ᠱᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠶᠢᠨ ᠱᠠᠰᠢᠨ ᠨᠤᠭᠤᠳ ᠤᠨ ᠲᠡᠮᠳᠡᠭ ᠦᠳ

ᠱᠠᠰᠢᠨ ᠨᠢ ᠬᠦᠮᠦᠰ ᠦᠨ ᠦᠢᠯᠡᠳᠳᠡᠭ᠂ ᠠᠯᠢᠪᠠ ᠨᠣᠮᠯᠠᠯ ᠢ ᠳᠠᠭᠠᠳᠠᠭ ᠰᠦᠰᠦᠭ ᠪᠢᠰᠢᠷᠡᠯ᠂ ᠶᠣᠰᠣ ᠰᠤᠷᠲᠠᠬᠤᠨ ᠨᠤᠭᠤᠳ ᠢ ᠬᠡᠯᠡᠨ᠎ᠡ᠃ ᠡᠨᠡ ᠨᠢ ᠳᠣᠲᠣᠷ᠎ᠠ ᠪᠠᠨ ᠶᠢᠷᠲᠢᠨᠴᠦ ᠶᠢ ᠦᠵᠡᠬᠦ ᠦᠵᠡᠯ᠂ ᠰᠤᠶᠤᠯ ᠪᠣᠯᠤᠨ ᠢᠲᠡᠭᠡᠯ ᠦᠨ ᠰᠢᠰᠲ᠋ᠧᠮ ᠢ ᠠᠭᠤᠯᠵᠤ ᠥᠪᠡᠷ ᠦᠨ ᠭᠡᠰᠡᠨ ᠶᠣᠰᠣ ᠵᠦᠢ ᠲᠡᠭᠦᠨ ᠡᠴᠡ ᠡᠭᠦᠳᠦᠭᠰᠡᠨ ᠶᠣᠰᠣ ᠰᠤᠷᠲᠠᠬᠤᠨ ᠤ ᠦᠨᠡᠲᠦ ᠵᠦᠢᠯᠡᠰ᠂ ᠳᠠᠭᠠᠵᠤ ᠮᠥᠷ ᠲᠦ ᠬᠢ ᠶᠣᠰᠣᠲᠠᠢ ᠬᠠᠤᠯᠢ ᠳᠦᠷᠢᠮ ᠢ ᠠᠭᠤᠯᠵᠤ ᠪᠠᠶᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠢᠪᠠ ᠱᠠᠰᠢᠨ ᠲᠤᠬᠠᠢ ᠶᠢᠨ ᠡᠷᠡᠨ ᠦ ᠠᠷᠠᠳ ᠲᠦᠮᠡᠨ ᠦ ᠰᠤᠶᠤᠯ ᠢᠷᠭᠡᠨᠰᠢᠯ ᠦᠨ ᠨᠢᠭᠡᠨ ᠭᠣᠣᠯ ᠬᠡᠰᠡᠭ᠂ ᠲᠡᠭᠦᠨ ᠢ ᠠᠭᠤᠯᠠᠨ ᠬᠠᠳᠠᠭᠠᠯᠠᠭᠴᠢ ᠬᠦᠴᠦ ᠨᠢ ᠪᠣᠯᠵᠤ ᠪᠠᠶᠢᠳᠠᠭ᠃ ᠡᠨᠡᠬᠦ ᠰᠤᠶᠤᠯ ᠢᠷᠭᠡᠨᠰᠢᠯ ᠦᠨ ᠭᠣᠣᠯ ᠬᠡᠰᠡᠭ ᠪᠣᠯᠬᠤ ᠰᠢᠨᠵᠢᠯᠡᠬᠦ ᠤᠬᠠᠭᠠᠨ ᠢ ᠠᠩᠬᠢᠯᠠᠯ ᠤᠨ ᠲᠣᠳᠣᠷᠬᠠᠢ ᠬᠤᠪᠢᠶᠠᠷᠢ ᠳᠤ ᠤᠷᠤᠭᠤᠯᠬᠤ ᠱᠠᠭᠠᠷᠳᠠᠯᠭ᠎ᠠ ᠠᠶᠠᠨᠳᠠᠭᠠᠨ ᠭᠠᠷᠴᠤ ᠢᠷᠡᠳᠡᠭ᠃ ᠡᠨᠡ ᠠᠩᠬᠢᠯᠠᠯ ᠤᠨ ᠡᠬᠢᠨ ᠬᠡᠰᠡᠭ ᠨᠢ ᠲᠡᠦᠬᠡ ᠶᠢᠨ ᠬᠡᠰᠡᠭ᠂ ᠤᠳᠠᠭᠠᠬᠢ ᠨᠢ ᠰᠤᠳᠤᠯᠤᠯ ᠤᠨ ᠬᠡᠰᠡᠭ᠂ ᠡᠴᠦᠰ ᠦᠨ ᠬᠢ ᠨᠢ ᠳ᠋ᠦᠩᠨᠡᠯᠲᠡ ᠲᠣᠳᠣᠷᠬᠠᠶᠢᠯᠠᠯᠲᠠ ᠶᠢᠨ ᠬᠡᠰᠡᠭ ᠪᠣᠯᠳᠠᠭ᠃

ᠬᠦᠮᠦᠨ ᠲᠥᠷᠥᠯᠬᠢᠲᠡᠨ ᠦ ᠲᠡᠦᠬᠡᠨ ᠳᠦ ᠣᠯᠠᠨ ᠱᠠᠰᠢᠨ ᠪᠤᠢ ᠪᠣᠯᠵᠤ ᠥᠪᠡᠷ ᠥᠪᠡᠷᠰᠡᠳ ᠦᠨ ᠨᠣᠮᠯᠠᠯ ᠤᠨ ᠳᠠᠭᠠᠤ ᠶᠢᠷᠲᠢᠨᠴᠦ ᠶᠢ ᠦᠵᠡᠬᠦ ᠦᠵᠡᠯ᠎ᠡ ᠪᠣᠯᠪᠠᠰᠤᠷᠠᠭᠤᠯᠵᠤ ᠢᠷᠡᠵᠡᠢ᠃

ᠡᠳᠡᠭᠡᠷ ᠡᠴᠡ ᠳᠡᠯᠡᠬᠡᠢ ᠳᠦ ᠦᠨᠳᠦᠰᠦᠨ ᠱᠠᠰᠢᠨ ᠭᠡᠵᠦ ᠲᠣᠭᠠᠴᠠᠭᠳᠠᠳᠠᠭ ᠬᠢᠨᠳᠦ ᠱᠠᠰᠢᠨ 4000 ᠵᠢᠯ᠂ ᠢᠭᠴᠧᠢ ᠶᠢᠨ ᠱᠠᠰᠢᠨ 3670 ᠵᠢᠯ᠂ ᠵᠠᠷᠠᠲ᠋ᠦ᠋ᠰᠳᠢᠷ ᠤᠨ ᠱᠠᠰᠢᠨ 3000 ᠵᠢᠯ᠂ ᠪᠤᠳ᠋ᠳ᠋ᠾᠠ ᠶᠢᠨ ᠱᠠᠰᠢᠨ 2545 ᠵᠢᠯ᠂ ᠾᠷᠢᠰᠤᠰ ᠤᠨ ᠱᠠᠰᠢᠨ 2000 ᠵᠢᠯ᠂ ᠢᠰᠯᠠᠮ ᠤᠨ ᠱᠠᠰᠢᠨ 1521 ᠵᠢᠯ᠂ ᠪᠠᠬᠠᠢ ᠰᠢᠲᠦᠯᠭᠡ 165 ᠵᠢᠯ ᠣᠷᠣᠰᠢᠨ ᠰᠤᠷᠭᠠᠯ ᠨᠣᠮᠯᠠᠯ ᠢᠶᠠᠨ ᠬᠥᠭᠵᠢᠭᠦᠯᠵᠦ ᠢᠷᠡᠭᠰᠡᠨ ᠪᠠᠶᠢᠨ᠎ᠠ᠃

http://wiki.uhaan.com/index.php?title=ᠱᠠᠰᠢᠨ&oldid=432360》 ᠍  ᠡᠴᠡ ᠠᠪᠤᠭᠰᠠᠨ

ᠪᠢᠴᠢᠭᠡᠰᠦ