ᠱᠯᠦᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠱᠯᠦᠨᠢ (ᠬᠢᠲᠠᠳ: 郁久閭社崙, Simplified Chinese: 郁久闾社仑; ᠫᠢᠨᠢᠨ: Yùjiǔlǘ Shèlún) ᠪᠤᠶᠤ ᠵᠠᠷᠤᠩ ᠬᠠᠭᠠᠨ, ᠷᠡᠦᠷᠠᠨ ᠳᠡᠤᠲᠠᠢ ᠬᠠᠭᠠᠨ (? - 410) ᠨᠢ 394-402 ᠣᠨ ᠤ ᠬᠣᠭᠣᠷᠣᠨᠳᠣ ᠨᠢᠷᠤᠨ ᠤᠯᠤᠰ ᠍ ᠤᠨ ᠵᠠᠬᠢᠷᠤᠭᠴᠢ᠂ 402-410 ᠣᠨ ᠬᠦᠷᠲᠡᠯ᠎ᠡ ᠠᠩᠬᠠᠨ ᠤ ᠬᠠᠭᠠᠨ ᠨᠢ ᠪᠠᠶᠢᠪᠠ᠃

ᠲᠡᠷᠡ ᠪᠡᠷ 4-5 ᠍ ᠳᠦᠭᠡᠷ ᠵᠠᠭᠤᠨ ᠤ ᠵᠠᠭᠠᠭ ᠠᠴᠠ ᠦᠶᠡᠰ ᠬᠦᠴᠦᠷᠬᠡᠭᠵᠢᠬᠦ ᠪᠣᠯᠵᠠᠢ᠃ ᠮᠣᠩᠭᠣᠯ᠂ ᠤᠶᠢᠭᠤᠷ᠂ ᠲᠦᠷᠦᠭ ᠤᠭᠰᠠᠭᠠᠨ ᠤ ᠣᠯᠠᠨ ᠠᠶᠢᠮᠠᠭ ᠢ ᠥᠪᠡᠷ ᠦᠨ ᠡᠷᠬᠡᠰᠢᠶᠡᠯ ᠳᠦ ᠪᠡᠨ ᠣᠷᠣᠭᠤᠯᠵᠤ ᠪᠠᠶᠢᠭᠰᠠᠨ ᠴᠤ 5 ᠍ ᠳᠦᠭᠡᠷ ᠵᠠᠭᠤᠨ ᠢ ᠬᠦᠷᠲᠡᠯ᠎ᠡ ᠶᠡᠬᠡ ᠭᠣᠪᠢ ᠶᠢᠨ ᠠᠷᠤ ᠪᠠᠷ ᠨᠤᠲᠤᠭᠯᠠᠵᠤ ᠶᠠᠪᠤᠭᠰᠠᠨ ᠤᠶᠢᠭᠤᠷ ᠤᠭᠰᠠᠭᠠᠨ ᠤ ᠭᠠ ᠠᠦᠢ ᠨᠠᠷ ᠢ ᠪᠦᠷᠢᠨ ᠡᠵᠡᠯᠡᠨ ᠡᠷᠬᠡᠰᠢᠶᠡᠯ ᠳᠦ ᠪᠡᠨ ᠣᠷᠣᠭᠤᠯᠵᠤ ᠴᠢᠳᠠᠭ᠎ᠠ ᠦᠭᠡᠢ ᠠᠵᠢ᠃ ᠲᠡᠳᠡᠨ ᠢ ᠪᠦᠷ ᠮᠥᠰᠦᠨ ᠡᠵᠡᠯᠡᠨ ᠠᠪᠬᠤ ᠵᠣᠷᠢᠯᠭ᠎ᠠ ᠪᠠᠷ ᠪᠡᠯᠡᠳᠬᠡᠯ ᠬᠢᠭᠰᠡᠨ ᠦ ᠡᠴᠦᠰ ᠲᠦ 402 ᠣᠨ ᠳᠤ ᠲᠡᠳᠡᠨ ᠢ ᠶᠡᠬᠡ ᠬᠦᠴᠦ ᠪᠡᠷ ᠳᠣᠪᠲᠣᠯᠵᠠᠢ᠃ ᠲᠤᠰ ᠳᠠᠭᠠᠷᠢᠯᠲᠠ ᠪᠠᠷ ᠭᠠ ᠠᠦᠢ ᠨᠠᠷ ᠲᠡᠳᠦᠢ ᠦᠭᠡᠢ ᠥᠭᠡᠷ᠎ᠡ ᠪᠤᠰᠤᠳ ᠠᠶᠢᠮᠠᠭ ᠤᠳ ᠢ ᠴᠤ ᠪᠠᠰᠠ ᠥᠪᠡᠷ ᠦᠨ ᠮᠡᠳᠡᠯ ᠳᠦ ᠣᠷᠣᠭᠤᠯᠵᠤ ᠭᠠᠵᠠᠷ ᠨᠤᠲᠤᠭ ᠢᠶᠠᠨ ᠮᠡᠳᠡᠭᠳᠡᠬᠦᠶᠢᠴᠡ ᠥᠷᠭᠡᠵᠢᠭᠦᠯᠵᠦ ᠴᠢᠳᠠᠵᠠᠢ᠃ ᠡᠭᠦᠨ ᠦ ᠳᠠᠷᠠᠭ᠎ᠠ ᠪᠠᠷ "ᠷᠡᠦᠷᠠᠨ ᠳᠡᠤᠲᠠᠢ ᠬᠠᠭᠠᠨ" ᠬᠡᠮᠡᠨ ᠵᠠᠷᠯᠠᠵᠤ᠂ ᠨᠢᠷᠤᠨ ᠪᠤᠶᠤ ᠷᠡᠦᠷᠠᠨᠢ ᠤᠯᠤᠰ ᠢ ᠠᠯᠪᠠᠨ ᠶᠣᠰᠣᠭᠠᠷ ᠪᠠᠶᠢᠭᠤᠯᠵᠤ᠂ ᠬᠠᠭᠠᠨ ᠰᠢᠷᠡᠭᠡᠨ ᠳᠦ ᠨᠢ ᠰᠠᠭᠤᠭᠰᠠᠨ ᠢᠶᠠᠨ ᠮᠡᠳᠡᠭᠳᠡᠭᠰᠡᠨ ᠪᠠᠶᠢᠨ᠎ᠠ᠃

ᠱᠯᠦᠨᠢ ᠨᠢᠷᠤᠨ ᠤᠯᠤᠰ ᠢ ᠪᠠᠶᠢᠭᠤᠯᠤᠭᠰᠠᠨ ᠲᠡᠷᠡ ᠦᠶᠡᠳᠡᠭᠡ ᠤᠷᠢᠳᠤ ᠨᠢ ᠨᠡᠭᠦᠳᠡᠯᠴᠢᠳ ᠦᠨ ᠬᠡᠷᠡᠭᠯᠡᠭᠰᠡᠭᠡᠷ ᠢᠷᠡᠭᠰᠡᠨ ᠠᠷᠪᠠᠲᠤ ᠶᠢᠨ ᠲᠣᠭᠲᠠᠯᠴᠠᠭᠠᠨ ᠳᠤ ᠤᠯᠤᠰ ᠣᠷᠣᠨ ᠢᠶᠠᠨ ᠣᠷᠣᠭᠤᠯᠵᠤ ᠴᠡᠷᠢᠭ ᠵᠠᠬᠢᠷᠭᠠᠨ ᠤ ᠰᠢᠨᠵᠢᠲᠡᠢ ᠰᠢᠨ᠎ᠡ ᠬᠠᠤᠯᠢ ᠨᠤᠭᠤᠳ ᠢ ᠲᠣᠭᠲᠠᠭᠠᠴᠠᠢ᠃ ᠲᠤᠰ ᠵᠣᠬᠢᠶᠠᠨ ᠪᠠᠶᠢᠭᠤᠯᠤᠯᠲᠠ ᠨᠢ ᠨᠡᠭᠦᠳᠡᠯᠴᠢᠳ ᠢ ᠨᠢᠭᠡᠳᠬᠡᠨ ᠤᠳᠤᠷᠢᠳᠥᠵᠤ᠂ ᠵᠣᠬᠢᠶᠠᠨ ᠪᠠᠶᠢᠭᠤᠯᠬᠤ᠂ ᠲᠥᠷᠥ ᠶᠢᠨ ᠵᠠᠬᠢᠷᠭ᠎ᠠ ᠶᠢ ᠬᠡᠷᠡᠭᠵᠢᠭᠦᠯᠬᠦ ᠳᠦ ᠲᠤᠬᠠᠢ ᠶᠢᠨ ᠦᠶᠡᠳᠡᠭᠡ ᠲᠣᠬᠢᠷᠠᠮᠵᠢᠲᠠᠢ ᠬᠡᠯᠪᠡᠷᠢ ᠪᠠᠶᠢᠪᠠ᠃

http://wiki.uhaan.com/index.php?title=ᠱᠯᠦᠨᠢ&oldid=334175》 ᠍  ᠡᠴᠡ ᠠᠪᠤᠭᠰᠠᠨ

ᠪᠢᠴᠢᠭᠡᠰᠦ