠤᠯᠤᠰ ᠤᠨ ᠬᠤᠯᠪᠤᠭ᠎ ᠠᠡᠶᠢᠨ ᠲᠣᠭᠲᠠᠭᠠᠯ ᠢᠶᠠᠷ ᠲᠤᠰ ᠨᠤᠲᠤᠭ ᠳᠡᠪᠢᠰᠬᠡᠷ ᠢ ᠪᠷᠢᠲ᠋ᠠᠨ(ᠠᠩᠭᠯᠢ) ᠍ ᠍ ᠶᠢᠨ ᠮᠠᠨᠳᠠᠲ ᠲᠤ ᠰᠢᠯᠵᠢᠭᠦᠯᠦᠭᠰᠡᠨ ᠢᠶᠡᠷ 1919-1961 ᠣᠨ ᠳᠤ ᠡᠶᠢᠮᠦ ᠰᠲ᠋ᠠᠲ᠋ᠦ᠋ᠰ ᠲᠠᠢ ᠪᠠᠶᠢᠴᠠᠢ᠃ ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠳᠦ ᠡᠨᠡᠬᠦ ᠨᠤᠲᠤᠭ ᠳᠡᠪᠢᠰᠬᠡᠷ ᠢ ᠴᠡᠷᠢᠭ ᠦᠨ ᠫᠣᠰᠲ ᠪᠣᠯᠭᠠᠨ ᠠᠰᠢᠭᠯᠠᠵᠤ ᠪᠠᠶᠢᠭᠰᠠᠨ ᠪᠥᠭᠡᠳ ᠰᠠᠩᠬᠦᠦ ᠶᠢᠨ ᠲᠤᠰᠠᠯᠠᠮᠵᠢ ᠠᠴᠠ ᠭᠠᠳᠠᠨ᠎ᠠ ᠵᠡᠪᠰᠡᠭ ᠬᠡᠷᠡᠭᠯᠡᠯ ᠢᠶᠡᠷ ᠬᠠᠩᠭᠠᠵᠤ ᠪᠠᠶᠢᠪᠠ᠃ 1960 ᠣᠨ ᠳᠤ ᠪᠷᠢᠲ᠋ᠠᠨ(ᠠᠩᠭᠯᠢ) ᠤᠨ ᠵᠠᠬᠢᠷᠭᠠᠨ ᠳᠤ ᠪᠠᠶᠢᠭᠰᠠᠨ ᠲᠠᠩᠭᠠᠨᠢᠺᠠ ᠶᠢᠨ ᠠᠮᠪᠠᠨ ᠰᠠᠶᠢᠳ ᠢᠶᠠᠷ ᠵᠦᠯᠢᠤᠰ ᠨᠧᠷᠧᠷᠧ ᠲᠣᠮᠢᠯᠠᠭᠳᠠᠭᠰᠠᠨ ᠪᠠ 1961 ᠣᠨ ᠳᠤ ᠲᠠᠩᠭᠠᠨᠢᠺᠠ ᠲᠤᠰᠠᠭᠠᠷ ᠲᠣᠭᠲᠠᠨᠢᠬᠤ ᠳᠤ ᠶᠡᠷᠦᠩᠬᠡᠢ ᠰᠠᠶᠢᠳ ᠪᠣᠯᠵᠠᠢ᠃ ᠲᠠᠩᠭᠠᠨᠢᠺᠠ 1963 ᠣᠨ ᠳᠤ ᠲᠤᠰᠠᠭᠠᠷ ᠲᠣᠭᠲᠠᠨᠢᠭᠰᠠᠨ ᠬᠥᠷᠰᠢ ᠤᠯᠤᠰ ᠵᠠᠨᠵᠤᠪᠠᠷᠲᠠᠢ 1964 ᠣᠨ ᠤ ᠳᠥᠷᠪᠡᠳᠦᠭᠡᠷ ᠰᠠᠷ᠎ᠠ ᠶᠢᠨ 26 ᠍ ᠍ ᠳᠦ ᠨᠢᠭᠡᠳᠴᠦ ᠲᠠᠨᠽᠠᠨᠢᠢ ᠠ ᠤᠯᠤᠰ ᠢ ᠪᠠᠶᠢᠭᠤᠯᠤᠭᠰᠠᠨ᠃ 1970 ᠍ ᠍ ᠊ᠭᠠᠳ ᠣᠨ ᠠᠴᠠ ᠬᠣᠶᠢᠰᠢ ᠲᠤᠰ ᠤᠯᠤᠰ ᠲᠤ ᠠᠩᠬ᠎ᠠ ᠤᠳᠠᠭ᠎ᠠ 1995 ᠣᠨ ᠳᠤ ᠠᠷᠠᠳᠴᠢᠯᠠᠭᠰᠠᠨ ᠰᠣᠩᠭᠣᠭᠤᠯᠢ ᠪᠣᠯᠤᠭᠰᠠᠨ ᠢᠶᠠᠷ ᠨᠢᠭᠡ ᠨᠠᠮ ᠤᠨ ᠨᠣᠶᠠᠷᠬᠠᠯ ᠡᠴᠦᠰ ᠪᠣᠯᠵᠠᠢ᠃

ᠲᠤᠰᠠᠭᠠᠷ ᠲᠣᠭᠲᠠᠨᠢᠭᠰᠠᠨ ᠤ ᠪᠠᠨ ᠳᠠᠷᠠᠭ᠎ᠠ ᠤᠳᠠᠯ ᠦᠭᠡᠢ ᠰᠣᠴᠢᠶᠠᠯᠢᠰᠲᠤ ᠤᠯᠤᠰ ᠪᠣᠯᠤᠭᠰᠠᠨ ᠲᠠᠨᠵᠠᠨᠢᠳ ᠡᠳ᠋ ᠍ ᠍ ᠦᠨ ᠵᠠᠰᠠᠭ ᠢ ᠨᠢ ᠳᠣᠷᠣᠶᠢᠲᠠᠭᠤᠯᠤᠭᠰᠠᠨ ᠪᠦᠲᠦᠴᠡ ᠶᠢᠨ ᠥᠭᠡᠷᠡᠴᠢᠯᠡᠯᠲᠡ ᠬᠢᠬᠦ ᠨᠥᠬᠥᠴᠡᠯ ᠲᠡᠢ ᠪᠡᠷ ᠡᠳ᠋ ᠍ ᠍ ᠦᠨ ᠵᠠᠰᠠᠭ ᠤᠨ ᠲᠤᠰᠠᠯᠠᠮᠵᠢ ᠣᠯᠭᠣᠭᠳᠠᠭᠰᠠᠨ᠃ ᠲᠤᠰ ᠤᠯᠤᠰ ᠤᠨ ᠨᠡᠶᠢᠭᠡᠮ᠂ ᠡᠳ᠋ ᠍ ᠍ ᠦᠨ ᠵᠠᠰᠠᠭ ᠤᠨ ᠬᠦᠷᠢᠶ᠎ᠡ ᠰᠣᠴᠢᠶᠠᠯᠢᠰᠲᠤ ᠬᠡᠪ ᠢᠶᠡᠷ ᠢᠶᠡᠨ ᠪᠠᠶᠢᠬᠤ ᠦᠶ᠎ᠡ ᠳᠦ ᠺᠠᠫᠢᠲ᠋ᠠᠯᠢᠰᠮ ᠷᠤ ᠣᠭᠴᠣᠮ ᠰᠢᠯᠵᠢᠭᠰᠡᠨ ᠲᠤᠯᠠ ᠡᠨᠡᠬᠦ ᠡᠳ᠋ ᠍ ᠍ ᠦᠨ ᠵᠠᠰᠠᠭ ᠤᠨ ᠬᠦᠨᠳᠦᠷᠡᠯ ᠪᠡᠷᠬᠡᠰᠢᠶᠡᠯ ᠡᠭᠦᠰᠦᠭᠰᠡᠨ ᠶᠤᠮ᠃ 1980 ᠍ ᠍ ᠊ᠭᠠᠳ ᠣᠨ ᠳᠤ ᠲᠠᠨᠵᠠᠨ᠎ᠠ ᠶᠢᠨ ДНБ ᠥᠰᠦᠭᠰᠡᠨ ᠪᠣᠯᠪᠠᠴᠤ ᠬᠦᠮᠦᠨ ᠦ ᠬᠥᠭᠵᠢᠯ ᠦᠨ ᠢᠨᠳᠧᠺᠰ ᠨᠢ ᠪᠠᠭᠤᠷᠠᠵᠠᠢ᠃

ᠲᠠᠨᠵᠠᠨ᠎ᠠ ᠶᠢᠨ ᠡᠳ᠋ ᠍ ᠍ ᠦᠨ ᠵᠠᠰᠠᠭ ᠤᠨ ᠬᠥᠭᠵᠢᠯ ᠰᠠᠭᠠᠳ ᠪᠡᠷᠬᠡᠰᠢᠶᠡᠯ ᠲᠡᠢ ᠲᠤᠯᠭᠠᠷᠴᠢ ᠪᠠᠶᠢᠭ᠎ᠠ ᠬᠡᠳᠦᠢ ᠴᠤ ᠲᠤᠰ ᠤᠯᠤᠰ ᠤᠨ ᠪᠠᠶᠢᠭᠠᠯᠢ ᠶᠢᠨ ᠨᠥᠭᠡᠴᠡ ᠶᠢᠨ ᠡᠺᠰᠫᠣᠷᠲ ᠥᠰᠴᠢ ᠪᠠᠶᠢᠭ᠎ᠠ ᠤᠴᠢᠷ ᠠᠴᠠ ᠬᠡᠲᠦ ᠶᠢᠨ ᠲᠥᠯᠥᠪ ᠰᠠᠶᠢᠲᠠᠢ ᠬᠠᠷᠠᠭᠳᠠᠵᠤ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Tanzania
  1. 1.0 1.1 》The World Factbook - Tanzania《, CIA, 2006
  2. The Tanzania National Website: Country Profile

ᠪᠢᠴᠢᠭᠡᠰᠦ